ᠤᠶᠢᠷ᠎ᠠ ᠳᠤ᠂ ᠦᠪᠡᠷᠲᠡᠭᠡᠨ ᠵᠠᠰᠠᠬᠤ ᠤᠷᠤᠨ ᠤ ᠤᠰᠤᠨ ᠠᠰᠢᠭᠯᠠᠯᠲᠠ ᠶᠢᠨ ᠲᠢᠩᠬᠢᠮ ᠬᠠᠲᠤᠨ ᠭᠤᠤᠯ ᠤᠨ | ᠤᠷᠳᠤᠰ ᠬᠤᠳᠠ ᠶᠢᠨ ᠬᠠᠨᠭ᠍ᠬᠢᠨ ᠬᠤᠰᠢᠭᠤ ᠶᠢᠨ ᠬᠡᠰᠡᠭ ᠲᠤ ᠵᠢᠭᠠᠰᠤᠨ ᠤ ᠲᠦᠷᠦᠯ ᠤᠨ ᠦᠷᠡᠵᠢᠯᠳᠡ ᠶᠢ ᠦᠰᠬᠡᠬᠦ | ᠦᠷ᠎ᠠ ᠵᠢᠭᠠᠰᠤ ᠲᠠᠯᠪᠢᠬᠤ ᠠᠵᠢᠯᠯᠠᠭ᠎ᠠ ᠵᠤᠬᠢᠶᠠᠨ ᠪᠠᠶᠢᠭᠤᠯᠤᠨ ᠶᠠᠪᠤᠭᠳᠠᠭᠤᠯᠵᠤ᠂ ᠨᠡᠶᠢᠲᠡ 20 ᠲᠦᠮᠡᠨ ᠵᠢᠷᠠᠭᠠᠬᠠᠢ | ᠲᠠᠯᠪᠢᠪᠡ᠃ | ᠤᠳᠤᠬᠠᠨ ᠳᠤ᠂ ᠬᠠᠲᠤᠨ ᠭᠤᠤᠯ ᠤᠨ ᠤᠷᠳᠤᠰ ᠬᠤᠳᠠ ᠶᠢᠨ ᠬᠠᠨᠭ᠍ᠬᠢᠨ ᠬᠤᠰᠢᠭᠤ ᠶᠢᠨ ᠬᠡᠰᠡᠭ ᠶᠠᠭ | ᠰᠠᠶᠢᠬᠠᠨ ᠬᠠᠲᠤᠨ ᠭᠤᠤᠯ ᠤᠨ ᠦᠪᠦᠷ ᠮᠤᠩᠭᠤᠯ ᠤᠨ ᠬᠡᠰᠡᠭ ᠲᠠᠬᠢ ᠬᠤᠶᠠᠳᠤᠭᠠᠷ ᠬᠤᠭᠤᠴᠠᠭᠠᠨ ᠤ ᠦᠶᠡᠷ ᠢ | ᠰᠡᠷᠭᠡᠶᠢᠯᠡᠬᠦ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠶᠢ ᠶᠠᠪᠤᠭᠳᠠᠭᠤᠯᠵᠤ ᠪᠠᠶᠢᠨ᠎ᠠ᠃ ᠪᠦᠲᠦᠭᠡᠨ | ᠪᠠᠶᠢᠭᠤᠯᠤᠯᠲᠠ ᠶᠢᠨ ᠨᠢᠭᠡᠴᠠ ᠠᠴᠠ ᠬᠠᠲᠤᠨ ᠭᠤᠤᠯ ᠤᠨ ᠦᠪᠦᠷ ᠮᠤᠩᠭᠤᠯ ᠤᠨ ᠬᠡᠰᠡᠭ ᠤᠨ ᠬᠤᠶᠠᠳᠤᠭᠠᠷ | ᠬᠤᠭᠤᠴᠠᠭᠠᠨ ᠤ ᠦᠶᠡᠷ ᠢ ᠰᠡᠷᠭᠡᠶᠢᠯᠡᠬᠦ ᠪᠠᠷᠢᠯᠭ᠎ᠠ ᠶᠢᠨ ᠤᠰᠤᠨ ᠤ ᠠᠮᠢ ᠠᠬᠤᠢ ᠳᠤ ᠬᠢᠨᠠᠨ ᠬᠡᠮᠵᠢᠯᠳᠡ ᠬᠢᠵᠤ᠂ | ᠵᠢᠭᠠᠰᠤᠨ ᠤ ᠲᠦᠷᠦᠯ ᠤᠨ ᠦᠷᠡᠵᠢᠯᠳᠡ ᠶᠢ ᠦᠰᠬᠡᠵᠤ ᠦᠷ᠎ᠠ ᠵᠢᠭᠠᠰᠤ ᠲᠠᠯᠪᠢᠬᠤ ᠵᠢᠴᠢ ᠦᠷᠡᠵᠢᠬᠦ ᠭᠠᠵᠠᠷ ᠢ ᠨᠢ | ᠰᠡᠷᠬᠦᠬᠡᠬᠦ ᠲᠦᠷᠤᠯ ᠵᠦᠢᠯ ᠢ ᠬᠡᠷᠡᠭᠵᠢᠬᠦᠯᠬᠦ ᠲᠦᠰᠦᠪ ᠢ ᠳᠤᠭᠳᠠᠭᠠᠵᠤ᠂ 2017 ᠤᠨ ᠠᠴᠠ 2021 ᠤᠨ | ᠪᠤᠯᠳᠠᠯ᠎ᠠ᠂ ᠤᠨ ᠬᠤᠪᠢᠶᠠᠵᠤ ᠬᠠᠲᠤᠨ ᠭᠤᠤᠯ ᠤᠨ ᠮᠦᠷᠬᠦ ᠵᠢᠭᠠᠰᠤᠨ ᠤ ᠦᠷ᠎ᠠ ᠵᠢᠭᠠᠰᠤ ᠶᠢ 75 ᠲᠦᠮᠡ᠂ | ᠬᠠᠲᠤᠨ ᠭᠤᠤᠯ ᠤᠨ ᠴᠤᠯᠪᠤᠷᠳᠤ ᠵᠢᠭᠠᠰᠤᠨ ᠤ ᠦᠷ᠎ᠡ ᠵᠢᠭᠠᠰᠤ ᠶᠢ 27 ᠲᠦᠮᠡ᠂ ᠲᠤᠯᠪᠠᠭ᠎ᠠ ᠵᠢᠭᠠᠰᠤᠨ ᠤ ᠦᠷ᠎ᠡ | ᠵᠢᠭᠠᠰᠤ ᠶᠢ 40 ᠲᠦᠮᠡ ᠲᠠᠯᠪᠢᠵᠤ᠂ 5 ᠵᠢᠯ ᠳᠤ ᠨᠡᠶᠢᠲᠡ 142 ᠲᠦᠮᠡᠨ ᠦᠷ᠎ᠡ ᠵᠢᠭᠠᠰᠤ ᠲᠠᠯᠪᠢᠬᠤ ᠪᠠᠷ | ᠲᠦᠯᠦᠪᠯᠡᠪᠡ᠃ | ᠬᠠᠲᠤᠨ ᠭᠤᠤᠯ ᠤᠨ ᠦᠪᠦᠷ ᠮᠤᠩᠭᠤᠯ ᠤᠨ ᠬᠡᠰᠡᠭ ᠤᠨ ᠤᠰᠤᠨ ᠤ ᠠᠮᠢ ᠠᠬᠤᠢ ᠶᠢᠨ ᠤᠷᠴᠢᠨ ᠲᠤᠭᠤᠷᠢᠨ | ᠪᠠ ᠬᠠᠮᠠᠭᠠᠯᠠᠯᠳᠠ ᠶᠢᠨ ᠤᠷᠤᠨ ᠤ ᠴᠢᠳᠠᠪᠬᠢ ᠶᠢ ᠪᠦᠳᠦᠮᠵᠢᠳᠠᠢ ᠪᠠᠳᠠᠷᠠᠭᠤᠯᠬᠤ ᠶᠢᠨ ᠳᠤᠰᠠᠳᠠ᠂ ᠦᠪᠦᠷ | ᠮᠤᠩᠭᠤᠯ ᠤᠨ ᠬᠠᠲᠤᠨ ᠭᠤᠤᠯ ᠤᠨ ᠦᠶᠡᠷ ᠢ ᠰᠡᠷᠭᠡᠶᠢᠯᠡᠬᠦ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠶᠢᠨ | ᠬᠠᠮᠢᠶᠠᠷᠤᠯᠳᠠ ᠶᠢᠨ ᠳᠤᠪᠴᠢᠶ᠎ᠠ ᠪᠠᠷᠢᠯᠭ᠎ᠠ ᠶᠢᠨ ᠶᠠᠪᠤᠴᠠ ᠳᠤᠮᠳᠠ ᠪᠦᠳᠦᠮᠵᠢᠳᠠᠢ ᠠᠷᠭ᠎ᠠ ᠬᠡᠮᠵᠢᠶ᠎ᠠ ᠠᠪᠴᠤ | ᠵᠢᠭᠠᠰᠤᠨ ᠤ ᠲᠦᠷᠦᠯ ᠤᠨ ᠦᠷᠡᠵᠢᠬᠦ ᠭᠠᠵᠠᠷ ᠲᠤ ᠬᠠᠮᠢᠶᠠᠷᠤᠯᠳᠠ ᠬᠠᠮᠠᠭᠠᠯᠠᠯᠳᠠ ᠪᠠ ᠠᠷᠠᠴᠢᠯᠠᠯᠳᠠ ᠬᠢᠵᠤ᠂ | ᠪᠠᠶᠢᠡᠭᠭᠤ ᠡᠵᠡᠯᠡᠭᠳᠡᠭᠰᠡᠨ 77.76 ᠮᠦ ᠶᠢᠨ ᠤᠰᠤᠨ ᠤᠷᠭᠤᠮᠠᠯ ᠢ ᠤᠨᠳᠤᠤ ᠭᠠᠵᠠᠷ ᠲᠤ ᠰᠢᠯᠵᠢᠬᠦᠯᠦᠨ | ᠰᠡᠷᠬᠦᠬᠡᠯᠳᠡ ᠬᠢᠵᠦ᠂ ᠪᠠᠷᠢᠯᠭ᠎ᠠ ᠳᠤ ᠨᠦᠯᠦᠭᠡᠯᠡᠭᠳᠡᠭᠰᠡᠨ 3.21 ᠮᠦ ᠤᠰᠤᠨ ᠤᠷᠭᠤᠮᠠᠯ ᠢ ᠤᠤᠯ ᠤᠨ | ᠲᠦᠷᠬᠦ ᠪᠠᠷ ᠨᠢ ᠰᠡᠷᠬᠦᠬᠡᠯᠳᠡ ᠬᠢᠬᠦ ᠪᠠᠷ ᠲᠦᠯᠦᠪᠯᠡᠵᠤ᠂ ᠡᠬᠦᠨ ᠤ ᠬᠠᠮᠳᠤ ᠪᠠᠷᠢᠯᠭ᠎ᠠ ᠶᠢᠨ ᠬᠤᠭᠤᠴᠠᠭ᠎ᠠ ᠪᠠ | ᠠᠵᠢᠯᠯᠠᠭ᠎ᠠ ᠶᠢᠨ ᠬᠤᠭᠤᠴᠠᠭᠠᠨ ᠳᠤ ᠤᠰᠤᠨ ᠤ ᠠᠮᠢ ᠠᠬᠤᠢ ᠶᠢᠨ ᠬᠢᠨᠠᠨ ᠬᠡᠮᠵᠢᠯᠳᠡ ᠬᠢᠵᠤ᠂ 6 ᠨᠡᠶᠢᠲᠡᠯᠢᠭ | ᠭᠡᠰᠡᠭ ᠤᠨ ᠤᠰᠤ ᠶᠢ ᠰᠤᠩᠭᠤᠵᠤ ᠤᠰᠤᠨ ᠤ ᠴᠢᠨᠠᠷ ᠪᠠᠶᠢᠳᠠᠯ᠂ ᠬᠦᠪᠪᠦᠮᠡᠯ ᠠᠮᠢᠲᠠᠨ ᠤ ᠲᠦᠷᠦᠯ ᠵᠦᠢᠯ ᠪᠠ | ᠠᠮᠢᠳᠤ ᠪᠤᠳᠠᠰ ᠤᠨ ᠬᠡᠮᠵᠢᠶ᠎ᠡ᠂ ᠵᠢᠭᠠᠰᠤᠨ ᠤ ᠲᠦᠷᠦᠯ ᠤᠨ ᠡᠬᠢ ᠪᠠᠶᠠᠯᠢᠭ ᠪᠠ ᠲᠦᠷᠦᠯ ᠵᠦᠢᠯ ᠤᠨ ᠪᠦᠲᠦᠴᠡ᠂ | ᠵᠢᠭᠠᠰᠤᠨ ᠤ ᠲᠦᠷᠦᠯ ᠤᠨ ᠠᠮᠢᠳᠤᠷᠠᠬᠤ ᠪᠠ ᠦᠷᠡᠵᠢᠬᠦ ᠳᠠᠯᠠᠪᠤᠷ ᠵᠡᠷᠭᠡ ᠳᠤ ᠬᠢᠨᠠᠨ ᠬᠡᠮᠵᠢᠯᠳᠡ ᠬᠢᠪᠡ᠃ |