| | | ᠲᠤᠬᠠᠶ ᠶᠢᠨ ᠭᠠᠵᠠᠷ ᠤᠨ 8 ᠳ᠋ᠤᠭᠠᠷ ᠰᠠᠷ᠎ᠠ ᠶᠢᠨ 22 ᠤᠨ ᠡᠳᠦᠷ ᠤᠨ ᠦᠳᠡ ᠶᠢᠨ ᠡᠮᠦᠨ᠎ᠡ᠂ 2017 | ᠤᠨ ᠤ ᠠᠰᠲ᠋ᠠᠨᠠ ᠳᠡᠯᠡᠬᠡᠶ ᠶᠢᠨ ᠦᠵᠡᠰᠬᠦᠯᠡᠩ ᠤᠨ ᠴᠤᠭᠯᠠᠭᠠᠨ ᠤ ᠥᠪᠥᠷ ᠮᠣᠩᠭᠤᠯ ᠤᠨ ᠠᠵᠢᠯᠯᠠᠭᠠᠨ ᠤ ᠭᠠᠷᠠᠭ | ᠺᠠᠽᠠᠬᠰᠲ᠋ᠠᠠ ᠤ ᠨᠡᠶᠢᠰᠯᠡᠯ ᠠᠰᠲ᠋ᠠᠨᠠ ᠳᠤ ᠡᠬᠢᠯᠡᠪᠡ᠃ ᠬᠤᠷᠠᠯ ᠡᠬᠢᠯᠡᠬᠦ ᠶᠣᠰᠣᠯᠠᠯ ᠳᠡᠭᠡᠷ᠎ᠡ᠂ ᠳᠤᠮᠳᠠᠳᠤ ᠤᠯᠤᠰ ᠤᠨ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠺᠠᠽᠠᠬᠰᠲ᠋ᠠᠠ ᠯᠤᠭ᠎ᠠ 15 ᠲᠦᠷᠦᠯ ᠵᠦᠢᠯ ᠳᠤ ᠭᠠᠷ ᠤᠨ | ᠦᠰᠦᠭ ᠵᠢᠷᠤᠪᠠ᠃ | ᠡᠳᠡᠭᠡᠷ ᠲᠦᠷᠦᠯ ᠵᠦᠢᠯ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠺᠠᠽᠠᠬᠰᠲ᠋ᠠᠠ ᠤ | ᠺᠠᠷᠠᠭᠠᠨᠳᠠ ᠵᠧᠦ ᠯᠤᠭ᠎ᠠ ᠲᠤᠭᠲᠠᠭᠰᠠᠨᠬᠤᠶᠠᠷ ᠭᠠᠵᠠᠷ ᠣᠷᠣᠨ ᠤ ᠠᠵᠤ ᠠᠬᠤᠶ ᠠᠷᠠᠯᠵᠢᠶᠠᠨ ᠤ ᠬᠠᠮᠲᠤᠷᠠᠨ | ᠠᠵᠢᠯᠯᠠᠬᠤ ᠨᠥᠬᠦᠷᠰᠡᠭ ᠭᠠᠵᠠᠷ ᠣᠷᠣᠨ ᠤ ᠠᠭᠤᠴᠢ ᠰᠠᠨᠠᠮᠵᠢ ᠶᠢᠨ ᠪᠢᠴᠢᠭ᠂ ᠥᠪᠥᠷ ᠮᠣᠩᠭᠤᠯ ᠤᠨ ᠠᠷᠠᠯᠵᠢᠶ᠎ᠠ ᠶᠢ | ᠠᠬᠢᠭᠤᠯᠬᠤ ᠨᠡᠶᠢᠭᠡᠮᠯᠢᠭ ᠺᠠᠽᠠᠬᠰᠲ᠋ᠠᠠ ᠪᠣᠯᠤᠨ ᠳᠤᠮᠳᠠᠳᠤ ᠤᠯᠤᠰ ᠤᠨ ᠠᠷᠠᠯᠵᠢᠶ᠎ᠠ ᠶᠢ ᠠᠬᠢᠭᠤᠯᠬᠤ ᠨᠡᠶᠢᠭᠡᠮᠯᠢᠭ ᠯᠦᠭᠡ | ᠲᠤᠭᠲᠠᠭᠰᠠᠨ ᠨᠥᠬᠦᠷᠰᠡᠭ ᠬᠠᠮᠲᠤᠷᠠᠯᠴᠠᠭᠠᠨ ᠤ ᠠᠭᠤᠴᠢ ᠰᠠᠨᠠᠮᠵᠢ ᠶᠢᠨ ᠪᠢᠴᠢᠭ᠂ ᠥᠪᠥᠷ ᠮᠣᠩᠭᠤᠯ ᠤᠨ | ᠵᠢᠭᠤᠯᠴᠢᠯᠠᠯ ᠤᠨ ᠦᠢᠯᠡᠰ ᠢ ᠬᠥᠭᠵᠢᠭᠦᠯᠬᠦ ᠵᠦᠪᠯᠡᠯ ᠠᠴᠠ ᠠᠰᠲ᠋ᠠᠨᠠ ᠬᠤᠲᠠ ᠶᠢᠨ ᠵᠢᠭᠤᠯᠴᠢᠯᠠᠯ ᠤᠨ ᠵᠣᠬᠢᠴᠠᠭᠤᠯᠬᠤ | ᠬᠤᠯᠪᠣᠭᠠᠨ ᠤ ᠲᠣᠪᠴᠢᠶ᠎ᠠ ᠯᠤᠭ᠎ᠠ ᠲᠤᠭᠲᠠᠭᠰᠠᠨ ᠵᠢᠭᠤᠯᠴᠢᠯᠠᠯ ᠤᠨ ᠬᠠᠮᠲᠤᠷᠠᠯᠴᠠᠭᠠᠨ ᠤ ᠵᠦᠪᠳᠡᠯᠴᠡᠭᠡᠷ᠂ | ᠬᠥᠬᠡᠬᠤᠲᠠ ᠺᠠᠽᠠᠬᠰᠲ᠋ᠠᠠ ᠤ ᠺᠠᠷᠠᠭᠠᠨᠳᠠ ᠬᠤᠲᠠ ᠯᠤᠭ᠎ᠠ ᠲᠤᠭᠲᠠᠭᠰᠠᠨ ᠠᠭᠤᠴᠢ ᠵᠢᠭᠤᠯᠴᠢᠯᠠᠯ ᠤᠨ ᠰᠠᠨᠠᠮᠵᠢ ᠶᠢᠨ | ᠪᠢᠴᠢᠭ᠂ ᠪᠤᠭᠤᠲᠤ ᠬᠤᠲᠠ ᠠᠴᠠ ᠺᠠᠽᠠᠬᠰᠲ᠋ᠠᠠ ᠤ ᠺᠠᠷᠠᠭᠠᠨᠳᠠ ᠵᠧᠦ ᠶᠢᠨ ᠲᠧᠮᠡᠷᠳᠦ ᠬᠤᠲᠠ ᠯᠤᠭ᠎ᠠ ᠲᠤᠭᠲᠠᠭᠰᠠᠨ | ᠠᠵᠤ ᠠᠬᠤᠶ ᠠᠷᠠᠯᠵᠢᠶᠠᠨ ᠤ ᠬᠠᠮᠲᠤᠷᠠᠯᠴᠠᠭᠠᠨ ᠤ ᠠᠭᠤᠴᠢ ᠰᠠᠨᠠᠮᠵᠢ ᠶᠢᠨ ᠪᠢᠴᠢᠭ ᠵᠡᠷᠭᠡ ᠪᠠᠭᠲᠠᠨ᠎ᠠ᠃ | ᠡᠨᠧᠷᠭᠢ ᠬᠢᠮᠢ ᠶᠢᠨ ᠠᠵᠤ ᠦᠢᠯᠡᠳᠪᠦᠷᠢ ᠶᠢᠨ ᠲᠠᠯ᠎ᠠ ᠪᠠᠷ᠂ ᠤᠷᠳᠤᠰ ᠤᠨ ᠪᠥᠸᠧ ᠶᠤᠸᠠᠨ ᠰᠲ᠋ᠣᠺ ᠡᠵᠡᠮᠳᠡᠬᠦ | ᠬᠢᠵᠠᠭᠠᠷᠲᠤ ᠺᠣᠮᠫᠠᠨᠢ ᠠᠴᠠ ᠺᠠᠽᠠᠬᠰᠲ᠋ᠠᠠ ᠤ ᠤᠳ᠋ᠪᠠᠰ ᠺᠤᠮᠫᠠᠨᠢ ᠯᠤᠭ᠎ᠠ ᠲᠤᠭᠲᠠᠭᠰᠠᠨ 15 ᠳ᠋ᠦᠩᠰᠢᠭᠤᠷ ᠳ᠋ᠣᠯᠯᠠᠷ ᠤᠨ | ᠪᠡᠯᠡ ᠤᠷᠤᠭᠤᠯᠬᠤ ᠪᠠᠶᠢᠭᠠᠯᠢ ᠶᠢᠨ ᠰᠢᠲᠠᠮᠠᠬᠠᠶ ᠬᠡᠢ ᠶᠢᠨ ᠬᠢᠮᠢ ᠶᠢᠨ ᠠᠵᠤ ᠦᠢᠯᠡᠳᠪᠦᠷᠢ ᠶᠢᠨ ᠲᠥᠷᠥᠯ ᠵᠦᠢᠯ ᠤᠨ | ᠬᠠᠮᠲᠤᠷᠠᠯᠴᠠᠭᠠᠨ ᠤ ᠵᠥᠪᠯᠡᠯᠴᠡᠭᠡᠷ᠂ ᠪᠤᠭᠤᠲᠤ ᠶᠢᠨ ᠮᠢᠩ ᠲᠦᠸᠧ ᠪᠦᠯᠦᠭᠯᠡᠯ ᠤᠨ ᠬᠢᠵᠠᠭᠠᠷᠲᠤ ᠺᠣᠮᠫᠠᠨᠢ ᠠᠴᠠ | ᠺᠠᠽᠠᠭᠰᠲ᠋ᠠᠨ ᠤ ᠧᠦ᠋ᠷᠣᠫᠠ ᠠᠽᠢᠶ᠎ᠠ ᠶᠢᠨ ᠡᠬᠢ ᠪᠠᠶᠠᠯᠢᠭ ᠤᠨ ᠪᠦᠯᠦᠭᠯᠡᠯ ᠯᠦᠭᠡ ᠲᠤᠭᠲᠠᠭᠰᠠᠨ ᠬᠠᠷ᠎ᠠ ᠲᠡᠮᠦᠷᠯᠢᠭ ᠤᠨ | ᠾᠷᠣᠮ ᠤᠨ 1 ᠳ᠋ᠦᠩᠰᠢᠭᠤᠷ ᠳ᠋ᠣᠯᠯᠠᠷ ᠤᠨ ᠬᠠᠮᠲᠤᠷᠠᠯᠴᠠᠭᠠᠨ ᠤ ᠠᠭᠤᠴᠢ ᠰᠠᠨᠠᠮᠵᠢ ᠶᠢᠨ ᠪᠢᠴᠢᠭ ᠵᠡᠷᠭᠡ ᠪᠠᠶᠢᠨ᠎ᠠ᠃ | ᠵᠢᠭᠤᠯᠴᠢᠯᠠᠯ ᠤᠨ ᠲᠠᠯ᠎ᠠ ᠪᠠᠷ᠂ ᠥᠪᠥᠷ ᠮᠣᠩᠭᠤᠯ ᠤᠨ ᠰᠢᠨ᠎ᠡ ᠡᠷᠢᠨ ᠵᠠᠭᠤᠨ ᠤ ᠺᠠᠩ ᠾᠦᠢ ᠣᠯᠠᠨ | ᠤᠯᠤᠰ ᠤᠨ ᠵᠢᠭᠤᠯᠴᠢᠯᠠᠯ ᠤᠨ ᠭᠠᠵᠠᠷ ᠠᠴᠠ ᠺᠠᠽᠠᠬᠰᠲ᠋ᠠᠠ ᠤ ᠲᠡᠭᠷᠢ ᠶᠢᠨ ᠵᠠᠮ ᠣᠯᠠᠨ ᠤᠯᠤᠰ ᠤᠨ ᠵᠢᠭᠤᠯᠴᠢᠯᠠᠯ ᠤᠨ | ᠭᠠᠵᠠᠷ ᠯᠤᠭ᠎ᠠ ᠲᠤᠭᠲᠠᠭᠰᠠᠨ ᠵᠢᠭᠤᠯᠴᠢᠯᠠᠯ ᠤᠨ ᠬᠠᠮᠲᠤᠷᠠᠯᠴᠠᠭᠠᠨ ᠤ ᠵᠦᠪᠳᠡᠯᠴᠡᠭᠡᠷ ᠵᠡᠷᠭᠡ ᠪᠠᠶᠢᠨ᠎ᠠ᠃ | ᠡᠭᠦᠨ ᠤ ᠬᠠᠮᠲᠤ ᠭᠠᠷ ᠤᠨ ᠦᠰᠦᠭ ᠵᠢᠷᠤᠭᠰᠠᠨ ᠨᠢ ᠪᠠᠰᠠ ᠬᠥᠬᠡᠬᠤᠲᠠ ᠶᠢᠨ ᠪᠠᠶ ᠯᠢᠶᠠᠨ ᠰᠢᠶᠦ᠋ᠩ ᠦᠢᠯᠡᠰ | ᠬᠤᠳᠠᠯᠳᠤᠭᠠᠨ ᠤ ᠨᠥᠭᠡᠴᠡᠯᠡᠬᠦ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠠᠴᠠ ᠺᠠᠽᠠᠬᠰᠲ᠋ᠠᠠ ᠤ ᠰᠠᠢ ᠬᠠ ᠺᠣᠮᠫᠠᠨᠢ | ᠯᠤᠭ᠎ᠠ ᠲᠤᠭᠲᠠᠭᠰᠠᠨ 1.2 ᠳ᠋ᠦᠩᠰᠢᠭᠤᠷ ᠲᠦᠬᠦᠷᠢᠭ ᠤᠨ ᠬᠠᠩᠭᠠᠨ ᠪᠣᠷᠣᠯᠠᠭᠤᠯᠬᠤ ᠵᠦᠪᠳᠡᠯᠴᠡᠭᠡᠷ᠂ ᠥᠪᠥᠷ | ᠮᠣᠩᠭᠤᠯ ᠤᠨ ᠳ᠋ᠦᠩ ᠰᠢᠨ ᠲᠠᠷᠢᠶᠠᠯᠠᠩ ᠤᠨ ᠰᠢᠨᠵᠢᠯᠡᠬᠦ ᠤᠬᠠᠭᠠᠨ ᠮᠡᠷᠭᠡᠵᠢᠯ ᠤᠨ ᠬᠦᠭᠵᠢᠭᠦᠯᠦᠯᠲᠡ ᠶᠢᠨ ᠬᠢᠵᠠᠭᠠᠷᠲᠤ | ᠺᠣᠮᠫᠠᠨᠢ ᠠᠴᠠ ᠺᠠᠽᠠᠬᠰᠲ᠋ᠠᠠ ᠤ ᠲᠣᠷᠭᠠᠨ ᠵᠠᠮ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠯᠤᠭ᠎ᠠ ᠲᠤᠭᠲᠠᠭᠰᠠᠨ | 1000 ᠲᠦᠮᠡᠨ ᠳ᠋ᠣᠯᠯᠠᠷ ᠤᠨ ᠬᠤᠳᠠᠯᠳᠤᠨ ᠠᠪᠬᠤ ᠭᠡᠷ᠎ᠡ᠂ ᠪᠧᠢ ᠪᠧᠩ ᠬᠦᠨᠳᠦ ᠬᠡᠯᠪᠡᠷᠢ ᠶᠢᠨ ᠮᠠᠰᠢᠨ ᠤ | ᠪᠦᠯᠦᠭᠯᠡᠯ ᠤᠨ ᠬᠢᠵᠠᠭᠠᠷᠲᠤ ᠺᠣᠮᠫᠠᠨᠢ ᠠᠴᠠ ᠺᠠᠽᠠᠬᠰᠲ᠋ᠠᠠ ᠤ ᠠᠯᠢᠮᠠᠲᠤ ᠬᠢᠵᠠᠭᠠᠷᠲᠤ ᠺᠣᠮᠫᠠᠨᠢ ᠯᠤᠭ᠎ᠠ ᠲᠤᠭᠲᠠᠭᠰᠠᠨ | ᠮᠤᠲ᠋ᠠᠨᠤᠯ ᠺᠠᠷᠲ᠂ ᠪᠠᠶᠢᠭᠠᠯᠢ ᠶᠢᠨ ᠰᠢᠲᠠᠮᠠᠬᠠᠶ ᠬᠡᠢ ᠶᠢᠨ ᠺᠠᠷᠲ ᠶᠢᠨ 1500 ᠲᠦᠮᠡᠨ ᠳ᠋ᠣᠯᠯᠠᠷ ᠤᠨ | ᠬᠠᠮᠲᠤᠷᠠᠯᠴᠠᠭᠠᠨ ᠤ ᠵᠥᠪᠯᠡᠯᠴᠡᠭᠡᠷ ᠵᠡᠷᠭᠡ ᠪᠤᠢ᠃ |