| | ︵2007 ᠤᠨ ᠤ 6 ᠳ᠋ᠤᠭᠠᠷ ᠰᠠᠷ᠎ᠠ ᠶᠢᠨ 29 ᠤ ᠡᠳᠦᠷ ᠠᠷᠪᠠᠳᠤᠭᠠᠷ ᠬᠤᠭᠤᠴᠠᠭᠠᠨ ᠤ ᠪᠦᠬᠦ | ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠬᠤᠷᠢᠨ | ᠨᠠᠢᠮᠠᠳᠤᠭᠠᠷ ᠬᠤᠷᠠᠯ ᠠᠴᠠ ᠪᠠᠳᠤᠯᠠᠵᠦ᠂ 2012 ᠤᠨ ᠤ 12 ᠳ᠋ᠤᠭᠠᠷ ᠰᠠᠷ᠎ᠡ ᠶᠢᠨ 28 ᠤ ᠡᠳᠦᠷ ᠠᠷᠪᠠᠨ | ᠨᠢᠭᠡᠳᠦᠭᠡᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠶᠢᠨ ᠭᠤᠴᠢᠳᠤᠭᠠᠷ ᠬᠤᠷᠠᠯ ᠤᠨ ︽︿ᠪᠦᠭᠦᠲᠡ ᠨᠠᠶᠢᠷᠠᠮᠳᠠᠬᠤ ᠳᠤᠮᠳᠠᠳᠤ ᠤᠯᠤᠰ ᠤᠨ | ᠬᠦᠳᠡᠯᠮᠤᠷᠢ ᠶᠢᠨ ᠭᠡᠷ᠎ᠡ ᠶᠢᠨ ᠬᠠᠤᠯᠢ﹀ ᠳᠤ ᠵᠠᠰᠠᠪᠤᠷᠢ ᠤᠷᠤᠭᠤᠯᠬᠤ ᠲᠤᠬᠠᠢ ᠲᠤᠭᠳᠠᠭᠠᠯ︾ ᠢ ᠦᠨᠳᠦᠰᠦᠯᠡᠵᠦ | ᠵᠠᠰᠠᠪᠤᠷᠢ ᠤᠷᠤᠭᠤᠯᠪᠠ︾ | | | ᠭᠠᠷᠴᠠᠬ | ᠨᠢᠭᠡᠳᠤᠭᠡᠷ ᠪᠦᠯᠦᠭ ᠶᠡᠷᠦᠩᠬᠡᠢ ᠲᠦᠷᠢᠮ | ᠬᠤᠶᠠᠳᠤᠭᠠᠷ ᠪᠦᠯᠦᠭ ᠬᠦᠳᠡᠯᠮᠤᠷᠢ ᠶᠢᠨ ᠭᠡᠷ᠎ᠡ ᠲᠤᠬᠳᠠᠬᠤ | ᠭᠤᠷᠪᠠᠳᠤᠭᠠᠷ ᠪᠦᠯᠦᠭ ᠬᠦᠳᠡᠯᠮᠤᠷᠢ ᠶᠢᠨ ᠭᠡᠷ᠎ᠡ ᠶᠢ ᠭᠦᠢᠴᠡᠳᠭᠡᠬᠦ ᠪᠠ ᠬᠤᠪᠢᠷᠠᠭᠤᠯᠬᠤ | ᠲᠦᠷᠪᠡᠳᠦᠭᠡᠷ ᠪᠦᠯᠦᠭ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ ᠪᠠ ᠲᠠᠭᠤᠰᠬᠠᠬᠤ | ᠲᠠᠪᠤᠳᠤᠭᠠᠷ ᠪᠦᠯᠦᠭ ᠤᠨᠴᠠᠭᠠᠢ ᠲᠤᠬᠳᠠᠭᠠᠯ | ᠨᠢᠭᠡᠳᠤᠭᠡᠷ ᠬᠡᠰᠡᠭ ᠬᠠᠮᠳᠤ ᠶᠢᠨ ᠭᠡᠷ᠎ᠡ | ᠬᠤᠶᠠᠳᠤᠭᠠᠷ ᠬᠡᠰᠡᠭ ᠬᠦᠳᠡᠯᠮᠤᠷᠢ ᠬᠦᠴᠦ ᠲᠤᠮᠢᠯᠠᠬᠤ | ᠭᠤᠷᠪᠠᠳᠤᠭᠠᠷ ᠬᠡᠰᠡᠭ ᠪᠦᠬᠦᠯᠢ ᠡᠳᠦᠷ ᠢᠶᠠᠷ ᠠᠵᠢᠯᠯᠠᠬᠤ ᠪᠤᠰᠤ ᠲᠦᠷᠢᠮᠳᠤ ᠠᠵᠢᠯᠴᠢᠨ ᠢ ᠬᠡᠷᠡᠭᠯᠡᠬᠦ | ᠵᠢᠷᠭᠤᠳᠤᠭᠠᠷ ᠪᠦᠯᠦᠭ ᠬᠢᠨᠠᠯᠳᠠ ᠲᠠᠯᠪᠢᠵᠤ ᠪᠠᠶᠢᠴᠠᠭᠠᠬᠤ | ᠲᠤᠯᠤᠳᠤᠭᠠᠷ ᠪᠦᠯᠦᠭ ᠬᠠᠤᠯᠢ ᠴᠠᠭᠠᠵᠠ ᠶᠢᠨ ᠬᠠᠷᠢᠭᠤᠴᠠᠯᠭ᠎ᠠ | ᠨᠠᠢᠮᠠᠳᠤᠭᠠᠷ ᠪᠦᠯᠦᠭ ᠲᠠᠭᠠᠯᠳᠤᠭᠤᠯᠤᠯ ᠲᠦᠷᠢᠮ | | | ᠨᠢᠭᠡᠳᠤᠭᠡᠷ ᠪᠦᠯᠦᠭ ᠶᠡᠷᠦᠩᠬᠡᠢ ᠲᠦᠷᠢᠮ | | ᠨᠢᠭᠡᠳᠤᠭᠡᠷ ᠵᠦᠢᠯ ᠬᠦᠳᠡᠯᠮᠤᠷᠢ ᠶᠢᠨ ᠭᠡᠷ᠎ᠡ ᠶᠢᠨ ᠲᠦᠷᠢᠮ ᠢ ᠲᠡᠭᠦᠯᠳᠡᠷᠵᠢᠭᠦᠯᠵᠤ᠂ ᠬᠦᠳᠡᠯᠮᠤᠷᠢ ᠶᠢᠨ | ᠭᠡᠷ᠎ᠡ ᠶᠢᠨ ᠬᠤᠶᠠᠷ ᠲᠠᠯ᠎ᠠ ᠶᠢᠨ ᠲᠤᠬᠠᠢ ᠶᠢᠨ ᠬᠦᠮᠦᠨ ᠤ ᠡᠷᠬᠡ ᠠᠰᠢᠬ ᠪᠤᠯᠤᠨ ᠡᠭᠦᠷᠭᠡ ᠶᠢ ᠲᠤᠳᠤᠷᠬᠠᠢᠢᠯᠠᠵᠤ᠂ | ᠬᠦᠳᠡᠯᠮᠤᠷᠢᠴᠢᠨ ᠤ ᠬᠠᠤᠯᠢ ᠶᠤᠰᠤᠨ ᠤ ᠡᠷᠬᠡ ᠠᠰᠢᠬ ᠢ ᠬᠠᠮᠠᠭᠠᠯᠠᠵᠤ᠂ ᠡᠶ᠎ᠡ ᠵᠤᠬᠢᠴᠠᠩᠭᠤᠢ ᠠᠮᠤᠷ ᠲᠤᠬᠳᠠᠭᠤᠨ | ᠬᠦᠳᠡᠯᠮᠤᠷᠢ ᠶᠢᠨ ᠬᠠᠷᠢᠴᠠᠭ᠎ᠠ ᠶᠢ ᠪᠠᠶᠢᠭᠤᠯᠤᠨ ᠬᠦᠭᠵᠢᠭᠦᠯᠬᠦ ᠶᠢᠨ ᠲᠦᠯᠦᠭᠡ᠂ ᠲᠤᠰ ᠬᠠᠤᠯᠢ ᠶᠢ ᠲᠤᠬᠳᠠᠭᠠᠪᠠ᠃ | ᠬᠤᠶᠠᠳᠤᠭᠠᠷ ᠵᠦᠢᠯ ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠬᠢᠯᠢ ᠲᠤᠳᠤᠷᠠᠬᠢ ᠠᠵᠤ | ᠠᠬᠤᠢᠢᠯᠠᠯ᠂ ᠬᠤᠪᠢ ᠶᠢᠨ ᠠᠵᠤ ᠠᠬᠤᠢ ᠶᠢᠨ ᠵᠤᠬᠢᠶᠠᠨ ᠪᠠᠶᠢᠭᠤᠯᠤᠯᠳᠠ᠂ ᠠᠷᠠᠳ ᠠᠴᠠ ᠡᠷᠬᠢᠯᠡᠭᠰᠡᠨ ᠠᠵᠤ | ᠠᠬᠤᠢᠢᠯᠠᠯ ᠤᠨ ᠪᠤᠰᠤ ᠨᠢᠭᠡᠴᠡ ᠵᠡᠷᠭᠡ ᠵᠤᠬᠢᠶᠠᠨ ᠪᠠᠶᠢᠭᠤᠯᠤᠯᠳᠠ ︵ᠲᠤᠷᠤᠬᠰᠢ ᠬᠦᠮᠦᠨ ᠬᠡᠷᠡᠭᠯᠡᠬᠦ ᠨᠢᠭᠡᠴᠡ ᠭᠡᠵᠤ | ᠨᠡᠷᠡᠯᠡᠨ᠎ᠡ︶ ᠠᠴᠠ ᠬᠦᠳᠡᠯᠮᠤᠷᠢᠴᠢᠨ ᠲᠠᠢ ᠬᠦᠳᠡᠯᠮᠤᠷᠢ ᠶᠢᠨ ᠬᠠᠷᠢᠴᠠᠭ᠎ᠠ ᠪᠠᠶᠢᠭᠤᠯᠬᠤ᠂ ᠬᠦᠳᠡᠯᠮᠤᠷᠢ ᠶᠢᠨ ᠭᠡᠷ᠎ᠡ | ᠲᠤᠬᠳᠠᠬᠤ᠂ ᠭᠦᠢᠴᠡᠳᠭᠡᠬᠦ᠂ ᠬᠤᠪᠢᠷᠠᠭᠤᠯᠬᠤ᠂ ᠬᠦᠴᠦᠨ ᠦᠭᠡᠢ ᠪᠤᠯᠭᠠᠬᠤ ᠪᠤᠶᠤ ᠲᠠᠭᠤᠰᠬᠠᠬᠤ ᠳᠤ ᠲᠤᠰ | ᠬᠠᠤᠯᠢ ᠶᠢ ᠬᠡᠷᠡᠭᠯᠡᠨ᠎ᠡ᠃ | ᠲᠦᠷᠦ ᠶᠢᠨ ᠪᠠᠶᠢᠭᠤᠯᠭ᠎ᠠ᠂ ᠠᠵᠢᠯ ᠦᠢᠯᠡᠰ ᠤᠨ ᠨᠢᠭᠡᠴᠡ᠂ ᠨᠡᠶᠢᠭᠡᠮ ᠤᠨ ᠪᠦᠯᠬᠦᠮ ᠪᠤᠯᠤᠨ ᠲᠡᠭᠦᠨ ᠯᠦᠭᠡ | ᠬᠦᠳᠡᠯᠮᠤᠷᠢ ᠶᠢᠨ ᠬᠠᠷᠢᠴᠠᠭ᠎ᠠ ᠪᠠᠶᠢᠭᠤᠯᠤᠬᠰᠠᠨ ᠬᠦᠳᠡᠯᠮᠤᠷᠢᠴᠢᠨ ᠬᠦᠳᠡᠯᠮᠤᠷᠢ ᠶᠢᠨ ᠭᠡᠷ᠎ᠡ ᠲᠤᠬᠳᠠᠬᠤ᠂ ᠭᠦᠢᠴᠡᠳᠭᠡᠬᠦ᠂ | ᠬᠤᠪᠢᠷᠠᠭᠤᠯᠬᠤ᠂ ᠬᠦᠴᠦᠨ ᠦᠭᠡᠢ ᠪᠤᠯᠭᠠᠬᠤ ᠪᠤᠶᠤ ᠲᠠᠭᠤᠰᠬᠠᠬᠤ ᠳᠤ᠂ ᠲᠤᠰ ᠬᠠᠤᠯᠢ ᠶᠢᠨ ᠶᠤᠰᠤᠭᠠᠷ | ᠭᠦᠢᠴᠡᠳᠭᠡᠨ᠎ᠡ᠃ | ᠭᠤᠷᠪᠠᠳᠤᠭᠠᠷ ᠵᠦᠢᠯ ᠬᠦᠳᠡᠯᠮᠤᠷᠢ ᠶᠢᠨ ᠭᠡᠷ᠎ᠡ ᠲᠤᠬᠳᠠᠬᠤ ᠳᠤ᠂ ᠬᠠᠤᠯᠢ ᠶᠤᠰᠤᠨ ᠤ᠂ ᠲᠦᠪ ᠭᠤᠤᠯᠴᠢ᠂ | ᠡᠷᠬᠡ ᠲᠡᠭᠰᠢ ᠰᠠᠶᠢᠨ ᠲᠤᠷ᠎ᠠ ᠶᠢᠨ ᠪᠠᠶᠢᠬᠤ᠂ ᠵᠦᠪᠳᠡᠯᠴᠡᠵᠤ ᠰᠠᠨᠠᠯ ᠨᠢᠭᠡᠳᠬᠦ᠂ ᠦᠨᠡᠨᠴᠢ ᠢᠳᠡᠭᠡᠯᠳᠠᠢ ᠪᠠᠶᠢᠬᠤ | ᠵᠠᠷᠴᠢᠮ ᠢ ᠵᠢᠷᠤᠮᠯᠠᠬᠤ ᠬᠡᠷᠡᠭᠳᠠᠢ᠃ | ᠬᠠᠤᠯᠢ ᠶᠤᠰᠤᠭᠠᠷ ᠲᠤᠬᠳᠠᠬᠰᠠᠨ ᠬᠦᠳᠡᠯᠮᠤᠷᠢ ᠶᠢᠨ ᠭᠡᠷ᠎ᠡ ᠨᠢ ᠬᠢᠵᠠᠭᠠᠷᠯᠠᠬᠤ ᠬᠦᠴᠦᠨ ᠲᠠᠢ᠂ ᠬᠦᠮᠦᠨ | ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠬᠦᠳᠡᠯᠮᠤᠷᠢ ᠶᠢᠨ ᠭᠡᠷ᠎ᠡ ᠳᠤ ᠲᠤᠬᠳᠠᠬᠰᠠᠨ ᠡᠭᠦᠷᠭᠡ ᠪᠠᠨ ᠭᠦᠢᠴᠡᠳᠭᠡᠬᠦ | ᠬᠡᠷᠡᠭᠳᠠᠢ᠃ | ᠲᠦᠷᠪᠡᠳᠦᠭᠡᠷ ᠵᠦᠢᠯ ᠬᠦᠮᠦᠨ ᠬᠡᠷᠡᠭᠯᠡᠬᠦ ᠨᠢᠭᠡᠴᠡ ᠨᠦᠭᠦᠳ ᠬᠦᠳᠡᠯᠮᠤᠷᠢ ᠶᠢᠨ ᠲᠦᠷᠢᠮ ᠲᠤᠬᠳᠠᠭᠠᠯ ᠢᠶᠠᠨ | ᠬᠠᠤᠯᠢ ᠶᠤᠰᠤᠭᠠᠷ ᠲᠤᠬᠳᠠᠭᠠᠨ ᠲᠡᠭᠦᠯᠳᠡᠷᠵᠢᠭᠦᠯᠵᠤ᠂ ᠬᠦᠳᠡᠯᠮᠤᠷᠢᠴᠢᠨ ᠤ ᠬᠦᠳᠡᠯᠮᠤᠷᠢᠯᠡᠬᠦ ᠡᠷᠬᠡ ᠪᠠᠨ ᠡᠳ᠋ᠯᠡᠬᠦ᠂ | ᠬᠦᠳᠡᠯᠮᠤᠷᠢ ᠶᠢᠨ ᠡᠭᠦᠷᠭᠡ ᠶᠢ ᠭᠦᠢᠴᠡᠳᠭᠡᠬᠦ ᠶᠢ ᠪᠠᠳᠤᠯᠠᠬᠤ ᠬᠡᠷᠡᠭᠳᠠᠢ᠃ | ᠬᠦᠮᠦᠨ ᠬᠡᠷᠡᠭᠯᠡᠬᠦ ᠨᠢᠭᠡᠴᠡ ᠨᠦᠭᠦᠳ ᠬᠦᠳᠡᠯᠮᠤᠷᠢ ᠶᠢᠨ ᠤᠯᠭᠤᠮᠵᠢ᠂ ᠠᠵᠢᠯᠯᠠᠬᠤ ᠴᠠᠬ᠂ ᠠᠮᠠᠷᠠᠯᠳᠠ ᠪᠠ | ᠠᠮᠠᠷᠠᠯᠳᠠ ᠶᠢᠨ ᠴᠢᠯᠦᠭᠡ᠂ ᠬᠦᠳᠡᠯᠮᠤᠷᠢ ᠶᠢᠨ ᠠᠮᠤᠷ ᠲᠦᠪᠰᠢᠨ ᠪᠠ ᠡᠷᠡᠭᠦᠯ ᠬᠠᠮᠠᠭᠠᠯᠠᠯ᠂ ᠲᠠᠭᠠᠳᠬᠠᠯ ᠠᠰᠠᠷᠠᠮᠵᠢ᠂ | ᠠᠵᠢᠯᠳᠡᠨ ᠠᠵᠢᠯᠴᠢᠨ ᠤ ᠪᠤᠯᠪᠠᠰᠤᠷᠠᠯ᠂ ᠬᠦᠳᠡᠯᠮᠤᠷᠢ ᠶᠢᠨ ᠰᠠᠬᠢᠯᠭ᠎ᠠ ᠪᠠᠳᠤ ᠵᠢᠴᠢ ᠬᠦᠳᠡᠯᠮᠤᠷᠢ ᠶᠢᠨ ᠨᠤᠷᠮᠠᠳᠤ | ᠬᠠᠮᠢᠶᠠᠷᠤᠯᠳᠠ ᠵᠡᠷᠭᠡ ᠬᠦᠳᠡᠯᠮᠤᠷᠢᠴᠢᠨ ᠤ ᠬᠤᠪᠢ ᠶᠢᠨ ᠠᠰᠢᠬ ᠲᠤᠰᠠ ᠲᠠᠢ ᠰᠢᠭᠤᠳ ᠬᠤᠯᠪᠤᠬᠳᠠᠬᠤ ᠲᠦᠷᠢᠮ | ᠲᠤᠬᠳᠠᠭᠠᠯ ᠪᠤᠶᠤ ᠴᠢᠬᠤᠯᠠ ᠶᠡᠭᠡ ᠤᠴᠢᠷ ᠶᠠᠪᠤᠳᠠᠯ ᠢ ᠲᠤᠬᠳᠠᠭᠠᠬᠤ᠂ ᠲᠡᠭᠦᠨ ᠳᠤ ᠵᠠᠰᠠᠪᠤᠷᠢ ᠤᠷᠤᠭᠤᠯᠬᠤ ᠪᠤᠶᠤ | ᠲᠡᠭᠦᠨ ᠤ ᠲᠤᠬᠠᠢ ᠲᠤᠬᠳᠠᠭᠠᠯ ᠭᠠᠷᠭᠠᠬᠤ ᠳᠠᠭᠠᠨ᠂ ᠠᠵᠢᠯᠳᠡᠨ ᠠᠵᠢᠯᠴᠢᠨ ᠤ ᠲᠦᠯᠦᠭᠡᠯᠡᠭᠴᠢᠳ ᠤᠨ ᠶᠡᠭᠡ ᠬᠤᠷᠠᠯ | ᠪᠤᠶᠤ ᠪᠦᠬᠦ ᠠᠵᠢᠯᠳᠡᠨ ᠠᠵᠢᠯᠴᠢᠨ ᠢᠶᠠᠷ ᠶᠠᠷᠢᠯᠴᠠᠭᠤᠯᠤᠭᠠᠳ᠂ ᠲᠦᠰᠦᠯ ᠪᠤᠯᠤᠨ ᠰᠠᠨᠠᠯ ᠢᠶᠠᠨ ᠲᠤᠷᠠᠳᠴᠤ᠂ | ᠠᠵᠢᠯᠴᠢᠨ ᠤ ᠡᠪᠯᠡᠯ ᠪᠤᠶᠤ ᠠᠵᠢᠯᠳᠡᠨ ᠠᠵᠢᠯᠴᠢᠨ ᠤ ᠲᠦᠯᠦᠭᠡᠯᠡᠭᠴᠢᠳ ᠲᠠᠢ ᠡᠷᠬᠡ ᠲᠡᠭᠰᠢ ᠪᠠᠷ ᠵᠦᠪᠳᠡᠯᠴᠡᠵᠤ | ᠲᠤᠬᠳᠠᠭᠠᠬᠤ ᠬᠡᠷᠡᠭᠳᠠᠢ᠃ | ᠲᠦᠷᠢᠮ ᠲᠤᠬᠳᠠᠭᠠᠯ ᠪᠠ ᠴᠢᠬᠤᠯᠠ ᠶᠡᠭᠡ ᠤᠴᠢᠷ ᠶᠠᠪᠤᠳᠠᠯ ᠢ ᠲᠤᠬᠳᠠᠭᠠᠨ ᠬᠡᠷᠡᠭᠵᠢᠭᠦᠯᠬᠦ ᠶᠠᠪᠤᠴᠠ ᠳᠤ᠂ | ᠠᠵᠢᠯᠴᠢᠨ ᠤ ᠡᠪᠯᠡᠯ ᠪᠤᠶᠤ ᠠᠵᠢᠯᠳᠡᠨ ᠠᠵᠢᠯᠴᠢᠨ ᠲᠡᠭᠦᠨ ᠢ ᠵᠤᠬᠢᠰ ᠦᠭᠡᠢ ᠭᠡᠵᠤ ᠦᠵᠡᠪᠡᠯ᠂ ᠬᠦᠮᠦᠨ ᠬᠡᠷᠡᠭᠯᠡᠬᠦ | ᠨᠢᠭᠡᠴᠡ ᠳᠤ ᠰᠠᠨᠠᠯ ᠢᠶᠠᠨ ᠲᠤᠷᠠᠳᠴᠤ᠂ ᠵᠦᠪᠳᠡᠯᠴᠡᠵᠤ ᠪᠠᠶᠢᠭᠠᠳ ᠵᠠᠰᠠᠪᠤᠷᠢ ᠤᠷᠤᠭᠤᠯᠵᠤ ᠲᠡᠭᠦᠯᠳᠡᠷᠵᠢᠭᠦᠯᠤᠨ᠎ᠡ᠃ | ᠬᠦᠮᠦᠨ ᠬᠡᠷᠡᠭᠯᠡᠬᠦ ᠨᠢᠭᠡᠴᠡ ᠨᠦᠭᠦᠳ ᠬᠦᠳᠡᠯᠮᠤᠷᠢᠴᠢᠨ ᠤ ᠬᠤᠪᠢ ᠶᠢᠨ ᠠᠰᠢᠬ ᠲᠤᠰᠠ ᠲᠠᠢ ᠰᠢᠭᠤᠳ | ᠬᠤᠯᠪᠤᠬᠳᠠᠬᠤ ᠲᠦᠷᠢᠮ ᠲᠤᠬᠳᠠᠭᠠᠯ ᠪᠤᠶᠤ ᠴᠢᠬᠤᠯᠠ ᠶᠡᠭᠡ ᠤᠴᠢᠷ ᠶᠠᠪᠤᠳᠠᠯ ᠤᠨ ᠲᠤᠬᠠᠢ ᠲᠤᠬᠳᠠᠭᠠᠯ ᠢ ᠢᠯᠡ | ᠨᠡᠶᠢᠳᠡᠯᠡᠬᠦ ᠪᠤᠶᠤ ᠬᠦᠳᠡᠯᠮᠤᠷᠢᠴᠢᠨ ᠳᠤ ᠮᠡᠳᠡᠭᠳᠡᠬᠦ ᠬᠡᠷᠡᠭᠳᠠᠢ᠃ | ᠲᠠᠪᠤᠳᠤᠭᠠᠷ ᠵᠦᠢᠯ ᠰᠢᠶᠠᠨ ᠠᠴᠠ ᠲᠡᠭᠡᠭᠰᠢᠬᠢ ᠠᠷᠠᠳ ᠤᠨ ᠵᠠᠰᠠᠬ ᠤᠨ ᠤᠷᠳᠤᠨ ᠤ ᠬᠦᠳᠡᠯᠮᠤᠷᠢ ᠶᠢᠨ | ᠵᠠᠰᠠᠬ ᠵᠠᠬᠢᠷᠭᠠᠨ ᠤ ᠰᠠᠯᠠᠭ᠎ᠠ ᠮᠦᠴᠢᠷ ᠨᠢ ᠠᠵᠢᠯᠴᠢᠨ ᠤ ᠡᠪᠯᠡᠯ ᠪᠤᠯᠤᠨ ᠠᠵᠤ ᠠᠬᠤᠢᠢᠯᠠᠯ ᠤᠨ ᠲᠠᠯ᠎ᠠ ᠶᠢᠨ | ᠲᠦᠯᠦᠭᠡᠯᠡᠭᠴᠢ ᠲᠠᠢ ᠬᠠᠮᠳᠤᠷᠠᠵᠤ ᠪᠠᠶᠢᠭᠠᠳ ᠬᠦᠳᠡᠯᠮᠤᠷᠢ ᠶᠢᠨ ᠬᠠᠷᠢᠴᠠᠭ᠎ᠠ ᠶᠢ ᠵᠤᠬᠢᠴᠠᠭᠤᠯᠬᠤ ᠭᠤᠷᠪᠠᠨ ᠲᠠᠯ᠎ᠠ ᠶᠢᠨ | ᠲᠤᠬᠳᠠᠴᠠ ᠶᠢ ᠪᠠᠶᠢᠭᠤᠯᠤᠨ ᠲᠡᠭᠦᠯᠳᠡᠷᠵᠢᠭᠦᠯᠵᠤ᠂ ᠬᠦᠳᠡᠯᠮᠤᠷᠢ ᠶᠢᠨ ᠬᠠᠷᠢᠴᠠᠭ᠎ᠠ ᠳᠤ ᠬᠤᠯᠪᠤᠬᠳᠠᠬᠤ ᠴᠢᠬᠤᠯᠠ ᠶᠡᠭᠡ | ᠠᠰᠠᠭᠤᠳᠠᠯ ᠢ ᠬᠠᠮᠳᠤᠪᠡᠷ ᠰᠤᠳᠤᠯᠵᠤ ᠰᠢᠢᠳᠪᠤᠷᠢᠯᠡᠨ᠎ᠡ᠃ | ᠵᠢᠷᠭᠤᠳᠤᠭᠠᠷ ᠵᠦᠢᠯ ᠠᠵᠢᠯᠴᠢᠨ ᠤ ᠡᠪᠯᠡᠯ ᠨᠢ ᠬᠦᠳᠡᠯᠮᠤᠷᠢᠴᠢᠨ ᠢ ᠬᠠᠪᠰᠤᠷᠤᠨ ᠵᠢᠯᠤᠭᠤᠳᠴᠤ ᠪᠠᠶᠢᠭᠠᠳ | ᠬᠦᠮᠦᠨ ᠬᠡᠷᠡᠭᠯᠡᠬᠦ ᠨᠢᠭᠡᠴᠡ ᠲᠠᠢ ᠬᠠᠤᠯᠢ ᠶᠤᠰᠤᠭᠠᠷ ᠬᠦᠳᠡᠯᠮᠤᠷᠢ ᠶᠢᠨ ᠭᠡᠷ᠎ᠡ ᠲᠤᠬᠳᠠᠬᠤ ᠪᠠ ᠭᠦᠢᠴᠡᠳᠭᠡᠬᠦ ᠶᠢᠨ | ᠬᠠᠮᠳᠤ ᠬᠦᠮᠦᠨ ᠬᠡᠷᠡᠭᠯᠡᠬᠦ ᠨᠢᠭᠡᠴᠡ ᠲᠠᠢ ᠬᠠᠮᠳᠤᠪᠡᠷ ᠵᠦᠪᠳᠡᠯᠴᠡᠬᠦ ᠲᠤᠬᠳᠠᠴᠠ ᠪᠠᠶᠢᠭᠤᠯᠵᠤ᠂ ᠬᠦᠳᠡᠯᠮᠤᠷᠢᠴᠢᠨ ᠤ | ᠬᠠᠤᠯᠢ ᠶᠤᠰᠤᠨ ᠤ ᠡᠷᠬᠡ ᠠᠰᠢᠬ ᠢ ᠬᠠᠮᠠᠭᠠᠯᠠᠬᠤ ᠬᠡᠷᠡᠭᠳᠠᠢ᠃ | | | ᠬᠤᠶᠠᠳᠤᠭᠠᠷ ᠪᠦᠯᠦᠭ ᠬᠦᠳᠡᠯᠮᠤᠷᠢ ᠶᠢᠨ ᠭᠡᠷ᠎ᠡ ᠲᠤᠬᠳᠠᠬᠤ | | | ᠲᠤᠯᠤᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠨᠢ ᠠᠵᠢᠯᠴᠢᠨ ᠢ ᠬᠡᠷᠡᠭᠯᠡᠭᠰᠡᠨ ᠡᠳᠦᠷ ᠠᠴᠠ ᠪᠠᠨ | ᠡᠬᠢᠯᠡᠭᠡᠳ ᠬᠦᠳᠡᠯᠮᠤᠷᠢᠴᠢᠨ ᠲᠠᠢ ᠬᠦᠳᠡᠯᠮᠤᠷᠢ ᠶᠢᠨ ᠬᠠᠷᠢᠴᠠᠭ᠎ᠠ ᠪᠠᠶᠢᠭᠤᠯᠤᠨ᠎ᠠ᠃ ᠬᠦᠮᠦᠨ ᠬᠡᠷᠡᠭᠯᠡᠬᠦ ᠨᠢᠭᠡᠴᠡ | ᠠᠵᠢᠯᠳᠡᠨ ᠠᠵᠢᠯᠴᠢᠨ ᠤ ᠨᠡᠷ᠎ᠡ ᠶᠢᠨ ᠲᠠᠩᠰᠠ ᠪᠠᠶᠢᠭᠤᠯᠵᠤ ᠪᠠᠶᠢᠴᠠᠭᠠᠬᠤ ᠳᠤ ᠪᠡᠯᠡᠬᠡᠨ ᠪᠤᠯᠭᠠᠨ᠎ᠠ᠃ | ᠨᠠᠢᠮᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢᠴᠢᠨ ᠢ ᠡᠯᠰᠡᠵᠤ ᠬᠡᠷᠡᠭᠯᠡᠬᠦ ᠦᠶ᠎ᠡ ᠳᠡᠭᠡᠨ᠂ | ᠠᠵᠢᠯ ᠤᠨ ᠠᠭᠤᠯᠭ᠎ᠠ᠂ ᠠᠵᠢᠯ ᠤᠨ ᠨᠦᠬᠦᠴᠡᠯ᠂ ᠠᠵᠢᠯ ᠤᠨ ᠭᠠᠵᠠᠷ᠂ ᠠᠵᠢᠯ ᠮᠡᠷᠭᠡᠵᠢᠯ ᠤᠨ ᠬᠤᠤᠷ ᠬᠦᠨᠦᠭᠡᠯ᠂ | ᠠᠶᠤᠯ ᠦᠭᠡᠢ ᠦᠢᠯᠡᠳᠪᠤᠷᠢᠯᠡᠯ ᠤᠨ ᠪᠠᠶᠢᠳᠠᠯ᠂ ᠬᠦᠳᠡᠯᠮᠤᠷᠢ ᠶᠢᠨ ᠤᠯᠭᠤᠮᠵᠢ ᠵᠢᠴᠢ ᠬᠦᠳᠡᠯᠮᠤᠷᠢᠴᠢᠨ ᠤ | ᠤᠢᠢᠯᠠᠭᠠᠬᠤ ᠪᠠᠷ ᠱᠠᠭᠠᠷᠳᠠᠬᠰᠠᠨ ᠪᠤᠰᠤᠳ ᠪᠠᠶᠢᠳᠠᠯ ᠢ ᠬᠦᠳᠡᠯᠮᠤᠷᠢᠴᠢᠨ ᠳᠤ ᠦᠨᠡᠨ ᠮᠦᠨ ᠢᠶᠠᠷ ᠨᠢ ᠮᠡᠳᠡᠭᠳᠡᠬᠦ | ᠬᠡᠷᠡᠭᠳᠠᠢ︔ ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢᠴᠢᠨ ᠤ ᠬᠦᠳᠡᠯᠮᠤᠷᠢ ᠶᠢᠨ ᠭᠡᠷ᠎ᠡ ᠲᠠᠢ ᠰᠢᠭᠤᠳ | ᠬᠤᠯᠪᠤᠬᠳᠠᠬᠤ ᠬᠠᠮᠢᠶ᠎ᠠ ᠪᠦᠬᠦᠢ ᠦᠨᠳᠦᠰᠦᠨ ᠪᠠᠶᠢᠳᠠᠯ ᠢ ᠤᠢᠢᠯᠠᠭᠠᠬᠤ ᠡᠷᠬᠡ ᠲᠠᠢ᠂ ᠬᠦᠳᠡᠯᠮᠤᠷᠢᠴᠢᠨ ᠦᠨᠡᠨ | ᠮᠦᠨ ᠢᠶᠠᠷ ᠨᠢ ᠲᠤᠳᠤᠷᠬᠠᠢᠢᠯᠠᠬᠤ ᠬᠡᠷᠡᠭᠳᠠᠢ᠃ | ᠶᠢᠰᠦᠳᠦᠭᠡᠷ ᠵᠦᠢᠯ ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢᠴᠢᠨ ᠡᠯᠰᠡᠵᠤ ᠬᠡᠷᠡᠭᠯᠡᠬᠦ ᠳᠡᠭᠡᠨ | ᠬᠦᠳᠡᠯᠮᠤᠷᠢᠴᠢᠨ ᠤ ᠪᠡᠶ᠎ᠡ ᠶᠢᠨ ᠦᠨᠡᠮᠯᠡᠯ ᠪᠤᠯᠤᠨ ᠪᠤᠰᠤᠳ ᠭᠡᠷᠡᠴᠢ ᠦᠨᠡᠮᠯᠡᠯ ᠢ ᠲᠠᠷᠤᠵᠤ ᠠᠪᠴᠤ ᠪᠤᠯᠬᠤ ᠦᠭᠡᠢ᠂ | ᠬᠦᠳᠡᠯᠮᠤᠷᠢᠴᠢᠨ ᠢᠶᠠᠷ ᠪᠠᠳᠤᠯᠠᠯᠳᠠ ᠬᠠᠩᠭᠠᠯᠭᠠᠬᠤ ᠪᠠᠷ ᠱᠠᠭᠠᠷᠳᠠᠬᠤ ᠪᠤᠶᠤ ᠡᠰᠡᠭᠦᠯ᠎ᠡ ᠪᠤᠰᠤᠳ ᠨᠡᠷ᠎ᠡ ᠪᠠᠷ | ᠬᠦᠳᠡᠯᠮᠤᠷᠢᠴᠢᠨ ᠠᠴᠠ ᠡᠳ᠋ ᠪᠤᠳᠠᠰ ᠠᠪᠴᠤ ᠪᠤᠯᠬᠤ ᠦᠭᠡᠢ᠃ | ᠠᠷᠪᠠᠳᠤᠭᠠᠷ ᠵᠦᠢᠯ ᠬᠦᠳᠡᠯᠮᠤᠷᠢ ᠶᠢᠨ ᠬᠠᠷᠢᠴᠠᠭ᠎ᠠ ᠪᠠᠶᠢᠭᠤᠯᠬᠤ ᠳᠤ᠂ ᠪᠢᠴᠢᠭ ᠢᠶᠠᠷ ᠬᠦᠳᠡᠯᠮᠤᠷᠢ ᠶᠢᠨ ᠭᠡᠷ᠎ᠡ | ᠲᠤᠬᠳᠠᠬᠤ ᠬᠡᠷᠡᠭᠳᠠᠢ᠃ | ᠬᠦᠳᠡᠯᠮᠤᠷᠢ ᠶᠢᠨ ᠬᠠᠷᠢᠴᠠᠭ᠎ᠠ ᠪᠠᠶᠢᠭᠤᠯᠤᠬᠰᠠᠨ ᠪᠤᠯᠪᠠᠴᠤ᠂ ᠬᠠᠮᠳᠤ ᠳᠤᠨᠢ ᠪᠢᠴᠢᠭ ᠢᠶᠠᠷ ᠬᠦᠳᠡᠯᠮᠤᠷᠢ ᠶᠢᠨ | ᠭᠡᠷ᠎ᠡ ᠲᠤᠬᠳᠠᠬᠰᠠᠨ ᠦᠭᠡᠢ ᠪᠠᠶᠢᠪᠠᠯ᠂ ᠠᠵᠢᠯᠴᠢᠨ ᠢ ᠬᠡᠷᠡᠭᠯᠡᠵᠤ ᠡᠬᠢᠯᠡᠭᠰᠡᠨ ᠡᠳᠦᠷ ᠠᠴᠠ ᠡᠬᠢᠯᠡᠭᠡᠳ ᠨᠢᠭᠡ | ᠰᠠᠷ᠎ᠠ ᠶᠢᠨ ᠲᠤᠳᠤᠷ᠎ᠠ ᠪᠢᠴᠢᠭ ᠢᠶᠠᠷ ᠬᠦᠳᠡᠯᠮᠤᠷᠢ ᠶᠢᠨ ᠭᠡᠷ᠎ᠡ ᠲᠤᠬᠳᠠᠬᠤ ᠬᠡᠷᠡᠭᠳᠠᠢ᠃ | ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠨᠢ ᠠᠵᠢᠯᠴᠢᠨ ᠬᠡᠷᠡᠭᠯᠡᠬᠦ ᠠᠴᠠ ᠡᠮᠦᠨ᠎ᠡ | ᠬᠦᠳᠡᠯᠮᠤᠷᠢ ᠶᠢᠨ ᠭᠡᠷ᠎ᠡ ᠲᠤᠬᠳᠠᠬᠰᠠᠨ ᠪᠠᠶᠢᠪᠠᠯ᠂ ᠬᠦᠳᠡᠯᠮᠤᠷᠢ ᠶᠢᠨ ᠬᠠᠷᠢᠴᠠᠭ᠎ᠠ ᠨᠢ ᠠᠵᠢᠯᠴᠢᠨ ᠢ ᠬᠡᠷᠡᠭᠯᠡᠭᠰᠡᠨ | ᠡᠳᠦᠷ ᠠᠴᠠ ᠪᠠᠶᠢᠭᠤᠯᠤᠬᠳᠠᠨ᠎ᠠ᠃ | ᠠᠷᠪᠠᠨ ᠨᠢᠭᠡᠳᠤᠭᠡᠷ ᠵᠦᠢᠯ ᠬᠦᠮᠦᠨ ᠬᠡᠷᠡᠭᠯᠡᠬᠦ ᠨᠢᠭᠡᠴᠡ ᠨᠢ ᠠᠵᠢᠯᠴᠢᠨ ᠬᠡᠷᠡᠭᠯᠡᠬᠦ ᠳᠡᠭᠡᠨ ᠬᠠᠮᠳᠤ ᠳᠤᠨᠢ | ᠪᠢᠴᠢᠭ ᠢᠶᠠᠷ ᠬᠦᠳᠡᠯᠮᠤᠷᠢ ᠶᠢᠨ ᠭᠡᠷ᠎ᠡ ᠲᠤᠬᠳᠠᠬᠰᠠᠨ ᠦᠭᠡᠢ᠂ ᠬᠦᠳᠡᠯᠮᠤᠷᠢᠴᠢᠨ ᠯᠦᠭᠡ ᠪᠤᠯᠵᠤᠨ ᠲᠤᠬᠳᠠᠬᠰᠠᠨ | ᠬᠦᠳᠡᠯᠮᠤᠷᠢ ᠶᠢᠨ ᠤᠯᠭᠤᠮᠵᠢ ᠨᠢ ᠲᠤᠳᠤᠷᠬᠠᠢ ᠦᠭᠡᠢ ᠪᠠᠶᠢᠪᠠᠯ᠂ ᠰᠢᠨ᠎ᠡ ᠪᠠᠷ ᠡᠯᠰᠡᠵᠤ ᠬᠡᠷᠡᠭᠯᠡᠭᠰᠡᠨ | ᠬᠦᠳᠡᠯᠮᠤᠷᠢᠴᠢᠨ ᠤ ᠬᠦᠳᠡᠯᠮᠤᠷᠢ ᠶᠢᠨ ᠤᠯᠭᠤᠮᠵᠢ ᠶᠢ ᠬᠠᠮᠳᠤ ᠶᠢᠨ ᠭᠡᠷ᠎ᠡ ᠶᠢᠨ ᠲᠤᠬᠳᠠᠭᠠᠯ ᠤᠨ ᠪᠠᠷᠢᠮᠵᠢᠶ᠎ᠡ ᠪᠠᠷ | ᠦᠭᠭᠦᠨ᠎ᠡ︔ ᠬᠠᠮᠳᠤ ᠶᠢᠨ ᠭᠡᠷ᠎ᠡ ᠪᠠᠶᠢᠬᠤ ᠦᠭᠡᠢ ᠪᠤᠶᠤ ᠬᠠᠮᠳᠤ ᠶᠢᠨ ᠭᠡᠷ᠎ᠡ ᠳᠤ ᠲᠤᠬᠳᠠᠭᠠᠯ ᠦᠭᠡᠢ ᠪᠤᠯ᠂ ᠠᠳᠠᠯᠢ | ᠬᠦᠳᠡᠯᠮᠤᠷᠢ ᠳᠤ ᠠᠳᠠᠯᠢ ᠤᠯᠭᠤᠮᠵᠢ ᠦᠭᠬᠦ ᠲᠦᠷᠢᠮ ᠢ ᠬᠡᠷᠡᠭᠵᠢᠭᠦᠯᠤᠨ᠎ᠡ᠃ | ᠠᠷᠪᠠᠨ ᠬᠤᠶᠠᠳᠤᠭᠠᠷ ᠵᠦᠢᠯ ᠬᠦᠳᠡᠯᠮᠤᠷᠢ ᠶᠢᠨ ᠭᠡᠷ᠎ᠡ ᠶᠢ ᠲᠤᠬᠳᠠᠮᠠᠯ ᠬᠤᠭᠤᠴᠠᠭ᠎ᠠ ᠲᠠᠢ ᠬᠦᠳᠡᠯᠮᠤᠷᠢ ᠶᠢᠨ | ᠭᠡᠷ᠎ᠡ᠂ ᠲᠤᠬᠳᠠᠮᠠᠯ ᠪᠤᠰᠤ ᠬᠤᠭᠤᠴᠠᠭᠠᠨ ᠤ ᠬᠦᠳᠡᠯᠮᠤᠷᠢ ᠶᠢᠨ ᠭᠡᠷ᠎ᠡ ᠪᠠ ᠵᠤᠬᠢᠬᠤ ᠠᠵᠢᠯ ᠤᠨ ᠡᠭᠦᠷᠭᠡ ᠶᠢ | ᠪᠡᠶᠡᠯᠡᠭᠦᠯᠬᠦ ᠪᠠᠷ ᠬᠤᠭᠤᠴᠠᠭᠠᠯᠠᠬᠰᠠᠨ ᠬᠦᠳᠡᠯᠮᠤᠷᠢ ᠶᠢᠨ ᠭᠡᠷ᠎ᠡ ᠭᠡᠵᠤ ᠬᠤᠪᠢᠶᠠᠨ᠎ᠠ᠃ | ᠠᠷᠪᠠᠨ ᠭᠤᠷᠪᠠᠳᠤᠭᠠᠷ ᠵᠦᠢᠯ ᠲᠤᠬᠳᠠᠮᠠᠯ ᠬᠤᠭᠤᠴᠠᠭ᠎ᠠ ᠲᠠᠢ ᠬᠦᠳᠡᠯᠮᠤᠷᠢ ᠶᠢᠨ ᠭᠡᠷ᠎ᠡ ᠭᠡᠳᠡᠭ ᠨᠢ ᠬᠦᠮᠦᠨ | ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠭᠡᠷ᠎ᠡ ᠪᠠᠨ ᠲᠠᠭᠤᠰᠬᠠᠬᠤ ᠴᠠᠬ ᠢ ᠪᠤᠯᠵᠤᠨ ᠲᠤᠬᠳᠠᠬᠰᠠᠨ | ᠬᠦᠳᠡᠯᠮᠤᠷᠢ ᠶᠢᠨ ᠭᠡᠷ᠎ᠡ ᠶᠢ ᠬᠡᠯᠡᠵᠤ ᠪᠠᠶᠢᠨ᠎ᠠ᠃ | ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠵᠦᠪᠳᠡᠯᠴᠡᠵᠤ ᠰᠠᠨᠠᠯ ᠨᠢᠭᠡᠳᠪᠡᠯ᠂ ᠲᠤᠬᠳᠠᠮᠠᠯ | ᠬᠤᠭᠤᠴᠠᠭ᠎ᠠ ᠲᠠᠢ ᠬᠦᠳᠡᠯᠮᠤᠷᠢ ᠶᠢᠨ ᠭᠡᠷ᠎ᠡ ᠲᠤᠬᠳᠠᠵᠤ ᠪᠤᠯᠤᠨ᠎ᠠ᠃ | ᠠᠷᠪᠠᠨ ᠲᠦᠷᠪᠡᠳᠦᠭᠡᠷ ᠵᠦᠢᠯ ᠲᠤᠬᠳᠠᠮᠠᠯ ᠪᠤᠰᠤ ᠬᠤᠭᠤᠴᠠᠭᠠᠨ ᠤ ᠬᠦᠳᠡᠯᠮᠤᠷᠢ ᠶᠢᠨ ᠭᠡᠷ᠎ᠡ ᠭᠡᠳᠡᠭ ᠨᠢ | ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠤ ᠪᠤᠯᠵᠤᠨ ᠲᠤᠬᠳᠠᠬᠰᠠᠨ ᠲᠠᠭᠤᠰᠬᠠᠬᠤ ᠴᠠᠬ ᠢ ᠲᠤᠬᠳᠠᠭᠠᠬᠤ | ᠦᠭᠡᠢ ᠬᠦᠳᠡᠯᠮᠤᠷᠢ ᠶᠢᠨ ᠭᠡᠷ᠎ᠡ ᠶᠢ ᠬᠡᠯᠡᠵᠤ ᠪᠠᠶᠢᠨ᠎ᠠ᠃ | ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠵᠦᠪᠳᠡᠯᠴᠡᠵᠤ ᠰᠠᠨᠠᠯ ᠨᠢᠭᠡᠳᠪᠡᠯ᠂ ᠲᠤᠬᠳᠠᠮᠠᠯ ᠪᠤᠰᠤ | ᠬᠤᠭᠤᠴᠠᠭᠠᠨ ᠤ ᠬᠦᠳᠡᠯᠮᠤᠷᠢ ᠶᠢᠨ ᠭᠡᠷ᠎ᠡ ᠲᠤᠬᠳᠠᠵᠤ ᠪᠤᠯᠤᠨ᠎ᠠ᠃ ᠲᠤᠤᠷ᠎ᠠ ᠵᠢᠬᠰᠠᠭᠠᠬᠰᠠᠨ ᠪᠠᠶᠢᠳᠠᠯ ᠤᠨ ᠨᠢᠭᠡ | ᠵᠦᠢᠯ ᠨᠢ ᠪᠠᠶᠢᠵᠤ᠂ ᠬᠦᠳᠡᠯᠮᠤᠷᠢᠴᠢᠨ ᠠᠴᠠ ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ ᠲᠤᠬᠳᠠᠬᠤ᠂ ᠲᠤᠬᠳᠠᠬᠤ ᠶᠢ | ᠵᠦᠪᠰᠢᠶᠡᠷᠡᠭᠰᠡᠨ ᠪᠤᠶᠤ ᠲᠤᠷᠠᠳᠤᠬᠰᠠᠨ ᠪᠠᠶᠢᠪᠠᠯ᠂ ᠲᠤᠬᠳᠠᠮᠠᠯ ᠬᠤᠭᠤᠴᠠᠭ᠎ᠠ ᠲᠠᠢ ᠬᠦᠳᠡᠯᠮᠤᠷᠢ ᠶᠢᠨ ᠭᠡᠷ᠎ᠡ ᠲᠤᠬᠳᠠᠬᠤ | ᠬᠡᠷᠡᠭᠳᠠᠢ᠂ ᠬᠦᠳᠡᠯᠮᠤᠷᠢᠴᠢᠨ ᠠᠴᠠ ᠲᠤᠬᠳᠠᠮᠠᠯ ᠬᠤᠭᠤᠴᠠᠭ᠎ᠠ ᠲᠠᠢ ᠬᠦᠳᠡᠯᠮᠤᠷᠢ ᠶᠢᠨ ᠭᠡᠷ᠎ᠡ ᠲᠤᠬᠳᠠᠬᠤ ᠶᠢ | ᠲᠤᠷᠠᠳᠤᠬᠰᠠᠨ ᠨᠢ ᠡᠭᠦᠨ ᠳᠤ ᠪᠠᠭᠳᠠᠬᠤ ᠦᠭᠡᠢ᠂ ᠲᠤᠬᠳᠠᠮᠠᠯ ᠪᠤᠰᠤ ᠬᠤᠭᠤᠴᠠᠭᠠᠨ ᠤ ᠬᠦᠳᠡᠯᠮᠤᠷᠢ ᠶᠢᠨ ᠭᠡᠷ᠎ᠡ | ᠲᠤᠬᠳᠠᠵᠤ ᠪᠤᠯᠤᠨ᠎ᠠ᠄ | ︵1︶ ᠬᠦᠳᠡᠯᠮᠤᠷᠢᠴᠢᠨ ᠲᠤᠰ ᠬᠦᠮᠦᠨ ᠬᠡᠷᠡᠭᠯᠡᠬᠦ ᠨᠢᠭᠡᠴᠡ ᠳᠤ ᠦᠷᠭᠦᠯᠵᠢᠯᠡᠨ ᠪᠦᠬᠦᠯᠢ ᠠᠷᠪᠠᠨ ᠵᠢᠯ | ᠠᠵᠢᠯᠯᠠᠬᠰᠠᠨ︔ | ︵2︶ ᠬᠦᠮᠦᠨ ᠬᠡᠷᠡᠭᠯᠡᠬᠦ ᠨᠢᠭᠡᠴᠡ ᠠᠩᠬ᠎ᠠ ᠤᠳᠠᠭ᠎ᠠ ᠬᠦᠳᠡᠯᠮᠤᠷᠢ ᠶᠢᠨ ᠭᠡᠷ᠎ᠡ ᠶᠢᠨ ᠲᠦᠷᠢᠮ ᠢ | ᠬᠡᠷᠡᠭᠵᠢᠭᠦᠯᠬᠦ ᠪᠤᠶᠤ ᠡᠰᠡᠭᠦᠯ᠎ᠡ ᠤᠯᠤᠰ ᠤᠨ ᠦᠮᠴᠢᠯᠡᠯ ᠤᠨ ᠠᠵᠤ ᠠᠬᠤᠢᠢᠯᠠᠯ ᠤᠨ ᠲᠤᠬᠳᠠᠴᠠ ᠪᠠᠨ ᠬᠤᠪᠢᠷᠠᠭᠤᠯᠵᠤ | ᠬᠦᠳᠡᠯᠮᠤᠷᠢ ᠶᠢᠨ ᠭᠡᠷ᠎ᠡ ᠶᠢ ᠲᠠᠬᠢᠵᠤ ᠲᠤᠬᠳᠠᠬᠤ ᠦᠶ᠎ᠡ ᠳᠤ᠂ ᠬᠦᠳᠡᠯᠮᠤᠷᠢᠴᠢᠨ ᠲᠤᠰ ᠬᠦᠮᠦᠨ ᠬᠡᠷᠡᠭᠯᠡᠬᠦ | ᠨᠢᠭᠡᠴᠡ ᠳᠤ ᠦᠷᠭᠦᠯᠵᠢᠯᠡᠨ ᠠᠵᠢᠯᠯᠠᠭᠠᠳ ᠠᠷᠪᠠᠨ ᠵᠢᠯ ᠪᠤᠯᠤᠬᠰᠠᠨ ᠪᠦᠭᠡᠳ ᠬᠠᠤᠯᠢ ᠪᠠᠷ ᠲᠤᠬᠳᠠᠭᠠᠬᠰᠠᠨ | ᠠᠵᠢᠯ ᠠᠴᠠ ᠪᠠᠨ ᠠᠮᠠᠷᠠᠬᠤ ᠨᠠᠰᠤ ᠪᠤᠯᠳᠠᠯ᠎ᠠ ᠠᠷᠪᠠᠨ ᠵᠢᠯ ᠬᠦᠷᠬᠦ ᠦᠭᠡᠢ ᠪᠠᠶᠢᠬᠤ︔ | ︵3︶ ᠲᠤᠬᠳᠠᠮᠠᠯ ᠬᠤᠭᠤᠴᠠᠭ᠎ᠠ ᠲᠠᠢ ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ ᠬᠤᠶᠠᠷ ᠤᠳᠠᠭ᠎ᠠ | ᠲᠤᠬᠳᠠᠬᠰᠠᠨ ᠮᠦᠷᠳᠡᠭᠡᠨ ᠬᠦᠳᠡᠯᠮᠤᠷᠢᠴᠢᠨ ᠳᠤ ᠲᠤᠰ ᠬᠠᠤᠯᠢ ᠶᠢᠨ ᠭᠤᠴᠢ ᠶᠢᠰᠦᠳᠦᠭᠡᠷ ᠵᠦᠢᠯ ᠪᠤᠯᠤᠨ | ᠲᠦᠴᠢᠳᠦᠭᠡᠷ ᠵᠦᠢᠯ ᠤᠨ ᠨᠢᠭᠡᠳᠤᠭᠡᠷ ᠵᠤᠷᠪᠤᠰ᠂ ᠬᠤᠶᠠᠳᠤᠭᠠᠷ ᠵᠤᠷᠪᠤᠰ ᠤᠨ ᠲᠤᠬᠳᠠᠭᠠᠯ ᠳᠠᠬᠢ ᠪᠠᠶᠢᠳᠠᠯ ᠦᠯᠦ | ᠪᠠᠶᠢᠬᠤ ᠪᠦᠭᠡᠳ ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ ᠲᠤᠬᠳᠠᠬᠰᠠᠨ᠃ | ᠬᠦᠮᠦᠨ ᠬᠡᠷᠡᠭᠯᠡᠬᠦ ᠨᠢᠭᠡᠴᠡ ᠨᠢ ᠠᠵᠢᠯᠴᠢᠨᠨ ᠬᠡᠷᠡᠭᠯᠡᠭᠰᠡᠨ ᠡᠳᠦᠷ ᠠᠴᠠ ᠡᠬᠢᠯᠡᠭᠡᠳ ᠪᠦᠬᠦᠯᠢ ᠨᠢᠭᠡ ᠵᠢᠯ | ᠪᠤᠯᠤᠬᠰᠠᠨ ᠪᠠᠶᠢᠳᠠᠯ᠎ᠠ ᠬᠦᠳᠡᠯᠮᠤᠷᠢᠴᠢᠨ ᠲᠠᠢ ᠪᠢᠴᠢᠭ ᠢᠶᠠᠷ ᠬᠦᠳᠡᠯᠮᠤᠷᠢ ᠶᠢᠨ ᠭᠡᠷ᠎ᠡ ᠲᠤᠬᠳᠠᠬᠰᠠᠨ ᠦᠭᠡᠢ ᠪᠠᠶᠢᠪᠠᠯ᠂ | ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠲᠤᠬᠳᠠᠮᠠᠯ ᠪᠤᠰᠤ ᠬᠤᠭᠤᠴᠠᠭᠠᠨ ᠤ ᠬᠦᠳᠡᠯᠮᠤᠷᠢ ᠶᠢᠨ ᠭᠡᠷ᠎ᠡ | ᠲᠤᠬᠳᠠᠬᠰᠠᠨ ᠳᠤ ᠲᠤᠭᠠᠴᠠᠬᠳᠠᠨ᠎ᠠ᠃ | ᠠᠷᠪᠠᠨ ᠲᠠᠪᠤᠳᠤᠭᠠᠷ ᠵᠦᠢᠯ ᠵᠤᠬᠢᠬᠤ ᠠᠵᠢᠯ ᠤᠨ ᠡᠭᠦᠷᠭᠡ ᠶᠢ ᠪᠡᠶᠡᠯᠡᠭᠦᠯᠬᠦ ᠪᠠᠷ ᠬᠤᠭᠤᠴᠠᠭᠠᠯᠠᠬᠰᠠᠨ | ᠬᠦᠳᠡᠯᠮᠤᠷᠢ ᠶᠢᠨ ᠭᠡᠷ᠎ᠡ ᠭᠡᠳᠡᠭ ᠨᠢ ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠯᠡᠭᠴᠢ ᠶᠠᠮᠠᠷ ᠨᠢᠭᠡᠨ ᠠᠵᠢᠯ ᠢ | ᠪᠡᠶᠡᠯᠡᠭᠦᠯᠬᠦ ᠪᠠᠷ ᠭᠡᠷ᠎ᠡ ᠶᠢᠨ ᠬᠤᠭᠤᠴᠠᠭ᠎ᠠ ᠪᠤᠯᠭᠠᠬᠰᠠᠨ ᠬᠦᠳᠡᠯᠮᠤᠷᠢ ᠶᠢᠨ ᠭᠡᠷ᠎ᠡ ᠲᠤᠬᠳᠠᠬᠤ ᠶᠢ ᠬᠡᠯᠡᠵᠤ ᠪᠠᠶᠢᠨ᠎ᠠ᠃ | ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠯᠡᠭᠴᠢ ᠵᠦᠪᠳᠡᠯᠴᠡᠵᠤ ᠰᠠᠨᠠᠯ ᠨᠢᠭᠡᠳᠪᠡᠯ᠂ ᠵᠤᠬᠢᠬᠤ | ᠠᠵᠢᠯ ᠤᠨ ᠡᠭᠦᠷᠭᠡ ᠶᠢ ᠪᠡᠶᠡᠯᠡᠭᠦᠯᠬᠦ ᠪᠠᠷ ᠬᠤᠭᠤᠴᠠᠭᠠᠯᠠᠬᠰᠠᠨ ᠬᠦᠳᠡᠯᠮᠤᠷᠢ ᠶᠢᠨ ᠭᠡᠷ᠎ᠡ ᠶᠢ ᠲᠤᠬᠳᠠᠵᠤ ᠪᠤᠯᠤᠨ᠎ᠠ᠃ | ᠠᠷᠪᠠᠨ ᠵᠢᠷᠭᠤᠳᠤᠭᠠᠷ ᠵᠦᠢᠯ ᠬᠦᠳᠡᠯᠮᠤᠷᠢ ᠶᠢᠨ ᠭᠡᠷ᠎ᠡ ᠶᠢ ᠬᠦᠮᠦᠨ ᠬᠡᠷᠡᠭᠯᠡᠬᠦ ᠨᠢᠭᠡᠴᠡ ᠪᠤᠯᠤᠨ | ᠬᠦᠳᠡᠯᠮᠤᠷᠢᠴᠢᠨ ᠵᠦᠪᠳᠡᠯᠴᠡᠵᠤ ᠰᠠᠨᠠᠯ ᠨᠢᠭᠡᠳᠦᠭᠰᠡᠨ ᠪᠦᠭᠡᠳ ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ | ᠬᠦᠳᠡᠯᠮᠤᠷᠢ ᠶᠢᠨ ᠭᠡᠷ᠎ᠡ ᠶᠢᠨ ᠪᠢᠴᠢᠭ ᠲᠤ ᠭᠠᠷ ᠤᠨ ᠦᠰᠦᠭ ᠵᠢᠷᠤᠬᠤ ᠪᠤᠶᠤ ᠲᠠᠮᠠᠭ᠎ᠠ ᠲᠠᠷᠤᠬᠰᠠᠨ ᠪᠠᠶᠢᠪᠠᠯ | ᠬᠦᠳᠡᠯᠮᠤᠷᠢ ᠶᠢᠨ ᠭᠡᠷ᠎ᠡ ᠬᠦᠴᠦᠨ ᠲᠠᠢ ᠪᠤᠯᠤᠨ᠎ᠠ᠃ | ᠬᠦᠳᠡᠯᠮᠤᠷᠢ ᠶᠢᠨ ᠭᠡᠷ᠎ᠡ ᠶᠢᠨ ᠪᠢᠴᠢᠭ ᠢ ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠲᠤᠰ ᠲᠤᠰ | ᠨᠢᠭᠡ ᠬᠤᠪᠢ ᠦᠯᠡᠳᠡᠭᠡᠨ᠎ᠡ᠃ | ᠠᠷᠪᠠᠨ ᠲᠤᠯᠤᠳᠤᠭᠠᠷ ᠵᠦᠢᠯ ᠬᠦᠳᠡᠯᠮᠤᠷᠢ ᠶᠢᠨ ᠭᠡᠷ᠎ᠡ ᠳᠤ ᠲᠤᠤᠷ᠎ᠠ ᠵᠢᠬᠰᠠᠭᠠᠬᠰᠠᠨ ᠵᠦᠢᠯ ᠵᠤᠷᠪᠤᠰ ᠢ | ᠪᠦᠷᠢᠯᠳᠦᠭᠦᠯᠦᠭᠰᠡᠨ ᠪᠠᠶᠢᠬᠤ ᠬᠡᠷᠡᠭᠳᠠᠢ᠄ | ︵ᠨᠢᠭᠡ︶ ᠬᠦᠮᠦᠨ ᠬᠡᠷᠡᠭᠯᠡᠬᠦ ᠨᠢᠭᠡᠴᠡ ᠶᠢᠨ ᠨᠡᠷᠡᠶᠢᠳᠤᠯ᠂ ᠰᠠᠭᠤᠭ᠎ᠠ ᠭᠠᠵᠠᠷ᠂ ᠬᠠᠤᠯᠢ ᠪᠠᠷ ᠲᠤᠬᠳᠠᠭᠠᠬᠰᠠᠨ | ᠲᠦᠯᠦᠭᠡᠯᠡᠭᠴᠢ ᠪᠤᠶᠤ ᠭᠤᠤᠯ ᠬᠠᠷᠢᠭᠤᠴᠠᠯᠭᠠᠳᠠᠨ︔ | ︵ᠬᠤᠶᠠᠷ︶ ᠬᠦᠳᠡᠯᠮᠤᠷᠢᠴᠢᠨ ᠤ ᠤᠪᠤᠬ ᠨᠡᠷ᠎ᠡ᠂ ᠰᠠᠭᠤᠭ᠎ᠠ ᠭᠠᠵᠠᠷ ᠪᠠ ᠰᠠᠭᠤᠭᠠᠯᠢ ᠠᠷᠠᠳ ᠤᠨ ᠪᠡᠶ᠎ᠡ ᠶᠢᠨ | ᠦᠨᠡᠮᠯᠡᠯ ᠪᠤᠶᠤ ᠪᠤᠰᠤᠳ ᠬᠦᠴᠦᠨ ᠪᠦᠬᠦᠢ ᠪᠡᠶ᠎ᠡ ᠶᠢᠨ ᠭᠡᠷᠡᠴᠢ ᠦᠨᠡᠮᠯᠡᠯ ᠤᠨ ᠨᠤᠮᠧᠷ︔ | ︵ᠭᠤᠷᠪᠠ︶ ᠬᠦᠳᠡᠯᠮᠤᠷᠢ ᠶᠢᠨ ᠭᠡᠷ᠎ᠡ ᠶᠢᠨ ᠬᠤᠭᠤᠴᠠᠭ᠎ᠠ︔ | ︵ᠲᠦᠷᠪᠡ︶ ᠠᠵᠢᠯ ᠤᠨ ᠠᠭᠤᠯᠭ᠎ᠠ ᠪᠠ ᠠᠵᠢᠯᠯᠠᠬᠤ ᠭᠠᠵᠠᠷ︔ | ︵ᠲᠠᠪᠤ︶ ᠠᠵᠢᠯᠯᠠᠬᠤ ᠴᠠᠬ ᠪᠠ ᠠᠮᠠᠷᠠᠯᠳᠠ᠂ ᠠᠮᠠᠷᠠᠯᠳᠠ ᠶᠢᠨ ᠴᠢᠯᠦᠭᠡ︔ | ︵ᠵᠢᠷᠭᠤᠭ᠎ᠠ︶ ᠬᠦᠳᠡᠯᠮᠤᠷᠢ ᠶᠢᠨ ᠤᠯᠭᠤᠮᠵᠢ︔ | ︵ᠲᠤᠯᠤᠭ᠎ᠠ︶ ᠨᠡᠶᠢᠭᠡᠮ ᠤᠨ ᠲᠠᠭᠠᠳᠬᠠᠯ︔ | ︵ᠨᠠᠢᠮᠠ︶ ᠬᠦᠳᠡᠯᠮᠤᠷᠢ ᠶᠢᠨ ᠬᠠᠮᠠᠭᠠᠯᠠᠯᠳᠠ᠂ ᠬᠦᠳᠡᠯᠮᠤᠷᠢ ᠶᠢᠨ ᠨᠦᠬᠦᠴᠡᠯ ᠪᠠ ᠠᠵᠢᠯ ᠮᠡᠷᠭᠡᠵᠢᠯ ᠤᠨ | ᠬᠤᠤᠷ ᠬᠦᠨᠦᠭᠡᠯ ᠤᠨ ᠬᠠᠮᠠᠭᠠᠯᠠᠯᠳᠠ︔ | ︵ᠶᠢᠰᠦ︶ ᠬᠠᠤᠯᠢ ᠲᠦᠷᠢᠮ ᠳᠤ ᠲᠤᠬᠳᠠᠭᠠᠬᠰᠠᠨ ᠬᠦᠳᠡᠯᠮᠤᠷᠢ ᠶᠢᠨ ᠭᠡᠷ᠎ᠡ ᠳᠤ ᠤᠷᠤᠭᠤᠯᠬᠤ ᠴᠢᠬᠤᠯᠠ ᠲᠠᠢ | ᠪᠤᠰᠤᠳ ᠵᠦᠢᠯ᠃ | ᠬᠦᠳᠡᠯᠮᠤᠷᠢ ᠶᠢᠨ ᠭᠡᠷ᠎ᠡ ᠳᠤ ᠡᠮᠦᠨᠡᠬᠢ ᠪᠠᠳᠠᠬ ᠲᠤ ᠲᠤᠬᠳᠠᠭᠠᠬᠰᠠᠨ ᠵᠠᠪᠠᠯ ᠪᠦᠷᠢᠯᠳᠦᠭᠦᠯᠬᠦ ᠴᠢᠬᠤᠯᠠ ᠲᠠᠢ | ᠵᠦᠢᠯ ᠪᠠᠶᠢᠬᠤ ᠠᠴᠠ ᠭᠠᠳᠠᠨ᠎ᠠ᠂ ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠪᠠᠰᠠ ᠲᠤᠷᠰᠢᠨ ᠬᠡᠷᠡᠭᠯᠡᠬᠦ | ᠬᠤᠭᠤᠴᠠᠭ᠎ᠠ᠂ ᠪᠤᠯᠪᠠᠰᠤᠷᠠᠯ᠂ ᠨᠢᠭᠤᠴᠠ ᠶᠢ ᠬᠠᠮᠠᠭᠠᠯᠠᠬᠤ᠂ ᠨᠦᠬᠦᠪᠤᠷᠢ ᠲᠠᠭᠠᠳᠬᠠᠯ ᠪᠠ ᠠᠰᠠᠷᠠᠮᠵᠢ ᠬᠠᠷᠠᠭᠠᠯᠵᠠᠯ | ᠵᠡᠷᠭᠡ ᠪᠤᠰᠤᠳ ᠵᠦᠢᠯ ᠤᠳ ᠢ ᠪᠤᠯᠵᠤᠨ ᠲᠤᠬᠳᠠᠵᠤ ᠪᠤᠯᠤᠨ᠎ᠠ᠃ | ᠠᠷᠪᠠᠨ ᠨᠠᠢᠮᠠᠳᠤᠭᠠᠷ ᠵᠦᠢᠯ ᠬᠦᠳᠡᠯᠮᠤᠷᠢ ᠶᠢᠨ ᠭᠡᠷ᠎ᠡ ᠳᠤ ᠬᠦᠳᠡᠯᠮᠤᠷᠢ ᠶᠢᠨ ᠤᠯᠭᠤᠮᠵᠢ ᠪᠠ | ᠬᠦᠳᠡᠯᠮᠤᠷᠢ ᠶᠢᠨ ᠨᠦᠬᠦᠴᠡᠯ ᠵᠡᠷᠭᠡ ᠪᠠᠷᠢᠮᠵᠢᠶ᠎ᠠ ᠶᠢᠨ ᠲᠤᠬᠠᠢ ᠪᠤᠯᠵᠤᠨ ᠲᠤᠬᠳᠠᠬᠰᠠᠨ ᠨᠢ ᠲᠤᠳᠤᠷᠬᠠᠢ ᠦᠭᠡᠢ ᠠᠴᠠ | ᠪᠤᠯᠵᠤ ᠮᠠᠷᠭᠤᠭᠠᠨ ᠭᠠᠷᠪᠠᠯ᠂ ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠲᠠᠬᠢᠨ ᠵᠦᠪᠳᠡᠯᠴᠡᠵᠤ ᠪᠤᠯᠤᠨ᠎ᠠ︔ | ᠵᠦᠪᠳᠡᠯᠴᠡᠭᠡᠳ ᠪᠦᠳᠦᠬᠦ ᠦᠭᠡᠢ ᠪᠤᠯ᠂ ᠬᠠᠮᠳᠤ ᠶᠢᠨ ᠭᠡᠷ᠎ᠡ ᠶᠢᠨ ᠲᠤᠬᠳᠠᠭᠠᠯ ᠢ ᠬᠡᠷᠡᠭᠵᠢᠭᠦᠯᠤᠨ᠎ᠡ︔ ᠬᠠᠮᠳᠤ ᠶᠢᠨ | ᠭᠡᠷ᠎ᠡ ᠪᠠᠶᠢᠬᠤ ᠦᠭᠡᠢ ᠪᠤᠶᠤ ᠬᠠᠮᠳᠤ ᠶᠢᠨ ᠭᠡᠷ᠎ᠡ ᠳᠤ ᠬᠦᠳᠡᠯᠮᠤᠷᠢ ᠶᠢᠨ ᠤᠯᠭᠤᠮᠵᠢ ᠶᠢ ᠲᠤᠬᠳᠠᠭᠠᠬᠰᠠᠨ ᠦᠭᠡᠢ | ᠪᠠᠶᠢᠪᠠᠯ᠂ ᠠᠳᠠᠯᠢ ᠬᠦᠳᠡᠯᠮᠤᠷᠢ ᠳᠤ ᠠᠳᠠᠯᠢ ᠤᠯᠭᠤᠮᠵᠢ ᠤᠯᠭᠤᠬᠤ ᠲᠦᠷᠢᠮ ᠢ ᠬᠡᠷᠡᠭᠵᠢᠭᠦᠯᠤᠨ᠎ᠡ︔ ᠬᠠᠮᠳᠤ ᠶᠢᠨ | ᠭᠡᠷ᠎ᠡ ᠦᠭᠡᠢ ᠪᠤᠶᠤ ᠬᠠᠮᠳᠤ ᠶᠢᠨ ᠭᠡᠷ᠎ᠡ ᠳᠤ ᠬᠦᠳᠡᠯᠮᠤᠷᠢ ᠶᠢᠨ ᠨᠦᠬᠦᠴᠡᠯ ᠢ ᠲᠤᠬᠳᠠᠭᠠᠬᠰᠠᠨ ᠦᠭᠡᠢ ᠪᠠᠶᠢᠪᠠᠯ᠂ | ᠤᠯᠤᠰ ᠤᠨ ᠬᠤᠯᠪᠤᠬᠳᠠᠯ ᠪᠦᠬᠦᠢ ᠲᠤᠬᠳᠠᠭᠠᠯ ᠢ ᠬᠡᠷᠡᠭᠵᠢᠭᠦᠯᠤᠨ᠎ᠡ᠃ | ᠠᠷᠪᠠ ᠶᠢᠰᠦᠳᠦᠭᠡᠷ ᠵᠦᠢᠯ ᠬᠦᠳᠡᠯᠮᠤᠷᠢ ᠶᠢᠨ ᠭᠡᠷ᠎ᠡ ᠶᠢᠨ ᠬᠤᠭᠤᠴᠠᠭ᠎ᠠ ᠨᠢ ᠭᠤᠷᠪᠠᠨ ᠰᠠᠷ᠎ᠠ ᠠᠴᠠ ᠲᠡᠭᠡᠭᠰᠢ᠂ | ᠪᠦᠬᠦᠯᠢ ᠨᠢᠭᠡ ᠵᠢᠯ ᠬᠦᠷᠬᠦ ᠦᠭᠡᠢ ᠪᠠᠶᠢᠪᠠᠯ᠂ ᠲᠤᠷᠰᠢᠨ ᠬᠡᠷᠡᠭᠯᠡᠬᠦ ᠬᠤᠭᠤᠴᠠᠭ᠎ᠠ ᠨᠢ ᠨᠢᠭᠡ ᠰᠠᠷ᠎ᠠ ᠠᠴᠠ ᠬᠡᠳᠦᠷᠡᠵᠤ | ᠪᠤᠯᠬᠤ ᠦᠭᠡᠢ︔ ᠬᠦᠳᠡᠯᠮᠤᠷᠢ ᠶᠢᠨ ᠭᠡᠷ᠎ᠡ ᠶᠢᠨ ᠬᠤᠭᠤᠴᠠᠭ᠎ᠠ ᠨᠢ ᠨᠢᠭᠡ ᠵᠢᠯ ᠠᠴᠠ ᠲᠡᠭᠡᠭᠰᠢ᠂ ᠪᠦᠬᠦᠯᠢ ᠭᠤᠷᠪᠠᠨ | ᠵᠢᠯ ᠬᠦᠷᠬᠦ ᠦᠭᠡᠢ ᠪᠠᠶᠢᠪᠠᠯ᠂ ᠲᠤᠷᠰᠢᠨ ᠬᠡᠷᠡᠭᠯᠡᠬᠦ ᠬᠤᠭᠤᠴᠠᠭ᠎ᠠ ᠨᠢ ᠬᠤᠶᠠᠷ ᠰᠠᠷ᠎ᠠ ᠠᠴᠠ ᠬᠡᠳᠦᠷᠡᠵᠤ ᠪᠤᠯᠬᠤ ᠦᠭᠡᠢ︔ | ᠭᠤᠷᠪᠠᠨ ᠵᠢᠯ ᠠᠴᠠ ᠲᠡᠭᠡᠭᠰᠢ ᠲᠤᠬᠳᠠᠮᠠᠯ ᠬᠤᠭᠤᠴᠠᠭ᠎ᠠ ᠲᠠᠢ ᠪᠠ ᠲᠤᠬᠳᠠᠮᠠᠯ ᠪᠤᠰᠤ ᠬᠤᠭᠤᠴᠠᠭᠠᠨ ᠤ | ᠬᠦᠳᠡᠯᠮᠤᠷᠢ ᠶᠢᠨ ᠭᠡᠷ᠎ᠡ ᠶᠢᠨ ᠲᠤᠷᠰᠢᠨ ᠬᠡᠷᠡᠭᠯᠡᠬᠦ ᠬᠤᠭᠤᠴᠠᠭ᠎ᠠ ᠨᠢ ᠵᠢᠷᠭᠤᠭᠠᠨ ᠰᠠᠷ᠎ᠠ ᠠᠴᠠ ᠬᠡᠳᠦᠷᠡᠵᠤ ᠪᠤᠯᠬᠤ | ᠦᠭᠡᠢ᠃ | ᠠᠳᠠᠯᠢ ᠨᠢᠭᠡᠨ ᠬᠦᠮᠦᠨ ᠬᠡᠷᠡᠭᠯᠡᠬᠦ ᠨᠢᠭᠡᠴᠡ ᠪᠤᠯᠤᠨ ᠠᠳᠠᠯᠢ ᠨᠢᠭᠡᠨ ᠬᠦᠳᠡᠯᠮᠤᠷᠢᠴᠢᠨ ᠨᠢ ᠲᠤᠷᠰᠢᠨ ᠬᠡᠷᠡᠭᠯᠡᠬᠦ | ᠬᠤᠭᠤᠴᠠᠭ᠎ᠠ ᠶᠢ ᠵᠦᠪᠬᠡᠨ ᠨᠢᠭᠡ ᠤᠳᠠᠭ᠎ᠠ ᠪᠤᠯᠵᠤᠨ ᠲᠤᠬᠳᠠᠵᠤ ᠪᠤᠯᠤᠨ᠎ᠠ᠃ | ᠵᠤᠬᠢᠬᠤ ᠠᠵᠢᠯ ᠤᠨ ᠡᠭᠦᠷᠭᠡ ᠶᠢ ᠪᠡᠶᠡᠯᠡᠭᠦᠯᠬᠦ ᠪᠠᠷ ᠬᠤᠭᠤᠴᠠᠭᠠᠯᠠᠬᠰᠠᠨ ᠬᠦᠳᠡᠯᠮᠤᠷᠢ ᠶᠢᠨ ᠭᠡᠷ᠎ᠡ ᠪᠤᠶᠤ | ᠬᠦᠳᠡᠯᠮᠤᠷᠢ ᠶᠢᠨ ᠭᠡᠷ᠎ᠡ ᠶᠢᠨ ᠬᠤᠭᠤᠴᠠᠭ᠎ᠠ ᠨᠢ ᠭᠤᠷᠪᠠᠨ ᠰᠠᠷ᠎ᠠ ᠪᠤᠯᠤᠭᠠᠳᠤᠢ ᠪᠠᠶᠢᠪᠠᠯ᠂ ᠲᠤᠷᠰᠢᠨ ᠬᠡᠷᠡᠭᠯᠡᠬᠦ | ᠬᠤᠭᠤᠴᠠᠭ᠎ᠠ ᠶᠢ ᠪᠤᠯᠵᠤᠨ ᠲᠤᠬᠳᠠᠵᠤ ᠪᠤᠯᠬᠤ ᠦᠭᠡᠢ᠃ | ᠲᠤᠷᠰᠢᠨ ᠬᠡᠷᠡᠭᠯᠡᠬᠦ ᠬᠤᠭᠤᠴᠠᠭ᠎ᠠ ᠨᠢ ᠬᠦᠳᠡᠯᠮᠤᠷᠢ ᠶᠢᠨ ᠭᠡᠷ᠎ᠡ ᠶᠢᠨ ᠬᠤᠭᠤᠴᠠᠭᠠᠨ ᠤ ᠲᠤᠳᠤᠷ᠎ᠠ ᠪᠠᠭᠳᠠᠨ᠎ᠠ᠃ | ᠬᠦᠳᠡᠯᠮᠤᠷᠢ ᠶᠢᠨ ᠭᠡᠷ᠎ᠡ ᠳᠤ ᠵᠦᠪᠬᠡᠨ ᠲᠤᠷᠰᠢᠨ ᠬᠡᠷᠡᠭᠯᠡᠬᠦ ᠬᠤᠭᠤᠴᠠᠭ᠎ᠠ ᠶᠢ ᠪᠤᠯᠵᠤᠨ ᠲᠤᠬᠳᠠᠬᠰᠠᠨ ᠪᠠᠶᠢᠪᠠᠯ᠂ | ᠲᠡᠷᠡ ᠨᠢ ᠬᠦᠴᠦᠨ ᠦᠭᠡᠢ᠂ ᠲᠤᠰ ᠬᠤᠭᠤᠴᠠᠭ᠎ᠠ ᠪᠤᠯ ᠬᠦᠳᠡᠯᠮᠤᠷᠢ ᠶᠢᠨ ᠭᠡᠷ᠎ᠡ ᠶᠢᠨ ᠬᠤᠭᠤᠴᠠᠭ᠎ᠠ ᠪᠤᠯᠤᠨ᠎ᠠ᠃ | ᠬᠤᠷᠢᠳᠤᠭᠠᠷ ᠵᠦᠢᠯ ᠬᠦᠳᠡᠯᠮᠤᠷᠢᠴᠢᠨ ᠢ ᠲᠤᠷᠰᠢᠨ ᠬᠡᠷᠡᠭᠯᠡᠬᠦ ᠬᠤᠭᠤᠴᠠᠭᠠᠨ ᠳᠠᠬᠢ ᠴᠠᠯᠢᠩ ᠨᠢ ᠲᠤᠰ | ᠨᠢᠭᠡᠴᠡ ᠶᠢᠨ ᠠᠳᠠᠯᠢ ᠠᠵᠢᠯ ᠤᠨ ᠪᠠᠶᠢᠷᠢ ᠶᠢᠨ ᠬᠠᠮᠤᠬ ᠤᠨ ᠲᠤᠤᠷ᠎ᠠ ᠲᠡᠰ ᠤᠨ ᠴᠠᠯᠢᠩ ᠪᠤᠶᠤ ᠬᠦᠳᠡᠯᠮᠤᠷᠢ ᠶᠢᠨ | ᠭᠡᠷ᠎ᠡ ᠳᠤ ᠪᠤᠯᠵᠤᠨ ᠲᠤᠬᠳᠠᠬᠰᠠᠨ ᠴᠠᠯᠢᠩ ᠤᠨ ᠵᠠᠭᠤᠨ ᠤ ᠨᠠᠶᠠ ᠠᠴᠠ ᠲᠤᠤᠷ᠎ᠠ ᠪᠠᠶᠢᠵᠤ ᠪᠤᠯᠬᠤ ᠦᠭᠡᠢ ᠪᠦᠭᠡᠳ | ᠬᠦᠮᠦᠨ ᠬᠡᠷᠡᠭᠯᠡᠬᠦ ᠨᠢᠭᠡᠴᠡ ᠶᠢᠨ ᠰᠠᠭᠤᠭ᠎ᠠ ᠭᠠᠵᠠᠷ ᠤᠨ ᠬᠠᠮᠤᠬ ᠤᠨ ᠲᠤᠤᠷ᠎ᠠ ᠴᠠᠯᠢᠩ ᠤᠨ ᠪᠠᠷᠢᠮᠵᠢᠶ᠎ᠠ ᠠᠴᠠ ᠲᠤᠤᠷ᠎ᠠ | ᠪᠠᠶᠢᠵᠤ ᠪᠤᠯᠬᠤ ᠦᠭᠡᠢ᠃ | ᠬᠤᠷᠢᠨ ᠨᠢᠭᠡᠳᠤᠭᠡᠷ ᠵᠦᠢᠯ ᠲᠤᠷᠰᠢᠨ ᠬᠡᠷᠡᠭᠯᠡᠬᠦ ᠬᠤᠭᠤᠴᠠᠭᠠᠨ ᠳᠤ᠂ ᠬᠦᠳᠡᠯᠮᠤᠷᠢᠴᠢᠨ ᠳᠤ ᠲᠤᠰ | ᠬᠠᠤᠯᠢ ᠶᠢᠨ ᠭᠤᠴᠢ ᠶᠢᠰᠦᠳᠦᠭᠡᠷ ᠵᠦᠢᠯ ᠪᠠ ᠲᠦᠴᠢᠳᠦᠭᠡᠷ ᠵᠦᠢᠯ ᠤᠨ ᠨᠢᠭᠡᠳᠤᠭᠡᠷ ᠵᠤᠷᠪᠤᠰ᠂ ᠬᠤᠶᠠᠳᠤᠭᠠᠷ | ᠵᠤᠷᠪᠤᠰ ᠲᠤ ᠲᠤᠬᠳᠠᠭᠠᠬᠰᠠᠨ ᠪᠠᠶᠢᠳᠠᠯ ᠲᠠᠢ ᠪᠠᠶᠢᠬᠤ ᠶᠢ ᠭᠠᠷᠭᠠᠪᠠᠯ᠂ ᠬᠦᠮᠦᠨ ᠬᠡᠷᠡᠭᠯᠡᠬᠦ ᠨᠢᠭᠡᠴᠡ ᠬᠦᠳᠡᠯᠮᠤᠷᠢ ᠶᠢᠨ | ᠭᠡᠷ᠎ᠡ ᠶᠢ ᠬᠦᠴᠦᠨ ᠦᠭᠡᠢ ᠪᠤᠯᠭᠠᠵᠤ ᠪᠤᠯᠬᠤ ᠦᠭᠡᠢ᠃ ᠬᠦᠮᠦᠨ ᠬᠡᠷᠡᠭᠯᠡᠬᠦ ᠨᠢᠭᠡᠴᠡ ᠨᠢ ᠲᠤᠷᠰᠢᠨ ᠬᠡᠷᠡᠭᠯᠡᠬᠦ | ᠬᠤᠭᠤᠴᠠᠭᠠᠨ ᠳᠤ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ ᠳᠤ ᠬᠦᠷᠪᠡᠯ᠂ ᠬᠦᠳᠡᠯᠮᠤᠷᠢᠴᠢᠨ ᠳᠤ | ᠤᠴᠢᠷ ᠰᠢᠯᠳᠠᠭᠠᠨ ᠢ ᠨᠢ ᠲᠤᠳᠤᠷᠬᠠᠢᠢᠯᠠᠬᠤ ᠬᠡᠷᠡᠭᠳᠠᠢ᠃ | ᠬᠤᠷᠢᠨ ᠬᠤᠶᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢᠴᠢᠨ ᠳᠤ ᠲᠤᠰᠬᠠᠢ | ᠪᠤᠯᠪᠠᠰᠤᠷᠠᠯ ᠤᠨ ᠵᠠᠷᠤᠳᠠᠯ ᠢ ᠬᠠᠩᠭᠠᠵᠤ᠂ ᠬᠦᠳᠡᠯᠮᠤᠷᠢᠴᠢᠨ ᠢ ᠲᠤᠰᠬᠠᠢ ᠮᠡᠷᠭᠡᠵᠢᠯ ᠤᠨ ᠪᠤᠯᠪᠠᠰᠤᠷᠠᠯ ᠤᠨ ᠪᠤᠯᠪᠠᠰᠤᠷᠠᠯ | ᠬᠢᠯᠭᠡᠬᠦ ᠳᠤ ᠬᠦᠷᠪᠡᠯ᠂ ᠲᠤᠰ ᠬᠦᠳᠡᠯᠮᠤᠷᠢᠴᠢᠨ ᠲᠠᠢ ᠬᠡᠯᠡᠯᠴᠡᠭᠡᠷ ᠲᠤᠬᠳᠠᠵᠤ᠂ ᠦᠢᠯᠡᠴᠢᠯᠡᠭᠡᠨ ᠤ ᠬᠤᠭᠤᠴᠠᠭ᠎ᠠ ᠶᠢ | ᠪᠤᠯᠵᠤᠨ ᠲᠤᠬᠳᠠᠵᠤ ᠪᠤᠯᠤᠨ᠎ᠠ᠃ | ᠬᠦᠳᠡᠯᠮᠤᠷᠢᠴᠢᠨ ᠦᠢᠯᠡᠴᠢᠯᠡᠭᠡᠨ ᠤ ᠬᠤᠭᠤᠴᠠᠭᠠᠨ ᠤ ᠪᠤᠯᠵᠤᠯ ᠠᠴᠠ ᠵᠦᠷᠢᠴᠡᠭᠰᠡᠨ ᠪᠠᠶᠢᠪᠠᠯ᠂ ᠪᠤᠯᠵᠤᠯ | ᠶᠤᠰᠤᠭᠠᠷ ᠬᠦᠮᠦᠨ ᠬᠡᠷᠡᠭᠯᠡᠬᠦ ᠨᠢᠭᠡᠴᠡ ᠳᠤ ᠪᠤᠯᠵᠤᠭ᠎ᠠ ᠵᠦᠷᠢᠴᠡᠭᠰᠡᠨ ᠮᠦᠡᠭᠬᠦ ᠲᠦᠯᠦᠬᠦ ᠬᠡᠷᠡᠭᠳᠠᠢ᠃ ᠪᠤᠯᠵᠤᠭ᠎ᠠ | ᠵᠦᠷᠢᠴᠡᠭᠰᠡᠨ ᠮᠦᠡᠭᠬᠦ ᠶᠢᠨ ᠲᠤᠭ᠎ᠠ ᠨᠢ ᠬᠦᠮᠦᠨ ᠬᠡᠷᠡᠭᠯᠡᠬᠦ ᠨᠢᠭᠡᠴᠡ ᠶᠢᠨ ᠬᠠᠩᠭᠠᠬᠰᠠᠨ ᠪᠤᠯᠪᠠᠰᠤᠷᠠᠯ ᠤᠨ | ᠵᠠᠷᠤᠳᠠᠯ ᠠᠴᠠ ᠬᠡᠳᠦᠷᠡᠵᠤ ᠪᠤᠯᠬᠤ ᠦᠭᠡᠢ᠃ ᠬᠦᠮᠦᠨ ᠬᠡᠷᠡᠭᠯᠡᠬᠦ ᠨᠢᠭᠡᠴᠡ ᠶᠢᠨ ᠬᠦᠳᠡᠯᠮᠤᠷᠢᠴᠢᠨ ᠢᠶᠠᠷ | ᠲᠦᠯᠦᠭᠦᠯᠬᠦ ᠪᠠᠷ ᠱᠠᠭᠠᠷᠳᠠᠬᠤ ᠪᠤᠯᠵᠤᠭ᠎ᠠ ᠵᠦᠷᠢᠴᠡᠭᠰᠡᠨ ᠮᠦᠡᠭᠬᠦ ᠨᠢ ᠦᠢᠯᠡᠴᠢᠯᠡᠭᠡᠨ ᠤ ᠬᠤᠭᠤᠴᠠᠭᠠᠨ ᠳᠤ ᠬᠠᠷᠠᠬᠠᠨ | ᠭᠦᠢᠴᠡᠳᠭᠡᠭᠦᠳᠠᠢ ᠬᠡᠰᠡᠭ ᠤᠨ ᠬᠤᠪᠢᠶᠠᠨ ᠲᠠᠭᠠᠭᠠᠬᠤ ᠶᠤᠰᠤᠳᠠᠢ ᠪᠤᠯᠪᠠᠰᠤᠷᠠᠯ ᠤᠨ ᠵᠠᠷᠤᠳᠠᠯ ᠠᠴᠠ ᠬᠡᠳᠦᠷᠡᠵᠤ ᠪᠤᠯᠬᠤ | ᠦᠭᠡᠢ᠃ | ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠦᠢᠯᠡᠴᠢᠯᠡᠭᠡᠨ ᠤ ᠬᠤᠭᠤᠴᠠᠭ᠎ᠠ ᠶᠢ ᠪᠤᠯᠵᠤᠨ | ᠲᠤᠬᠳᠠᠬᠰᠠᠨ ᠪᠠᠶᠢᠪᠠᠯ᠂ ᠬᠡᠪ ᠤᠨ ᠴᠠᠯᠢᠩ ᠲᠤᠬᠢᠷᠠᠭᠤᠯᠬᠤ ᠲᠤᠬᠳᠠᠴᠠ ᠶᠤᠰᠤᠭᠠᠷ ᠬᠦᠳᠡᠯᠮᠤᠷᠢᠴᠢᠨ ᠤ | ᠦᠢᠯᠡᠴᠢᠯᠡᠭᠡᠨ ᠤ ᠬᠤᠭᠤᠴᠠᠭᠠᠨ ᠳᠠᠬᠢ ᠬᠦᠳᠡᠯᠮᠤᠷᠢ ᠶᠢᠨ ᠤᠯᠭᠤᠮᠵᠢ ᠶᠢ ᠲᠡᠭᠡᠭᠰᠢᠯᠡᠭᠦᠯᠬᠦ ᠶᠢ ᠨᠦᠯᠦᠭᠡᠯᠡᠬᠦ ᠦᠭᠡᠢ᠃ | ᠬᠤᠷᠢᠨ ᠭᠤᠷᠪᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠬᠦᠳᠡᠯᠮᠤᠷᠢ ᠶᠢᠨ | ᠭᠡᠷ᠎ᠡ ᠳᠡᠭᠡᠨ ᠬᠦᠮᠦᠨ ᠬᠡᠷᠡᠭᠯᠡᠬᠦ ᠨᠢᠭᠡᠴᠡ ᠶᠢᠨ ᠬᠤᠳᠠᠯᠳᠤᠭᠠᠨ ᠤ ᠨᠢᠭᠤᠴᠠ ᠪᠤᠯᠤᠨ ᠮᠡᠳᠡᠯᠭᠡ ᠶᠢᠨ ᠪᠦᠳᠦᠭᠡᠭᠳᠡᠬᠦᠨ ᠤ | ᠦᠮᠴᠢᠯᠡᠬᠦ ᠡᠷᠬᠡ ᠲᠠᠢ ᠬᠤᠯᠪᠤᠬᠳᠠᠬᠤ ᠨᠢᠭᠤᠴᠠ ᠶᠢ ᠬᠠᠮᠠᠭᠠᠯᠠᠬᠤ ᠤᠴᠢᠷ ᠶᠠᠪᠤᠳᠠᠯ ᠢ ᠪᠤᠯᠵᠤᠨ ᠲᠤᠬᠳᠠᠵᠤ ᠪᠤᠯᠤᠨ᠎ᠠ᠃ | ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢ ᠶᠢᠨ ᠭᠡᠷ᠎ᠡ ᠪᠤᠶᠤ ᠨᠢᠭᠤᠴᠠ ᠶᠢ ᠬᠠᠮᠠᠭᠠᠯᠠᠬᠤ ᠬᠡᠯᠡᠯᠴᠡᠭᠡᠷ ᠲᠡᠭᠡᠨ | ᠨᠢᠭᠤᠴᠠ ᠶᠢ ᠬᠠᠮᠠᠭᠠᠯᠠᠬᠤ ᠡᠭᠦᠷᠭᠡ ᠲᠠᠢ ᠬᠦᠳᠡᠯᠮᠤᠷᠢᠴᠢᠨ ᠲᠠᠢ ᠠᠵᠢᠯ ᠲᠦᠷᠦᠯ ᠤᠨ ᠦᠷᠢᠰᠦᠯᠳᠦᠭᠡᠨ ᠤ | ᠬᠢᠵᠠᠭᠠᠷᠯᠠᠯ ᠤᠨ ᠵᠦᠢᠯ ᠵᠤᠷᠪᠤᠰ ᠢ ᠪᠤᠯᠵᠤᠨ ᠲᠤᠬᠳᠠᠬᠤ ᠶᠢᠨ ᠬᠠᠮᠳᠤ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ | ᠪᠤᠯᠭᠠᠬᠤ ᠪᠤᠶᠤ ᠲᠠᠭᠤᠰᠬᠠᠬᠰᠠᠨ ᠤ ᠲᠠᠷᠠᠭ᠎ᠠ᠂ ᠠᠵᠢᠯ ᠲᠦᠷᠦᠯ ᠤᠨ ᠦᠷᠢᠰᠦᠯᠳᠦᠭᠡᠨ ᠤ ᠬᠢᠵᠠᠭᠠᠷᠯᠠᠯ ᠤᠨ | ᠬᠤᠭᠤᠴᠠᠭᠠᠨ ᠳᠤ ᠬᠦᠳᠡᠯᠮᠤᠷᠢᠴᠢᠨ ᠳᠤ ᠰᠠᠷ᠎ᠠ ᠪᠠᠷ ᠪᠤᠳᠤᠵᠤ ᠠᠵᠤ ᠠᠬᠤᠢ ᠶᠢᠨ ᠨᠦᠬᠦᠪᠤᠷᠢ ᠦᠭᠬᠦ ᠪᠠᠷ ᠪᠤᠯᠵᠤᠨ | ᠲᠤᠬᠳᠠᠵᠤ ᠪᠤᠯᠤᠨ᠎ᠠ᠃ ᠬᠦᠳᠡᠯᠮᠤᠷᠢᠴᠢᠨ ᠠᠵᠢᠯ ᠲᠦᠷᠦᠯ ᠤᠨ ᠦᠷᠢᠰᠦᠯᠳᠦᠭᠡᠨ ᠤ ᠬᠢᠵᠠᠭᠠᠷᠯᠠᠯ ᠤᠨ ᠪᠤᠯᠵᠤᠯ ᠢ | ᠵᠦᠷᠢᠴᠡᠬᠦ ᠳᠤ ᠬᠦᠷᠪᠡᠯ᠂ ᠪᠤᠯᠵᠤᠯ ᠶᠤᠰᠤᠭᠠᠷ ᠬᠦᠮᠦᠨ ᠬᠡᠷᠡᠭᠯᠡᠬᠦ ᠨᠢᠭᠡᠴᠡ ᠳᠤ ᠪᠤᠯᠵᠤᠭ᠎ᠠ ᠵᠦᠷᠢᠴᠡᠭᠰᠡᠨ ᠮᠦᠡᠭᠬᠦ | ᠲᠦᠯᠦᠬᠦ ᠬᠡᠷᠡᠭᠳᠠᠢ᠃ | ᠬᠤᠷᠢᠨ ᠲᠦᠷᠪᠡᠳᠦᠭᠡᠷ ᠵᠦᠢᠯ ᠠᠵᠢᠯ ᠲᠦᠷᠦᠯ ᠤᠨ ᠦᠷᠢᠰᠦᠯᠳᠦᠭᠡᠨ ᠤ ᠬᠢᠵᠠᠭᠠᠷᠯᠠᠯ ᠲᠠᠢ ᠬᠦᠮᠦᠰ ᠢ | ᠬᠦᠮᠦᠨ ᠬᠡᠷᠡᠭᠯᠡᠬᠦ ᠨᠢᠭᠡᠴᠡ ᠶᠢᠨ ᠲᠡᠭᠡᠳᠤ ᠵᠡᠷᠭᠡ ᠶᠢᠨ ᠬᠠᠮᠢᠶᠠᠷᠤᠯᠳᠠ ᠶᠢᠨ ᠠᠵᠢᠯᠳᠡᠨ᠂ ᠲᠡᠭᠡᠳᠤ ᠵᠡᠷᠭᠡ ᠶᠢᠨ | ᠮᠡᠷᠭᠡᠵᠢᠯ ᠤᠨ ᠠᠵᠢᠯᠳᠡᠨ ᠪᠠ ᠨᠢᠭᠤᠴᠠ ᠶᠢ ᠬᠠᠮᠠᠭᠠᠯᠠᠬᠤ ᠬᠠᠷᠢᠭᠤᠴᠠᠯᠭ᠎ᠠ ᠪᠦᠬᠦᠢ ᠪᠤᠰᠤᠳ ᠠᠵᠢᠯᠳᠡᠨ ᠤ ᠲᠤᠳᠤᠷ᠎ᠠ | ᠬᠢᠵᠠᠭᠠᠷᠯᠠᠨ᠎ᠠ᠃ ᠠᠵᠢᠯ ᠲᠦᠷᠦᠯ ᠤᠨ ᠦᠷᠢᠰᠦᠯᠳᠦᠭᠡᠨ ᠤ ᠬᠢᠵᠠᠭᠠᠷᠯᠠᠯ ᠤᠨ ᠬᠦᠷᠢᠶ᠎ᠡ ᠬᠡᠪᠴᠢᠶ᠎ᠡ᠂ ᠭᠠᠵᠠᠷ ᠤᠷᠤᠨ᠂ | ᠬᠤᠭᠤᠴᠠᠭ᠎ᠠ ᠶᠢ ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠪᠤᠯᠵᠤᠨ ᠲᠤᠬᠳᠠᠨ᠎ᠠ᠂ ᠠᠵᠢᠯ ᠲᠦᠷᠦᠯ ᠤᠨ | ᠦᠷᠢᠰᠦᠯᠳᠦᠭᠡᠨ ᠤ ᠬᠢᠵᠠᠭᠠᠷᠯᠠᠯ ᠤᠨ ᠪᠤᠯᠵᠤᠯ ᠨᠢ ᠬᠠᠤᠯᠢ ᠴᠠᠭᠠᠵᠠ᠂ ᠬᠠᠤᠯᠢ ᠲᠤᠬᠳᠠᠭᠠᠯ ᠤᠨ ᠲᠤᠬᠳᠠᠭᠠᠯ ᠢ | ᠵᠦᠷᠢᠴᠡᠵᠤ ᠪᠤᠯᠬᠤ ᠦᠭᠡᠢ᠃ | ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ ᠪᠤᠶᠤ ᠲᠠᠭᠤᠰᠬᠠᠬᠰᠠᠨ ᠤ ᠲᠠᠷᠠᠭ᠎ᠠ᠂ ᠡᠮᠦᠨᠡᠬᠢ | ᠪᠠᠳᠠᠬ ᠲᠤ ᠲᠤᠬᠳᠠᠭᠠᠬᠰᠠᠨ ᠠᠵᠢᠯᠳᠡᠨ ᠲᠤᠰ ᠨᠢᠭᠡᠴᠡ ᠶᠢᠨ ᠠᠳᠠᠯᠢ ᠲᠦᠷᠦᠯ ᠤᠨ ᠦᠢᠯᠡᠳᠬᠦᠨ ᠢ ᠦᠢᠯᠡᠳᠪᠤᠷᠢᠯᠡᠬᠦ | ᠪᠤᠶᠤ ᠡᠵᠡᠩᠨᠡᠬᠦ᠂ ᠠᠳᠠᠯᠢ ᠲᠦᠷᠦᠯ ᠤᠨ ᠲᠤᠬᠠᠢᠢᠯᠠᠬᠰᠠᠨ ᠠᠵᠢᠯ ᠢ ᠡᠷᠬᠢᠯᠡᠭᠰᠡᠨ ᠦᠷᠢᠰᠦᠯᠳᠡᠭᠡᠨ ᠤ ᠬᠠᠷᠢᠴᠠᠭ᠎ᠠ ᠲᠠᠢ | ᠪᠤᠰᠤᠳ ᠬᠦᠮᠦᠨ ᠬᠡᠷᠡᠭᠯᠡᠬᠦ ᠨᠢᠭᠡᠴᠡ ᠳᠤ ᠤᠴᠢᠬᠤ᠂ ᠡᠰᠡᠭᠦᠯ᠎ᠡ ᠦᠪᠡᠷ ᠢᠶᠠᠨ ᠠᠵᠢᠯ ᠡᠬᠢᠯᠡᠭᠦᠯᠤᠨ ᠠᠳᠠᠯᠢ | ᠲᠦᠷᠦᠯ ᠤᠨ ᠦᠢᠯᠡᠳᠬᠦᠨ ᠢ ᠦᠢᠯᠡᠳᠪᠤᠷᠢᠯᠡᠬᠦ ᠪᠤᠶᠤ ᠡᠵᠡᠩᠨᠡᠬᠦ᠂ ᠠᠳᠠᠯᠢ ᠲᠦᠷᠦᠯ ᠤᠨ ᠲᠤᠬᠠᠢᠢᠯᠠᠬᠰᠠᠨ ᠠᠵᠢᠯ ᠢ | ᠡᠷᠬᠢᠯᠡᠬᠦ ᠳᠤ ᠠᠵᠢᠯ ᠲᠦᠷᠦᠯ ᠤᠨ ᠦᠷᠢᠰᠦᠯᠳᠦᠭᠡᠨ ᠤ ᠬᠢᠵᠠᠭᠠᠷᠯᠠᠯ ᠤᠨ ᠬᠤᠭᠤᠴᠠᠭ᠎ᠠ ᠶᠢ ᠨᠢ ᠬᠤᠶᠠᠷ ᠵᠢᠯ ᠠᠴᠠ | ᠬᠡᠳᠦᠷᠡᠭᠦᠯᠵᠤ ᠪᠤᠯᠬᠤ ᠦᠭᠡᠢ᠃ | ᠬᠤᠷᠢᠨ ᠲᠠᠪᠤᠳᠤᠭᠠᠷ ᠵᠦᠢᠯ ᠲᠤᠰ ᠬᠠᠤᠯᠢ ᠶᠢᠨ ᠬᠤᠷᠢᠨ ᠬᠤᠶᠠᠳᠤᠭᠠᠷ ᠵᠦᠢᠯ ᠪᠠ ᠬᠤᠷᠢᠨ ᠭᠤᠷᠪᠠᠳᠤᠭᠠᠷ | ᠵᠦᠢᠯ ᠳᠤ ᠲᠤᠬᠳᠠᠭᠠᠬᠰᠠᠨ ᠪᠠᠶᠢᠳᠠᠯ ᠢ ᠭᠠᠷᠭᠠᠪᠠᠯ᠂ ᠬᠦᠮᠦᠨ ᠬᠡᠷᠡᠭᠯᠡᠬᠦ ᠨᠢᠭᠡᠴᠡ ᠨᠢ ᠪᠤᠯᠵᠤᠭ᠎ᠠ ᠵᠦᠷᠢᠴᠡᠭᠰᠡᠨ | ᠮᠦᠡᠭᠬᠦ ᠶᠢ ᠬᠦᠳᠡᠯᠮᠤᠷᠢᠴᠢᠨ ᠡᠭᠦᠷᠬᠡᠯᠡᠨ᠎ᠡ ᠭᠡᠵᠤ ᠬᠦᠳᠡᠯᠮᠤᠷᠢᠴᠢᠨ ᠲᠠᠢ ᠪᠤᠯᠵᠤᠨ ᠲᠤᠬᠳᠠᠵᠤ ᠪᠤᠯᠬᠤ ᠦᠭᠡᠢ᠃ | ᠬᠤᠷᠢᠨ ᠵᠢᠷᠭᠤᠳᠤᠭᠠᠷ ᠵᠦᠢᠯ ᠲᠤᠤᠷ᠎ᠠ ᠵᠢᠬᠰᠠᠭᠠᠬᠰᠠᠨ ᠬᠦᠳᠡᠯᠮᠤᠷᠢ ᠶᠢᠨ ᠭᠡᠷ᠎ᠡ ᠬᠦᠴᠦᠨ ᠦᠭᠡᠢ ᠪᠤᠶᠤ | ᠨᠢᠭᠡ ᠬᠡᠰᠡᠭ ᠨᠢ ᠬᠦᠴᠦᠨ ᠦᠭᠡᠢ᠄ | ︵ᠨᠢᠭᠡ︶ ᠮᠡᠬᠡᠯᠡᠨ ᠬᠢᠬᠠᠬᠤ᠂ ᠰᠦᠷᠳᠡᠭᠦᠯᠬᠦ ᠠᠷᠭ᠎ᠠ ᠪᠠᠷ ᠪᠤᠶᠤ ᠬᠦᠴᠢᠷᠳᠠᠢ ᠪᠠᠶᠢᠳᠠᠯ ᠢ ᠨᠢ ᠲᠠᠯᠢᠮᠳᠠᠭᠤᠯᠤᠨ | ᠨᠦᠭᠦᠭᠡ ᠡᠳᠡᠭᠡᠳ ᠤᠨ ᠢᠶᠠᠨ ᠦᠨᠡᠨ ᠰᠠᠨᠠᠭ᠎ᠠ ᠠᠴᠠ ᠵᠦᠷᠢᠴᠡᠭᠰᠡᠨ ᠪᠠᠶᠢᠳᠠᠯ ᠲᠤᠤᠷ᠎ᠠ ᠲᠤᠬᠳᠠᠭᠠᠬᠰᠠᠨ ᠪᠤᠶᠤ | ᠬᠤᠪᠢᠷᠠᠭᠤᠯᠤᠬᠰᠠᠨ ᠬᠦᠳᠡᠯᠮᠤᠷᠢ ᠶᠢᠨ ᠭᠡᠷ᠎ᠡ︔ | ︵ᠬᠤᠶᠠᠷ︶ ᠬᠦᠮᠦᠨ ᠬᠡᠷᠡᠭᠯᠡᠬᠦ ᠨᠢᠭᠡᠴᠡ ᠨᠢ ᠦᠪᠡᠷ ᠤᠨ ᠬᠠᠤᠯᠢ ᠶᠤᠰᠤᠨ ᠤ ᠬᠠᠷᠢᠭᠤᠴᠠᠯᠭ᠎ᠠ ᠪᠠᠨ | ᠬᠡᠯᠳᠦᠷᠢᠭᠦᠯᠵᠤ᠂ ᠬᠦᠳᠡᠯᠮᠤᠷᠢᠴᠢᠨ ᠤ ᠡᠷᠬᠡ ᠶᠢ ᠬᠠᠰᠤᠬᠰᠠᠨ ᠬᠦᠳᠡᠯᠮᠤᠷᠢ ᠶᠢᠨ ᠭᠡᠷ᠎ᠡ︔ | ︵ᠭᠤᠷᠪᠠ︶ ᠬᠠᠤᠯᠢ ᠴᠠᠭᠠᠵᠠ᠂ ᠵᠠᠰᠠᠬ ᠵᠠᠬᠢᠷᠭᠠᠨ ᠤ ᠬᠠᠤᠯᠢ ᠲᠤᠬᠳᠠᠭᠠᠯ ᠤᠨ ᠠᠯᠪᠠᠳᠠᠯᠭ᠎ᠠ ᠶᠢᠨ ᠴᠢᠨᠠᠷᠳᠠᠢ | ᠲᠤᠬᠳᠠᠭᠠᠯ ᠠᠴᠠ ᠵᠦᠷᠢᠴᠡᠭᠰᠡᠨ ᠬᠦᠳᠡᠯᠮᠤᠷᠢ ᠶᠢᠨ ᠭᠡᠷ᠎ᠡ᠃ | ᠬᠦᠳᠡᠯᠮᠤᠷᠢ ᠶᠢᠨ ᠭᠡᠷ᠎ᠡ ᠬᠦᠴᠦᠨ ᠦᠭᠡᠢ ᠪᠤᠯᠤᠬᠰᠠᠨ ᠪᠤᠶᠤ ᠨᠢᠭᠡ ᠬᠡᠰᠡᠭ ᠨᠢ ᠬᠦᠴᠦᠨ ᠦᠭᠡᠢ ᠪᠤᠯᠤᠬᠰᠠᠨ | ᠲᠤᠬᠠᠢ ᠮᠠᠷᠭᠤᠭᠠᠨ ᠲᠠᠢ ᠪᠠᠶᠢᠪᠠᠯ᠂ ᠬᠦᠳᠡᠯᠮᠤᠷᠢ ᠶᠢᠨ ᠮᠠᠷᠭᠤᠭᠠᠨ ᠢ ᠬᠦᠨᠳᠡᠯᠡᠨ ᠠᠴᠠ ᠲᠠᠰᠤᠯᠬᠤ ᠪᠠᠶᠢᠭᠤᠯᠤᠮᠵᠢ | ᠪᠤᠶᠤ ᠠᠷᠠᠳ ᠤᠨ ᠰᠢᠭᠦᠬᠦ ᠬᠤᠷᠢᠶ᠎ᠠ ᠠᠴᠠ ᠮᠠᠭᠠᠳᠯᠠᠨ ᠲᠤᠬᠳᠠᠭᠠᠨ᠎ᠠ᠃ | ᠬᠤᠷᠢᠨ ᠲᠤᠯᠤᠳᠤᠭᠠᠷ ᠵᠦᠢᠯ ᠬᠦᠳᠡᠯᠮᠤᠷᠢ ᠶᠢᠨ ᠭᠡᠷ᠎ᠡ ᠶᠢᠨ ᠨᠢᠭᠡ ᠬᠡᠰᠡᠭ ᠨᠢ ᠬᠦᠴᠦᠨ ᠦᠭᠡᠢ ᠪᠤᠯᠤᠬᠰᠠᠨ | ᠪᠤᠯᠪᠠᠴᠤ ᠪᠤᠰᠤᠳ ᠬᠡᠰᠡᠭ ᠤᠨ ᠬᠦᠴᠦᠨ ᠲᠠᠢ ᠪᠠᠶᠢᠬᠤ ᠶᠢ ᠨᠦᠯᠦᠭᠡᠯᠡᠬᠦ ᠦᠭᠡᠢ ᠪᠠᠶᠢᠪᠠᠯ᠂ ᠪᠤᠰᠤᠳ ᠬᠡᠰᠡᠭ ᠨᠢ | ᠮᠦᠨ ᠬᠦ ᠬᠦᠴᠦᠨ ᠲᠠᠢ᠃ | ᠬᠤᠷᠢᠨ ᠨᠠᠢᠮᠠᠳᠤᠭᠠᠷ ᠵᠦᠢᠯ ᠬᠦᠳᠡᠯᠮᠤᠷᠢ ᠶᠢᠨ ᠭᠡᠷ᠎ᠡ ᠨᠢ ᠬᠦᠴᠦᠨ ᠦᠭᠡᠢ ᠭᠡᠵᠤ ᠨᠤᠳᠠᠯᠠᠬᠳᠠᠵᠤ᠂ | ᠬᠦᠳᠡᠯᠮᠤᠷᠢᠴᠢᠨ ᠨᠢᠭᠡᠨᠳᠡ ᠬᠦᠳᠡᠯᠮᠤᠷᠢ ᠵᠠᠷᠤᠴᠠᠭᠤᠯᠤᠬᠰᠠᠨ ᠪᠠᠶᠢᠪᠠᠯ᠂ ᠬᠦᠮᠦᠨ ᠬᠡᠷᠡᠭᠯᠡᠬᠦ ᠨᠢᠭᠡᠴᠡ ᠨᠢ | ᠬᠦᠳᠡᠯᠮᠤᠷᠢᠴᠢᠨ ᠳᠤ ᠬᠦᠳᠡᠯᠮᠤᠷᠢ ᠶᠢᠨ ᠤᠯᠭᠤᠮᠵᠢ ᠦᠭᠬᠦ ᠬᠡᠷᠡᠭᠳᠠᠢ᠃ ᠬᠦᠳᠡᠯᠮᠤᠷᠢ ᠶᠢᠨ ᠤᠯᠭᠤᠮᠵᠢ ᠶᠢᠨ ᠲᠤᠭ᠎ᠠ ᠶᠢ | ᠲᠤᠰ ᠨᠢᠭᠡᠴᠡ ᠶᠢᠨ ᠠᠳᠠᠯᠢ ᠪᠤᠶᠤ ᠠᠳᠠᠯᠢᠪᠳᠤᠷ ᠠᠵᠢᠯ ᠤᠨ ᠪᠠᠶᠢᠷᠢ ᠶᠢᠨ ᠬᠦᠳᠡᠯᠮᠤᠷᠢᠴᠢᠨ ᠤ ᠤᠯᠭᠤᠮᠵᠢ ᠪᠠᠷ | ᠯᠠᠪᠯᠠᠯᠳᠠ ᠪᠤᠯᠭᠠᠵᠤ ᠲᠤᠬᠳᠠᠭᠠᠨ᠎ᠠ᠃ | | | ᠭᠤᠷᠪᠠᠳᠤᠭᠠᠷ ᠪᠦᠯᠦᠭ ᠬᠦᠳᠡᠯᠮᠤᠷᠢ ᠶᠢᠨ ᠭᠡᠷ᠎ᠡ ᠶᠢ ᠭᠦᠢᠴᠡᠳᠭᠡᠬᠦ ᠪᠠ ᠬᠤᠪᠢᠷᠠᠭᠤᠯᠬᠤ | | | ᠬᠤᠷᠢ ᠶᠢᠰᠦᠳᠦᠭᠡᠷ ᠵᠦᠢᠯ ᠬᠦᠮᠦᠨ ᠬᠡᠷᠡᠭᠯᠡᠬᠦ ᠨᠢᠭᠡᠴᠡ ᠪᠤᠯᠤᠨ ᠬᠦᠳᠡᠯᠮᠤᠷᠢᠴᠢᠨ ᠬᠦᠳᠡᠯᠮᠤᠷᠢ ᠶᠢᠨ | ᠭᠡᠷ᠎ᠡ ᠶᠢᠨ ᠪᠤᠯᠵᠤᠯ ᠶᠤᠰᠤᠭᠠᠷ᠂ ᠦᠪᠡᠷ ᠦᠪᠡᠷ ᠤᠨ ᠢᠶᠠᠨ ᠡᠭᠦᠷᠭᠡ ᠪᠠᠨ ᠪᠦᠬᠦ ᠲᠠᠯ᠎ᠠ ᠪᠠᠷ ᠭᠦᠢᠴᠡᠳᠭᠡᠬᠦ ᠬᠡᠷᠡᠭᠳᠠᠢ᠃ | ᠭᠤᠴᠢᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢ ᠶᠢᠨ ᠭᠡᠷ᠎ᠡ ᠶᠢᠨ ᠪᠤᠯᠵᠤᠯ ᠪᠠ | ᠤᠯᠤᠰ ᠤᠨ ᠲᠤᠬᠳᠠᠭᠠᠯ ᠶᠤᠰᠤᠭᠠᠷ᠂ ᠬᠦᠳᠡᠯᠮᠤᠷᠢ ᠶᠢᠨ ᠤᠯᠭᠤᠮᠵᠢ ᠶᠢ ᠬᠦᠳᠡᠯᠮᠤᠷᠢᠴᠢᠨ ᠳᠤ ᠴᠠᠬ ᠲᠤᠬᠠᠢ ᠳᠤᠨᠢ | ᠲᠤᠭ᠎ᠠ ᠶᠤᠰᠤᠭᠠᠷ ᠦᠭᠬᠦ ᠬᠡᠷᠡᠭᠳᠠᠢ᠃ | ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢ ᠶᠢᠨ ᠤᠯᠭᠤᠮᠵᠢ ᠶᠢ ᠦᠷᠢᠳᠦᠵᠤ ᠤᠳᠠᠭᠠᠰᠢᠷᠠᠭᠤᠯᠤᠬᠰᠠᠨ ᠪᠤᠶᠤ | ᠲᠤᠭ᠎ᠠ ᠶᠤᠰᠤᠭᠠᠷ ᠨᠢ ᠦᠭᠭᠦᠭᠰᠡᠨ ᠦᠭᠡᠢ ᠪᠠᠶᠢᠪᠠᠯ᠂ ᠦᠭᠭᠦᠭᠦᠯᠬᠦ ᠵᠠᠷᠯᠢᠬ ᠭᠠᠷᠭᠠᠯᠭᠠᠬᠤ ᠪᠠᠷ ᠬᠦᠳᠡᠯᠮᠤᠷᠢᠴᠢᠨ | ᠬᠠᠤᠯᠢ ᠶᠤᠰᠤᠭᠠᠷ ᠲᠤᠬᠠᠢ ᠶᠢᠨ ᠭᠠᠵᠠᠷ ᠤᠨ ᠠᠷᠠᠳ ᠤᠨ ᠰᠢᠭᠦᠬᠦ ᠬᠤᠷᠢᠶᠠᠨ ᠳᠤ ᠭᠤᠶᠤᠴᠢᠯᠠᠵᠤ ᠪᠤᠯᠤᠨ᠎ᠠ᠂ | ᠠᠷᠠᠳ ᠤᠨ ᠰᠢᠭᠦᠬᠦ ᠬᠤᠷᠢᠶ᠎ᠠ ᠬᠠᠤᠯᠢ ᠶᠤᠰᠤᠭᠠᠷ ᠦᠭᠭᠦᠭᠦᠯᠬᠦ ᠵᠠᠷᠯᠢᠬ ᠭᠠᠷᠭᠠᠬᠤ ᠬᠡᠷᠡᠭᠳᠠᠢ᠃ | ᠭᠤᠴᠢᠨ ᠨᠢᠭᠡᠳᠤᠭᠡᠷ ᠵᠦᠢᠯ ᠬᠦᠮᠦᠨ ᠬᠡᠷᠡᠭᠯᠡᠬᠦ ᠨᠢᠭᠡᠴᠡ ᠬᠦᠳᠡᠯᠮᠤᠷᠢ ᠶᠢᠨ ᠨᠤᠷᠮ᠎ᠠ ᠶᠢᠨ ᠪᠠᠷᠢᠮᠵᠢᠶ᠎ᠠ ᠶᠢ | ᠴᠢᠩᠭ᠎ᠠ ᠬᠡᠷᠡᠭᠵᠢᠭᠦᠯᠬᠦ ᠬᠡᠷᠡᠭᠳᠠᠢ᠂ ᠠᠯᠪᠠᠳᠠᠬᠤ ᠪᠤᠶᠤ ᠬᠡᠯᠪᠡᠷᠢ ᠶᠢ ᠨᠢ ᠦᠭᠡᠷᠡᠳᠡᠭᠦᠯᠤᠨ ᠠᠯᠪᠠᠳᠠᠵᠤ ᠪᠠᠶᠢᠭᠠᠳ | ᠬᠦᠳᠡᠯᠮᠤᠷᠢᠴᠢᠨ ᠢ ᠴᠠᠬ ᠨᠡᠮᠡᠨ ᠠᠵᠢᠯᠯᠠᠭᠤᠯᠵᠤ ᠪᠤᠯᠬᠤ ᠦᠭᠡᠢ᠃ ᠬᠦᠮᠦᠨ ᠬᠡᠷᠡᠭᠯᠡᠬᠦ ᠨᠢᠭᠡᠴᠡ ᠴᠠᠬ ᠨᠡᠮᠡᠵᠤ | ᠠᠵᠢᠯᠯᠠᠭᠤᠯᠬᠤ ᠪᠠᠷ ᠲᠤᠬᠢᠷᠠᠭᠤᠯᠤᠬᠰᠠᠨ ᠪᠠᠶᠢᠪᠠᠯ᠂ ᠤᠯᠤᠰ ᠤᠨ ᠬᠤᠯᠪᠤᠬᠳᠠᠯ ᠪᠦᠬᠦᠢ ᠲᠤᠬᠳᠠᠭᠠᠯ ᠶᠤᠰᠤᠭᠠᠷ | ᠬᠦᠳᠡᠯᠮᠤᠷᠢᠴᠢᠨ ᠳᠤ ᠴᠠᠬ ᠨᠡᠮᠡᠵᠤ ᠠᠵᠢᠯᠯᠠᠬᠰᠠᠨ ᠮᠦᠡᠭᠬᠦ ᠦᠭᠬᠦ ᠬᠡᠷᠡᠭᠳᠠᠢ᠃ | ᠭᠤᠴᠢᠨ ᠬᠤᠶᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠶᠢᠨ ᠬᠠᠮᠢᠶᠠᠷᠤᠯᠳᠠ ᠶᠢᠨ ᠠᠵᠢᠯᠳᠡᠨ ᠤ ᠲᠦᠷᠢᠮ | ᠲᠤᠬᠳᠠᠭᠠᠯ ᠢ ᠵᠦᠷᠢᠴᠡᠨ ᠵᠢᠯᠤᠭᠤᠳᠬᠤ᠂ ᠠᠶᠤᠯ ᠲᠦᠭᠰᠢᠭᠦᠷᠢ ᠲᠠᠢ ᠠᠵᠢᠯ ᠢ ᠠᠯᠪᠠᠳᠠᠨ ᠬᠢᠯᠭᠡᠬᠦ ᠶᠢ | ᠬᠦᠳᠡᠯᠮᠤᠷᠢᠴᠢᠨ ᠲᠡᠪᠴᠢᠭᠰᠡᠨ ᠪᠠᠶᠢᠪᠠᠯ᠂ ᠬᠦᠳᠡᠯᠮᠤᠷᠢ ᠶᠢᠨ ᠭᠡᠷ᠎ᠡ ᠶᠢ ᠵᠦᠷᠢᠴᠡᠭᠰᠡᠨ ᠳᠤ ᠲᠤᠭᠠᠴᠠᠬᠳᠠᠬᠤ ᠦᠭᠡᠢ᠃ | ᠬᠦᠳᠡᠯᠮᠤᠷᠢᠴᠢᠨ ᠠᠮᠢ ᠨᠠᠰᠤᠨ ᠤ ᠠᠮᠤᠷ ᠲᠦᠪᠰᠢᠨ ᠪᠠ ᠪᠡᠶ᠎ᠡ ᠮᠠᠬᠠᠪᠤᠳ ᠤᠨ ᠡᠷᠡᠭᠦᠯ ᠮᠡᠨᠳᠤ ᠳᠤ ᠬᠤᠤᠷ | ᠬᠦᠨᠦᠭᠡᠯ ᠲᠠᠢ ᠬᠦᠳᠡᠯᠮᠤᠷᠢ ᠶᠢᠨ ᠨᠦᠬᠦᠴᠡᠯ ᠤᠨ ᠲᠠᠯ᠎ᠠ ᠪᠠᠷ ᠬᠦᠮᠦᠨ ᠬᠡᠷᠡᠭᠯᠡᠬᠦ ᠨᠢᠭᠡᠴᠡ ᠶᠢ ᠰᠢᠭᠦᠮᠵᠢᠯᠡᠬᠦ᠂ | ᠢᠯᠡᠴᠢᠯᠡᠬᠦ ᠪᠠ ᠵᠠᠭᠠᠯᠳᠤᠬᠤ ᠡᠷᠬᠡ ᠲᠠᠢ᠃ | ᠭᠤᠴᠢᠨ ᠭᠤᠷᠪᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠶᠢᠨ ᠨᠡᠷᠡᠶᠢᠳᠤᠯ᠂ ᠬᠠᠤᠯᠢ ᠪᠠᠷ ᠲᠤᠬᠳᠠᠭᠠᠬᠰᠠᠨ | ᠲᠦᠯᠦᠭᠡᠯᠡᠭᠴᠢ᠂ ᠭᠤᠤᠯ ᠬᠠᠷᠢᠭᠤᠴᠠᠯᠭᠠᠳᠠᠨ ᠪᠤᠶᠤ ᠪᠡᠯᠡ ᠤᠷᠤᠭᠤᠯᠤᠬᠴᠢ ᠵᠡᠷᠭᠡ ᠪᠠᠨ ᠬᠤᠪᠢᠷᠠᠭᠤᠯᠬᠤ ᠤᠴᠢᠷ | ᠶᠠᠪᠤᠳᠠᠯ ᠨᠢ ᠬᠦᠳᠡᠯᠮᠤᠷᠢ ᠶᠢᠨ ᠭᠡᠷ᠎ᠡ ᠶᠢ ᠭᠦᠢᠴᠡᠳᠭᠡᠬᠦ ᠶᠢ ᠨᠦᠯᠦᠭᠡᠯᠡᠬᠦ ᠦᠭᠡᠢ᠃ | ᠭᠤᠴᠢᠨ ᠲᠦᠷᠪᠡᠳᠤᠭᠡᠷ ᠵᠦᠢᠯ ᠬᠦᠮᠦᠨ ᠬᠡᠷᠡᠭᠯᠡᠬᠦ ᠨᠢᠭᠡᠴᠡ ᠳᠤ ᠨᠡᠶᠢᠯᠡᠭᠦᠯᠬᠦ ᠪᠤᠶᠤ ᠰᠠᠯᠭᠠᠬᠤ ᠵᠡᠷᠭᠡ | ᠪᠠᠶᠢᠳᠠᠯ ᠭᠠᠷᠬᠤ ᠳᠤ ᠤᠤᠯ ᠤᠨ ᠬᠦᠳᠡᠯᠮᠤᠷᠢ ᠶᠢᠨ ᠭᠡᠷ᠎ᠡ ᠦᠷᠬᠦᠯᠵᠢᠯᠡᠨ ᠬᠦᠴᠦᠨ ᠲᠠᠢ ᠪᠠᠶᠢᠵᠤ᠂ ᠲᠡᠭᠦᠨ ᠤ ᠡᠷᠬᠡ | ᠪᠠ ᠡᠭᠦᠷᠭᠡ ᠶᠢ ᠵᠠᠯᠭᠠᠮᠵᠢᠯᠠᠬᠰᠠᠨ ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ | ᠭᠦᠢᠴᠡᠳᠭᠡᠨ᠎ᠡ᠃ | ᠭᠤᠴᠢᠨ ᠲᠠᠪᠤᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠬᠢᠭᠡᠳ ᠬᠦᠳᠡᠯᠮᠤᠷᠢᠴᠢᠨ ᠵᠦᠪᠳᠡᠯᠴᠡᠵᠤ ᠰᠠᠨᠠᠯ | ᠨᠢᠭᠡᠳᠪᠡᠯ᠂ ᠬᠦᠳᠡᠯᠮᠤᠷᠢ ᠶᠢᠨ ᠭᠡᠷ᠎ᠡ ᠳᠤ ᠪᠤᠯᠵᠤᠨ ᠲᠤᠬᠳᠠᠬᠰᠠᠨ ᠠᠭᠤᠯᠭ᠎ᠠ ᠶᠢ ᠬᠤᠪᠢᠷᠠᠭᠤᠯᠵᠤ ᠪᠤᠯᠤᠨ᠎ᠠ᠃ | ᠬᠦᠳᠡᠯᠮᠤᠷᠢ ᠶᠢᠨ ᠭᠡᠷ᠎ᠡ ᠶᠢ ᠬᠤᠪᠢᠷᠠᠭᠤᠯᠬᠤ ᠳᠤ ᠪᠢᠴᠢᠭ ᠤᠨ ᠬᠡᠯᠪᠡᠷᠢ ᠶᠢ ᠬᠡᠷᠡᠭᠯᠡᠬᠦ ᠬᠡᠷᠡᠭᠳᠠᠢ᠃ | ᠬᠤᠪᠢᠷᠠᠭᠤᠯᠤᠬᠰᠠᠨ ᠤ ᠲᠠᠷᠠᠭᠠᠬᠢ ᠬᠦᠳᠡᠯᠮᠤᠷᠢ ᠶᠢᠨ ᠭᠡᠷ᠎ᠡ ᠶᠢᠨ ᠪᠢᠴᠢᠭ ᠢ ᠬᠦᠮᠦᠨ ᠬᠡᠷᠡᠭᠯᠡᠬᠦ ᠨᠢᠭᠡᠴᠡ ᠪᠠ | ᠬᠦᠳᠡᠯᠮᠤᠷᠢᠴᠢᠨ ᠲᠤᠰ ᠪᠦᠷᠢ ᠨᠢᠭᠡ ᠬᠤᠪᠢ ᠦᠯᠡᠳᠡᠭᠡᠨ᠎ᠡ᠃ | | | ᠲᠦᠷᠪᠡᠳᠦᠭᠡᠷ ᠪᠦᠯᠦᠭ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ ᠪᠠ ᠲᠠᠭᠤᠰᠬᠠᠬᠤ | | | ᠭᠤᠴᠢᠨ ᠵᠢᠷᠭᠤᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠬᠢᠭᠡᠳ ᠬᠦᠳᠡᠯᠮᠤᠷᠢᠴᠢᠨ ᠵᠦᠪᠳᠡᠯᠴᠡᠵᠤ ᠰᠠᠨᠠᠯ | ᠨᠢᠭᠡᠳᠪᠡᠯ᠂ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠵᠤ ᠪᠤᠯᠤᠨ᠎ᠠ᠃ | ᠭᠤᠴᠢᠨ ᠲᠤᠯᠤᠳᠤᠭᠠᠷ ᠵᠦᠢᠯ ᠬᠦᠳᠡᠯᠮᠤᠷᠢᠴᠢᠨ ᠭᠤᠴᠢᠨ ᠡᠳᠦᠷ ᠤᠨ ᠡᠮᠦᠨ᠎ᠡ ᠬᠦᠮᠦᠨ ᠬᠡᠷᠡᠭᠯᠡᠬᠦ | ᠨᠢᠭᠡᠴᠡ ᠳᠤ ᠪᠢᠴᠢᠭ ᠤᠨ ᠬᠡᠯᠪᠡᠷᠢ ᠪᠠᠷ ᠮᠡᠳᠡᠭᠳᠡᠵᠤ᠂ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠵᠤ | ᠪᠤᠯᠤᠨ᠎ᠠ᠃ ᠬᠦᠳᠡᠯᠮᠤᠷᠢᠴᠢᠨ ᠲᠤᠷᠰᠢᠨ ᠬᠡᠷᠡᠭᠯᠡᠬᠦ ᠬᠤᠭᠤᠴᠠᠭᠠᠨ ᠳᠤ ᠭᠤᠷᠪᠠᠨ ᠡᠳᠦᠷ ᠤᠨ ᠡᠮᠦᠨ᠎ᠡ ᠬᠦᠮᠦᠨ | ᠬᠡᠷᠡᠭᠯᠡᠬᠦ ᠨᠢᠭᠡᠴᠡ ᠳᠤ ᠮᠡᠳᠡᠭᠳᠡᠵᠤ᠂ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠵᠤ ᠪᠤᠯᠤᠨ᠎ᠠ᠃ | ᠭᠤᠴᠢᠨ ᠨᠠᠢᠮᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠳᠤ ᠲᠤᠤᠷ᠎ᠠ ᠵᠢᠬᠰᠠᠭᠠᠬᠰᠠᠨ ᠪᠠᠶᠢᠳᠠᠯ ᠤᠳ ᠤᠨ | ᠨᠢᠭᠡ ᠨᠢ ᠪᠠᠶᠢᠪᠠᠯ ᠬᠦᠳᠡᠯᠮᠤᠷᠢᠴᠢᠨ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠵᠤ ᠪᠤᠯᠤᠨ᠎ᠠ᠄ | ︵ᠨᠢᠭᠡ︶ ᠬᠦᠳᠡᠯᠮᠤᠷᠢ ᠶᠢᠨ ᠭᠡᠷ᠎ᠡ ᠶᠢᠨ ᠪᠤᠯᠵᠤᠯ ᠶᠤᠰᠤᠭᠠᠷ ᠬᠦᠳᠡᠯᠮᠤᠷᠢ ᠶᠢᠨ ᠬᠠᠮᠠᠭᠠᠯᠠᠯᠳᠠ ᠪᠤᠶᠤ | ᠬᠦᠳᠡᠯᠮᠤᠷᠢ ᠶᠢᠨ ᠨᠦᠬᠦᠴᠡᠯ ᠢ ᠦᠯᠦ ᠬᠠᠩᠭᠠᠬᠰᠠᠨ︔ | ︵ᠬᠤᠶᠠᠷ︶ ᠬᠦᠳᠡᠯᠮᠤᠷᠢ ᠶᠢᠨ ᠤᠯᠭᠤᠮᠵᠢ ᠶᠢ ᠴᠠᠬ ᠲᠤᠬᠠᠢ ᠳᠤᠨᠢ ᠲᠤᠭ᠎ᠠ ᠶᠤᠰᠤᠭᠠᠷ ᠦᠯᠦ ᠦᠭᠭᠦᠭᠰᠡᠨ︔ | ︵ᠭᠤᠷᠪᠠ︶ ᠬᠠᠤᠯᠢ ᠶᠤᠰᠤᠭᠠᠷ ᠬᠦᠳᠡᠯᠮᠤᠷᠢᠴᠢᠨ ᠳᠤ ᠨᠡᠶᠢᠭᠡᠮ ᠤᠨ ᠲᠠᠭᠠᠳᠬᠠᠯ ᠤᠨ ᠰᠦᠢᠳᠭᠡᠯ ᠢ ᠦᠯᠦ | ᠲᠤᠰᠢᠶᠠᠬᠰᠠᠨ︔ | ︵ᠲᠦᠷᠪᠡ︶ ᠬᠦᠮᠦᠨ ᠬᠡᠷᠡᠭᠯᠡᠬᠦ ᠨᠢᠭᠡᠴᠡ ᠶᠢᠨ ᠲᠦᠷᠢᠮ ᠲᠤᠬᠳᠠᠭᠠᠯ ᠨᠢ ᠬᠠᠤᠯᠢ ᠴᠠᠭᠠᠵᠠ᠂ ᠬᠠᠤᠯᠢ | ᠲᠤᠬᠳᠠᠭᠠᠯ ᠤᠨ ᠲᠤᠬᠳᠠᠭᠠᠯ ᠠᠴᠠ ᠵᠦᠷᠢᠴᠡᠵᠤ᠂ ᠬᠦᠳᠡᠯᠮᠤᠷᠢᠴᠢᠨ ᠤ ᠡᠷᠬᠡ ᠠᠰᠢᠬ ᠢ ᠬᠤᠬᠢᠷᠠᠭᠤᠯᠤᠬᠰᠠᠨ︔ | ︵ᠲᠠᠪᠤ︶ ᠲᠤᠰ ᠬᠠᠤᠯᠢ ᠶᠢᠨ ᠬᠤᠷᠢᠨ ᠵᠢᠷᠭᠤᠳᠤᠭᠠᠷ ᠵᠦᠢᠯ ᠤᠨ ᠨᠢᠭᠡᠳᠤᠭᠡᠷ ᠪᠠᠳᠠᠬ ᠲᠤ ᠲᠤᠬᠳᠠᠭᠠᠬᠰᠠᠨ | ᠪᠠᠶᠢᠳᠠᠯ ᠠᠴᠠ ᠪᠤᠯᠵᠤ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠰᠠᠨ︔ | ︵ᠵᠢᠷᠭᠤᠭ᠎ᠠ︶ ᠬᠠᠤᠯᠢ ᠴᠠᠭᠠᠵᠠ᠂ ᠵᠠᠰᠠᠬ ᠵᠠᠬᠢᠷᠭᠠᠨ ᠤ ᠬᠠᠤᠯᠢ ᠲᠤᠬᠳᠠᠭᠠᠯ ᠳᠤ ᠲᠤᠬᠳᠠᠬᠰᠠᠨ | ᠬᠦᠳᠡᠯᠮᠤᠷᠢᠴᠢᠨ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠵᠤ ᠪᠤᠯᠬᠤ ᠪᠤᠰᠤᠳ ᠪᠠᠶᠢᠳᠠᠯ ᠤᠳ᠃ | ᠬᠦᠮᠦᠨ ᠬᠡᠷᠡᠭᠯᠡᠬᠦ ᠨᠢᠭᠡᠴᠡ ᠬᠦᠴᠦᠷᠬᠡᠭᠯᠡᠬᠦ᠂ ᠰᠦᠷᠳᠡᠭᠦᠯᠬᠦ ᠪᠤᠶᠤ ᠬᠦᠮᠦᠨ ᠤ ᠪᠡᠶ᠎ᠡ ᠶᠢᠨ ᠡᠷᠬᠡ ᠴᠢᠯᠦᠭᠡ ᠶᠢ | ᠬᠠᠤᠯᠢ ᠪᠤᠰᠤ ᠪᠠᠷ ᠬᠢᠵᠠᠭᠠᠷᠯᠠᠬᠤ ᠠᠷᠭ᠎ᠠ ᠪᠠᠷ ᠬᠦᠳᠡᠯᠮᠤᠷᠢᠴᠢᠨ ᠢ ᠠᠯᠪᠠᠳᠠᠨ ᠬᠦᠳᠡᠯᠮᠤᠷᠢᠯᠡᠭᠦᠯᠦᠭᠰᠡᠨ᠂ ᠡᠰᠡᠭᠦᠯ᠎ᠡ | ᠬᠦᠮᠦᠨ ᠬᠡᠷᠡᠭᠯᠡᠬᠦ ᠨᠢᠭᠡᠴᠡ ᠨᠢ ᠲᠦᠷᠢᠮ ᠲᠤᠬᠳᠠᠭᠠᠯ ᠢ ᠵᠦᠷᠢᠴᠡᠨ ᠵᠢᠯᠤᠭᠤᠳᠤᠬᠰᠠᠨ᠂ ᠠᠶᠤᠯ ᠲᠦᠭᠰᠢᠭᠦᠷᠢᠳᠠᠢ | ᠠᠵᠢᠯ ᠢ ᠠᠯᠪᠠᠳᠠᠨ ᠬᠢᠯᠭᠡᠭᠡᠳ ᠬᠦᠳᠡᠯᠮᠤᠷᠢᠴᠢᠨ ᠤ ᠬᠦᠮᠦᠨ ᠤ ᠪᠡᠶ᠎ᠡ ᠶᠢᠨ ᠠᠮᠤᠷ ᠲᠦᠪᠰᠢᠨ ᠳᠤ ᠬᠤᠤᠷ ᠬᠦᠨᠦᠭᠡᠯ | ᠤᠴᠠᠷᠠᠭᠤᠯᠤᠬᠰᠠᠨ ᠪᠠᠶᠢᠪᠠᠯ᠂ ᠬᠦᠳᠡᠯᠮᠤᠷᠢᠴᠢᠨ ᠲᠠᠷᠤᠢ ᠳᠤᠨᠢ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ | ᠪᠤᠯᠭᠠᠵᠤ ᠪᠤᠯᠤᠨ᠎ᠠ᠂ ᠬᠦᠮᠦᠨ ᠬᠡᠷᠡᠭᠯᠡᠬᠦ ᠨᠢᠭᠡᠴᠡ ᠳᠤ ᠤᠷᠢᠳᠠᠪᠡᠷ ᠮᠡᠳᠡᠭᠳᠡᠬᠦ ᠴᠢᠬᠤᠯᠠ ᠦᠭᠡᠢ᠃ | ᠭᠤᠴᠢ ᠶᠢᠰᠦᠳᠦᠭᠡᠷ ᠵᠦᠢᠯ ᠬᠦᠳᠡᠯᠮᠤᠷᠢᠴᠢᠨ ᠳᠤ ᠲᠤᠤᠷ᠎ᠠ ᠵᠢᠬᠰᠠᠭᠠᠬᠰᠠᠨ ᠪᠠᠶᠢᠳᠠᠯ ᠤᠳ ᠤᠨ ᠨᠢᠭᠡ ᠨᠢ | ᠪᠠᠶᠢᠪᠠᠯ᠂ ᠬᠦᠮᠦᠨ ᠬᠡᠷᠡᠭᠯᠡᠬᠦ ᠨᠢᠭᠡᠴᠡ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠵᠤ ᠪᠤᠯᠤᠨ᠎ᠠ᠄ | ︵ᠨᠢᠭᠡ︶ ᠡᠯᠰᠡᠵᠤ ᠬᠡᠷᠡᠭᠯᠡᠬᠦ ᠨᠦᠬᠦᠴᠡᠯ ᠳᠤ ᠨᠡᠶᠢᠴᠡᠬᠦ ᠦᠭᠡᠢ ᠭᠡᠳᠡᠭ ᠨᠢ ᠲᠤᠷᠰᠢᠨ ᠬᠡᠷᠡᠭᠯᠡᠬᠦ | ᠬᠤᠭᠤᠴᠠᠭᠠᠨ ᠳᠤ ᠭᠡᠷᠡᠴᠢᠯᠡᠭᠳᠡᠭᠰᠡᠨ︔ | ︵ᠬᠤᠶᠠᠷ︶ ᠬᠦᠮᠦᠨ ᠬᠡᠷᠡᠭᠯᠡᠬᠦ ᠨᠢᠭᠡᠴᠡ ᠶᠢᠨ ᠲᠦᠷᠢᠮ ᠲᠤᠬᠳᠠᠭᠠᠯ ᠢ ᠬᠦᠨᠳᠤ ᠨᠤᠴᠢᠳᠠᠢ ᠵᠦᠷᠢᠴᠡᠭᠰᠡᠨ︔ | ︵ᠭᠤᠷᠪᠠ︶ ᠡᠭᠦᠷᠭᠡ ᠬᠠᠷᠢᠭᠤᠴᠠᠯᠭ᠎ᠠ ᠳᠠᠭᠠᠨ ᠬᠦᠨᠳᠤ ᠨᠤᠴᠢᠳᠠᠢ ᠤᠰᠤᠯᠳᠠᠵᠤ᠂ ᠬᠤᠪᠢ ᠶᠢᠨ ᠨᠠᠶᠢᠷ | ᠬᠠᠷᠠᠵᠤ ᠭᠡᠮ ᠬᠢᠭᠡᠳ ᠬᠦᠮᠦᠨ ᠬᠡᠷᠡᠭᠯᠡᠬᠦ ᠨᠢᠭᠡᠴᠡ ᠳᠤ ᠬᠦᠨᠳᠤ ᠶᠡᠭᠡ ᠬᠤᠬᠢᠷᠠᠯ ᠤᠴᠠᠷᠠᠭᠤᠯᠤᠬᠰᠠᠨ︔ | ︵ᠲᠦᠷᠪᠡ︶ ᠬᠦᠳᠡᠯᠮᠤᠷᠢᠴᠢᠨ ᠪᠤᠰᠤᠳ ᠬᠦᠮᠦᠨ ᠬᠡᠷᠡᠭᠯᠡᠬᠦ ᠨᠢᠭᠡᠴᠡ ᠲᠠᠢ ᠵᠡᠷᠭᠡᠪᠡᠷ ᠬᠦᠳᠡᠯᠮᠤᠷᠢ ᠶᠢᠨ | ᠬᠠᠷᠢᠴᠠᠭ᠎ᠠ ᠪᠠᠶᠢᠭᠤᠯᠵᠤ᠂ ᠲᠤᠰ ᠨᠢᠭᠡᠴᠡ ᠶᠢᠨ ᠠᠵᠢᠯ ᠤᠨ ᠡᠭᠦᠷᠭᠡ ᠶᠢ ᠪᠡᠶᠡᠯᠡᠭᠦᠯᠬᠦ ᠳᠤ ᠬᠦᠨᠳᠤ ᠨᠤᠴᠢᠳᠠᠢ | ᠨᠦᠯᠦᠭᠡ ᠦᠵᠡᠭᠦᠯᠦᠭᠰᠡᠨ᠂ ᠡᠰᠡᠭᠦᠯ᠎ᠡ ᠬᠦᠮᠦᠨ ᠬᠡᠷᠡᠭᠯᠡᠬᠦ ᠨᠢᠭᠡᠴᠡ ᠠᠴᠠ ᠲᠤᠷᠠᠳᠤᠬᠰᠠᠨ ᠪᠠᠶᠢᠳᠠᠯ᠎ᠠ ᠵᠠᠯᠠᠷᠠᠭᠤᠯᠬᠤ ᠶᠢ | ᠲᠡᠪᠴᠢᠭᠰᠡᠨ︔ | ︵ᠲᠠᠪᠤ︶ ᠲᠤᠰ ᠬᠠᠤᠯᠢ ᠶᠢᠨ ᠬᠤᠷᠢᠨ ᠵᠢᠷᠭᠤᠳᠤᠭᠠᠷ ᠵᠦᠢᠯ ᠤᠨ ᠨᠢᠭᠡᠳᠤᠭᠡᠷ ᠪᠠᠳᠠᠬ ᠤᠨ ᠨᠢᠭᠡᠳᠤᠭᠡᠷ | ᠵᠤᠷᠪᠤᠰ ᠲᠤ ᠲᠤᠬᠳᠠᠭᠠᠬᠰᠠᠨ ᠪᠠᠶᠢᠳᠠᠯ ᠠᠴᠠ ᠪᠤᠯᠤᠭᠠᠳ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠰᠠᠨ︔ | ︵ᠵᠢᠷᠭᠤᠭ᠎ᠠ︶ ᠬᠠᠤᠯᠢ ᠶᠤᠰᠤᠭᠠᠷ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠭᠳᠡᠭᠰᠡᠨ᠃ | ᠳᠥᠴᠢᠳᠦᠭᠡᠷ ᠵᠦᠢᠯ ᠲᠤᠤᠷ᠎ᠠ ᠵᠢᠬᠰᠠᠭᠠᠬᠰᠠᠨ ᠪᠠᠶᠢᠳᠠᠯ ᠤᠳ ᠤᠨ ᠨᠢᠭᠡ ᠨᠢ ᠪᠠᠶᠢᠪᠠᠯ᠂ ᠬᠦᠮᠦᠨ ᠬᠡᠷᠡᠭᠯᠡᠬᠦ | ᠨᠢᠭᠡᠴᠡ ᠨᠢ ᠭᠤᠴᠢᠨ ᠡᠳᠦᠷ ᠤᠨ ᠡᠮᠦᠨ᠎ᠡ ᠬᠦᠳᠡᠯᠮᠤᠷᠢᠴᠢᠨ ᠲᠤᠰ ᠬᠦᠮᠦᠨ ᠳᠤ ᠪᠢᠴᠢᠭ ᠤᠨ ᠬᠡᠯᠪᠡᠷᠢ ᠪᠠᠷ ᠮᠡᠳᠡᠭᠳᠡᠬᠦ | ᠪᠤᠶᠤ ᠬᠦᠳᠡᠯᠮᠤᠷᠢᠴᠢᠨ ᠳᠤ ᠢᠯᠡᠭᠦᠦ ᠨᠢᠭᠡ ᠰᠠᠷ᠎ᠠ ᠶᠢᠨ ᠴᠠᠯᠢᠩ ᠦᠭᠭᠦᠭᠰᠡᠨ ᠤ ᠲᠠᠷᠠᠭ᠎ᠠ ᠬᠦᠳᠡᠯᠮᠤᠷᠢ ᠶᠢᠨ ᠭᠡᠷ᠎ᠡ ᠶᠢ | ᠬᠦᠴᠦᠨ ᠦᠭᠡᠢ ᠪᠤᠯᠭᠠᠵᠤ ᠪᠤᠯᠤᠨ᠎ᠠ᠄ | ︵ᠨᠢᠭᠡ︶ ᠬᠦᠳᠡᠯᠮᠤᠷᠢᠴᠢᠨ ᠡᠪᠡᠳᠴᠢᠯᠡᠭᠰᠡᠨ ᠪᠤᠶᠤ ᠠᠵᠢᠯ ᠤᠨ ᠪᠤᠰᠤ ᠰᠢᠯᠳᠠᠭᠠᠨ ᠢᠶᠠᠷ ᠰᠢᠷᠬᠠᠳᠤᠭᠠᠳ | ᠲᠤᠬᠳᠠᠬᠰᠠᠨ ᠡᠮᠴᠢᠯᠡᠭᠦᠯᠬᠦ ᠬᠤᠭᠤᠴᠠᠭ᠎ᠠ ᠨᠢ ᠲᠦᠭᠦᠷᠦᠭᠰᠡᠨ ᠤ ᠲᠠᠷᠠᠭ᠎ᠠ ᠤᠤᠯ ᠤᠨ ᠠᠵᠢᠯ ᠢᠶᠠᠨ ᠬᠢᠵᠤ ᠴᠢᠳᠠᠬᠤ | ᠦᠭᠡᠢ ᠪᠤᠯᠤᠬᠰᠠᠨ ᠪᠦᠭᠡᠳ ᠬᠦᠮᠦᠨ ᠬᠡᠷᠡᠭᠯᠡᠬᠦ ᠨᠢᠭᠡᠴᠡ ᠠᠴᠠ ᠠᠰᠳᠠᠭᠠᠨ ᠲᠤᠬᠢᠷᠠᠭᠤᠯᠤᠬᠰᠠᠨ ᠠᠵᠢᠯ ᠢ ᠴᠤ ᠬᠢᠵᠤ | ᠴᠢᠳᠠᠬᠤ ᠦᠭᠡᠢ ᠪᠤᠯᠤᠬᠰᠠᠨ︔ | ︵ᠬᠤᠶᠠᠷ︶ ᠬᠦᠳᠡᠯᠮᠤᠷᠢᠴᠢᠨ ᠠᠵᠢᠯ ᠢᠶᠠᠨ ᠬᠢᠵᠤ ᠲᠡᠶᠢᠯᠬᠦ ᠦᠭᠡᠢ᠂ ᠪᠤᠯᠪᠠᠰᠤᠷᠠᠭᠤᠯᠤᠬᠰᠠᠨ ᠪᠤᠶᠤ | ᠠᠵᠢᠯ ᠤᠨ ᠪᠠᠶᠢᠷᠢ ᠳᠤᠨᠢ ᠲᠤᠬᠢᠷᠠᠭᠤᠯᠤᠯᠳᠠ ᠬᠢᠭᠰᠡᠨ ᠪᠤᠯᠪᠠᠴᠤ ᠮᠦᠨ ᠯᠡ ᠠᠵᠢᠯ ᠢᠶᠠᠨ ᠬᠢᠵᠤ ᠲᠡᠶᠢᠯᠬᠦ ᠦᠭᠡᠢ︔ | ︵ᠭᠤᠷᠪᠠ︶ ᠬᠦᠳᠡᠯᠮᠤᠷᠢ ᠶᠢᠨ ᠭᠡᠷ᠎ᠡ ᠶᠢ ᠲᠤᠬᠳᠠᠬᠤ ᠦᠶ᠎ᠡ ᠳᠤ ᠦᠨᠳᠦᠰᠦᠯᠡᠯ ᠪᠤᠯᠭᠠᠬᠰᠠᠨ ᠪᠤᠰᠤᠳᠴᠢ | ᠪᠠᠶᠢᠳᠠᠯ ᠳᠤ ᠴᠢᠬᠤᠯᠠ ᠶᠡᠭᠡ ᠬᠤᠪᠢᠷᠠᠯᠳᠠ ᠭᠠᠷᠤᠭᠠᠳ ᠬᠦᠳᠡᠯᠮᠤᠷᠢ ᠶᠢᠨ ᠭᠡᠷ᠎ᠡ ᠶᠢ ᠬᠡᠷᠡᠭᠵᠢᠭᠦᠯᠬᠦ ᠶᠢᠨ ᠠᠷᠭ᠎ᠠ | ᠦᠭᠡᠢ ᠪᠤᠯᠵᠤ᠂ ᠬᠦᠮᠦᠨ ᠬᠡᠷᠡᠭᠯᠡᠬᠦ ᠨᠢᠭᠡᠴᠡ ᠬᠢᠭᠡᠳ ᠬᠦᠳᠡᠯᠮᠤᠷᠢᠴᠢᠨ ᠵᠦᠪᠳᠡᠯᠴᠡᠭᠡᠳ ᠬᠦᠳᠡᠯᠮᠤᠷᠢ ᠶᠢᠨ ᠭᠡᠷ᠎ᠡ ᠶᠢᠨ | ᠠᠭᠤᠯᠭ᠎ᠠ ᠶᠢ ᠬᠤᠪᠢᠷᠠᠭᠤᠯᠬᠤ ᠲᠤᠬᠠᠢ ᠬᠡᠯᠡᠯᠴᠡᠭᠡᠷ ᠬᠢᠭᠡᠳ ᠲᠤᠬᠢᠷᠠᠯᠴᠠᠵᠤ ᠴᠢᠳᠠᠬᠰᠠᠨ ᠦᠭᠡᠢ᠃ | ᠲᠦᠴᠢᠨ ᠨᠢᠭᠡᠳᠤᠭᠡᠷ ᠵᠦᠢᠯ ᠲᠤᠤᠷ᠎ᠠ ᠵᠢᠬᠰᠠᠭᠠᠬᠰᠠᠨ ᠪᠠᠶᠢᠳᠠᠯ ᠤᠳ ᠤᠨ ᠨᠢᠭᠡ ᠨᠢ ᠪᠠᠶᠢᠵᠤ᠂ ᠬᠤᠷᠢᠨ | ᠬᠦᠮᠦᠨ ᠠᠴᠠ ᠲᠡᠭᠡᠭᠰᠢ ᠬᠠᠰᠤᠬᠤ ᠪᠤᠶᠤ ᠬᠤᠷᠢᠨ ᠬᠦᠮᠦᠨ ᠠᠴᠠ ᠲᠤᠭᠤᠬᠰᠢ ᠬᠠᠰᠤᠬᠤ ᠴᠢᠬᠤᠯᠠᠳᠠᠢ ᠪᠤᠯᠤᠬᠰᠠᠨ | ᠪᠤᠯᠪᠠᠴᠤ ᠲᠡᠷᠡ ᠨᠢ ᠠᠵᠤ ᠠᠬᠤᠢᠢᠯᠠᠯ ᠤᠨ ᠠᠵᠢᠯᠳᠡᠨ ᠠᠵᠢᠯᠴᠢᠨ ᠤ ᠪᠦᠬᠦ ᠲᠤᠭᠠᠨ ᠤ ᠵᠠᠭᠤᠨ ᠤ ᠠᠷᠪᠠ ᠠᠴᠠ | ᠲᠡᠭᠡᠭᠰᠢᠬᠢ ᠶᠢ ᠡᠵᠡᠯᠡᠵᠤ ᠪᠠᠶᠢᠪᠠᠯ᠂ ᠬᠦᠮᠦᠨ ᠬᠡᠷᠡᠭᠯᠡᠬᠦ ᠨᠢᠭᠡᠴᠡ ᠨᠢ ᠭᠤᠴᠢᠨ ᠡᠳᠦᠷ ᠤᠨ ᠡᠮᠦᠨ᠎ᠡ ᠠᠵᠢᠯᠴᠢᠨ ᠤ | ᠡᠪᠯᠡᠯ ᠪᠤᠶᠤ ᠪᠦᠬᠦ ᠠᠵᠢᠯᠳᠡᠨ ᠠᠵᠢᠯᠴᠢᠨ ᠳᠤ ᠪᠠᠶᠢᠳᠠᠯ ᠢᠶᠠᠨ ᠲᠤᠳᠤᠷᠬᠠᠢᠢᠯᠠᠨ ᠦᠭᠴᠤ᠂ ᠠᠵᠢᠯᠴᠢᠨ ᠤ ᠡᠪᠯᠠᠯ | ᠪᠤᠶᠤ ᠠᠵᠢᠯᠳᠡᠨ ᠠᠵᠢᠯᠴᠢᠨ ᠤ ᠰᠠᠨᠠᠯ ᠢ ᠰᠤᠨᠤᠰᠴᠤ᠂ ᠬᠦᠮᠦᠨ ᠬᠠᠰᠤᠬᠤ ᠲᠦᠰᠦᠯ ᠢᠶᠠᠨ ᠬᠦᠳᠡᠯᠮᠤᠷᠢ ᠶᠢᠨ ᠵᠠᠰᠠᠬ | ᠵᠠᠬᠢᠷᠭᠠᠨ ᠤ ᠰᠠᠯᠠᠭ᠎ᠠ ᠮᠦᠴᠢᠷ ᠲᠤ ᠮᠡᠳᠡᠭᠦᠯᠦᠭᠰᠡᠨ ᠤ ᠲᠠᠷᠠᠭ᠎ᠠ ᠬᠦᠮᠦᠨ ᠬᠠᠰᠤᠵᠤ ᠪᠤᠯᠤᠨ᠎ᠠ᠄ | ︵ᠨᠢᠭᠡ︶ ᠠᠵᠤ ᠠᠬᠤᠢᠢᠯᠠᠯ ᠤᠨ ᠲᠠᠮᠫᠤᠷᠠᠯ ᠤᠨ ᠬᠠᠤᠯᠢ ᠶᠢᠨ ᠲᠤᠬᠳᠠᠭᠠᠯ ᠶᠤᠰᠤᠭᠠᠷ ᠲᠠᠬᠢᠨ ᠴᠡᠭᠴᠡᠯᠡᠯᠳᠡ | ᠬᠢᠭᠰᠡᠨ︔ | ︵ᠬᠤᠶᠠᠷ︶ ᠦᠢᠯᠡᠳᠪᠤᠷᠢᠯᠡᠯ ᠡᠵᠡᠩᠨᠡᠯᠳᠡ ᠶᠢᠨ ᠪᠠᠶᠢᠳᠠᠯ ᠳᠤ ᠬᠦᠨᠳᠤ ᠨᠤᠴᠢᠳᠠᠢ ᠬᠦᠴᠢᠷᠳᠡᠯ | ᠲᠤᠯᠭᠠᠷᠠᠬᠰᠠᠨ︔ | ︵ᠭᠤᠷᠪᠠ︶ ᠠᠵᠤ ᠠᠬᠤᠢᠢᠯᠠᠯ ᠦᠢᠯᠡᠳᠪᠤᠷᠢᠯᠡᠯ ᠢᠶᠠᠨ ᠬᠤᠪᠢᠷᠠᠭᠤᠯᠵᠤ᠂ ᠴᠢᠬᠤᠯᠠ ᠶᠡᠭᠡ ᠮᠡᠷᠭᠡᠵᠢᠯ ᠤᠨ | ᠰᠢᠨᠡᠴᠢᠯᠡᠯᠳᠡ ᠬᠢᠬᠦ ᠪᠤᠶᠤ ᠡᠵᠡᠩᠨᠡᠯᠳᠡ ᠶᠢᠨ ᠠᠷᠭ᠎ᠠ ᠮᠠᠶ᠋ᠢᠬ ᠢᠶᠠᠨ ᠬᠤᠪᠢᠷᠠᠭᠤᠯᠵᠤ᠂ ᠬᠦᠳᠡᠯᠮᠤᠷᠢ ᠶᠢᠨ ᠭᠡᠷ᠎ᠡ ᠶᠢ | ᠬᠤᠪᠢᠷᠠᠭᠤᠯᠤᠬᠰᠠᠨ ᠤ ᠲᠠᠷᠠᠭ᠎ᠠ᠂ ᠮᠦᠨ ᠬᠦᠮᠦᠨ ᠬᠠᠰᠤᠬᠤ ᠴᠢᠬᠤᠯᠠ ᠲᠠᠢ ᠪᠤᠯᠤᠬᠰᠠᠨ︔ | ︵ᠲᠦᠷᠪᠡ︶ ᠬᠦᠳᠡᠯᠮᠤᠷᠢ ᠶᠢᠨ ᠭᠡᠷ᠎ᠡ ᠶᠢ ᠲᠤᠬᠳᠠᠬᠤ ᠦᠶ᠎ᠡ ᠳᠤ ᠦᠨᠳᠦᠰᠦᠯᠡᠯ ᠪᠤᠯᠭᠠᠬᠰᠠᠨ ᠪᠤᠰᠤᠳᠴᠢ | ᠠᠵᠤ ᠠᠬᠤᠢ ᠶᠢᠨ ᠪᠠᠶᠢᠳᠠᠯ ᠳᠤ ᠴᠢᠬᠤᠯᠠ ᠶᠡᠭᠡ ᠬᠤᠪᠢᠷᠠᠯᠳᠠ ᠭᠠᠷᠤᠬᠰᠠᠨ ᠠᠴᠠ ᠪᠤᠯᠵᠤ ᠬᠦᠳᠡᠯᠮᠤᠷᠢ ᠶᠢᠨ ᠭᠡᠷ᠎ᠡ ᠶᠢ | ᠬᠡᠷᠡᠭᠵᠢᠭᠦᠯᠬᠦ ᠠᠷᠭ᠎ᠠ ᠦᠭᠡᠢ ᠪᠤᠯᠤᠬᠰᠠᠨ ᠪᠤᠰᠤᠳ ᠪᠠᠶᠢᠳᠠᠯ᠃ | ᠬᠦᠮᠦᠨ ᠬᠠᠰᠤᠬᠤ ᠦᠶ᠎ᠡ ᠳᠤ ᠲᠤᠤᠷᠠᠬᠢ ᠬᠦᠮᠦᠰ ᠢ ᠤᠷᠢᠳᠠᠪᠡᠷ ᠦᠯᠡᠳᠡᠭᠡᠨ ᠬᠡᠷᠡᠭᠯᠡᠬᠦ ᠬᠡᠷᠡᠭᠳᠠᠢ᠄ | ︵ᠨᠢᠭᠡ︶ ᠲᠤᠰ ᠨᠢᠭᠡᠴᠡ ᠲᠠᠢ ᠨᠡᠯᠢᠶᠡᠳ ᠤᠷᠳᠤ ᠬᠤᠭᠤᠴᠠᠭᠠᠨ ᠤ ᠲᠤᠬᠳᠠᠮᠠᠯ ᠬᠤᠭᠤᠴᠠᠭ᠎ᠠ ᠲᠠᠢ | ᠬᠦᠳᠡᠯᠮᠤᠷᠢ ᠶᠢᠨ ᠭᠡᠷ᠎ᠡ ᠲᠤᠬᠳᠠᠬᠰᠠᠨ︔ | ︵ᠬᠤᠶᠠᠷ︶ ᠲᠤᠰ ᠨᠢᠭᠡᠴᠡ ᠲᠠᠢ ᠲᠤᠬᠳᠠᠮᠠᠯ ᠪᠤᠰᠤ ᠬᠤᠭᠤᠴᠠᠭᠠᠨ ᠤ ᠬᠦᠳᠡᠯᠮᠤᠷᠢ ᠶᠢᠨ ᠭᠡᠷ᠎ᠡ ᠲᠤᠬᠳᠠᠬᠰᠠᠨ︔ | ︵ᠭᠤᠷᠪᠠ︶ ᠭᠡᠷ ᠪᠦᠯᠢ ᠳᠤᠨᠢ ᠤᠨᠳᠤᠤ ᠠᠵᠢᠯ ᠲᠠᠢ ᠬᠦᠮᠦᠨ ᠪᠠᠶᠢᠬᠤ ᠦᠭᠡᠢ᠂ ᠠᠰᠠᠷᠠᠨ ᠲᠡᠵᠢᠭᠡᠬᠦ | ᠨᠠᠰᠤᠳᠡᠨ ᠪᠤᠶᠤ ᠨᠠᠰᠤᠨ ᠳᠤ ᠦᠯᠦ ᠬᠦᠷᠦᠭᠰᠡᠳ ᠪᠠᠶᠢᠬᠤ︔ | ᠬᠦᠮᠦᠨ ᠬᠡᠷᠡᠭᠯᠡᠬᠦ ᠨᠢᠭᠡᠴᠡ ᠲᠤᠰ ᠵᠦᠢᠯ ᠤᠨ ᠨᠢᠭᠡᠳᠤᠭᠡᠷ ᠪᠠᠳᠠᠬ ᠤᠨ ᠲᠤᠬᠳᠠᠭᠠᠯ ᠶᠤᠰᠤᠭᠠᠷ ᠬᠦᠮᠦᠨ | ᠬᠠᠰᠤᠭᠠᠳ᠂ ᠵᠢᠷᠭᠤᠭᠠᠨ ᠰᠠᠷ᠎ᠠ ᠶᠢᠨ ᠲᠤᠳᠤᠷ᠎ᠠ ᠰᠢᠨ᠎ᠡ ᠪᠠᠷ ᠬᠦᠮᠦᠨ ᠡᠯᠰᠡᠵᠤ ᠬᠡᠷᠡᠭᠯᠡᠪᠡᠯ᠂ ᠬᠠᠰᠤᠬᠳᠠᠬᠰᠠᠨ | ᠬᠦᠮᠦᠰ ᠲᠤ ᠮᠡᠳᠡᠭᠳᠡᠬᠦ ᠬᠡᠷᠡᠭᠳᠠᠢ ᠪᠦᠭᠡᠳ ᠠᠳᠠᠯᠢᠬᠠᠨ ᠨᠦᠬᠦᠴᠡᠯ ᠤᠨ ᠲᠤᠤᠷ᠎ᠠ ᠬᠠᠰᠤᠬᠳᠠᠬᠰᠠᠨ ᠬᠦᠮᠦᠰ ᠢ | ᠤᠷᠢᠳᠠᠪᠡᠷ ᠡᠯᠰᠡᠵᠤ ᠬᠡᠷᠡᠭᠯᠡᠬᠦ ᠬᠡᠷᠡᠭᠳᠠᠢ᠃ | ᠲᠦᠴᠢᠨ ᠬᠤᠶᠠᠳᠤᠭᠠᠷ ᠵᠦᠢᠯ ᠬᠦᠳᠡᠯᠮᠤᠷᠢᠴᠢᠨ ᠳᠤ ᠲᠤᠤᠷ᠎ᠠ ᠵᠢᠬᠰᠠᠭᠠᠬᠰᠠᠨ ᠪᠠᠶᠢᠳᠠᠯ ᠤᠳ ᠤᠨ ᠨᠢᠭᠡ ᠨᠢ | ᠪᠠᠶᠢᠪᠠᠯ᠂ ᠬᠦᠮᠦᠨ ᠬᠡᠷᠡᠭᠯᠡᠬᠦ ᠨᠢᠭᠡᠴᠡ ᠨᠢ ᠲᠤᠰ ᠬᠠᠤᠯᠢ ᠶᠢᠨ ᠲᠦᠴᠢᠳᠦᠭᠡᠷ ᠵᠦᠢᠯ᠂ ᠲᠦᠴᠢᠨ ᠨᠢᠭᠡᠳᠤᠭᠡᠷ | ᠵᠦᠢᠯ ᠤᠨ ᠲᠤᠬᠳᠠᠭᠠᠯ ᠶᠤᠰᠤᠭᠠᠷ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠵᠤ ᠪᠤᠯᠬᠤ ᠦᠭᠡᠢ᠄ | ︵ᠨᠢᠭᠡ︶ ᠠᠵᠢᠯ ᠤᠨ ᠨᠦᠯᠦᠭᠡᠨ ᠤ ᠡᠪᠡᠳᠴᠢᠨ ᠤ ᠬᠤᠤᠷ ᠬᠦᠨᠦᠭᠡᠯ ᠲᠠᠢ ᠠᠵᠢᠯ ᠬᠢᠵᠤ ᠪᠠᠶᠢᠬᠰᠠᠨ | ᠬᠦᠳᠡᠯᠮᠤᠷᠢᠴᠢᠨ ᠠᠵᠢᠯ ᠤᠨ ᠪᠠᠶᠢᠷᠢ ᠠᠴᠠ ᠰᠠᠯᠬᠤ ᠠᠴᠠ ᠡᠮᠦᠨ᠎ᠡ ᠠᠵᠢᠯ ᠮᠡᠷᠭᠡᠵᠢᠯ ᠤᠨ ᠡᠷᠡᠭᠦᠯ ᠮᠡᠨᠳᠤ ᠶᠢᠨ | ᠪᠠᠶᠢᠴᠠᠭᠠᠯᠳᠠ ᠦᠯᠦ ᠬᠢᠭᠰᠡᠨ᠂ ᠡᠰᠡᠭᠦᠯ᠎ᠡ ᠠᠵᠢᠯ ᠤᠨ ᠨᠦᠯᠦᠭᠡᠨ ᠤ ᠡᠪᠡᠳᠴᠢᠨ ᠤ ᠰᠡᠵᠢᠭᠯᠡᠯᠳᠠᠢ ᠡᠪᠡᠳᠴᠢᠳᠡᠨ | ᠤᠨᠤᠰᠢᠯᠠᠭᠤᠯᠬᠤ ᠪᠤᠶᠤ ᠠᠨᠠᠭᠠᠬᠤ ᠤᠬᠠᠭᠠᠨ ᠤ ᠠᠵᠢᠬᠯᠠᠯᠳᠠ ᠬᠢᠯᠭᠡᠬᠦ ᠬᠤᠭᠤᠴᠠᠭᠠᠨ ᠳᠤ ᠪᠠᠶᠢᠬᠤ︔ | ︵ᠬᠤᠶᠠᠷ︶ ᠲᠤᠰ ᠨᠢᠭᠡᠴᠡ ᠳᠤ ᠠᠵᠢᠯ ᠤᠨ ᠨᠦᠯᠦᠭᠡᠨ ᠤ ᠡᠪᠡᠳᠴᠢᠨ ᠤᠯᠤᠬᠰᠠᠨ ᠪᠤᠶᠤ ᠠᠵᠢᠯ ᠤᠨ | ᠬᠠᠷᠠᠭ᠎ᠠ ᠪᠠᠷ ᠰᠢᠷᠬᠠᠳᠤᠭᠠᠳ ᠬᠦᠳᠡᠯᠮᠤᠷᠢᠯᠡᠬᠦ ᠴᠢᠳᠠᠪᠤᠷᠢ ᠪᠠᠨ ᠠᠯᠳᠠᠬᠰᠠᠨ ᠪᠤᠶᠤ ᠬᠡᠰᠡᠭ ᠲᠠᠯ᠎ᠠ ᠪᠠᠷ ᠠᠯᠳᠠᠬᠰᠠᠨ | ᠬᠡᠵᠤ ᠲᠤᠳᠤᠯᠠᠬᠳᠠᠬᠰᠠᠨ︔ | ︵ᠭᠤᠷᠪᠠ︶ ᠡᠪᠡᠳᠴᠢᠯᠡᠭᠰᠡᠨ ᠪᠤᠶᠤ ᠠᠵᠢᠯ ᠤᠨ ᠪᠤᠰᠤ ᠰᠢᠯᠳᠠᠭᠠᠨ ᠢᠶᠠᠷ ᠰᠢᠷᠬᠠᠳᠤᠭᠠᠳ ᠲᠤᠬᠳᠠᠬᠰᠠᠨ | ᠡᠮᠴᠢᠯᠡᠭᠦᠯᠬᠦ ᠬᠤᠭᠤᠴᠠᠭᠠᠨ ᠳᠤ ᠪᠠᠶᠢᠬᠤ︔ | ︵ᠲᠦᠷᠪᠡ︶ ᠡᠮᠡᠭᠳᠠᠢ ᠠᠵᠢᠯᠳᠡᠨ ᠠᠵᠢᠯᠴᠢᠨ ᠵᠢᠷᠮᠤᠰᠤᠨ ᠬᠤᠭᠤᠴᠠᠭ᠎ᠠ᠂ ᠬᠦᠡᠭᠭᠡᠵᠢᠬᠦ ᠬᠤᠭᠤᠴᠠᠭ᠎ᠠ᠂ | ᠬᠦᠬᠦᠯᠬᠦ ᠬᠤᠭᠤᠴᠠᠭᠠᠨ ᠳᠤ ᠪᠠᠶᠢᠬᠤ︔ | ︵ᠲᠠᠪᠤ︶ ᠲᠤᠰ ᠨᠢᠭᠡᠴᠡ ᠳᠤ ᠠᠷᠪᠠᠨ ᠲᠠᠪᠤᠨ ᠵᠢᠯ ᠦᠷᠭᠦᠯᠵᠢᠯᠡᠨ ᠠᠵᠢᠯᠯᠠᠬᠰᠠᠨ ᠪᠦᠭᠡᠳ ᠬᠠᠤᠯᠢ ᠪᠠᠷ | ᠲᠤᠬᠳᠠᠭᠠᠬᠰᠠᠨ ᠠᠵᠢᠯ ᠠᠴᠠ ᠪᠠᠨ ᠠᠮᠠᠷᠠᠬᠤ ᠨᠠᠰᠤᠨ ᠳᠤ ᠬᠦᠷᠳᠡᠯ᠎ᠡ ᠲᠠᠪᠤᠨ ᠵᠢᠯ ᠬᠦᠷᠬᠦ ᠦᠭᠡᠢ ᠪᠠᠶᠢᠬᠤ︔ | ︵ᠵᠢᠷᠭᠤᠭ᠎ᠠ︶ ᠬᠠᠤᠯᠢ ᠴᠠᠭᠠᠵᠠ᠂ ᠵᠠᠰᠠᠬ ᠵᠠᠬᠢᠷᠭᠠᠨ ᠤ ᠬᠠᠤᠯᠢ ᠲᠤᠬᠳᠠᠭᠠᠯ ᠳᠤ ᠲᠤᠬᠳᠠᠭᠠᠬᠰᠠᠨ ᠪᠤᠰᠤᠳ | ᠪᠠᠶᠢᠳᠠᠯ ᠤᠳ᠃ | ᠲᠦᠴᠢᠨ ᠭᠤᠷᠪᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠭᠠᠭᠴᠠ ᠲᠠᠯ᠎ᠠ ᠠᠴᠠ ᠬᠦᠳᠡᠯᠮᠤᠷᠢ ᠶᠢᠨ | ᠭᠡᠷ᠎ᠡ ᠶᠢ ᠬᠦᠴᠦᠨ ᠦᠭᠡᠢ ᠪᠤᠯᠭᠠᠬᠤ ᠳᠤ ᠤᠴᠢᠷ ᠰᠢᠯᠳᠠᠭᠠᠨ ᠢᠶᠠᠨ ᠠᠵᠢᠯᠴᠢᠨ ᠤ ᠡᠪᠯᠡᠯ ᠳᠤ ᠤᠷᠢᠳᠠᠪᠡᠷ ᠮᠡᠳᠡᠭᠦᠯᠬᠦ | ᠬᠡᠷᠡᠭᠳᠠᠢ᠃ ᠬᠦᠮᠦᠨ ᠬᠡᠷᠡᠭᠯᠡᠬᠦ ᠨᠢᠭᠡᠴᠡ ᠬᠠᠤᠯᠢ ᠴᠠᠭᠠᠵᠠ᠂ ᠵᠠᠰᠠᠬ ᠵᠠᠬᠢᠷᠭᠠᠨ ᠤ ᠬᠠᠤᠯᠢ ᠲᠤᠬᠳᠠᠭᠠᠯ ᠪᠤᠶᠤ | ᠬᠦᠳᠡᠯᠮᠤᠷᠢ ᠶᠢᠨ ᠭᠡᠷ᠎ᠡ ᠠᠴᠠ ᠵᠦᠷᠢᠴᠡᠭᠰᠡᠨ ᠪᠠᠶᠢᠪᠠᠯ᠂ ᠠᠵᠢᠯᠴᠢᠨ ᠤ ᠡᠪᠯᠡᠯ ᠬᠦᠮᠦᠨ ᠬᠡᠷᠡᠭᠯᠡᠬᠦ ᠨᠢᠭᠡᠴᠡ ᠶᠢ | ᠵᠠᠯᠠᠷᠠᠭᠤᠯᠤᠭᠤᠯᠬᠤ ᠪᠠᠷ ᠱᠠᠭᠠᠷᠳᠠᠬᠤ ᠡᠷᠬᠡ ᠲᠠᠢ᠃ ᠬᠦᠮᠦᠨ ᠬᠡᠷᠡᠭᠯᠡᠬᠦ ᠨᠢᠭᠡᠴᠡ ᠠᠵᠢᠯᠴᠢᠨ ᠤ ᠡᠪᠯᠡᠯ ᠤᠨ ᠰᠠᠨᠠᠯ ᠢ | ᠰᠤᠳᠤᠯᠬᠤ ᠬᠡᠷᠡᠭᠳᠠᠢ ᠪᠦᠭᠡᠳ ᠰᠢᠢᠳᠪᠤᠷᠢᠯᠡᠭᠰᠡᠨ ᠳ᠋ᠦᠩ ᠢᠶᠠᠨ ᠠᠵᠢᠯᠴᠢᠨ ᠤ ᠡᠪᠯᠡᠯ ᠳᠤ ᠪᠢᠴᠢᠭ ᠢᠶᠠᠷ ᠮᠡᠳᠡᠭᠳᠡᠬᠦ | ᠬᠡᠷᠡᠭᠳᠠᠢ᠃ | ᠲᠦᠴᠢᠨ ᠲᠦᠷᠪᠡᠳᠦᠭᠡᠷ ᠵᠦᠢᠯ ᠲᠤᠤᠷ᠎ᠠ ᠵᠢᠬᠰᠠᠭᠠᠬᠰᠠᠨ ᠪᠠᠶᠢᠳᠠᠯ ᠤᠳ ᠤᠨ ᠨᠢᠭᠡ ᠨᠢ ᠪᠠᠶᠢᠪᠠᠯ᠂ | ᠬᠦᠳᠡᠯᠮᠤᠷᠢ ᠶᠢᠨ ᠭᠡᠷ᠎ᠡ ᠶᠢ ᠲᠠᠭᠤᠰᠬᠠᠨ᠎ᠠ᠄ | ︵ᠨᠢᠭᠡ︶ ᠬᠦᠳᠡᠯᠮᠤᠷᠢ ᠶᠢᠨ ᠭᠡᠷ᠎ᠡ ᠶᠢᠨ ᠬᠤᠭᠤᠴᠠᠭ᠎ᠠ ᠨᠢ ᠲᠦᠭᠦᠷᠦᠭᠰᠡᠨ︔ | ︵ᠬᠤᠶᠠᠷ︶ ᠬᠦᠳᠡᠯᠮᠤᠷᠢᠴᠢᠨ ᠦᠨᠳᠦᠰᠦᠨ ᠨᠠᠰᠤᠵᠢᠯ ᠤᠨ ᠲᠠᠭᠠᠳᠬᠠᠯ ᠤᠨ ᠬᠠᠷᠠᠭᠠᠯᠵᠠᠯ ᠢ ᠬᠠᠤᠯᠢ | ᠶᠤᠰᠤᠭᠠᠷ ᠬᠦᠷᠳᠡᠵᠤ ᠡᠬᠢᠯᠡᠭᠰᠡᠨ︔ | ︵ᠭᠤᠷᠪᠠ︶ ᠬᠦᠳᠡᠯᠮᠤᠷᠢᠴᠢᠨ ᠦᠬᠦᠭᠰᠡᠨ᠂ ᠡᠰᠡᠭᠦᠯ᠎ᠡ ᠠᠷᠠᠳ ᠤᠨ ᠰᠢᠭᠦᠬᠦ ᠬᠤᠷᠢᠶᠠᠨ ᠠᠴᠠ | ᠬᠦᠳᠡᠯᠮᠤᠷᠢᠴᠢᠨ ᠢ ᠦᠭᠦᠭᠰᠡᠨ ᠪᠤᠶᠤ ᠰᠤᠷᠠᠬ ᠦᠭᠡᠢ ᠪᠤᠯᠤᠬᠰᠠᠨ ᠭᠡᠵᠤ ᠨᠡᠶᠢᠳᠡᠯᠡᠭᠰᠡᠨ︔ | ︵ᠲᠦᠷᠪᠡ︶ ᠬᠦᠮᠦᠨ ᠬᠡᠷᠡᠭᠯᠡᠬᠦ ᠨᠢᠭᠡᠴᠡ ᠲᠠᠮᠫᠤᠷᠠᠬᠰᠠᠨ ᠭᠡᠵᠤ ᠬᠠᠤᠯᠢ ᠶᠤᠰᠤᠭᠠᠷ ᠨᠡᠶᠢᠳᠡᠯᠡᠭᠰᠡᠨ︔ | ︵ᠲᠠᠪᠤ︶ ᠬᠦᠮᠦᠨ ᠬᠡᠷᠡᠭᠯᠡᠬᠦ ᠨᠢᠭᠡᠴᠡ ᠡᠵᠡᠩᠨᠡᠯᠳᠡ ᠶᠢᠨ ᠦᠨᠡᠮᠯᠡᠯ ᠢᠶᠠᠨ ᠬᠤᠷᠢᠶᠠᠬᠳᠠᠨ ᠬᠦᠴᠦᠨ ᠦᠭᠡᠢ | ᠪᠤᠯᠭᠠᠬᠳᠠᠬᠰᠠᠨ᠂ ᠵᠠᠷᠯᠢᠬ ᠢᠶᠠᠷ ᠡᠭᠦᠳᠡ ᠪᠠᠨ ᠬᠠᠭᠠᠯᠭᠠᠬᠳᠠᠬᠰᠠᠨ᠂ ᠬᠦᠴᠦᠨ ᠦᠭᠡᠢ ᠪᠤᠯᠭᠠᠬᠳᠠᠬᠰᠠᠨ ᠪᠤᠶᠤ | ᠬᠦᠮᠦᠨ ᠬᠡᠷᠡᠭᠯᠡᠬᠦ ᠨᠢᠭᠡᠴᠡ ᠶᠢ ᠤᠷᠢᠳᠴᠢᠯᠠᠨ ᠲᠠᠷᠬᠠᠭᠠᠬᠤ ᠪᠠᠷ ᠲᠤᠬᠳᠠᠭᠠᠬᠰᠠᠨ︔ | ︵ᠵᠢᠷᠭᠤᠭ᠎ᠠ︶ ᠬᠠᠤᠯᠢ ᠴᠠᠭᠠᠵᠠ᠂ ᠵᠠᠰᠠᠬ ᠵᠠᠬᠢᠷᠭᠠᠨ ᠤ ᠬᠠᠤᠯᠢ ᠲᠤᠬᠳᠠᠭᠠᠯ ᠳᠤ ᠲᠤᠬᠳᠠᠭᠠᠬᠰᠠᠨ ᠪᠤᠰᠤᠳ | ᠪᠠᠶᠢᠳᠠᠯ ᠤᠳ᠃ | ᠲᠦᠴᠢᠨ ᠲᠠᠪᠤᠳᠤᠭᠠᠷ ᠵᠦᠢᠯ ᠬᠦᠳᠡᠯᠮᠤᠷᠢ ᠶᠢᠨ ᠭᠡᠷ᠎ᠡ ᠶᠢᠨ ᠬᠤᠭᠤᠴᠠᠭ᠎ᠠ ᠨᠢ ᠲᠦᠭᠦᠷᠴᠤ᠂ ᠲᠤᠰ | ᠬᠠᠤᠯᠢ ᠶᠢᠨ ᠲᠦᠴᠢᠨ ᠬᠤᠶᠠᠳᠤᠭᠠᠷ ᠵᠦᠢᠯ ᠳᠤ ᠲᠤᠬᠳᠠᠭᠠᠬᠰᠠᠨ ᠪᠠᠶᠢᠳᠠᠯ ᠤᠳ ᠤᠨ ᠨᠢᠭᠡ ᠨᠢ ᠪᠠᠶᠢᠪᠠᠯ᠂ | ᠬᠦᠳᠡᠯᠮᠤᠷᠢ ᠶᠢᠨ ᠭᠡᠷ᠎ᠡ ᠶᠢ ᠵᠤᠬᠢᠴᠠᠩᠭᠤᠢ ᠪᠠᠶᠢᠳᠠᠯ ᠦᠭᠡᠢ ᠪᠤᠯᠬᠤ ᠪᠤᠯᠳᠠᠯ᠎ᠠ ᠦᠷᠭᠦᠯᠵᠢᠯᠡᠭᠦᠯᠤᠭᠡᠳ ᠲᠠᠭᠤᠰᠬᠠᠬᠤ | ᠬᠡᠷᠡᠭᠳᠠᠢ᠃ ᠭᠡᠪᠡᠴᠤ ᠲᠤᠰ ᠬᠠᠤᠯᠢ ᠶᠢᠨ ᠲᠦᠴᠢᠨ ᠬᠤᠶᠠᠳᠤᠭᠠᠷ ᠵᠦᠢᠯ ᠤᠨ ᠬᠤᠶᠠᠳᠤᠭᠠᠷ ᠵᠤᠷᠪᠤᠰ ᠲᠤ | ᠲᠤᠬᠳᠠᠭᠠᠬᠰᠠᠨ ᠬᠦᠳᠡᠯᠮᠤᠷᠢᠯᠡᠬᠦ ᠴᠢᠳᠠᠪᠤᠷᠢ ᠪᠠᠨ ᠠᠯᠳᠠᠬᠰᠠᠨ ᠪᠤᠶᠤ ᠬᠡᠰᠡᠭ ᠲᠠᠯ᠎ᠠ ᠪᠠᠷ ᠠᠯᠳᠠᠬᠰᠠᠨ | ᠬᠦᠳᠡᠯᠮᠤᠷᠢᠴᠢᠨ ᠤ ᠬᠦᠳᠡᠯᠮᠤᠷᠢ ᠶᠢᠨ ᠭᠡᠷ᠎ᠡ ᠶᠢ ᠲᠠᠭᠤᠰᠬᠠᠬᠤ ᠳᠤ᠂ ᠤᠯᠤᠰ ᠤᠨ ᠬᠤᠯᠪᠤᠬᠳᠠᠯ ᠪᠦᠬᠦᠢ ᠠᠵᠢᠯ ᠠᠴᠠ | ᠪᠤᠯᠤᠬᠰᠠᠨ ᠭᠡᠮᠳᠤᠯ ᠤᠨ ᠲᠠᠭᠠᠳᠬᠠᠯ ᠤᠨ ᠲᠤᠬᠳᠠᠭᠠᠯ ᠶᠤᠰᠤᠭᠠᠷ ᠬᠡᠷᠡᠭᠵᠢᠭᠦᠯᠤᠨ᠎ᠡ᠃ | ᠲᠦᠴᠢᠨ ᠵᠢᠷᠭᠤᠳᠤᠭᠠᠷ ᠵᠦᠢᠯ ᠲᠤᠤᠷ᠎ᠠ ᠵᠢᠬᠰᠠᠭᠠᠬᠰᠠᠨ ᠪᠠᠶᠢᠳᠠᠯ ᠤᠳ ᠤᠨ ᠨᠢᠭᠡ ᠨᠢ ᠪᠠᠶᠢᠪᠠᠯ᠂ ᠬᠦᠮᠦᠨ | ᠬᠡᠷᠡᠭᠯᠡᠬᠦ ᠨᠢᠭᠡᠴᠡ ᠬᠦᠳᠡᠯᠮᠤᠷᠢᠴᠢᠨ ᠳᠤ ᠠᠵᠤ ᠠᠬᠤᠢ ᠶᠢᠨ ᠨᠦᠬᠦᠪᠤᠷᠢ ᠦᠭᠬᠦ ᠬᠡᠷᠡᠭᠳᠠᠢ᠄ | ︵ᠨᠢᠭᠡ︶ ᠬᠦᠳᠡᠯᠮᠤᠷᠢᠴᠢᠨ ᠲᠤᠰ ᠬᠠᠤᠯᠢ ᠶᠢᠨ ᠭᠤᠴᠢᠨ ᠨᠠᠢᠮᠠᠳᠤᠭᠠᠷ ᠵᠦᠢᠯ ᠤᠨ ᠲᠤᠬᠳᠠᠭᠠᠯ ᠶᠤᠰᠤᠭᠠᠷ | ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠰᠠᠨ︔ | ︵ᠬᠤᠶᠠᠷ︶ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠭᠤᠴᠢᠨ ᠵᠢᠷᠭᠤᠳᠤᠭᠠᠷ ᠵᠦᠢᠯ ᠤᠨ ᠲᠤᠬᠳᠠᠭᠠᠯ | ᠶᠤᠰᠤᠭᠠᠷ ᠬᠦᠳᠡᠯᠮᠤᠷᠢᠴᠢᠨ ᠳᠤ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ ᠪᠠᠷ ᠲᠤᠷᠠᠳᠤᠬᠰᠠᠨ ᠪᠦᠭᠡᠳ | ᠬᠦᠳᠡᠯᠮᠤᠷᠢᠴᠢᠨ ᠲᠠᠢ ᠵᠦᠪᠳᠡᠯᠴᠡᠨ ᠰᠠᠨᠠᠯ ᠨᠢᠭᠡᠳᠴᠤ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠰᠠᠨ︔ | ︵ᠭᠤᠷᠪᠠ︶ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠲᠦᠴᠢᠳᠦᠭᠡᠷ ᠵᠦᠢᠯ ᠤᠨ ᠲᠤᠬᠳᠠᠭᠠᠯ | ᠶᠤᠰᠤᠭᠠᠷ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠰᠠᠨ︔ | ︵ᠳᠥᠷᠪᠡ︶ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠲᠦᠴᠢᠨ ᠨᠢᠭᠡᠳᠤᠭᠡᠷ ᠵᠦᠢᠯ ᠤᠨ ᠨᠢᠭᠡᠳᠤᠭᠡᠷ | ᠪᠠᠳᠠᠬ ᠤᠨ ᠲᠤᠬᠳᠠᠭᠠᠯ ᠶᠤᠰᠤᠭᠠᠷ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠰᠠᠨ︔ | ︵ᠲᠠᠪᠤ︶ ᠬᠦᠮᠦᠨ ᠬᠡᠷᠡᠭᠯᠡᠬᠦ ᠨᠢᠭᠡᠴᠡ ᠬᠦᠳᠡᠯᠮᠤᠷᠢ ᠶᠢᠨ ᠭᠡᠷ᠎ᠡ ᠳᠤ ᠪᠤᠯᠵᠤᠨ ᠲᠤᠬᠳᠠᠬᠰᠠᠨ ᠨᠦᠬᠦᠴᠡᠯ ᠢ | ᠲᠡᠷᠡ ᠶᠠᠩᠵᠤ ᠪᠠᠷ ᠨᠢ ᠪᠠᠶᠢᠯᠭᠠᠬᠤ ᠪᠤᠶᠤ ᠲᠡᠭᠡᠭᠰᠢᠯᠡᠭᠦᠯᠤᠭᠡᠳ ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ | ᠲᠤᠬᠳᠠᠭᠠᠬᠰᠠᠨ᠂ ᠬᠦᠳᠡᠯᠮᠤᠷᠢᠴᠢᠨ ᠦᠷᠭᠦᠯᠵᠢᠯᠡᠨ ᠲᠤᠬᠳᠠᠭᠠᠬᠤ ᠶᠢ ᠦᠯᠦ ᠵᠦᠪᠰᠢᠶᠡᠷᠡᠭᠰᠡᠨ ᠪᠠᠶᠢᠳᠠᠯ ᠠᠴᠠ | ᠭᠠᠳᠠᠨ᠎ᠠ᠂ ᠲᠤᠰ ᠬᠠᠤᠯᠢ ᠶᠢᠨ ᠲᠦᠴᠢᠨ ᠲᠦᠷᠪᠡᠳᠦᠭᠡᠷ ᠵᠦᠢᠯ ᠤᠨ ᠨᠢᠭᠡᠳᠤᠭᠡᠷ ᠵᠤᠷᠪᠤᠰ ᠤᠨ ᠲᠤᠬᠳᠠᠭᠠᠯ ᠶᠤᠰᠤᠭᠠᠷ | ᠲᠤᠬᠳᠠᠮᠠᠯ ᠬᠤᠭᠤᠴᠠᠭ᠎ᠠ ᠲᠠᠢ ᠬᠦᠳᠡᠯᠮᠤᠷᠢ ᠶᠢᠨ ᠭᠡᠷ᠎ᠡ ᠶᠢ ᠲᠠᠭᠤᠰᠬᠠᠬᠰᠠᠨ︔ | ︵ᠵᠢᠷᠭᠤᠭ᠎ᠠ︶ ᠲᠤᠰ ᠬᠠᠤᠯᠢ ᠶᠢᠨ ᠲᠦᠴᠢᠨ ᠲᠦᠷᠪᠡᠳᠦᠭᠡᠷ ᠵᠦᠢᠯ ᠤᠨ ᠲᠦᠷᠪᠡᠳᠦᠭᠡᠷ ᠵᠤᠷᠪᠤᠰ᠂ | ᠲᠠᠪᠤᠳᠤᠭᠠᠷ ᠵᠤᠷᠪᠤᠰ ᠤᠨ ᠲᠤᠬᠳᠠᠭᠠᠯ ᠶᠤᠰᠤᠭᠠᠷ ᠬᠦᠳᠡᠯᠮᠤᠷᠢ ᠶᠢᠨ ᠭᠡᠷ᠎ᠡ ᠶᠢ ᠲᠠᠭᠤᠰᠬᠠᠬᠰᠠᠨ︔ | ︵ᠲᠤᠯᠤᠭ᠎ᠠ︶ ᠬᠠᠤᠯᠢ ᠴᠠᠭᠠᠵᠠ᠂ ᠵᠠᠰᠠᠬ ᠵᠠᠬᠢᠷᠭᠠᠨ ᠤ ᠲᠦᠷᠢᠮ ᠲᠤᠬᠳᠠᠭᠠᠯ ᠳᠤ ᠲᠤᠬᠳᠠᠭᠠᠬᠰᠠᠨ ᠪᠤᠰᠤᠳ | ᠪᠠᠶᠢᠳᠠᠯ ᠤᠳ᠃ | ᠲᠦᠴᠢᠨ ᠲᠤᠯᠤᠳᠤᠭᠠᠷ ᠵᠦᠢᠯ ᠠᠵᠤ ᠠᠬᠤᠢ ᠶᠢᠨ ᠨᠦᠬᠦᠪᠤᠷᠢ ᠶᠢ ᠪᠤᠯ ᠬᠦᠳᠡᠯᠮᠤᠷᠢᠴᠢᠨ ᠤ ᠲᠤᠰ | ᠨᠢᠭᠡᠴᠡ ᠳᠤ ᠠᠵᠢᠯᠯᠠᠬᠰᠠᠨ ᠵᠢᠯ ᠬᠤᠭᠤᠴᠠᠭ᠎ᠠ ᠪᠠᠷ ᠨᠢ ᠪᠦᠬᠦᠯᠢ ᠨᠢᠭᠡ ᠵᠢᠯ ᠪᠤᠯᠬᠤ ᠪᠦᠷᠢ ᠨᠢᠭᠡ ᠰᠠᠷ᠎ᠠ ᠶᠢᠨ ᠴᠠᠯᠢᠩ | ᠤᠯᠭᠤᠬᠤ ᠪᠠᠷᠢᠮᠵᠢᠶ᠎ᠠ ᠪᠠᠷ ᠬᠦᠳᠡᠯᠮᠤᠷᠢᠴᠢᠨ ᠳᠤ ᠦᠭᠭᠦᠨ᠎ᠡ᠃ ᠵᠢᠷᠭᠤᠭᠠᠨ ᠰᠠᠷ᠎ᠠ ᠠᠴᠠ ᠲᠡᠭᠡᠭᠰᠢ ᠨᠢᠭᠡ ᠵᠢᠯ | ᠪᠤᠯᠤᠭᠠᠳᠤᠢ ᠪᠠᠶᠢᠪᠠᠯ᠂ ᠨᠢᠭᠡ ᠵᠢᠯ ᠢᠶᠠᠷ ᠪᠤᠳᠤᠨ᠎ᠠ᠃ ᠵᠢᠷᠭᠤᠭᠠᠨ ᠰᠠᠷ᠎ᠠ ᠪᠤᠯᠤᠭᠠᠳᠤᠢ ᠪᠠᠶᠢᠪᠠᠯ᠂ | ᠬᠦᠳᠡᠯᠮᠤᠷᠢᠴᠢᠨ ᠳᠤ ᠬᠠᠭᠠᠰ ᠰᠠᠷ᠎ᠠ ᠶᠢᠨ ᠴᠠᠯᠢᠩ ᠤᠨ ᠠᠵᠤ ᠠᠬᠤᠢ ᠶᠢᠨ ᠨᠦᠬᠦᠪᠤᠷᠢ ᠦᠭᠭᠦᠨ᠎ᠡ᠃ | ᠬᠦᠳᠡᠯᠮᠤᠷᠢᠴᠢᠨ ᠤ ᠰᠠᠷ᠎ᠠ ᠶᠢᠨ ᠴᠠᠯᠢᠩ ᠨᠢ ᠬᠦᠮᠦᠨ ᠬᠡᠷᠡᠭᠯᠡᠬᠦ ᠨᠢᠭᠡᠴᠡ ᠶᠢᠨ ᠰᠠᠭᠤᠭ᠎ᠠ ᠰᠢᠭᠤᠳ ᠬᠠᠷᠢᠶ᠎ᠠ | ᠬᠤᠳᠠ᠂ ᠲᠤᠭᠤᠷᠢᠬ ᠪᠦᠬᠦᠢ ᠬᠤᠳᠠ ᠶᠢᠨ ᠲᠡᠰ ᠤᠨ ᠠᠷᠠᠳ ᠤᠨ ᠵᠠᠰᠠᠬ ᠤᠨ ᠤᠷᠳᠤᠨ ᠤ ᠨᠡᠶᠢᠳᠡᠯᠡᠭᠰᠡᠨ ᠲᠤᠰ | ᠭᠠᠵᠠᠷ ᠤᠷᠤᠨ ᠤ ᠲᠦᠷᠦᠭᠦᠦ ᠵᠢᠯ ᠤᠨ ᠠᠵᠢᠯᠳᠡᠨ ᠠᠵᠢᠯᠴᠢᠨ ᠤ ᠰᠠᠷ᠎ᠠ ᠶᠢᠨ ᠲᠤᠮᠳᠠᠴᠢ ᠴᠠᠯᠢᠩ ᠤᠨ ᠭᠤᠷᠪᠠᠨ | ᠲᠠᠬᠢᠨ ᠠᠴᠠ ᠦᠨᠳᠦᠷ ᠪᠤᠯᠪᠠᠯ᠂ ᠲᠡᠭᠦᠨ ᠳᠤ ᠦᠭᠬᠦ ᠠᠵᠤ ᠠᠬᠤᠢ ᠶᠢᠨ ᠨᠦᠬᠦᠪᠤᠷᠢ ᠶᠢᠨ ᠪᠠᠷᠢᠮᠵᠢᠶ᠎ᠠ ᠨᠢ ᠠᠵᠢᠯᠳᠡᠨ | ᠠᠵᠢᠯᠴᠢᠨ ᠤ ᠰᠠᠷ᠎ᠠ ᠶᠢᠨ ᠲᠤᠮᠳᠠᠴᠢ ᠴᠠᠯᠢᠩ ᠤᠨ ᠭᠤᠷᠪᠠᠨ ᠲᠠᠬᠢᠨ ᠪᠤᠯᠤᠨ᠎ᠠ᠂ ᠲᠡᠭᠦᠨ ᠳᠤ ᠠᠵᠤ ᠠᠬᠤᠢ ᠶᠢᠨ | ᠨᠦᠬᠦᠪᠤᠷᠢ ᠦᠭᠬᠦ ᠵᠢᠯ ᠬᠤᠭᠤᠴᠠᠭ᠎ᠠ ᠨᠢ ᠬᠠᠮᠤᠬ ᠤᠷᠳᠤ ᠳᠠᠭᠠᠨ ᠠᠷᠪᠠᠨ ᠬᠤᠶᠠᠷ ᠵᠢᠯ ᠠᠴᠠ ᠬᠡᠳᠦᠷᠡᠬᠦ ᠦᠭᠡᠢ᠃ | ᠲᠤᠰ ᠵᠦᠢᠯ ᠳᠤ ᠬᠡᠯᠡᠵᠤ ᠪᠠᠶᠢᠭ᠎ᠠ ᠰᠠᠷ᠎ᠠ ᠶᠢᠨ ᠴᠠᠯᠢᠩ ᠭᠡᠳᠡᠭ ᠨᠢ ᠬᠦᠳᠡᠯᠮᠤᠷᠢᠴᠢᠨ ᠬᠦᠳᠡᠯᠮᠤᠷᠢ ᠶᠢᠨ | ᠭᠡᠷ᠎ᠡ ᠶᠢ ᠬᠦᠴᠦᠨ ᠦᠭᠡᠢ ᠪᠤᠯᠭᠠᠬᠤ ᠪᠤᠶᠤ ᠲᠠᠭᠤᠰᠬᠠᠬᠤ ᠠᠴᠠ ᠡᠮᠦᠨᠡᠬᠢ ᠠᠷᠪᠠᠨ ᠬᠤᠶᠠᠷ ᠰᠠᠷ᠎ᠠ ᠶᠢᠨ ᠲᠤᠮᠳᠠᠴᠢ | ᠴᠠᠯᠢᠩ ᠢ ᠵᠢᠭᠠᠵᠤ ᠪᠠᠶᠢᠨ᠎ᠠ᠃ | ᠲᠦᠴᠢᠨ ᠨᠠᠢᠮᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠲᠤᠬᠳᠠᠭᠠᠯ ᠠᠴᠠ | ᠵᠦᠷᠢᠴᠡᠵᠤ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ ᠪᠤᠶᠤ ᠲᠠᠭᠤᠰᠬᠠᠬᠤ ᠳᠤ᠂ ᠬᠦᠳᠡᠯᠮᠤᠷᠢᠴᠢᠨ | ᠬᠦᠳᠡᠯᠮᠤᠷᠢ ᠶᠢᠨ ᠭᠡᠷ᠎ᠡ ᠶᠢ ᠦᠷᠭᠦᠯᠵᠢᠯᠡᠨ ᠭᠦᠢᠴᠡᠳᠭᠡᠬᠦ ᠶᠢ ᠱᠠᠭᠠᠷᠳᠠᠪᠠᠯ᠂ ᠬᠦᠮᠦᠨ ᠬᠡᠷᠡᠭᠯᠡᠬᠦ ᠨᠢᠭᠡᠴᠡ | ᠦᠷᠭᠦᠯᠵᠢᠯᠡᠨ ᠭᠦᠢᠴᠡᠳᠭᠡᠬᠦ ᠬᠡᠷᠡᠭᠳᠠᠢ︔ ᠬᠦᠳᠡᠯᠮᠤᠷᠢᠴᠢᠨ ᠬᠦᠳᠡᠯᠮᠤᠷᠢ ᠶᠢᠨ ᠭᠡᠷ᠎ᠡ ᠶᠢ ᠦᠷᠭᠦᠯᠵᠢᠯᠡᠨ | ᠭᠦᠢᠴᠡᠳᠭᠡᠬᠦ ᠶᠢ ᠦᠯᠦ ᠱᠠᠭᠠᠷᠳᠠᠬᠰᠠᠨ ᠪᠤᠶᠤ ᠬᠦᠳᠡᠯᠮᠤᠷᠢ ᠶᠢᠨ ᠭᠡᠷ᠎ᠡ ᠶᠢ ᠦᠷᠭᠦᠯᠵᠢᠯᠡᠨ ᠭᠦᠢᠴᠡᠳᠭᠡᠵᠤ ᠲᠡᠶᠢᠯᠬᠦ | ᠦᠭᠡᠢ ᠪᠤᠯᠤᠬᠰᠠᠨ ᠪᠠᠶᠢᠪᠠᠯ᠂ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠨᠠᠶᠠᠨ ᠲᠤᠯᠤᠳᠤᠭᠠᠷ ᠵᠦᠢᠯ ᠤᠨ | ᠲᠤᠬᠳᠠᠭᠯ ᠶᠤᠰᠤᠭᠠᠷ ᠲᠦᠯᠦᠪᠤᠷᠢ ᠮᠦᠡᠭᠬᠦ ᠦᠭᠬᠦ ᠬᠡᠷᠡᠭᠳᠠᠢ᠃ | ᠲᠦᠴᠢ ᠶᠢᠰᠦᠳᠦᠭᠡᠷ ᠵᠦᠢᠯ ᠤᠯᠤᠰ ᠠᠴᠠ ᠠᠷᠭ᠎ᠠ ᠬᠡᠮᠵᠢᠶ᠎ᠡ ᠠᠪᠴᠤ ᠪᠠᠶᠢᠭᠠᠳ ᠬᠦᠳᠡᠯᠮᠤᠷᠢᠴᠢᠨ ᠤ | ᠨᠡᠶᠢᠭᠡᠮ ᠤᠨ ᠲᠠᠭᠠᠳᠬᠠᠯ ᠤᠨ ᠬᠠᠷᠢᠴᠠᠭᠠᠨ ᠤ ᠭᠠᠵᠠᠷ ᠤᠷᠤᠨ ᠠᠯᠤᠰᠯᠠᠨ ᠰᠢᠯᠵᠢᠭᠦᠯᠵᠤ ᠦᠷᠭᠦᠯᠵᠢᠯᠡᠬᠦ ᠲᠦᠷᠢᠮ ᠢ | ᠪᠠᠶᠢᠭᠤᠯᠤᠨ ᠲᠡᠭᠦᠯᠳᠡᠷᠵᠢᠭᠦᠯᠤᠨ᠎ᠡ᠃ | ᠲᠠᠪᠢᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ | ᠪᠤᠶᠤ ᠲᠠᠭᠤᠰᠬᠠᠬᠤ ᠦᠶ᠎ᠡ ᠳᠤ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠰᠠᠨ ᠪᠤᠶᠤ ᠲᠠᠭᠤᠰᠬᠠᠬᠰᠠᠨ | ᠭᠡᠷᠡᠴᠢ ᠤᠯᠭᠤᠬᠤ ᠬᠡᠷᠡᠭᠳᠠᠢ ᠪᠦᠭᠡᠳ ᠠᠷᠪᠠᠨ ᠲᠠᠪᠤᠨ ᠡᠳᠦᠷ ᠤᠨ ᠲᠤᠳᠤᠷ᠎ᠠ ᠬᠦᠳᠡᠯᠮᠤᠷᠢᠴᠢᠨ ᠳᠤ ᠲᠠᠩᠰᠠ ᠡᠪᠬᠡᠮᠡᠯ | ᠪᠠ ᠨᠡᠶᠢᠭᠡᠮ ᠤᠨ ᠲᠠᠭᠠᠳᠬᠠᠯ ᠤᠨ ᠬᠠᠷᠢᠴᠠᠭ᠎ᠠ ᠶᠢ ᠰᠢᠯᠵᠢᠭᠦᠯᠬᠦ ᠭᠠᠷ ᠭᠦᠢᠴᠡᠳᠭᠡᠯ ᠢ ᠭᠦᠢᠴᠡᠳᠭᠡᠵᠤ ᠦᠭᠬᠦ | ᠬᠡᠷᠡᠭᠳᠠᠢ᠃ | ᠬᠦᠳᠡᠯᠮᠤᠷᠢᠴᠢᠨ ᠬᠤᠶᠠᠷ ᠲᠠᠯ᠎ᠠ ᠶᠢᠨ ᠪᠤᠯᠵᠤᠯ ᠶᠤᠰᠤᠭᠠᠷ᠂ ᠠᠵᠢᠯ ᠲᠤᠰᠢᠶᠠᠬᠤ ᠪᠠ ᠬᠦᠯᠢᠶᠡᠨ ᠠᠪᠬᠤ ᠶᠢ | ᠭᠦᠢᠴᠡᠳᠭᠡᠬᠦ ᠬᠡᠷᠡᠭᠳᠠᠢ᠃ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠬᠤᠯᠪᠤᠬᠳᠠᠯ ᠪᠦᠬᠦᠢ ᠲᠤᠬᠳᠠᠭᠠᠯ | ᠶᠤᠰᠤᠭᠠᠷ ᠬᠦᠳᠡᠯᠮᠤᠷᠢᠴᠢᠨ ᠳᠤ ᠠᠵᠤ ᠠᠬᠤᠢ ᠶᠢᠨ ᠨᠦᠬᠦᠪᠤᠷᠢ ᠦᠭᠬᠦ ᠶᠤᠰᠤᠳᠠᠢ ᠪᠠᠶᠢᠪᠠᠯ᠂ ᠠᠵᠢᠯ ᠲᠤᠰᠢᠶᠠᠬᠤ ᠪᠠ | ᠬᠦᠯᠢᠶᠡᠨ ᠠᠪᠬᠤ ᠶᠢ ᠭᠦᠢᠴᠡᠳᠭᠡᠬᠦ ᠦᠶ᠎ᠡ ᠳᠤ ᠦᠭᠬᠦ ᠬᠡᠷᠡᠭᠳᠠᠢ᠃ | ᠬᠦᠮᠦᠨ ᠬᠡᠷᠡᠭᠯᠡᠬᠦ ᠨᠢᠭᠡᠴᠡ ᠨᠢᠭᠡᠨᠳᠡ ᠬᠦᠴᠦᠨ ᠦᠭᠡᠢ ᠪᠤᠯᠭᠠᠬᠰᠠᠨ ᠪᠤᠶᠤ ᠲᠠᠭᠤᠰᠬᠠᠬᠰᠠᠨ ᠬᠦᠳᠡᠯᠮᠤᠷᠢ ᠶᠢᠨ | ᠭᠡᠷ᠎ᠡ ᠶᠢᠨ ᠪᠢᠴᠢᠭ ᠢ ᠠᠳᠠᠬ ᠲᠠᠭᠠᠨ ᠬᠤᠶᠠᠷ ᠵᠢᠯ ᠬᠠᠳᠠᠭᠠᠯᠠᠵᠤ ᠪᠠᠶᠢᠴᠠᠭᠠᠬᠤ ᠳᠤ ᠪᠡᠯᠡᠳᠭᠡᠬᠦ ᠬᠡᠷᠡᠭᠳᠠᠢ᠃ | | | ᠲᠠᠪᠤᠳᠤᠭᠠᠷ ᠪᠦᠯᠦᠭ ᠤᠨᠴᠠᠭᠠᠢ ᠲᠤᠬᠳᠠᠭᠠᠯ | | | ᠨᠢᠭᠡᠳᠤᠭᠡᠷ ᠬᠡᠰᠡᠭ ᠬᠠᠮᠳᠤ ᠶᠢᠨ ᠭᠡᠷ᠎ᠡ | | | ᠲᠠᠪᠢᠨ ᠨᠢᠭᠡᠳᠤᠭᠡᠷ ᠵᠦᠢᠯ ᠠᠵᠤ ᠠᠬᠤᠢᠢᠯᠠᠯ ᠤᠨ ᠠᠵᠢᠯᠴᠢᠨ ᠠᠵᠢᠯᠳᠡᠨ ᠤ ᠨᠢᠭᠡ ᠲᠠᠯ᠎ᠠ ᠬᠢᠭᠡᠳ ᠬᠦᠮᠦᠨ | ᠬᠡᠷᠡᠭᠯᠡᠬᠦ ᠨᠢᠭᠡᠴᠡ ᠡᠷᠬᠡ ᠲᠡᠭᠰᠢ ᠪᠠᠷ ᠵᠦᠪᠳᠡᠯᠴᠡᠬᠦ ᠪᠠᠷ ᠲᠠᠮᠵᠢᠭᠠᠳ᠂ ᠬᠦᠳᠡᠯᠮᠤᠷᠢ ᠶᠢᠨ ᠤᠯᠭᠤᠮᠵᠢ᠂ ᠠᠵᠢᠯᠯᠠᠬᠤ | ᠴᠠᠬ᠂ ᠠᠮᠠᠷᠠᠯᠳᠠ ᠪᠠ ᠠᠮᠠᠷᠠᠯᠳᠠ ᠶᠢᠨ ᠴᠢᠯᠦᠭᠡ᠂ ᠬᠦᠳᠡᠯᠮᠤᠷᠢ ᠶᠢᠨ ᠠᠮᠤᠷ ᠲᠦᠪᠰᠢᠨ ᠪᠠ ᠡᠷᠡᠭᠦᠯ ᠬᠠᠮᠠᠭᠠᠯᠠᠯ᠂ | ᠲᠠᠭᠠᠳᠬᠠᠯ ᠠᠰᠠᠷᠠᠮᠵᠢ ᠵᠡᠷᠭᠡ ᠤᠴᠢᠷ ᠶᠠᠪᠤᠳᠠᠯ ᠤᠨ ᠲᠤᠬᠠᠢ ᠬᠠᠮᠳᠤ ᠶᠢᠨ ᠭᠡᠷ᠎ᠡ ᠲᠤᠬᠳᠠᠵᠤ ᠪᠤᠯᠤᠨ᠎ᠠ᠃ | ᠬᠠᠮᠳᠤ ᠶᠢᠨ ᠭᠡᠷ᠎ᠡ ᠶᠢᠨ ᠲᠦᠰᠦᠯ ᠢ ᠠᠵᠢᠯᠳᠡᠨ ᠠᠵᠢᠯᠴᠢᠨ ᠤ ᠲᠦᠯᠦᠭᠡᠯᠡᠭᠴᠢᠳ ᠤᠨ ᠶᠡᠭᠡ ᠬᠤᠷᠠᠯ ᠪᠤᠶᠤ ᠪᠦᠬᠦ | ᠠᠵᠢᠯᠳᠡᠨ ᠠᠵᠢᠯᠴᠢᠨ ᠳᠤ ᠲᠡᠪᠰᠢᠭᠦᠯᠤᠨ ᠶᠠᠷᠢᠯᠴᠠᠭᠤᠯᠵᠤ ᠪᠠᠳᠤᠯᠠᠭᠤᠯᠬᠤ ᠬᠡᠷᠡᠭᠳᠠᠢ᠃ | ᠬᠠᠮᠳᠤ ᠶᠢᠨ ᠭᠡᠷ᠎ᠡ ᠶᠢ ᠠᠵᠢᠯᠴᠢᠨ ᠤ ᠡᠪᠯᠡᠯ ᠠᠵᠤ ᠠᠬᠤᠢᠢᠯᠠᠯ ᠤᠨ ᠠᠵᠢᠯᠳᠡᠨ ᠠᠵᠢᠯᠴᠢᠨ ᠤ ᠨᠢᠭᠡ ᠲᠠᠯ᠎ᠠ ᠶᠢ | ᠲᠦᠯᠦᠭᠡᠯᠡᠨ ᠬᠦᠮᠦᠨ ᠬᠡᠷᠡᠭᠯᠡᠬᠦ ᠨᠢᠭᠡᠴᠡ ᠲᠠᠢ ᠲᠤᠬᠳᠠᠨ᠎ᠠ︔ ᠠᠵᠢᠯᠴᠢᠨ ᠤ ᠡᠪᠯᠡᠯ ᠢ ᠬᠠᠷᠠᠬᠠᠨ ᠪᠠᠶᠢᠭᠤᠯᠤᠭᠠᠳᠤᠢ | ᠬᠦᠮᠦᠨ ᠬᠡᠷᠡᠭᠯᠡᠬᠦ ᠨᠢᠭᠡᠴᠡ ᠳᠤ ᠪᠤᠯ ᠲᠡᠭᠡᠳᠤ ᠱᠠᠳᠤᠨ ᠤ ᠬᠢᠨᠢ ᠠᠵᠢᠯᠴᠢᠨ ᠤ ᠡᠪᠯᠡᠯ ᠠᠴᠠ ᠬᠦᠳᠡᠯᠮᠤᠷᠢᠴᠢᠨ ᠤ | ᠲᠠᠨᠢᠯᠴᠠᠭᠤᠯᠤᠬᠰᠠᠨ ᠲᠦᠯᠦᠭᠡᠯᠡᠭᠴᠢ ᠶᠢ ᠵᠢᠭᠠᠨ ᠵᠢᠯᠤᠭᠤᠳᠴᠤ ᠪᠠᠶᠢᠭᠠᠳ ᠬᠦᠮᠦᠨ ᠬᠡᠷᠡᠭᠯᠡᠬᠦ ᠨᠢᠭᠡᠴᠡ ᠲᠠᠢ | ᠲᠤᠬᠳᠠᠨ᠎ᠠ᠃ | ᠲᠠᠪᠢᠨ ᠬᠤᠶᠠᠳᠤᠭᠠᠷ ᠵᠦᠢᠯ ᠠᠵᠤ ᠠᠬᠤᠢᠢᠯᠠᠯ ᠤᠨ ᠠᠵᠢᠯᠳᠡᠨ ᠠᠵᠢᠯᠴᠢᠨ ᠤ ᠨᠢᠭᠡ ᠲᠠᠯ᠎ᠠ ᠨᠢ ᠬᠦᠮᠦᠨ | ᠬᠡᠷᠡᠭᠯᠡᠬᠦ ᠨᠢᠭᠡᠴᠡ ᠲᠠᠢ ᠬᠦᠳᠡᠯᠮᠤᠷᠢ ᠶᠢᠨ ᠠᠮᠤᠷ ᠲᠦᠪᠰᠢᠨ ᠪᠠ ᠡᠷᠡᠭᠦᠯ ᠬᠠᠮᠠᠭᠠᠯᠠᠯ᠂ ᠡᠮᠡᠭᠳᠠᠢ ᠠᠵᠢᠯᠳᠡᠨ | ᠠᠵᠢᠯᠴᠢᠨ ᠤ ᠡᠷᠬᠡ ᠠᠰᠢᠬ ᠤᠨ ᠬᠠᠮᠠᠭᠠᠯᠠᠯ᠂ ᠴᠠᠯᠢᠩ ᠲᠤᠬᠢᠷᠠᠭᠤᠯᠬᠤ ᠲᠤᠬᠳᠠᠴᠠ ᠵᠡᠷᠭᠡ ᠲᠤᠰᠬᠠᠢ ᠵᠦᠢᠯ ᠤᠨ | ᠬᠠᠮᠳᠤ ᠶᠢᠨ ᠭᠡᠷ᠎ᠡ ᠶᠢ ᠲᠤᠬᠳᠠᠵᠤ ᠪᠤᠯᠤᠨ᠎ᠠ᠃ | ᠲᠠᠪᠢᠨ ᠭᠤᠷᠪᠠᠳᠤᠭᠠᠷ ᠵᠦᠢᠯ ᠰᠢᠶᠠᠨ ᠤ ᠱᠠᠳᠤᠨ ᠠᠴᠠ ᠲᠤᠭᠤᠬᠰᠢᠬᠢ ᠤᠷᠤᠨ ᠪᠦᠰᠡ ᠶᠢᠨ ᠲᠤᠳᠤᠷᠠᠬᠢ | ᠪᠠᠷᠢᠯᠭ᠎ᠠ ᠶᠢᠨ ᠦᠢᠯᠡᠰ᠂ ᠠᠭᠤᠷᠬᠠᠢ ᠮᠠᠯᠳᠠᠬᠤ ᠦᠢᠯᠡᠰ᠂ ᠢᠳᠡᠭᠡᠨ ᠤᠮᠳᠠᠭᠠᠨ ᠤ ᠦᠢᠯᠡᠴᠢᠯᠡᠭᠡᠨ ᠤ ᠦᠢᠯᠡᠰ ᠵᠡᠷᠭᠡ | ᠠᠵᠢᠯ ᠲᠦᠷᠦᠯ ᠳᠤ ᠠᠵᠢᠯᠴᠢᠨ ᠤ ᠡᠪᠯᠡᠯ ᠬᠢᠭᠡᠳ ᠠᠵᠤ ᠠᠬᠤᠢᠢᠯᠠᠯ ᠤᠨ ᠲᠠᠯ᠎ᠠ ᠶᠢᠨ ᠲᠦᠯᠦᠭᠡᠯᠡᠭᠴᠢ ᠨᠢ ᠠᠵᠢᠯ | ᠲᠦᠷᠦᠯ ᠤᠨ ᠴᠢᠨᠠᠷᠳᠠᠢ ᠬᠠᠮᠳᠤ ᠶᠢᠨ ᠭᠡᠷ᠎ᠡ ᠶᠢ ᠲᠤᠬᠳᠠᠬᠤ ᠪᠤᠶᠤ ᠤᠷᠤᠨ ᠪᠦᠰᠡ ᠶᠢᠨ ᠴᠢᠨᠠᠷᠳᠠᠢ ᠬᠠᠮᠳᠤ ᠶᠢᠨ ᠭᠡᠷ᠎ᠡ | ᠲᠤᠬᠳᠠᠵᠤ ᠪᠤᠯᠤᠨ᠎ᠠ᠃ | ᠲᠠᠪᠢᠨ ᠲᠦᠷᠪᠡᠳᠤᠭᠡᠷ ᠵᠦᠢᠯ ᠬᠠᠮᠳᠤ ᠶᠢᠨ ᠭᠡᠷ᠎ᠡ ᠶᠢ ᠲᠤᠬᠳᠠᠬᠰᠠᠨ ᠤ ᠲᠠᠷᠠᠭ᠎ᠠ᠂ ᠬᠦᠳᠡᠯᠮᠤᠷᠢ ᠶᠢᠨ ᠵᠠᠰᠠᠬ | ᠵᠠᠬᠢᠷᠭᠠᠨ ᠤ ᠰᠠᠯᠠᠭ᠎ᠠ ᠮᠦᠴᠢᠷ ᠲᠤ ᠮᠡᠳᠡᠭᠦᠯᠤᠨ ᠬᠦᠷᠭᠡᠬᠦ ᠬᠡᠷᠡᠭᠳᠠᠢ︔ ᠬᠦᠳᠡᠯᠮᠤᠷᠢ ᠶᠢᠨ ᠵᠠᠰᠠᠬ ᠵᠠᠬᠢᠷᠭᠠᠨ ᠤ | ᠰᠠᠯᠠᠭ᠎ᠠ ᠮᠦᠴᠢᠷ ᠨᠢ ᠬᠠᠮᠳᠤ ᠶᠢᠨ ᠭᠡᠷ᠎ᠡ ᠶᠢᠨ ᠪᠢᠴᠢᠭ ᠢ ᠤᠯᠵᠤ ᠠᠪᠤᠬᠰᠠᠨ ᠡᠳᠦᠷ ᠠᠴᠠ ᠡᠬᠢᠯᠡᠨ ᠠᠷᠪᠠᠨ ᠲᠠᠪᠤᠨ | ᠡᠳᠦᠷ ᠤᠨ ᠲᠤᠳᠤᠷ᠎ᠠ ᠤᠨᠳᠤᠤ ᠰᠠᠨᠠᠯ ᠭᠠᠷᠭᠠᠬᠰᠠᠨ ᠦᠭᠡᠢ ᠪᠠᠶᠢᠪᠠᠯ᠂ ᠬᠠᠮᠳᠤ ᠶᠢᠨ ᠭᠡᠷ᠎ᠡ ᠲᠠᠷᠤᠢ ᠬᠦᠴᠦᠨ ᠲᠠᠢ | ᠪᠤᠯᠤᠨ᠎ᠠ᠃ | ᠬᠠᠤᠯᠢ ᠶᠤᠰᠤᠭᠠᠷ ᠲᠤᠬᠳᠠᠭᠠᠬᠰᠠᠨ ᠬᠠᠮᠳᠤ ᠶᠢᠨ ᠭᠡᠷ᠎ᠡ ᠨᠢ ᠬᠦᠮᠦᠨ ᠬᠡᠷᠡᠭᠯᠡᠬᠦ ᠨᠢᠭᠡᠴᠡ ᠪᠠ | ᠬᠦᠳᠡᠯᠮᠤᠷᠢᠴᠢᠨ ᠳᠤ ᠬᠢᠵᠠᠭᠠᠷᠯᠠᠬᠤ ᠬᠦᠴᠦᠨ ᠲᠠᠢ᠃ ᠠᠵᠢᠯ ᠲᠦᠷᠦᠯ ᠤᠨ ᠴᠢᠨᠠᠷᠳᠠᠢ᠂ ᠤᠷᠤᠨ ᠪᠦᠰᠡ ᠶᠢᠨ | ᠴᠢᠨᠠᠷᠳᠠᠢ ᠬᠠᠮᠳᠤ ᠶᠢᠨ ᠭᠡᠷ᠎ᠡ ᠨᠢ ᠲᠤᠬᠠᠢ ᠶᠢᠨ ᠭᠠᠵᠠᠷ ᠤᠨ ᠲᠤᠰ ᠠᠵᠢᠯ ᠲᠦᠷᠦᠯ᠂ ᠲᠤᠰ ᠤᠷᠤᠨ ᠪᠦᠰᠡ ᠶᠢᠨ | ᠬᠦᠮᠦᠨ ᠬᠡᠷᠡᠭᠯᠡᠬᠦ ᠨᠢᠭᠡᠴᠡ ᠪᠠ ᠬᠦᠳᠡᠯᠮᠤᠷᠢᠴᠢᠨ ᠳᠤ ᠬᠢᠵᠠᠭᠠᠷᠯᠠᠬᠤ ᠬᠦᠴᠦᠨ ᠲᠠᠢ᠃ | ᠲᠠᠪᠢᠨ ᠲᠠᠪᠤᠳᠤᠭᠠᠷ ᠵᠦᠢᠯ ᠬᠠᠮᠳᠤ ᠶᠢᠨ ᠭᠡᠷ᠎ᠡ ᠶᠢᠨ ᠲᠤᠳᠤᠷᠠᠬᠢ ᠬᠦᠳᠡᠯᠮᠤᠷᠢ ᠶᠢᠨ ᠤᠯᠭᠤᠮᠵᠢ ᠪᠠ | ᠬᠦᠳᠡᠯᠮᠤᠷᠢ ᠶᠢᠨ ᠨᠦᠬᠦᠴᠡᠯ ᠵᠡᠷᠭᠡ ᠪᠠᠷᠢᠮᠵᠢᠶ᠎ᠠ ᠨᠢ ᠲᠤᠬᠠᠢ ᠶᠢᠨ ᠭᠠᠵᠠᠷ ᠤᠨ ᠠᠷᠠᠳ ᠤᠨ ᠵᠠᠰᠠᠬ ᠤᠨ ᠤᠷᠳᠤᠨ ᠤ | ᠲᠤᠬᠳᠠᠭᠠᠬᠰᠠᠨ ᠨᠠᠭᠠᠳᠤ ᠵᠠᠬ᠎ᠠ ᠶᠢᠨ ᠪᠠᠷᠢᠮᠵᠢᠶ᠎ᠠ ᠠᠴᠠ ᠲᠤᠤᠷ᠎ᠠ ᠪᠠᠶᠢᠵᠤ ᠪᠤᠯᠬᠤ ᠦᠭᠡᠢ︔ ᠬᠦᠮᠦᠨ ᠬᠡᠷᠡᠭᠯᠡᠬᠦ | ᠨᠢᠭᠡᠴᠡ ᠶᠢᠨ ᠬᠦᠳᠡᠯᠮᠤᠷᠢᠴᠢᠨ ᠲᠠᠢ ᠲᠤᠬᠳᠠᠬᠰᠠᠨ ᠬᠦᠳᠡᠯᠮᠤᠷᠢ ᠶᠢᠨ ᠭᠡᠷ᠎ᠡ ᠶᠢᠨ ᠲᠤᠳᠤᠷᠠᠬᠢ ᠬᠦᠳᠡᠯᠮᠤᠷᠢ ᠶᠢᠨ | ᠤᠯᠭᠤᠮᠵᠢ ᠪᠠ ᠬᠦᠳᠡᠯᠮᠤᠷᠢ ᠶᠢᠨ ᠨᠦᠬᠦᠴᠡᠯ ᠵᠡᠷᠭᠡ ᠪᠠᠷᠢᠮᠵᠢᠶ᠎ᠠ ᠨᠢ ᠬᠠᠮᠳᠤ ᠶᠢᠨ ᠭᠡᠷ᠎ᠡ ᠳᠤ ᠲᠤᠬᠳᠠᠬᠰᠠᠨ | ᠪᠠᠷᠢᠮᠵᠢᠶ᠎ᠠ ᠠᠴᠠ ᠲᠤᠤᠷ᠎ᠠ ᠪᠠᠶᠢᠵᠤ ᠪᠤᠯᠬᠤ ᠦᠭᠡᠢ᠃ | ᠲᠠᠪᠢᠨ ᠵᠢᠷᠭᠤᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠨᠢ ᠬᠠᠮᠳᠤ ᠶᠢᠨ ᠭᠡᠷ᠎ᠡ ᠶᠢ ᠵᠦᠷᠢᠴᠡᠵᠤ᠂ | ᠠᠵᠢᠯᠳᠡᠨ ᠠᠵᠢᠯᠴᠢᠨ ᠤ ᠬᠦᠳᠡᠯᠮᠤᠷᠢ ᠶᠢᠨ ᠭᠡᠷ᠎ᠡ ᠶᠢᠨ ᠡᠷᠬᠡ ᠠᠰᠢᠬ ᠲᠤ ᠬᠠᠯᠳᠠᠬᠰᠠᠨ ᠪᠠᠶᠢᠪᠠᠯ᠂ ᠠᠵᠢᠯᠴᠢᠨ ᠤ | ᠡᠪᠯᠡᠯ ᠠᠴᠠ ᠬᠦᠮᠦᠨ ᠬᠡᠷᠡᠭᠯᠡᠬᠦ ᠨᠢᠭᠡᠴᠡ ᠪᠠᠷ ᠬᠠᠷᠢᠭᠤᠴᠠᠯᠭ᠎ᠠ ᠡᠭᠦᠷᠬᠡᠯᠡᠭᠦᠯᠬᠦ ᠶᠢ ᠬᠠᠤᠯᠢ ᠶᠤᠰᠤᠭᠠᠷ ᠱᠠᠭᠠᠷᠳᠠᠵᠤ | ᠪᠤᠯᠤᠨ᠎ᠠ︔ ᠬᠠᠮᠳᠤ ᠶᠢᠨ ᠭᠡᠷ᠎ᠡ ᠶᠢ ᠭᠦᠢᠴᠡᠳᠭᠡᠭᠰᠡᠨ ᠠᠴᠠ ᠪᠤᠯᠤᠭᠠᠳ ᠮᠠᠷᠭᠤᠭᠠᠨ ᠡᠭᠦᠰᠴᠤ᠂ ᠵᠦᠪᠳᠡᠯᠴᠡᠭᠡᠳ | ᠰᠢᠢᠳᠪᠤᠷᠢᠯᠡᠵᠤ ᠲᠡᠶᠢᠯᠬᠦ ᠦᠭᠡᠢ ᠪᠠᠶᠢᠪᠠᠯ᠂ ᠠᠵᠢᠯᠴᠢᠨ ᠤ ᠡᠪᠯᠡᠯ ᠬᠠᠤᠯᠢ ᠶᠤᠰᠤᠭᠠᠷ ᠬᠦᠨᠳᠡᠯᠡᠨ ᠠᠴᠠ | ᠲᠠᠰᠤᠯᠠᠭᠤᠯᠬᠤ ᠭᠤᠶᠤᠴᠢᠯᠠᠯ ᠭᠠᠷᠭᠠᠵᠤ᠂ ᠵᠠᠭᠠᠯᠳᠤᠵᠤ ᠪᠤᠯᠤᠨ᠎ᠠ᠃ | | | ᠬᠤᠶᠠᠳᠤᠭᠠᠷ ᠬᠡᠰᠡᠭ ᠬᠦᠳᠡᠯᠮᠤᠷᠢ ᠬᠦᠴᠦ ᠲᠤᠮᠢᠯᠠᠬᠤ | | | ᠲᠠᠪᠢᠨ ᠲᠤᠯᠤᠳᠤᠭᠠᠷ ᠵᠦᠢᠯ ᠬᠦᠳᠡᠯᠮᠤᠷᠢ ᠬᠦᠴᠦ ᠲᠤᠮᠢᠯᠠᠬᠤ ᠠᠵᠢᠯ ᠢ ᠡᠷᠬᠢᠯᠡᠬᠦ ᠳᠤ ᠡᠷᠭᠡᠪᠰᠢ ᠲᠤᠤᠷᠠᠬᠢ | ᠨᠦᠬᠦᠴᠡᠯ ᠢ ᠪᠦᠷᠢᠯᠳᠦᠬᠦᠯᠬᠦ ᠬᠡᠷᠡᠭᠲᠠᠢ᠄ | ︵ᠨᠢᠭᠡ︶ ᠲᠠᠩᠰᠠᠯᠠᠭᠤᠯᠤᠬᠰᠠᠨ ᠪᠡᠯᠡ ᠮᠦᠡᠭᠬᠦ ᠨᠢ ᠬᠤᠶᠠᠷ ᠵᠠᠭᠤᠨ ᠲᠦᠮᠡᠨ ᠲᠦᠭᠦᠷᠢᠭ ᠠᠴᠠ ᠲᠤᠳᠠᠭᠤ | ᠪᠠᠶᠢᠵᠤ ᠪᠤᠯᠬᠤ ᠦᠭᠡᠢ︔ | ︵ᠬᠤᠶᠠᠷ︶ ᠠᠵᠢᠯ ᠦᠷᠨᠢᠬᠦᠯᠬᠦ ᠳᠤ ᠲᠤᠬᠢᠷᠠᠭᠰᠠᠨ ᠲᠤᠭᠳᠠᠮᠠᠯ ᠡᠵᠡᠩᠨᠡᠯᠳᠡ ᠶᠢᠨ ᠲᠠᠯᠠᠪᠤᠷ ᠪᠠ | ᠲᠦᠬᠦᠭᠡᠷᠦᠮᠵᠢ ᠪᠠᠶᠢᠬᠤ ᠬᠡᠷᠡᠭᠲᠠᠢ︔ | ︵ᠭᠤᠷᠪᠠ︶ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠦᠷᠢᠮ ᠤᠨ ᠲᠤᠭᠳᠠᠭᠠᠯ ᠳᠤ ᠨᠡᠶᠢᠴᠡᠭᠰᠡᠨ | ᠬᠦᠳᠡᠯᠮᠤᠷᠢ ᠬᠦᠴᠦ ᠲᠤᠮᠢᠯᠠᠬᠤ ᠬᠠᠮᠢᠶᠠᠷᠤᠯᠳᠠ ᠶᠢᠨ ᠲᠦᠷᠢᠮ ᠪᠠᠶᠢᠬᠤ ᠬᠡᠷᠡᠭᠲᠠᠢ︔ | ︵ᠲᠦᠷᠪᠡ︶ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠦᠷᠢᠮ ᠳᠤ ᠲᠤᠭᠳᠠᠭᠠᠭᠰᠠᠨ ᠪᠤᠰᠤᠳ | ᠨᠦᠬᠦᠴᠡᠯ᠃ ᠬᠦᠳᠡᠯᠮᠤᠷᠢ ᠬᠦᠴᠦ ᠲᠤᠮᠢᠯᠠᠬᠤ ᠠᠵᠢᠯ ᠢ ᠡᠷᠬᠢᠯᠡᠬᠦ ᠳᠤ ᠬᠦᠳᠡᠯᠮᠤᠷᠢ ᠶᠢᠨ ᠵᠠᠰᠠᠭ ᠵᠠᠬᠢᠷᠭᠠᠨ ᠤ | ᠰᠠᠯᠠᠭ᠎ᠠ ᠮᠦᠴᠢᠷ ᠠᠴᠠ ᠬᠠᠤᠯᠢ ᠶᠤᠰᠤᠭᠠᠷ ᠵᠠᠰᠠᠭ ᠵᠠᠬᠢᠷᠭᠠᠨ ᠤ ᠵᠦᠪᠰᠢᠶᠡᠷᠡᠯ ᠭᠤᠶᠤᠴᠢᠯᠠᠬᠤ ᠬᠡᠷᠡᠭᠲᠠᠢ᠃ | ᠵᠦᠪᠰᠢᠶᠡᠷᠡᠬᠦᠯᠦᠭᠰᠡᠨ ᠪᠠᠶᠢᠪᠠᠯ᠂ ᠬᠠᠤᠯᠢ ᠶᠤᠰᠤᠭᠠᠷ ᠬᠠᠷᠠᠭᠠᠯᠵᠠᠭᠰᠠᠨ ᠺᠤᠮᠫᠠᠨᠢ ᠶᠢᠨ ᠲᠠᠩᠰᠠᠯᠠᠯᠳᠠ ᠶᠢ | ᠬᠦᠢᠴᠡᠳᠭᠡᠨ᠎ᠡ᠃ ᠵᠦᠪᠰᠢᠶᠡᠷᠡᠬᠦᠯᠦᠭᠰᠡᠨ ᠦᠭᠡᠢ ᠪᠤᠯ᠂ ᠶᠠᠮᠠᠷᠪᠠ ᠨᠢᠭᠡᠴᠡ ᠪᠠ ᠬᠤᠪᠢ ᠬᠦᠮᠦᠨ ᠬᠦᠳᠡᠯᠮᠤᠷᠢ ᠬᠦᠴᠦ | ᠲᠤᠮᠢᠯᠠᠬᠤ ᠠᠵᠢᠯ ᠢ ᠡᠷᠬᠢᠯᠡᠵᠦ ᠪᠤᠯᠬᠤ ᠦᠭᠡᠢ᠃ | ᠲᠠᠪᠢᠨ ᠨᠠᠢᠮᠠᠳᠤᠭᠠᠷ ᠵᠦᠢᠯ ᠬᠦᠳᠡᠯᠮᠤᠷᠢ ᠬᠦᠴᠦ ᠲᠤᠮᠢᠯᠠᠬᠤ ᠨᠢᠭᠡᠴᠡ ᠭᠡᠳᠡᠭ ᠪᠤᠯ ᠲᠤᠰ ᠬᠠᠤᠯᠢ ᠳᠤ | ᠬᠡᠯᠡᠵᠤ ᠪᠠᠶᠢᠭ᠎ᠠ ᠬᠦᠮᠦᠨ ᠬᠡᠷᠡᠭᠯᠡᠬᠦ ᠨᠢᠭᠡᠴᠡ ᠪᠤᠯᠤᠨ᠎ᠠ᠂ ᠲᠡᠷᠡ ᠨᠢ ᠬᠦᠮᠦᠨ ᠬᠡᠷᠡᠭᠯᠡᠬᠦ ᠨᠢᠭᠡᠴᠡ ᠶᠢᠨ | ᠬᠦᠳᠡᠯᠮᠤᠷᠢᠴᠢᠨ ᠳᠤ ᠡᠭᠦᠷᠬᠡᠯᠡᠬᠦ ᠡᠭᠦᠷᠭᠡ ᠶᠢ ᠭᠦᠢᠴᠡᠳᠭᠡᠬᠦ ᠬᠡᠷᠡᠭᠳᠠᠢ᠃ | ᠬᠦᠳᠡᠯᠮᠤᠷᠢ ᠬᠦᠴᠦ ᠲᠤᠮᠢᠯᠠᠬᠤ ᠨᠢᠭᠡᠴᠡ ᠶᠢᠨ ᠲᠤᠮᠢᠯᠠᠬᠳᠠᠬᠤ ᠬᠦᠳᠡᠯᠮᠤᠷᠢᠴᠢᠨ ᠲᠠᠢ ᠲᠤᠬᠳᠠᠬᠰᠠᠨ | ᠬᠦᠳᠡᠯᠮᠤᠷᠢ ᠶᠢᠨ ᠭᠡᠷ᠎ᠡ ᠳᠤ ᠲᠤᠰ ᠬᠠᠤᠯᠢ ᠶᠢᠨ ᠠᠷᠪᠠᠨ ᠲᠤᠯᠤᠳᠤᠭᠠᠷ ᠵᠦᠢᠯ ᠳᠤ ᠲᠤᠬᠳᠠᠭᠠᠬᠰᠠᠨ ᠵᠦᠢᠯ ᠢ | ᠲᠤᠳᠤᠷᠬᠠᠢᠢᠯᠠᠬᠤ ᠠᠴᠠ ᠭᠠᠳᠠᠨ᠎ᠠ ᠪᠠᠰᠠ ᠲᠤᠮᠢᠯᠠᠬᠳᠠᠬᠤ ᠬᠦᠳᠡᠯᠮᠤᠷᠢᠴᠢᠨ ᠢ ᠬᠡᠷᠡᠭᠯᠡᠬᠦ ᠨᠢᠭᠡᠴᠡ ᠬᠢᠭᠡᠳ ᠲᠤᠮᠢᠯᠠᠬᠤ | ᠬᠤᠭᠤᠴᠠᠭ᠎ᠠ᠂ ᠠᠵᠢᠯ ᠤᠨ ᠪᠠᠶᠢᠷᠢ ᠵᠡᠷᠭᠡ ᠪᠠᠶᠢᠳᠠᠯ ᠢ ᠲᠤᠳᠤᠷᠬᠠᠢᠢᠯᠠᠬᠤ ᠬᠡᠷᠡᠭᠳᠠᠢ᠃ | ᠬᠦᠳᠡᠯᠮᠤᠷᠢ ᠬᠦᠴᠦ ᠲᠤᠮᠢᠯᠠᠬᠤ ᠨᠢᠭᠡᠴᠡ ᠨᠢ ᠲᠤᠮᠢᠯᠠᠬᠳᠠᠬᠤ ᠬᠦᠳᠡᠯᠮᠤᠷᠢᠴᠢᠨ ᠲᠠᠢ ᠬᠤᠶᠠᠷ ᠵᠢᠯ ᠠᠴᠠ | ᠲᠡᠭᠡᠭᠰᠢ ᠲᠤᠬᠳᠠᠮᠠᠯ ᠬᠤᠭᠤᠴᠠᠭ᠎ᠠ ᠲᠠᠢ ᠬᠦᠳᠡᠯᠮᠤᠷᠢ ᠶᠢᠨ ᠭᠡᠷ᠎ᠡ ᠲᠤᠬᠳᠠᠵᠤ᠂ ᠰᠠᠷ᠎ᠠ ᠪᠠᠷ ᠪᠤᠳᠤᠵᠤ ᠬᠦᠳᠡᠯᠮᠤᠷᠢ ᠶᠢᠨ | ᠤᠯᠭᠤᠮᠵᠢ ᠦᠭᠬᠦ ᠬᠡᠷᠡᠭᠳᠠᠢ︔ ᠲᠤᠮᠢᠯᠠᠬᠳᠠᠬᠰᠠᠨ ᠬᠦᠳᠡᠯᠮᠤᠷᠢᠴᠢᠨ ᠠᠵᠢᠯ ᠦᠭᠡᠢ ᠪᠠᠶᠢᠬᠤ ᠬᠤᠭᠤᠴᠠᠭᠠᠨ ᠳᠤ | ᠬᠦᠳᠡᠯᠮᠤᠷᠢ ᠬᠦᠴᠦ ᠲᠤᠮᠢᠯᠠᠬᠤ ᠨᠢᠭᠡᠴᠡ ᠨᠢ ᠰᠠᠭᠤᠭ᠎ᠠ ᠭᠠᠵᠠᠷ ᠤᠨ ᠢᠶᠠᠨ ᠠᠷᠠᠳ ᠤᠨ ᠵᠠᠰᠠᠬ ᠤᠨ ᠤᠷᠳᠤᠨ ᠤ | ᠲᠤᠬᠳᠠᠭᠠᠬᠰᠠᠨ ᠨᠠᠭᠠᠳᠤ ᠵᠠᠬ᠎ᠠ ᠶᠢᠨ ᠴᠠᠯᠢᠩ ᠤᠨ ᠪᠠᠷᠢᠮᠵᠢᠶ᠎ᠠ ᠶᠤᠰᠤᠭᠠᠷ ᠬᠦᠳᠡᠯᠮᠤᠷᠢᠴᠢᠨ ᠳᠤ ᠰᠠᠷ᠎ᠠ ᠪᠠᠷ ᠪᠤᠳᠤᠵᠤ | ᠤᠯᠭᠤᠮᠵᠢ ᠦᠭᠬᠦ ᠬᠡᠷᠡᠭᠳᠠᠢ᠃ | ᠲᠠᠪᠢ ᠶᠢᠰᠦᠳᠦᠭᠡᠷ ᠵᠦᠢᠯ ᠬᠦᠳᠡᠯᠮᠤᠷᠢ ᠬᠦᠴᠦ ᠲᠤᠮᠢᠯᠠᠬᠤ ᠨᠢᠭᠡᠴᠡ ᠶᠢᠨ ᠲᠤᠮᠢᠯᠠᠬᠰᠠᠨ ᠬᠦᠳᠡᠯᠮᠤᠷᠢᠴᠢᠨ | ᠬᠦᠳᠡᠯᠮᠤᠷᠢ ᠬᠦᠴᠦ ᠲᠤᠮᠢᠯᠠᠬᠤ ᠬᠡᠯᠪᠡᠷᠢ ᠪᠠᠷ ᠬᠦᠯᠢᠶᠡᠨ ᠠᠪᠤᠬᠰᠠᠨ ᠠᠵᠢᠯᠴᠢᠨ ᠬᠡᠷᠡᠭᠯᠡᠬᠦ ᠨᠢᠭᠡᠴᠡ ︵ᠲᠤᠷᠤᠬᠰᠢ | ᠠᠵᠢᠯᠴᠢᠨ ᠬᠡᠷᠡᠭᠯᠡᠬᠦ ᠨᠢᠭᠡᠴᠡ ᠭᠡᠵᠤ ᠨᠡᠷᠡᠯᠡᠨ᠎ᠡ︶ ᠲᠠᠢ ᠬᠦᠳᠡᠯᠮᠤᠷᠢ ᠬᠦᠴᠦ ᠲᠤᠮᠢᠯᠠᠬᠤ ᠬᠡᠯᠡᠯᠴᠡᠭᠡᠷ ᠲᠤᠬᠳᠠᠬᠤ | ᠬᠡᠷᠡᠭᠳᠠᠢ᠃ ᠬᠦᠳᠡᠯᠮᠤᠷᠢ ᠬᠦᠴᠦ ᠲᠤᠮᠢᠯᠠᠬᠤ ᠬᠡᠯᠡᠯᠴᠡᠭᠡᠷ ᠲᠤ ᠲᠤᠮᠢᠯᠠᠬᠤ ᠠᠵᠢᠯ ᠤᠨ ᠪᠠᠶᠢᠷᠢ ᠪᠠ ᠠᠵᠢᠯᠳᠡᠨ ᠤ | ᠲᠤᠭ᠎ᠠ᠂ ᠲᠤᠮᠢᠯᠠᠬᠤ ᠬᠤᠭᠤᠴᠠᠭ᠎ᠠ᠂ ᠬᠦᠳᠡᠯᠮᠤᠷᠢ ᠶᠢᠨ ᠤᠯᠭᠤᠮᠵᠢ ᠪᠠ ᠨᠡᠶᠢᠭᠡᠮ ᠤᠨ ᠲᠠᠭᠠᠳᠬᠠᠯ ᠤᠨ | ᠰᠦᠢᠳᠭᠡᠯ ᠤᠨ ᠲᠤᠭ᠎ᠠ ᠵᠢᠴᠢ ᠦᠭᠬᠦ ᠠᠷᠭ᠎ᠠ ᠮᠠᠶ᠋ᠢᠬ᠂ ᠬᠡᠯᠡᠯᠴᠡᠭᠡᠷ ᠠᠴᠠ ᠵᠦᠷᠢᠴᠡᠭᠰᠡᠨ ᠬᠠᠷᠢᠭᠤᠴᠠᠯᠭ᠎ᠠ ᠶᠢ | ᠪᠤᠯᠵᠤᠨ ᠲᠤᠬᠳᠠᠬᠤ ᠬᠡᠷᠡᠭᠳᠠᠢ᠃ | ᠠᠵᠢᠯᠴᠢᠨ ᠬᠡᠷᠡᠭᠯᠡᠬᠦ ᠨᠢᠭᠡᠴᠡ ᠨᠢ ᠠᠵᠢᠯ ᠤᠨ ᠪᠠᠶᠢᠷᠢ ᠶᠢᠨ ᠪᠤᠳᠠᠳᠤ ᠬᠡᠷᠡᠭᠴᠡᠭᠡ ᠪᠠᠨ ᠦᠨᠳᠦᠰᠦᠯᠡᠨ | ᠬᠦᠳᠡᠯᠮᠤᠷᠢ ᠬᠦᠴᠦ ᠲᠤᠮᠢᠯᠠᠬᠤ ᠨᠢᠭᠡᠴᠡ ᠲᠠᠢ ᠲᠤᠮᠢᠯᠠᠬᠤ ᠬᠤᠭᠤᠴᠠᠭ᠎ᠠ ᠶᠢ ᠲᠤᠬᠳᠠᠬᠤ ᠬᠡᠷᠡᠭᠳᠠᠢ᠂ | ᠦᠷᠭᠦᠯᠵᠢᠯᠡᠭᠰᠡᠨ ᠠᠵᠢᠯᠴᠢᠨ ᠬᠡᠷᠡᠭᠯᠡᠬᠦ ᠬᠤᠭᠤᠴᠠᠭ᠎ᠠ ᠶᠢ ᠰᠠᠯᠭᠠᠭᠠᠳ ᠬᠡᠳᠦ ᠬᠡᠳᠦᠨ ᠤᠬᠤᠷᠬᠠᠨ ᠬᠤᠭᠤᠴᠠᠭᠠᠨ ᠤ | ᠬᠦᠳᠡᠯᠮᠤᠷᠢ ᠬᠦᠴᠦ ᠲᠤᠮᠢᠯᠠᠬᠤ ᠬᠡᠯᠡᠯᠴᠡᠭᠡᠷ ᠪᠤᠯᠭᠠᠨ ᠲᠤᠬᠳᠠᠭᠠᠵᠤ ᠪᠤᠯᠬᠤ ᠦᠭᠡᠢ᠃ | ᠵᠢᠷᠠᠳᠤᠭᠠᠷ ᠵᠦᠢᠯ ᠬᠦᠳᠡᠯᠮᠤᠷᠢ ᠬᠦᠴᠦ ᠲᠤᠮᠢᠯᠠᠬᠤ ᠨᠢᠭᠡᠴᠡ ᠨᠢ ᠬᠦᠳᠡᠯᠮᠤᠷᠢ ᠬᠦᠴᠦ ᠲᠤᠮᠢᠯᠠᠬᠤ | ᠬᠡᠯᠡᠯᠴᠡᠭᠡᠷ ᠤᠨ ᠠᠭᠤᠯᠭ᠎ᠠ ᠶᠢ ᠲᠤᠮᠢᠯᠠᠬᠳᠠᠬᠤ ᠬᠦᠳᠡᠯᠮᠤᠷᠢᠴᠢᠨ ᠳᠤ ᠮᠡᠳᠡᠭᠳᠡᠬᠦ ᠬᠡᠷᠡᠭᠳᠠᠢ᠃ ᠬᠦᠳᠡᠯᠮᠤᠷᠢ ᠬᠦᠴᠦ | ᠲᠤᠮᠢᠯᠠᠬᠤ ᠨᠢᠭᠡᠴᠡ ᠨᠢ ᠠᠵᠢᠯᠴᠢᠨ ᠬᠡᠷᠡᠭᠯᠡᠬᠦ ᠨᠢᠭᠡᠴᠡ ᠠᠴᠠ ᠬᠦᠳᠡᠯᠮᠤᠷᠢ ᠬᠦᠴᠦ ᠲᠤᠮᠢᠯᠠᠬᠤ ᠬᠡᠯᠡᠯᠴᠡᠭᠡᠷ ᠶᠤᠰᠤᠭᠠᠷ | ᠲᠤᠮᠢᠯᠠᠬᠳᠠᠬᠤ ᠬᠦᠳᠡᠯᠮᠤᠷᠢᠴᠢᠨ ᠳᠤ ᠦᠭᠬᠦᠭᠰᠡᠨ ᠬᠦᠳᠡᠯᠮᠤᠷᠢ ᠶᠢᠨ ᠤᠯᠭᠤᠮᠵᠢ ᠶᠢ ᠰᠠᠭᠤᠳᠬᠠᠨ ᠠᠪᠴᠤ ᠪᠤᠯᠬᠤ | ᠦᠭᠡᠢ᠃ ᠬᠦᠳᠡᠯᠮᠤᠷᠢ ᠬᠦᠴᠦ ᠲᠤᠮᠢᠯᠠᠬᠤ ᠨᠢᠭᠡᠴᠡ ᠪᠠ ᠠᠵᠢᠯᠴᠢᠨ ᠬᠡᠷᠡᠭᠯᠡᠬᠦ ᠨᠢᠭᠡᠴᠡ ᠨᠢ ᠲᠤᠮᠢᠯᠠᠬᠳᠠᠬᠰᠠᠨ | ᠬᠦᠳᠡᠯᠮᠤᠷᠢᠴᠢᠨ ᠠᠴᠠ ᠰᠦᠢᠳᠭᠡᠯ ᠬᠤᠷᠢᠶᠠᠨ ᠠᠪᠴᠤ ᠪᠤᠯᠬᠤ ᠦᠭᠡᠢ᠃ | ᠵᠢᠷᠠᠨ ᠨᠢᠭᠡᠳᠤᠭᠡᠷ ᠵᠦᠢᠯ ᠬᠦᠳᠡᠯᠮᠤᠷᠢ ᠬᠦᠴᠦ ᠲᠤᠮᠢᠯᠠᠬᠤ ᠨᠢᠭᠡᠴᠡ ᠨᠢ ᠭᠠᠵᠠᠷ ᠤᠷᠤᠨ ᠠᠯᠤᠰᠯᠠᠨ | ᠬᠦᠳᠡᠯᠮᠤᠷᠢᠴᠢᠨ ᠢ ᠲᠤᠮᠢᠯᠠᠬᠰᠠᠨ ᠪᠠᠶᠢᠪᠠᠯ᠂ ᠲᠤᠮᠢᠯᠠᠬᠳᠠᠬᠰᠠᠨ ᠬᠦᠳᠡᠯᠮᠤᠷᠢᠴᠢᠨ ᠤ ᠡᠳ᠋ᠯᠡᠬᠦ ᠬᠦᠳᠡᠯᠮᠤᠷᠢ ᠶᠢᠨ | ᠤᠯᠭᠤᠮᠵᠢ ᠪᠠ ᠬᠦᠳᠡᠯᠮᠤᠷᠢ ᠶᠢᠨ ᠨᠦᠬᠦᠴᠡᠯ ᠢ ᠠᠵᠢᠯᠴᠢᠨ ᠬᠡᠷᠡᠭᠯᠡᠬᠦ ᠨᠢᠭᠡᠴᠡ ᠶᠢᠨ ᠰᠠᠭᠤᠭ᠎ᠠ ᠭᠠᠵᠠᠷ ᠤᠨ ᠪᠠᠷᠢᠮᠵᠢᠶ᠎ᠠ | ᠶᠤᠰᠤᠭᠠᠷ ᠬᠡᠷᠡᠭᠵᠢᠭᠦᠯᠬᠦ ᠬᠡᠷᠡᠭᠳᠠᠢ᠃ | ᠵᠢᠷᠠᠨ ᠬᠤᠶᠠᠳᠤᠭᠠᠷ ᠵᠦᠢᠯ ᠠᠵᠢᠯᠴᠢᠨ ᠬᠡᠷᠡᠭᠯᠡᠬᠦ ᠨᠢᠭᠡᠴᠡ ᠨᠢ ᠲᠤᠤᠷ᠎ᠠ ᠵᠢᠬᠰᠠᠭᠠᠬᠰᠠᠨ ᠡᠭᠦᠷᠭᠡ ᠨᠦᠭᠦᠳ ᠢ | ᠭᠦᠢᠴᠡᠳᠭᠡᠬᠦ ᠬᠡᠷᠡᠭᠳᠠᠢ᠄ | ︵ᠨᠢᠭᠡ︶ ᠤᠯᠤᠰ ᠤᠨ ᠬᠦᠳᠡᠯᠮᠤᠷᠢ ᠶᠢᠨ ᠪᠠᠷᠢᠮᠵᠢᠶ᠎ᠠ ᠶᠢ ᠬᠡᠷᠡᠭᠵᠢᠭᠦᠯᠵᠤ᠂ ᠵᠤᠬᠢᠴᠠᠩᠭᠤᠢ ᠬᠦᠳᠡᠯᠮᠤᠷᠢ ᠶᠢᠨ | ᠨᠦᠬᠦᠴᠡᠯ ᠪᠠ ᠬᠦᠳᠡᠯᠮᠤᠷᠢ ᠶᠢᠨ ᠬᠠᠮᠠᠭᠠᠯᠠᠯᠳᠠ ᠶᠢ ᠬᠠᠩᠭᠠᠨ᠎ᠠ︔ | ︵ᠬᠤᠶᠠᠷ︶ ᠲᠤᠮᠢᠯᠠᠬᠳᠠᠬᠰᠠᠨ ᠬᠦᠳᠡᠯᠮᠤᠷᠢᠴᠢᠨ ᠳᠤ ᠠᠵᠢᠯ ᠤᠨ ᠱᠠᠭᠠᠷᠳᠠᠯᠭ᠎ᠠ ᠪᠠ ᠬᠦᠳᠡᠯᠮᠤᠷᠢ ᠶᠢᠨ | ᠤᠯᠭᠤᠮᠵᠢ ᠶᠢ ᠮᠡᠳᠡᠭᠳᠡᠨ᠎ᠡ︔ | ︵ᠭᠤᠷᠪᠠ︶ ᠴᠠᠬ ᠨᠡᠮᠡᠵᠤ ᠠᠵᠢᠯᠯᠠᠬᠰᠠᠨ ᠮᠦᠡᠭᠬᠦ᠂ ᠠᠮᠵᠢᠯᠳᠠ ᠪᠦᠳᠦᠮᠵᠢ ᠶᠢᠨ ᠱᠠᠩᠨᠠᠯ ᠤᠨ ᠮᠦᠡᠭᠬᠦ | ᠦᠭᠴᠤ᠂ ᠠᠵᠢᠯ ᠤᠨ ᠪᠠᠶᠢᠷᠢ ᠲᠠᠢ ᠨᠢ ᠬᠤᠯᠪᠤᠬᠳᠠᠯ ᠲᠠᠢ ᠠᠰᠠᠷᠠᠮᠵᠢ ᠬᠠᠷᠠᠭᠠᠯᠵᠠᠯ ᠢ ᠬᠠᠩᠭᠠᠨ᠎ᠠ︔ | ︵ᠲᠦᠷᠪᠡ︶ ᠠᠵᠢᠯ ᠤᠨ ᠪᠠᠶᠢᠷᠢᠨ ᠳᠤ ᠪᠠᠶᠢᠭ᠎ᠠ ᠲᠤᠮᠢᠯᠠᠬᠳᠠᠬᠰᠠᠨ ᠬᠦᠳᠡᠯᠮᠤᠷᠢᠴᠢᠨ ᠢ ᠠᠵᠢᠯ ᠤᠨ | ᠪᠠᠶᠢᠷᠢ ᠶᠢᠨ ᠴᠢᠬᠤᠯᠠ ᠪᠦᠬᠦᠢ ᠪᠤᠯᠪᠠᠰᠤᠷᠠᠯ ᠬᠢᠯᠭᠡᠨ᠎ᠡ︔ | ︵ᠲᠠᠪᠤ︶ ᠦᠷᠭᠦᠯᠵᠢᠯᠡᠨ ᠠᠵᠢᠯᠴᠢᠨ ᠬᠡᠷᠡᠭᠯᠡᠪᠡᠯ᠂ ᠬᠡᠪ ᠤᠨ ᠴᠠᠯᠢᠩ ᠲᠤᠬᠢᠷᠠᠭᠤᠯᠬᠤ ᠲᠤᠬᠳᠠᠴᠠ ᠶᠢ | ᠬᠡᠷᠡᠭᠵᠢᠭᠦᠯᠤᠨ᠎ᠡ᠃ ᠠᠵᠢᠯᠴᠢᠨ ᠬᠡᠷᠡᠭᠯᠡᠬᠦ ᠨᠢᠭᠡᠴᠡ ᠨᠢ ᠲᠤᠮᠢᠯᠠᠬᠳᠠᠬᠰᠠᠨ ᠬᠦᠳᠡᠯᠮᠤᠷᠢᠴᠢᠨ ᠢ ᠪᠤᠰᠤᠳ ᠬᠦᠮᠦᠨ | ᠬᠡᠷᠡᠭᠯᠡᠬᠦ ᠨᠢᠭᠡᠴᠡ ᠳᠤ ᠲᠠᠬᠢᠨ ᠲᠤᠮᠢᠯᠠᠵᠤ ᠪᠤᠯᠬᠤ ᠦᠭᠡᠢ᠃ | ᠵᠢᠷᠠᠨ ᠭᠤᠷᠪᠠᠳᠤᠭᠠᠷ ᠵᠦᠢᠯ ᠲᠤᠮᠢᠯᠠᠬᠳᠠᠬᠰᠠᠨ ᠬᠦᠳᠡᠯᠮᠤᠷᠢᠴᠢᠨ ᠨᠢ ᠠᠵᠢᠯᠴᠢᠨ ᠬᠡᠷᠡᠭᠯᠡᠬᠦ ᠨᠢᠭᠡᠴᠡ ᠶᠢᠨ | ᠬᠦᠳᠡᠯᠮᠤᠷᠢᠴᠢᠨ ᠲᠠᠢ ᠠᠳᠠᠯᠢ ᠠᠵᠢᠯ ᠳᠤ ᠠᠳᠠᠯᠢ ᠤᠯᠭᠤᠮᠵᠢ ᠤᠯᠬᠤ ᠡᠷᠬᠡ ᠲᠠᠢ᠃ ᠠᠵᠢᠯᠴᠢᠨ ᠬᠡᠷᠡᠭᠯᠡᠬᠦ ᠨᠢᠭᠡᠴᠡ | ᠠᠳᠠᠯᠢ ᠠᠵᠢᠯ ᠳᠤ ᠠᠳᠠᠯᠢ ᠤᠯᠭᠤᠮᠵᠢ ᠤᠯᠭᠤᠬᠤ ᠵᠠᠷᠴᠢᠮ ᠢᠶᠠᠷ ᠲᠤᠮᠢᠯᠠᠬᠳᠠᠬᠰᠠᠨ ᠬᠦᠳᠡᠯᠮᠤᠷᠢᠴᠢᠨ ᠳᠤ ᠲᠤᠰ | ᠨᠢᠭᠡᠴᠡ ᠶᠢᠨ ᠠᠳᠠᠯᠢ ᠲᠦᠷᠦᠯ ᠤᠨ ᠠᠵᠢᠯ ᠤᠨ ᠪᠠᠶᠢᠷᠢ ᠶᠢᠨ ᠬᠦᠳᠡᠯᠮᠤᠷᠢᠴᠢᠨ ᠲᠠᠢ ᠠᠳᠠᠯᠢ ᠬᠦᠳᠡᠯᠮᠤᠷᠢ ᠶᠢᠨ | ᠤᠯᠭᠤᠮᠵᠢ ᠤᠯᠭᠤᠬᠤ ᠠᠷᠭ᠎ᠠ ᠭᠡᠷᠡᠭᠵᠢᠬᠦᠯᠦᠨ᠎ᠡ᠃ ᠠᠵᠢᠯᠴᠢᠨ ᠬᠡᠷᠡᠭᠯᠡᠬᠦ ᠨᠢᠭᠡᠴᠡ ᠳᠤ ᠠᠳᠠᠯᠢ ᠲᠦᠷᠦᠯ ᠤᠨ | ᠠᠵᠢᠯ ᠤᠨ ᠪᠠᠶᠢᠷᠢ ᠶᠢᠨ ᠬᠦᠳᠡᠯᠮᠤᠷᠢᠴᠢᠨ ᠪᠠᠶᠢᠬᠤ ᠦᠭᠡᠢ ᠪᠤᠯ ᠠᠵᠢᠯᠴᠢᠨ ᠬᠡᠷᠡᠭᠯᠡᠬᠦ ᠨᠢᠭᠡᠴᠡ ᠶᠢᠨ ᠰᠠᠭᠤᠭ᠎ᠠ | ᠭᠠᠵᠠᠷ ᠤᠨ ᠠᠳᠠᠯᠢ ᠪᠤᠶᠤ ᠠᠳᠠᠯᠢᠪᠳᠤᠷ ᠠᠵᠢᠯ ᠤᠨ ᠪᠠᠶᠢᠷᠢ ᠶᠢᠨ ᠬᠦᠳᠡᠯᠮᠤᠷᠢᠴᠢᠨ ᠤ ᠬᠦᠳᠡᠯᠮᠤᠷᠢ ᠶᠢᠨ | ᠤᠯᠭᠤᠮᠵᠢ ᠪᠠᠷ ᠯᠠᠪᠯᠠᠯᠳᠠ ᠪᠤᠯᠭᠠᠵᠤ ᠲᠤᠬᠳᠠᠭᠠᠨ᠎ᠠ᠃ | ᠬᠦᠳᠡᠯᠮᠤᠷᠢ ᠬᠦᠴᠦ ᠲᠤᠮᠢᠯᠠᠬᠤ ᠨᠢᠭᠡᠴᠡ ᠨᠢ ᠲᠤᠮᠢᠯᠠᠬᠳᠠᠬᠰᠠᠨ ᠬᠦᠳᠡᠯᠮᠤᠷᠢᠴᠢᠨ ᠲᠠᠢ ᠲᠤᠭᠳᠠᠭᠠᠭᠰᠠᠨ | ᠬᠦᠳᠡᠯᠮᠤᠷᠢ ᠶᠢᠨ ᠭᠡᠷ᠎ᠡ ᠪᠠ ᠠᠵᠢᠯᠴᠢᠨ ᠬᠡᠷᠡᠭᠯᠡᠬᠦ ᠨᠢᠭᠡᠴᠡ ᠲᠠᠢ ᠲᠤᠭᠳᠠᠭᠠᠭᠰᠠᠨ ᠬᠦᠳᠡᠯᠮᠤᠷᠢ ᠬᠦᠴᠦ ᠲᠤᠮᠢᠯᠠᠬᠤ | ᠭᠡᠯᠡᠯᠴᠡᠭᠡᠷ ᠲᠤ ᠲᠤᠭᠳᠠᠭᠰᠠᠨ ᠪᠤᠶᠤ ᠪᠤᠯᠵᠤᠭᠰᠠᠨ ᠲᠤᠮᠢᠯᠠᠬᠳᠠᠬᠰᠠᠨ ᠬᠦᠳᠡᠯᠮᠤᠷᠢᠴᠢᠨ ᠳᠤ ᠤᠯᠭᠤᠬᠤ | ᠬᠦᠳᠡᠯᠮᠤᠷᠢ ᠶᠢᠨ ᠤᠯᠭᠤᠮᠵᠢ ᠨᠢ ᠡᠮᠦᠨᠡᠬᠢ ᠵᠤᠷᠪᠤᠰ ᠤᠨ ᠲᠤᠭᠳᠠᠭᠠᠯ ᠳᠤ ᠨᠡᠶᠢᠴᠡᠬᠦ ᠬᠡᠷᠡᠭᠲᠠᠢ᠃ | ᠵᠢᠷᠠᠨ ᠲᠦᠷᠪᠡᠳᠦᠭᠡᠷ ᠵᠦᠢᠯ ᠲᠤᠮᠢᠯᠠᠬᠳᠠᠬᠰᠠᠨ ᠬᠦᠳᠡᠯᠮᠤᠷᠢᠴᠢᠨ ᠨᠢ ᠬᠦᠳᠡᠯᠮᠤᠷᠢ ᠬᠦᠴᠦ ᠲᠤᠮᠢᠯᠠᠬᠤ | ᠨᠢᠭᠡᠴᠡ ᠪᠤᠶᠤ ᠠᠵᠢᠯᠴᠢᠨ ᠬᠡᠷᠡᠭᠯᠡᠬᠦ ᠨᠢᠭᠡᠴᠡ ᠶᠢᠨ ᠠᠵᠢᠯᠴᠢᠨ ᠤ ᠡᠪᠯᠡᠯ ᠳᠤ ᠬᠠᠤᠯᠢ ᠶᠤᠰᠤᠭᠠᠷ ᠤᠷᠤᠯᠴᠠᠬᠤ ᠪᠤᠶᠤ | ᠲᠡᠭᠦᠨ ᠢ ᠬᠠᠤᠯᠢ ᠶᠤᠰᠤᠭᠠᠷ ᠵᠤᠬᠢᠶᠠᠨ ᠪᠠᠶᠢᠭᠤᠯᠵᠤ᠂ ᠲᠤᠰ ᠪᠡᠶ᠎ᠡ ᠶᠢᠨ ᠬᠠᠤᠯᠢ ᠶᠤᠰᠤᠨ ᠤ ᠡᠷᠬᠡ ᠠᠰᠢᠬ ᠢᠶᠠᠨ | ᠬᠠᠮᠠᠭᠠᠯᠠᠬᠤ ᠡᠷᠬᠡ ᠲᠠᠢ᠃ | ᠵᠢᠷᠠᠨ ᠲᠠᠪᠤᠳᠤᠭᠠᠷ ᠵᠦᠢᠯ ᠲᠤᠮᠢᠯᠠᠬᠳᠠᠬᠰᠠᠨ ᠬᠦᠳᠡᠯᠮᠤᠷᠢᠴᠢᠨ ᠲᠤᠰ ᠬᠠᠤᠯᠢ ᠶᠢᠨ ᠭᠤᠴᠢᠨ ᠵᠢᠷᠭᠤᠳᠤᠭᠠᠷ | ᠵᠦᠢᠯ᠂ ᠭᠤᠴᠢᠨ ᠨᠠᠢᠮᠠᠳᠤᠭᠠᠷ ᠵᠦᠢᠯ ᠤᠨ ᠲᠤᠬᠳᠠᠭᠠᠯ ᠶᠤᠰᠤᠭᠠᠷ ᠬᠦᠳᠡᠯᠮᠤᠷᠢ ᠬᠦᠴᠦ ᠲᠤᠮᠢᠯᠠᠬᠤ ᠨᠢᠭᠡᠴᠡ ᠲᠠᠢ | ᠬᠦᠳᠡᠯᠮᠤᠷᠢ ᠶᠢᠨ ᠭᠡᠷ᠎ᠡ ᠪᠠᠨ ᠬᠦᠴᠦᠨ ᠦᠭᠡᠢ ᠪᠤᠯᠭᠠᠵᠤ ᠪᠤᠯᠤᠨ᠎ᠠ᠃ | ᠲᠤᠮᠢᠯᠠᠬᠳᠠᠬᠰᠠᠨ ᠬᠦᠳᠡᠯᠮᠤᠷᠢᠴᠢᠨ ᠳᠤ ᠲᠤᠰ ᠬᠠᠤᠯᠢ ᠶᠢᠨ ᠭᠤᠴᠢ ᠶᠢᠰᠦᠳᠦᠭᠡᠷ ᠵᠦᠢᠯ ᠪᠠ ᠲᠦᠴᠢᠳᠦᠭᠡᠷ | ᠵᠦᠢᠯ ᠤᠨ ᠨᠢᠭᠡᠳᠦᠭᠡᠷ ᠵᠤᠷᠪᠤᠰ᠂ ᠬᠤᠶᠠᠳᠤᠭᠠᠷ ᠵᠤᠷᠪᠤᠰ ᠲᠤ ᠲᠤᠬᠳᠠᠭᠠᠬᠰᠠᠨ ᠪᠠᠶᠢᠳᠠᠯ ᠪᠠᠶᠢᠪᠠᠯ᠂ ᠠᠵᠢᠯᠴᠢᠨ | ᠬᠡᠷᠡᠭᠯᠡᠬᠦ ᠨᠢᠭᠡᠴᠡ ᠨᠢ ᠬᠦᠳᠡᠯᠮᠤᠷᠢᠴᠢᠨ ᠢ ᠬᠦᠳᠡᠯᠮᠤᠷᠢ ᠬᠦᠴᠦ ᠲᠤᠮᠢᠯᠠᠬᠤ ᠨᠢᠭᠡᠴᠡ ᠳᠤ ᠪᠤᠴᠠᠭᠠᠵᠤ ᠪᠤᠯᠤᠨ᠎ᠠ᠂ | ᠬᠦᠳᠡᠯᠮᠤᠷᠢ ᠬᠦᠴᠦ ᠲᠤᠮᠢᠯᠠᠬᠤ ᠨᠢᠭᠡᠴᠡ ᠨᠢ ᠲᠤᠰ ᠬᠠᠤᠯᠢ ᠶᠢᠨ ᠬᠤᠯᠪᠤᠬᠳᠠᠯ ᠪᠦᠬᠦᠢ ᠲᠤᠬᠳᠠᠭᠠᠯ ᠶᠤᠰᠤᠭᠠᠷ | ᠬᠦᠳᠡᠯᠮᠤᠷᠢᠴᠢᠨ ᠲᠠᠢ ᠬᠦᠳᠡᠯᠮᠤᠷᠢ ᠶᠢᠨ ᠭᠡᠷ᠎ᠡ ᠪᠠᠨ ᠬᠦᠴᠦᠨ ᠦᠭᠡᠢ ᠪᠤᠯᠭᠠᠵᠤ ᠪᠤᠯᠤᠨ᠎ᠠ᠃ | ᠵᠢᠷᠠᠨ ᠵᠢᠷᠭᠤᠳᠤᠭᠠᠷ ᠵᠦᠢᠯ ᠬᠦᠳᠡᠯᠮᠤᠷᠢ ᠶᠢᠨ ᠭᠡᠷ᠎ᠡ ᠪᠠᠷ ᠠᠵᠢᠯᠴᠢᠨ ᠬᠡᠷᠡᠭᠯᠡᠬᠦ ᠪᠤᠯ ᠮᠠᠨ ᠤ ᠤᠯᠤᠰ ᠤᠨ | ᠠᠵᠦ ᠠᠬᠤᠶᠢᠯᠠᠯ ᠤᠨ ᠦᠨᠳᠦᠰᠦᠨ ᠠᠵᠢᠯᠴᠢᠨ ᠬᠡᠷᠡᠭᠯᠡᠬᠦ ᠭᠡᠯᠪᠡᠷᠢ ᠪᠤᠯᠤᠨ᠎ᠠ᠃ ᠬᠦᠳᠡᠯᠮᠤᠷᠢ ᠬᠦᠴᠦ ᠲᠤᠮᠢᠯᠠᠵᠦ | ᠠᠵᠢᠯᠴᠢᠨ ᠬᠡᠷᠡᠭᠯᠡᠬᠦ ᠪᠤᠯ ᠨᠦᠬᠦᠪᠤᠷᠢ ᠭᠡᠯᠪᠡᠷᠢ᠂ ᠵᠦᠪᠭᠡᠨ ᠲᠦᠷ ᠴᠠᠬ ᠤᠨ ᠴᠢᠨᠠᠷᠳᠠᠢ᠂ ᠲᠤᠰᠠᠯᠠᠬᠤ ᠴᠢᠨᠠᠷᠳᠠᠢ | ᠪᠤᠶᠤ ᠤᠷᠤᠯᠠᠬᠤ ᠴᠢᠨᠠᠷᠳᠠᠢ ᠠᠵᠢᠯ ᠤᠨ ᠪᠠᠶᠢᠷᠢᠨ ᠳᠤ ᠬᠡᠷᠡᠭᠵᠢᠭᠦᠯᠤᠨ᠎ᠡ᠃ | ᠡᠮᠦᠨᠡᠬᠢ ᠵᠤᠷᠪᠤᠰ ᠲᠤ ᠲᠤᠭᠳᠠᠭᠠᠭᠰᠠᠨ ᠲᠦᠷ ᠴᠠᠬ ᠤᠨ ᠴᠢᠨᠠᠷᠳᠠᠢ ᠠᠵᠢᠯ ᠤᠨ ᠪᠠᠶᠢᠷᠢ ᠭᠡᠳᠡᠭ ᠨᠢ | ᠦᠷᠬᠦᠯᠵᠢᠯᠡᠬᠦ ᠬᠤᠭᠤᠴᠠᠭ᠎ᠠ ᠨᠢ ᠵᠢᠷᠭᠤᠭᠠᠨ ᠰᠠᠷ᠎ᠡ ᠶᠢ ᠭᠡᠳᠦᠷᠡᠬᠦ ᠦᠭᠡᠢ ᠠᠵᠢᠯ ᠤᠨ ᠪᠠᠶᠢᠷᠢ ᠶᠢ ᠵᠢᠭᠠᠨ᠎ᠠ︔ | ᠲᠤᠰᠠᠯᠠᠬᠤ ᠴᠢᠨᠠᠷᠳᠠᠢ ᠠᠵᠢᠯ ᠤᠨ ᠪᠠᠶᠢᠷᠢ ᠭᠡᠳᠡᠭ ᠨᠢ ᠭᠤᠤᠯ ᠠᠵᠢᠯ ᠤᠨ ᠪᠠᠶᠢᠷᠢ ᠦᠢᠯᠡᠴᠢᠯᠡᠭᠡ ᠬᠠᠩᠭᠠᠬᠤ ᠲᠡᠳ᠋ | ᠠᠵᠢᠯ ᠤᠨ ᠪᠠᠶᠢᠷᠢ ᠶᠢ ᠵᠢᠭᠠᠨ᠎ᠠ︔ ᠤᠷᠤᠯᠠᠬᠤ ᠴᠢᠨᠠᠷᠳᠠᠢ ᠠᠵᠢᠯ ᠤᠨ ᠪᠠᠶᠢᠷᠢ ᠭᠡᠳᠡᠭ ᠨᠢ ᠠᠵᠢᠯᠴᠢᠨ ᠬᠡᠷᠡᠭᠯᠡᠬᠦ | ᠨᠢᠭᠡᠴᠡ ᠶᠢᠨ ᠬᠦᠳᠡᠯᠮᠤᠷᠢᠴᠢᠨ ᠦᠢᠯᠡᠳᠪᠤᠷᠢᠯᠡᠯ ᠠᠴᠠ ᠰᠠᠯᠵᠦ ᠰᠤᠷᠤᠯᠴᠠᠬᠤ᠂ ᠠᠮᠠᠷᠠᠬᠤ ᠵᠡᠷᠭᠡ ᠰᠢᠯᠳᠠᠭᠠᠨ ᠠᠴᠠ | ᠪᠤᠯᠵᠦ ᠠᠵᠢᠯᠯᠠᠵᠦ ᠲᠡᠶᠢᠯᠬᠦ ᠦᠭᠡᠢ ᠬᠤᠭᠤᠴᠠᠭᠠᠨ ᠲᠤᠳᠤᠷ᠎ᠡ ᠪᠤᠰᠤᠳ ᠬᠦᠳᠡᠯᠮᠤᠷᠢᠴᠢᠨ ᠤᠷᠤᠯᠠᠵᠦ ᠠᠵᠢᠯᠯᠠᠵᠦ | ᠪᠤᠯᠬᠤ ᠠᠵᠢᠯ ᠤᠨ ᠪᠠᠶᠢᠷᠢ ᠶᠢ ᠵᠢᠭᠠᠨ᠎ᠠ᠃ | ᠠᠵᠢᠯᠴᠢᠨ ᠬᠡᠷᠡᠭᠯᠡᠬᠦ ᠨᠢᠭᠡᠴᠡ ᠨᠢ ᠬᠦᠳᠡᠯᠮᠤᠷᠢ ᠬᠦᠴᠦ ᠲᠤᠮᠢᠯᠠᠭᠰᠠᠨ ᠠᠵᠢᠯᠴᠢᠨ ᠤ ᠲᠤᠭ᠎ᠠ ᠶᠢ ᠴᠢᠩᠭ᠎ᠠ | ᠬᠢᠵᠠᠭᠠᠷᠯᠠᠬᠤ ᠬᠡᠷᠡᠭᠲᠠᠢ᠂ ᠪᠦᠬᠦ ᠠᠵᠢᠯᠴᠢᠨ ᠤ ᠲᠤᠭᠳᠠᠭᠰᠠᠨ ᠬᠠᠷᠢᠴᠠᠯ ᠠᠴᠠ ᠭᠡᠳᠦᠷᠡᠵᠦ ᠪᠤᠯᠬᠤ ᠦᠭᠡᠢ᠂ ᠪᠤᠳᠠᠲᠠᠢ | ᠬᠠᠷᠢᠴᠠᠯ ᠢ ᠲᠦᠷᠦ ᠶᠢᠨ ᠶᠠᠪᠤᠳᠠᠯ ᠤᠨ ᠬᠤᠷᠢᠶᠡᠨ ᠤ ᠬᠦᠳᠡᠯᠮᠤᠷᠢ ᠶᠢᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠠᠴᠠ | ᠲᠤᠭᠳᠠᠭᠠᠨ᠎ᠠ᠃ | ᠵᠢᠷᠠᠨ ᠲᠤᠯᠤᠳᠤᠭᠠᠷ ᠵᠦᠢᠯ ᠠᠵᠢᠯᠴᠢᠨ ᠬᠡᠷᠡᠭᠯᠡᠬᠦ ᠨᠢᠭᠡᠴᠡ ᠨᠢ ᠬᠦᠳᠡᠯᠮᠤᠷᠢ ᠬᠦᠴᠦ ᠲᠤᠮᠢᠯᠠᠬᠤ ᠨᠢᠭᠡᠴᠡ | ᠪᠠᠶᠢᠭᠤᠯᠵᠤ᠂ ᠲᠤᠰ ᠨᠢᠭᠡᠴᠡ ᠪᠤᠶᠤ ᠬᠠᠷᠢᠶ᠎ᠠ ᠨᠢᠭᠡᠴᠡ ᠳᠡᠭᠡᠨ ᠬᠦᠳᠡᠯᠮᠤᠷᠢᠴᠢᠨ ᠢ ᠲᠤᠮᠢᠯᠠᠵᠤ ᠪᠤᠯᠬᠤ ᠦᠭᠡᠢ᠃ | | | ᠭᠤᠷᠪᠠᠳᠤᠭᠠᠷ ᠬᠡᠰᠡᠭ ᠪᠦᠬᠦᠯᠢ ᠡᠳᠦᠷ ᠢᠶᠠᠷ ᠠᠵᠢᠯᠯᠠᠬᠤ ᠪᠤᠰᠤ ᠲᠦᠷᠢᠮᠳᠤ ᠠᠵᠢᠯᠴᠢᠨ ᠢ ᠬᠡᠷᠡᠭᠯᠡᠬᠦ | | | ᠵᠢᠷᠠᠨ ᠨᠠᠢᠮᠠᠳᠤᠭᠠᠷ ᠵᠦᠢᠯ ᠪᠦᠬᠦᠯᠢ ᠡᠳᠦᠷ ᠢᠶᠠᠷ ᠠᠵᠢᠯᠯᠠᠬᠤ ᠪᠤᠰᠤ ᠲᠦᠷᠢᠮᠳᠤ ᠠᠵᠢᠯᠴᠢᠨ ᠢ ᠬᠡᠷᠡᠭᠯᠡᠬᠦ | ᠲᠦᠷᠢᠮ ᠭᠡᠳᠡᠭ ᠨᠢ ᠴᠠᠬ ᠢᠶᠠᠷ ᠤᠯᠭᠤᠮᠵᠢ ᠪᠤᠳᠤᠬᠤ ᠪᠠᠷ ᠭᠤᠤᠯ ᠪᠤᠯᠭᠠᠬᠰᠠᠨ᠂ ᠬᠦᠳᠡᠯᠮᠤᠷᠢᠴᠢᠨ ᠤ ᠠᠳᠠᠯᠢ ᠨᠢᠭᠡᠨ | ᠬᠦᠮᠦᠨ ᠬᠡᠷᠡᠭᠯᠡᠬᠦ ᠨᠢᠭᠡᠴᠡ ᠳᠠᠬᠢ ᠡᠩ ᠤᠨ ᠡᠳᠦᠷ ᠪᠦᠷᠢ ᠶᠢᠨ ᠲᠤᠮᠳᠠᠴᠢ ᠠᠵᠢᠯᠯᠠᠬᠤ ᠴᠠᠬ ᠨᠢ ᠲᠦᠷᠪᠡᠨ | ᠴᠠᠬ ᠠᠴᠠ ᠬᠡᠳᠦᠷᠡᠬᠦ ᠦᠭᠡᠢ᠂ ᠭᠠᠷᠠᠬ ᠪᠦᠷᠢ ᠶᠢᠨ ᠠᠵᠢᠯᠯᠠᠬᠤ ᠴᠠᠬ ᠨᠢ ᠨᠡᠶᠢᠯᠡᠭᠡᠳ ᠬᠤᠷᠢᠨ ᠲᠦᠷᠪᠡᠨ ᠴᠠᠬ ᠠᠴᠠ | ᠬᠡᠳᠦᠷᠡᠬᠦ ᠦᠭᠡᠢ ᠠᠵᠢᠯᠴᠢᠨ ᠬᠡᠷᠡᠭᠯᠡᠬᠦ ᠬᠡᠯᠪᠡᠷᠢ ᠶᠢ ᠬᠡᠯᠡᠵᠤ ᠪᠠᠶᠢᠨ᠎ᠠ᠃ | ᠵᠢᠷᠠ ᠶᠢᠰᠦᠳᠦᠭᠡᠷ ᠵᠦᠢᠯ ᠪᠦᠬᠦᠯᠢ ᠡᠳᠦᠷ ᠢᠶᠠᠷ ᠠᠵᠢᠯᠯᠠᠬᠤ ᠪᠤᠰᠤ ᠲᠦᠷᠢᠮᠳᠤ ᠠᠵᠢᠯᠴᠢᠨ ᠢ ᠬᠡᠷᠡᠭᠯᠡᠬᠦ | ᠬᠤᠶᠠᠷ ᠲᠠᠯ᠎ᠠ ᠶᠢᠨ ᠲᠤᠬᠠᠢ ᠶᠢᠨ ᠬᠦᠮᠦᠨ ᠨᠢ ᠠᠮᠠᠨ ᠵᠦᠪᠯᠡᠯᠭᠡ ᠲᠤᠬᠳᠠᠵᠤ ᠪᠤᠯᠤᠨ᠎ᠠ᠃ | ᠪᠦᠬᠦᠯᠢ ᠡᠳᠦᠷ ᠢᠶᠠᠷ ᠠᠵᠢᠯᠯᠠᠬᠤ ᠪᠤᠰᠤ ᠲᠦᠷᠢᠮᠳᠤ ᠠᠵᠢᠯᠴᠢᠨ ᠬᠡᠷᠡᠭᠯᠡᠬᠦ ᠠᠵᠢᠯ ᠢ ᠬᠢᠵᠤ ᠪᠠᠶᠢᠭ᠎ᠠ | ᠬᠦᠳᠡᠯᠮᠤᠷᠢᠴᠢᠨ ᠨᠢᠭᠡ ᠪᠤᠶᠤ ᠨᠢᠭᠡ ᠠᠴᠠ ᠲᠡᠭᠡᠭᠰᠢ ᠬᠦᠮᠦᠨ ᠬᠡᠷᠡᠭᠯᠡᠬᠦ ᠨᠢᠭᠡᠴᠡ ᠲᠠᠢ ᠬᠦᠳᠡᠯᠮᠤᠷᠢ ᠶᠢᠨ ᠭᠡᠷ᠎ᠡ | ᠲᠤᠬᠳᠠᠵᠤ ᠪᠤᠯᠤᠨ᠎ᠠ︔ ᠭᠡᠪᠡᠴᠤ ᠰᠡᠭᠦᠯᠡᠷ ᠲᠤᠬᠳᠠᠬᠰᠠᠨ ᠬᠦᠳᠡᠯᠮᠤᠷᠢ ᠶᠢᠨ ᠭᠡᠷ᠎ᠡ ᠨᠢ ᠤᠷᠢᠳᠠᠪᠡᠷ ᠲᠤᠬᠳᠠᠬᠰᠠᠨ | ᠬᠦᠳᠡᠯᠮᠤᠷᠢ ᠶᠢᠨ ᠭᠡᠷ᠎ᠡ ᠶᠢ ᠭᠦᠢᠴᠡᠳᠭᠡᠬᠦ ᠶᠢ ᠨᠦᠯᠦᠭᠡᠯᠡᠵᠤ ᠪᠤᠯᠬᠤ ᠦᠭᠡᠢ᠃ | ᠲᠠᠯᠠᠳᠤᠭᠠᠷ ᠵᠦᠢᠯ ᠪᠦᠬᠦᠯᠢ ᠡᠳᠦᠷ ᠢᠶᠠᠷ ᠠᠵᠢᠯᠯᠠᠬᠤ ᠪᠤᠰᠤ ᠲᠦᠷᠢᠮᠳᠤ ᠠᠵᠢᠯᠴᠢᠨ ᠢ ᠬᠡᠷᠡᠭᠯᠡᠬᠦ ᠬᠤᠶᠠᠷ | ᠲᠠᠯ᠎ᠠ ᠶᠢᠨ ᠲᠤᠬᠠᠢ ᠶᠢᠨ ᠬᠦᠮᠦᠨ ᠨᠢ ᠲᠤᠷᠰᠢᠨ ᠬᠡᠷᠡᠭᠯᠡᠬᠦ ᠬᠤᠭᠤᠴᠠᠭ᠎ᠠ ᠶᠢ ᠪᠤᠯᠵᠤᠨ ᠲᠤᠬᠳᠠᠵᠤ ᠪᠤᠯᠬᠤ ᠦᠭᠡᠢ᠃ | ᠲᠠᠯᠠᠨ ᠨᠢᠭᠡᠳᠤᠭᠡᠷ ᠵᠦᠢᠯ ᠪᠦᠬᠦᠯᠢ ᠡᠳᠦᠷ ᠢᠶᠠᠷ ᠠᠵᠢᠯᠯᠠᠬᠤ ᠪᠤᠰᠤ ᠲᠦᠷᠢᠮᠳᠤ ᠠᠵᠢᠯᠴᠢᠨ ᠢ ᠬᠡᠷᠡᠭᠯᠡᠬᠦ | ᠬᠤᠶᠠᠷ ᠲᠠᠯ᠎ᠠ ᠶᠢᠨ ᠲᠤᠬᠠᠢ ᠶᠢᠨ ᠬᠦᠮᠦᠨ ᠤ ᠠᠯᠢ ᠨᠢᠭᠡ ᠲᠠᠯ᠎ᠠ ᠨᠢ ᠴᠤ ᠴᠦᠮ ᠠᠵᠢᠯᠴᠢᠨ ᠬᠡᠷᠡᠭᠯᠡᠬᠦ ᠶᠢ | ᠲᠠᠭᠤᠰᠬᠠᠬᠤ ᠶᠢ ᠨᠦᠭᠦᠭᠡ ᠲᠠᠯ᠎ᠠ ᠳᠠᠭᠠᠨ ᠴᠠᠬ ᠲᠤᠬᠠᠢ ᠳᠤᠨᠢ ᠮᠡᠳᠡᠭᠳᠡᠵᠤ ᠪᠤᠯᠤᠨ᠎ᠠ᠃ ᠠᠵᠢᠯᠴᠢᠨ ᠬᠡᠷᠡᠭᠯᠡᠬᠦ ᠶᠢ | ᠲᠠᠭᠤᠰᠬᠠᠬᠤ ᠳᠤ ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢᠴᠢᠨ ᠳᠤ ᠠᠵᠤ ᠠᠬᠤᠢ ᠶᠢᠨ ᠨᠦᠬᠦᠪᠤᠷᠢ ᠦᠭᠬᠦ | ᠦᠭᠡᠢ᠃ | ᠲᠠᠯᠠᠨ ᠬᠤᠶᠠᠳᠤᠭᠠᠷ ᠵᠦᠢᠯ ᠪᠦᠬᠦᠯᠢ ᠡᠳᠦᠷ ᠢᠶᠠᠷ ᠠᠵᠢᠯᠯᠠᠬᠤ ᠪᠤᠰᠤ ᠲᠦᠷᠢᠮᠳᠤ ᠠᠵᠢᠯᠴᠢᠨ ᠬᠡᠷᠡᠭᠯᠡᠬᠦ ᠳᠤ | ᠴᠠᠬ ᠢᠶᠠᠷ ᠪᠤᠳᠤᠬᠤ ᠤᠯᠭᠤᠮᠵᠢ ᠶᠢᠨ ᠪᠠᠷᠢᠮᠵᠢᠶ᠎ᠠ ᠶᠢ ᠬᠦᠮᠦᠨ ᠬᠡᠷᠡᠭᠯᠡᠬᠦ ᠨᠢᠭᠡᠴᠡ ᠶᠢᠨ ᠰᠠᠭᠤᠭ᠎ᠠ ᠭᠠᠵᠠᠷ ᠤᠨ | ᠠᠷᠠᠳ ᠤᠨ ᠵᠠᠰᠠᠬ ᠤᠨ ᠤᠷᠳᠤᠨ ᠤ ᠲᠤᠬᠳᠠᠭᠠᠬᠰᠠᠨ ᠨᠠᠭᠠᠳᠤ ᠵᠠᠬ᠎ᠠ ᠶᠢᠨ ᠴᠠᠬ ᠤᠨ ᠴᠠᠯᠢᠩ ᠤᠨ ᠪᠠᠷᠢᠮᠵᠢᠶ᠎ᠠ ᠠᠴᠠ | ᠲᠤᠤᠷ᠎ᠠ ᠪᠠᠶᠢᠯᠭᠠᠵᠤ ᠪᠤᠯᠬᠤ ᠦᠭᠡᠢ᠃ ᠪᠦᠬᠦᠯᠢ ᠡᠳᠦᠷ ᠢᠶᠠᠷ ᠠᠵᠢᠯᠯᠠᠬᠤ ᠪᠤᠰᠤ ᠲᠦᠷᠢᠮᠳᠤ ᠠᠵᠢᠯᠴᠢᠨ | ᠬᠡᠷᠡᠭᠯᠡᠬᠦ ᠳᠡᠭᠡᠨ ᠬᠦᠳᠡᠯᠮᠤᠷᠢ ᠶᠢᠨ ᠤᠯᠭᠤᠮᠵᠢ ᠶᠢ ᠲᠠᠰᠤᠯᠤᠨ ᠪᠤᠳᠤᠵᠤ ᠦᠭᠬᠦ ᠬᠤᠭᠤᠴᠠᠭ᠎ᠠ ᠶᠢ ᠬᠠᠮᠤᠬ | ᠤᠷᠳᠤ ᠳᠠᠭᠠᠨ ᠠᠷᠪᠠᠨ ᠲᠠᠪᠤᠨ ᠡᠳᠦᠷ ᠠᠴᠠ ᠬᠡᠳᠦᠷᠡᠭᠦᠯᠵᠤ ᠪᠤᠯᠬᠤ ᠦᠭᠡᠢ᠃ | | | ᠵᠢᠷᠭᠤᠳᠤᠭᠠᠷ ᠪᠦᠯᠦᠭ ᠬᠢᠨᠠᠯᠳᠠ ᠲᠠᠯᠪᠢᠵᠤ ᠪᠠᠶᠢᠴᠠᠭᠠᠬᠤ | | | ᠲᠠᠯᠠᠨ ᠭᠤᠷᠪᠠᠳᠤᠭᠠᠷ ᠵᠦᠢᠯ ᠲᠦᠷᠦ ᠶᠢᠨ ᠶᠤᠪᠤᠳᠠᠯ ᠤᠨ ᠬᠤᠷᠢᠶ᠎ᠠ ᠶᠢᠨ ᠬᠦᠳᠡᠯᠮᠤᠷᠢ ᠶᠢᠨ ᠵᠠᠰᠠᠬ | ᠵᠠᠬᠢᠷᠭᠠᠨ ᠤ ᠰᠠᠯᠠᠭ᠎ᠠ ᠮᠦᠴᠢᠷ ᠠᠴᠠ ᠪᠦᠬᠦ ᠤᠯᠤᠰ ᠤᠨ ᠬᠦᠳᠡᠯᠮᠤᠷᠢ ᠶᠢᠨ ᠭᠡᠷ᠎ᠡ ᠶᠢᠨ ᠲᠦᠷᠢᠮ ᠤᠨ | ᠬᠡᠷᠡᠭᠵᠢᠭᠦᠯᠤᠯᠳᠡ ᠶᠢ ᠬᠢᠨᠠᠵᠤ ᠬᠠᠮᠢᠶᠠᠷᠬᠤ ᠠᠵᠢᠯ ᠢ ᠬᠠᠷᠢᠭᠤᠴᠠᠨ᠎ᠠ᠃ | ᠰᠢᠶᠠᠨ ᠤ ᠱᠠᠳᠤᠨ ᠠᠴᠠ ᠲᠡᠭᠡᠭᠰᠢᠬᠢ ᠤᠷᠤᠨ ᠨᠤᠳᠤᠬ ᠤᠨ ᠠᠷᠠᠳ ᠤᠨ ᠵᠠᠰᠠᠬ ᠤᠨ ᠤᠷᠳᠤᠨ ᠤ | ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠤᠳ ᠲᠤᠰ ᠵᠠᠰᠠᠬ ᠵᠠᠬᠢᠷᠭᠠᠨ ᠤ ᠤᠷᠤᠨ ᠪᠦᠰᠡ ᠶᠢᠨ | ᠲᠤᠳᠤᠷᠠᠬᠢ ᠬᠦᠳᠡᠯᠮᠤᠷᠢ ᠶᠢᠨ ᠭᠡᠷ᠎ᠡ ᠶᠢᠨ ᠲᠦᠷᠢᠮ ᠤᠨ ᠬᠡᠷᠡᠭᠵᠢᠭᠦᠯᠤᠯᠳᠡ ᠶᠢ ᠬᠢᠨᠠᠵᠤ ᠬᠠᠮᠢᠶᠠᠷᠬᠤ ᠠᠵᠢᠯ ᠢ | ᠬᠠᠷᠢᠭᠤᠴᠠᠨ᠎ᠠ᠃ | ᠰᠢᠶᠠᠨ ᠤ ᠱᠠᠳᠤᠨ ᠠᠴᠠ ᠲᠡᠭᠡᠭᠰᠢᠬᠢ ᠡᠯ᠎ᠡ ᠱᠠᠳᠤᠨ ᠤ ᠠᠷᠠᠳ ᠤᠨ ᠵᠠᠰᠠᠬ ᠤᠨ ᠤᠷᠳᠤᠨ ᠤ | ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠤᠳ ᠬᠦᠳᠡᠯᠮᠤᠷᠢ ᠶᠢᠨ ᠭᠡᠷ᠎ᠡ ᠶᠢᠨ ᠲᠦᠷᠢᠮ ᠤᠨ | ᠬᠡᠷᠡᠭᠵᠢᠭᠦᠯᠤᠯᠳᠡ ᠶᠢ ᠬᠢᠨᠠᠵᠤ ᠬᠠᠮᠢᠶᠠᠷᠬᠤ ᠠᠵᠢᠯ ᠤᠨ ᠲᠤᠮᠳᠠ ᠠᠵᠢᠯᠴᠢᠨ ᠤ ᠡᠪᠯᠡᠯ᠂ ᠠᠵᠤ ᠠᠬᠤᠢᠢᠯᠠᠯ ᠤᠨ | ᠲᠠᠯ᠎ᠠ ᠶᠢᠨ ᠲᠦᠯᠦᠭᠡᠯᠡᠭᠴᠢ ᠬᠢᠭᠡᠳ ᠬᠤᠯᠪᠤᠬᠳᠠᠯ ᠪᠦᠬᠦᠢ ᠠᠵᠢᠯ ᠲᠦᠷᠦᠯ ᠤᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠤᠨ ᠰᠠᠨᠠᠯ ᠢ ᠰᠤᠨᠤᠰᠬᠤ ᠬᠡᠷᠡᠭᠳᠠᠢ᠃ | ᠲᠠᠯᠠᠨ ᠲᠦᠷᠪᠡᠳᠦᠭᠡᠷ ᠵᠦᠢᠯ ᠰᠢᠶᠠᠨ ᠤ ᠱᠠᠳᠤᠨ ᠠᠴᠠ ᠲᠡᠭᠡᠭᠰᠢᠬᠢ ᠤᠷᠤᠨ ᠨᠤᠳᠤᠬ ᠤᠨ ᠠᠷᠠᠳ ᠤᠨ | ᠵᠠᠰᠠᠬ ᠤᠨ ᠤᠷᠳᠤᠨ ᠤ ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠤᠳ ᠲᠤᠤᠷ᠎ᠠ ᠵᠢᠬᠰᠠᠭᠠᠬᠰᠠᠨ | ᠬᠦᠳᠡᠯᠮᠤᠷᠢ ᠶᠢᠨ ᠭᠡᠷ᠎ᠡ ᠶᠢᠨ ᠲᠦᠷᠢᠮ ᠢ ᠬᠡᠷᠡᠭᠵᠢᠭᠦᠯᠦᠭᠰᠡᠨ ᠪᠠᠶᠢᠳᠠᠯ ᠤᠳ ᠢ ᠬᠠᠤᠯᠢ ᠶᠤᠰᠤᠭᠠᠷ ᠬᠢᠨᠠᠵᠤ | ᠪᠠᠶᠢᠴᠠᠭᠠᠨ᠎ᠠ᠄ | ︵ᠨᠢᠭᠡ︶ ᠬᠦᠮᠦᠨ ᠬᠡᠷᠡᠭᠯᠡᠬᠦ ᠨᠢᠭᠡᠴᠡ ᠶᠢᠨ ᠬᠦᠳᠡᠯᠮᠤᠷᠢᠴᠢᠨ ᠤ ᠲᠤᠰ ᠪᠡᠶ᠎ᠡ ᠶᠢᠨ ᠠᠰᠢᠬ ᠲᠤᠰᠠ ᠲᠠᠢ | ᠰᠢᠭᠤᠳ ᠬᠤᠯᠪᠤᠬᠳᠠᠬᠰᠠᠨ ᠲᠦᠷᠢᠮ ᠲᠤᠬᠳᠠᠭᠠᠯ ᠢ ᠲᠤᠬᠳᠠᠭᠠᠬᠰᠠᠨ ᠪᠠ ᠬᠡᠷᠡᠭᠵᠢᠭᠦᠯᠦᠭᠰᠡᠨ ᠪᠠᠶᠢᠳᠠᠯ︔ | ︵ᠬᠤᠶᠠᠷ︶ ᠬᠦᠮᠦᠨ ᠬᠡᠷᠡᠭᠯᠡᠬᠦ ᠨᠢᠭᠡᠴᠡ ᠶᠢᠨ ᠬᠦᠳᠡᠯᠮᠤᠷᠢᠴᠢᠨ ᠲᠠᠢ ᠬᠦᠳᠡᠯᠮᠤᠷᠢ ᠶᠢᠨ ᠭᠡᠷ᠎ᠡ ᠶᠢ | ᠲᠤᠬᠳᠠᠬᠰᠠᠨ ᠪᠠ ᠬᠦᠴᠦᠨ ᠦᠭᠡᠢ ᠪᠤᠯᠭᠠᠬᠰᠠᠨ ᠪᠠᠶᠢᠳᠠᠯ︔ | ︵ᠭᠤᠷᠪᠠ︶ ᠬᠦᠳᠡᠯᠮᠤᠷᠢ ᠬᠦᠴᠤ ᠲᠤᠮᠢᠯᠠᠬᠤ ᠨᠢᠭᠡᠴᠡ ᠪᠠ ᠠᠵᠢᠯᠴᠢᠨ ᠬᠡᠷᠡᠭᠯᠡᠬᠦ ᠨᠢᠭᠡᠴᠡ ᠶᠢᠨ ᠬᠦᠳᠡᠯᠮᠤᠷᠢ | ᠬᠦᠴᠦ ᠲᠤᠮᠢᠯᠠᠬᠤ ᠬᠤᠯᠪᠤᠬᠳᠠᠯ ᠪᠦᠬᠦᠢ ᠲᠤᠬᠳᠠᠭᠠᠯ ᠢ ᠵᠢᠷᠤᠮᠯᠠᠬᠰᠠᠨ ᠪᠠᠶᠢᠳᠠᠯ︔ | ︵ᠲᠦᠷᠪᠡ︶ ᠬᠦᠮᠦᠨ ᠬᠡᠷᠡᠭᠯᠡᠬᠦ ᠨᠢᠭᠡᠴᠡ ᠶᠢᠨ ᠤᠯᠤᠰ ᠤᠨ ᠬᠦᠳᠡᠯᠮᠤᠷᠢᠴᠢᠨ ᠤ ᠠᠵᠢᠯᠯᠠᠬᠤ ᠴᠠᠬ᠂ | ᠠᠮᠠᠷᠠᠯᠳᠠ ᠪᠠ ᠠᠮᠠᠷᠠᠯᠳᠠ ᠶᠢᠨ ᠴᠢᠯᠦᠭᠡ ᠠᠪᠬᠤ ᠲᠤᠬᠠᠢ ᠲᠤᠬᠳᠠᠭᠠᠯ ᠢ ᠵᠢᠷᠤᠮᠯᠠᠬᠰᠠᠨ ᠪᠠᠶᠢᠳᠠᠯ︔ | ︵ᠲᠠᠪᠤ︶ ᠬᠦᠮᠦᠨ ᠬᠡᠷᠡᠭᠯᠡᠬᠦ ᠨᠢᠭᠡᠴᠡ ᠶᠢᠨ ᠬᠦᠳᠡᠯᠮᠤᠷᠢ ᠶᠢᠨ ᠭᠡᠷ᠎ᠡ ᠳᠤ ᠪᠤᠯᠵᠤᠨ ᠲᠤᠬᠳᠠᠬᠰᠠᠨ ᠶᠤᠰᠤᠭᠠᠷ | ᠬᠦᠳᠡᠯᠮᠤᠷᠢ ᠶᠢᠨ ᠤᠯᠭᠤᠮᠵᠢ ᠶᠢ ᠦᠭᠭᠦᠭᠰᠡᠨ ᠪᠠ ᠨᠠᠭᠠᠳᠤ ᠵᠠᠬ᠎ᠠ ᠶᠢᠨ ᠴᠠᠯᠢᠩ ᠤᠨ ᠪᠠᠷᠢᠮᠵᠢᠶ᠎ᠠ ᠶᠢ ᠬᠡᠷᠡᠭᠵᠢᠭᠦᠯᠦᠭᠰᠡᠨ | ᠪᠠᠶᠢᠳᠠᠯ︔ | ︵ᠵᠢᠷᠭᠤᠭ᠎ᠠ︶ ᠬᠦᠮᠦᠨ ᠬᠡᠷᠡᠭᠯᠡᠬᠦ ᠨᠢᠭᠡᠴᠡ ᠶᠢᠨ ᠡᠯ᠎ᠡ ᠵᠦᠢᠯ ᠤᠨ ᠨᠡᠶᠢᠭᠡᠮ ᠤᠨ ᠲᠠᠭᠠᠳᠬᠠᠯ ᠳᠤ | ᠤᠷᠤᠯᠴᠠᠬᠰᠠᠨ ᠪᠠ ᠨᠡᠶᠢᠭᠡᠮ ᠤᠨ ᠲᠠᠭᠠᠳᠬᠠᠯ ᠤᠨ ᠰᠦᠢᠳᠭᠡᠯ ᠢ ᠲᠤᠰᠢᠶᠠᠬᠰᠠᠨ ᠪᠠᠶᠢᠳᠠᠯ︔ | ︵ᠲᠤᠯᠤᠭ᠎ᠠ︶ ᠬᠠᠤᠯᠢ ᠴᠠᠭᠠᠵᠠ᠂ ᠬᠠᠤᠯᠢ ᠲᠤᠬᠳᠠᠭᠠᠯ ᠳᠤ ᠲᠤᠬᠳᠠᠭᠠᠬᠰᠠᠨ ᠬᠦᠳᠡᠯᠮᠤᠷᠢ ᠶᠢ ᠬᠢᠨᠠᠨ | ᠪᠠᠶᠢᠴᠠᠭᠠᠬᠤ ᠪᠤᠰᠤᠳ ᠪᠠᠶᠢᠳᠠᠯ ᠤᠳ᠃ | ᠲᠠᠯᠠᠨ ᠲᠠᠪᠤᠳᠤᠭᠠᠷ ᠵᠦᠢᠯ ᠰᠢᠶᠠᠨ ᠤ ᠱᠠᠳᠤᠨ ᠠᠴᠠ ᠲᠡᠭᠡᠭᠰᠢᠬᠢ ᠤᠷᠤᠨ ᠨᠤᠳᠤᠬ ᠤᠨ ᠠᠷᠠᠳ ᠤᠨ | ᠵᠠᠰᠠᠬ ᠤᠨ ᠤᠷᠳᠤᠨ ᠤ ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠤᠳ ᠬᠢᠨᠠᠯᠳᠠ ᠲᠠᠯᠪᠢᠵᠤ | ᠪᠠᠶᠢᠴᠠᠭᠠᠬᠤ ᠳᠠᠭᠠᠨ ᠬᠦᠳᠡᠯᠮᠤᠷᠢ ᠶᠢᠨ ᠭᠡᠷ᠎ᠡ᠂ ᠬᠠᠮᠳᠤ ᠶᠢᠨ ᠭᠡᠷ᠎ᠡ ᠳᠤ ᠬᠤᠯᠪᠤᠬᠳᠠᠬᠤ ᠮᠠᠲ᠋ᠧᠷᠢᠶᠠᠯ ᠢ ᠪᠠᠶᠢᠴᠠᠭᠠᠨ | ᠦᠵᠡᠬᠦ ᠡᠷᠬᠡ ᠲᠠᠢ᠂ ᠬᠦᠳᠡᠯᠮᠤᠷᠢ ᠶᠢᠨ ᠲᠠᠯᠠᠪᠤᠷ ᠲᠤ ᠲᠤᠬᠠᠢ ᠶᠢᠨ ᠭᠠᠵᠠᠷ ᠤᠨ ᠪᠠᠶᠢᠴᠠᠭᠠᠯᠳᠠ ᠬᠢᠬᠦ ᠡᠷᠬᠡ ᠲᠠᠢ᠂ | ᠬᠦᠮᠦᠨ ᠬᠡᠷᠡᠭᠯᠡᠬᠦ ᠨᠢᠭᠡᠴᠡ ᠪᠠ ᠬᠦᠳᠡᠯᠮᠤᠷᠢᠴᠢᠨ ᠴᠦᠮ ᠬᠤᠯᠪᠤᠬᠳᠠᠯ ᠪᠦᠬᠦᠢ ᠪᠠᠶᠢᠳᠠᠯ ᠪᠠ ᠪᠢᠴᠢᠭ ᠮᠠᠲ᠋ᠧᠷᠢᠶᠠᠯ ᠢ | ᠦᠨᠡᠨ ᠪᠤᠳᠠᠳᠠᠢ ᠪᠠᠷ ᠬᠠᠩᠭᠠᠵᠤ ᠦᠭᠬᠦ ᠬᠡᠷᠡᠭᠳᠠᠢ᠃ | ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠤᠨ ᠠᠵᠢᠯᠳᠡᠨ ᠬᠢᠨᠠᠯᠳᠠ ᠲᠠᠯᠪᠢᠵᠤ ᠪᠠᠶᠢᠴᠠᠭᠠᠯᠳᠠ | ᠬᠢᠬᠦ ᠳᠡᠭᠡᠨ ᠭᠡᠷᠡᠴᠢ ᠲᠡᠮᠳᠡᠭ ᠢᠶᠠᠨ ᠦᠵᠡᠭᠦᠯᠵᠤ᠂ ᠬᠠᠤᠯᠢ ᠶᠤᠰᠤᠭᠠᠷ ᠡᠷᠬᠡ ᠲᠤᠰᠢᠶᠠᠯ ᠢᠶᠠᠨ ᠭᠦᠢᠴᠡᠳᠭᠡᠵᠤ᠂ | ᠬᠠᠤᠯᠢ ᠶᠢ ᠪᠤᠯᠪᠠᠰᠤᠨ ᠢᠶᠠᠷ ᠬᠡᠷᠡᠭᠵᠢᠭᠦᠯᠬᠦ ᠬᠡᠷᠡᠭᠳᠠᠢ᠃ | ᠲᠠᠯᠠᠨ ᠵᠢᠷᠭᠤᠳᠤᠭᠠᠷ ᠵᠦᠢᠯ ᠰᠢᠶᠠᠨ ᠤ ᠱᠠᠳᠤᠨ ᠠᠴᠠ ᠲᠡᠭᠡᠭᠰᠢᠬᠢ ᠠᠷᠠᠳ ᠤᠨ ᠵᠠᠰᠠᠬ ᠤᠨ ᠤᠷᠳᠤᠨ ᠤ | ᠪᠦᠳᠦᠭᠡᠨ ᠪᠠᠶᠢᠭᠤᠯᠤᠯᠳᠠ᠂ ᠡᠷᠡᠭᠦᠯ ᠬᠠᠮᠠᠭᠠᠯᠠᠯ᠂ ᠠᠶᠤᠯ ᠦᠭᠡᠢ ᠦᠢᠯᠡᠳᠪᠤᠷᠢᠯᠡᠯ ᠤᠨ ᠬᠢᠨᠠᠯᠳᠠ ᠬᠠᠮᠢᠶᠠᠷᠤᠯᠳᠠ | ᠵᠡᠷᠭᠡ ᠬᠤᠯᠪᠤᠬᠳᠠᠯ ᠪᠦᠬᠦᠢ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠳ ᠲᠤᠰ ᠲᠤᠰ ᠤᠨ ᠲᠤᠰᠢᠶᠠᠯ | ᠬᠠᠷᠢᠭᠤᠴᠠᠯᠭ᠎ᠠ ᠶᠢᠨ ᠢᠶᠠᠨ ᠬᠡᠪᠴᠢᠶᠡᠨ ᠲᠤᠳᠤᠷ᠎ᠠ ᠬᠦᠮᠦᠨ ᠬᠡᠷᠡᠭᠯᠡᠬᠦ ᠨᠢᠭᠡᠴᠡ ᠶᠢᠨ ᠬᠦᠳᠡᠯᠮᠤᠷᠢ ᠶᠢᠨ ᠭᠡᠷ᠎ᠡ ᠶᠢᠨ | ᠲᠦᠷᠢᠮ ᠢ ᠬᠡᠷᠡᠭᠵᠢᠭᠦᠯᠵᠤ ᠪᠠᠶᠢᠭ᠎ᠠ ᠪᠠᠶᠢᠳᠠᠯ ᠢ ᠬᠢᠨᠠᠵᠤ ᠬᠠᠮᠢᠶᠠᠷᠬᠤ ᠬᠡᠷᠡᠭᠳᠠᠢ᠃ | ᠲᠠᠯᠠᠨ ᠲᠤᠯᠤᠳᠤᠭᠠᠷ ᠵᠦᠢᠯ ᠬᠦᠳᠡᠯᠮᠤᠷᠢᠴᠢᠨ ᠤ ᠬᠠᠤᠯᠢ ᠶᠤᠰᠤᠨ ᠤ ᠡᠷᠬᠡ ᠠᠰᠢᠬ ᠨᠢ ᠬᠤᠤᠷ | ᠬᠦᠨᠦᠭᠡᠯ ᠳᠤ ᠤᠴᠠᠷᠠᠬᠰᠠᠨ ᠪᠠᠶᠢᠪᠠᠯ᠂ ᠬᠤᠯᠪᠤᠬᠳᠠᠯ ᠪᠦᠬᠦᠢ ᠰᠠᠯᠠᠭ᠎ᠠ ᠮᠦᠴᠢᠷ ᠲᠤ ᠬᠠᠤᠯᠢ ᠶᠤᠰᠤᠭᠠᠷ | ᠰᠢᠢᠳᠪᠤᠷᠢᠯᠡᠭᠦᠯᠬᠦ ᠪᠠᠷ ᠱᠠᠭᠠᠷᠳᠠᠬᠤ᠂ ᠡᠰᠡᠭᠦᠯ᠎ᠡ ᠬᠠᠤᠯᠢ ᠶᠤᠰᠤᠭᠠᠷ ᠬᠦᠨᠳᠡᠯᠡᠨ ᠠᠴᠠ ᠲᠠᠰᠤᠯᠤᠭᠤᠯᠬᠤ ᠪᠠᠷ | ᠭᠤᠶᠤᠴᠢᠯᠠᠬᠤ᠂ ᠵᠠᠭᠠᠯᠳᠤᠬᠤ ᠡᠷᠬᠡ ᠲᠠᠢ᠃ | ᠲᠠᠯᠠᠨ ᠨᠠᠢᠮᠠᠳᠤᠭᠠᠷ ᠵᠦᠢᠯ ᠠᠵᠢᠯᠴᠢᠨ ᠤ ᠡᠪᠯᠡᠯ ᠬᠦᠳᠡᠯᠮᠤᠷᠢᠴᠢᠨ ᠤ ᠬᠠᠤᠯᠢ ᠶᠤᠰᠤᠨ ᠤ ᠡᠷᠬᠡ ᠠᠰᠢᠬ ᠢ | ᠬᠠᠤᠯᠢ ᠶᠤᠰᠤᠭᠠᠷ ᠬᠠᠮᠠᠭᠠᠯᠠᠵᠤ᠂ ᠬᠦᠮᠦᠨ ᠬᠡᠷᠡᠭᠯᠡᠬᠦ ᠨᠢᠭᠡᠴᠡ ᠶᠢᠨ ᠬᠦᠳᠡᠯᠮᠤᠷᠢ ᠶᠢᠨ ᠭᠡᠷ᠎ᠡ᠂ ᠬᠠᠮᠳᠤ ᠶᠢᠨ ᠭᠡᠷ᠎ᠡ ᠶᠢ | ᠬᠡᠷᠡᠭᠵᠢᠭᠦᠯᠵᠤ ᠪᠠᠶᠢᠭ᠎ᠠ ᠪᠠᠶᠢᠳᠠᠯ ᠳᠤ ᠬᠢᠨᠠᠯᠳᠠ ᠲᠠᠯᠪᠢᠨ᠎ᠠ᠃ ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢ ᠶᠢᠨ | ᠬᠠᠤᠯᠢ ᠴᠠᠭᠠᠵᠠ᠂ ᠬᠠᠤᠯᠢ ᠲᠤᠬᠳᠠᠭᠠᠯ ᠪᠠ ᠬᠦᠳᠡᠯᠮᠤᠷᠢ ᠶᠢᠨ ᠭᠡᠷ᠎ᠡ᠂ ᠬᠠᠮᠳᠤ ᠶᠢᠨ ᠭᠡᠷ᠎ᠡ ᠶᠢ ᠵᠦᠷᠢᠴᠡᠭᠰᠡᠨ ᠪᠠᠶᠢᠪᠠᠯ᠂ | ᠠᠵᠢᠯᠴᠢᠨ ᠤ ᠡᠪᠯᠡᠯ ᠰᠠᠨᠠᠯ ᠲᠤᠷᠠᠳᠬᠤ ᠪᠤᠶᠤ ᠵᠠᠯᠠᠷᠠᠭᠤᠯᠤᠭᠤᠯᠬᠤ ᠪᠠᠷ ᠱᠠᠭᠠᠷᠳᠠᠬᠤ ᠡᠷᠬᠡ ᠲᠠᠢ᠃ | ᠬᠦᠳᠡᠯᠮᠤᠷᠢᠴᠢᠨ ᠬᠦᠨᠳᠡᠯᠡᠨ ᠠᠴᠠ ᠲᠠᠰᠤᠯᠤᠭᠤᠯᠬᠤ ᠪᠠᠷ ᠭᠤᠶᠤᠴᠢᠯᠠᠵᠤ ᠵᠠᠭᠠᠯᠳᠤᠬᠰᠠᠨ ᠪᠠᠶᠢᠪᠠᠯ᠂ ᠠᠵᠢᠯᠴᠢᠨ ᠤ | ᠡᠪᠯᠡᠯ ᠬᠠᠤᠯᠢ ᠶᠤᠰᠤᠭᠠᠷ ᠲᠡᠮᠵᠢᠵᠤ ᠬᠠᠪᠰᠤᠷᠬᠤ ᠬᠡᠷᠡᠭᠳᠠᠢ᠃ | ᠲᠠᠯ᠎ᠠ ᠶᠢᠰᠦᠳᠦᠭᠡᠷ ᠵᠦᠢᠯ ᠶᠠᠮᠠᠷᠪᠠ ᠵᠤᠬᠢᠶᠠᠨ ᠪᠠᠶᠢᠭᠤᠯᠤᠯᠳᠠ ᠪᠤᠶᠤ ᠬᠤᠪᠢ ᠬᠦᠮᠦᠨ ᠴᠦᠮ ᠲᠤᠰ | ᠬᠠᠤᠯᠢ ᠶᠢ ᠵᠦᠷᠢᠴᠡᠭᠰᠡᠨ ᠦᠢᠯᠡ ᠠᠵᠢᠯᠯᠠᠭ᠎ᠠ ᠶᠢ ᠢᠯᠡᠴᠢᠯᠡᠨ ᠵᠠᠭᠠᠯᠳᠤᠬᠤ ᠡᠷᠬᠡ ᠲᠠᠢ᠂ ᠰᠢᠶᠠᠨ ᠤ ᠱᠠᠳᠤᠨ ᠠᠴᠠ | ᠲᠡᠭᠡᠭᠰᠢᠬᠢ ᠠᠷᠠᠳ ᠤᠨ ᠵᠠᠰᠠᠬ ᠤᠨ ᠤᠷᠳᠤᠨ ᠤ ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠤᠳ ᠴᠠᠬ | ᠲᠤᠬᠠᠢ ᠳᠤᠨᠢ ᠬᠢᠨᠠᠨ ᠮᠠᠭᠠᠳᠯᠠᠵᠤ᠂ ᠰᠢᠢᠳᠪᠤᠷᠢᠯᠡᠬᠦ ᠪᠦᠭᠡᠳ ᠢᠯᠡᠴᠢᠯᠡᠨ ᠵᠠᠭᠠᠯᠳᠤᠬᠰᠠᠨ ᠭᠠᠪᠢᠶ᠎ᠠ ᠲᠠᠢ ᠬᠦᠮᠦᠰ ᠢ | ᠱᠠᠩᠨᠠᠬᠤ ᠬᠡᠷᠡᠭᠳᠠᠢ᠃ | | ᠲᠤᠯᠤᠳᠤᠭᠠᠷ ᠪᠦᠯᠦᠭ ᠬᠠᠤᠯᠢ ᠶᠢᠨ ᠬᠠᠷᠢᠭᠤᠴᠠᠯᠭ᠎ᠠ | | | ᠨᠠᠶᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠶᠢᠨ ᠬᠦᠳᠡᠯᠮᠤᠷᠢᠴᠢᠨ ᠤ ᠲᠤᠰ ᠪᠡᠶ᠎ᠡ ᠶᠢᠨ ᠠᠰᠢᠬ | ᠲᠤᠰᠠ ᠳᠤ ᠰᠢᠭᠤᠳ ᠬᠤᠯᠪᠤᠬᠳᠠᠬᠰᠠᠨ ᠲᠦᠷᠢᠮ ᠲᠤᠬᠳᠠᠭᠠᠯ ᠨᠢ ᠬᠠᠤᠯᠢ ᠴᠠᠭᠠᠵᠠ᠂ ᠬᠠᠤᠯᠢ ᠲᠤᠬᠳᠠᠭᠠᠯ ᠤᠨ | ᠲᠤᠬᠳᠠᠭᠠᠯ ᠠᠴᠠ ᠵᠦᠷᠢᠴᠡᠭᠰᠡᠨ ᠪᠠᠶᠢᠪᠠᠯ᠂ ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠠᠴᠠ | ᠵᠠᠷᠯᠢᠬᠳᠠᠨ ᠵᠠᠯᠠᠷᠠᠭᠤᠯᠤᠭᠤᠯᠵᠤ᠂ ᠰᠡᠷᠡᠮᠵᠢ ᠦᠭᠭᠦᠨ᠎ᠡ︔ ᠬᠦᠳᠡᠯᠮᠤᠷᠢᠴᠢᠨ ᠳᠤ ᠬᠤᠬᠢᠷᠠᠯ ᠤᠴᠠᠷᠠᠭᠤᠯᠤᠬᠰᠠᠨ | ᠪᠠᠶᠢᠪᠠᠯ ᠲᠦᠯᠦᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠳᠠᠢ᠃ | ᠨᠠᠶᠠᠨ ᠨᠢᠭᠡᠳᠤᠭᠡᠷ ᠵᠦᠢᠯ ᠬᠦᠮᠦᠨ ᠬᠡᠷᠡᠭᠯᠡᠬᠦ ᠨᠢᠭᠡᠴᠡ ᠶᠢᠨ ᠬᠠᠩᠭᠠᠬᠰᠠᠨ ᠬᠦᠳᠡᠯᠮᠤᠷᠢ ᠶᠢᠨ ᠭᠡᠷ᠎ᠡ ᠶᠢᠨ | ᠪᠢᠴᠢᠭ ᠲᠤ ᠲᠤᠰ ᠬᠠᠤᠯᠢ ᠳᠤ ᠲᠤᠬᠳᠠᠭᠠᠬᠰᠠᠨ ᠬᠦᠳᠡᠯᠮᠤᠷᠢ ᠶᠢᠨ ᠭᠡᠷ᠎ᠡ ᠶᠢᠨ ᠡᠷᠬᠡᠪᠰᠢ ᠪᠦᠷᠢᠯᠳᠦᠭᠦᠯᠬᠦ | ᠴᠢᠬᠤᠯᠠ ᠲᠠᠢ ᠵᠦᠢᠯ ᠪᠠᠳᠠᠬ ᠢ ᠲᠤᠳᠤᠷᠬᠠᠢ ᠲᠡᠮᠳᠡᠭᠯᠡᠭᠰᠡᠨ ᠦᠭᠡᠢ ᠪᠤᠶᠤ ᠬᠦᠮᠦᠨ ᠬᠡᠷᠡᠭᠯᠡᠬᠦ ᠨᠢᠭᠡᠴᠡ ᠨᠢ | ᠬᠦᠳᠡᠯᠮᠤᠷᠢ ᠶᠢᠨ ᠭᠡᠷ᠎ᠡ ᠶᠢᠨ ᠪᠢᠴᠢᠭ ᠢ ᠬᠦᠳᠡᠯᠮᠤᠷᠢᠴᠢᠨ ᠳᠤ ᠦᠭᠭᠦᠭᠰᠡᠨ ᠦᠭᠡᠢ ᠪᠠᠶᠢᠪᠠᠯ᠂ ᠬᠦᠳᠡᠯᠮᠤᠷᠢ ᠶᠢᠨ | ᠵᠠᠰᠠᠬ ᠵᠠᠬᠢᠷᠭᠠᠨ ᠤ ᠰᠠᠯᠠᠭ᠎ᠠ ᠮᠦᠴᠢᠷ ᠠᠴᠠ ᠵᠠᠷᠯᠢᠬᠳᠠᠨ ᠵᠠᠯᠠᠷᠠᠭᠤᠯᠤᠭᠤᠯᠤᠨ᠎ᠠ︔ ᠬᠦᠳᠡᠯᠮᠤᠷᠢᠴᠢᠨ ᠳᠤ ᠬᠤᠬᠢᠷᠠᠯ | ᠤᠴᠠᠷᠠᠭᠤᠯᠤᠬᠰᠠᠨ ᠪᠠᠶᠢᠪᠠᠯ᠂ ᠲᠦᠯᠦᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠳᠠᠢ᠃ | ᠨᠠᠶᠠᠨ ᠬᠤᠶᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠨᠢ ᠠᠵᠢᠯᠴᠢᠨ ᠬᠡᠷᠡᠭᠯᠡᠭᠰᠡᠨ ᠡᠳᠦᠷ ᠠᠴᠠ ᠡᠬᠢᠯᠡᠨ | ᠨᠢᠭᠡ ᠰᠠᠷ᠎ᠠ ᠠᠴᠠ ᠬᠡᠳᠤᠷᠡᠭᠡᠳ ᠪᠦᠬᠦᠯᠢ ᠨᠢᠭᠡ ᠵᠢᠯ ᠪᠤᠯᠤᠭᠠᠳᠤᠢ ᠬᠤᠭᠤᠴᠠᠭᠠᠨ ᠳᠤ ᠬᠦᠳᠡᠯᠮᠤᠷᠢᠴᠢᠨ ᠲᠠᠢ | ᠪᠢᠴᠢᠭ ᠢᠶᠠᠷ ᠬᠦᠳᠡᠯᠮᠤᠷᠢ ᠶᠢᠨ ᠭᠡᠷ᠎ᠡ ᠲᠤᠬᠳᠠᠬᠰᠠᠨ ᠦᠭᠡᠢ ᠪᠠᠶᠢᠪᠠᠯ᠂ ᠬᠦᠳᠡᠯᠮᠤᠷᠢᠴᠢᠨ ᠳᠤ ᠰᠠᠷ᠎ᠠ ᠪᠦᠷᠢ ᠬᠤᠶᠠᠷ | ᠲᠠᠬᠢᠨ ᠴᠠᠯᠢᠩ ᠦᠭᠬᠦ ᠬᠡᠷᠡᠭᠳᠠᠢ᠃ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠲᠤᠬᠳᠠᠭᠠᠯ ᠢ ᠵᠦᠷᠢᠴᠡᠵᠤ | ᠬᠦᠳᠡᠯᠮᠤᠷᠢᠴᠢᠨ ᠲᠠᠢ ᠲᠤᠬᠳᠠᠮᠠᠯ ᠪᠤᠰᠤ ᠬᠤᠭᠤᠴᠠᠭᠠᠨ ᠤ ᠬᠦᠳᠡᠯᠮᠤᠷᠢ ᠶᠢᠨ ᠭᠡᠷ᠎ᠡ ᠶᠢ ᠲᠤᠬᠳᠠᠬᠰᠠᠨ ᠦᠭᠡᠢ ᠪᠠᠶᠢᠪᠠᠯ᠂ | ᠲᠤᠬᠳᠠᠮᠠᠯ ᠪᠤᠰᠤ ᠬᠤᠭᠤᠴᠠᠭᠠᠨ ᠤ ᠬᠦᠳᠡᠯᠮᠤᠷᠢ ᠶᠢᠨ ᠭᠡᠷ᠎ᠡ ᠲᠤᠬᠳᠠᠬᠤ ᠶᠤᠰᠤᠳᠠᠢ ᠡᠳᠦᠷ ᠠᠴᠠ ᠡᠬᠢᠯᠡᠨ | ᠬᠦᠳᠡᠯᠮᠤᠷᠢᠴᠢᠨ ᠳᠤ ᠰᠠᠷ᠎ᠠ ᠪᠦᠷᠢ ᠬᠤᠶᠠᠷ ᠲᠠᠬᠢᠨ ᠴᠠᠯᠢᠩ ᠦᠭᠬᠦ ᠬᠡᠷᠡᠭᠳᠠᠢ᠃ | ᠨᠠᠶᠠᠨ ᠭᠤᠷᠪᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠲᠤᠬᠳᠠᠭᠠᠯ ᠢ ᠵᠦᠷᠢᠴᠡᠵᠤ | ᠬᠦᠳᠡᠯᠮᠤᠷᠢᠴᠢᠨ ᠲᠠᠢ ᠲᠤᠷᠰᠢᠨ ᠬᠡᠷᠡᠭᠯᠡᠬᠦ ᠬᠤᠭᠤᠴᠠᠭ᠎ᠠ ᠶᠢ ᠪᠤᠯᠵᠤᠨ ᠲᠤᠬᠳᠠᠬᠰᠠᠨ ᠪᠠᠶᠢᠪᠠᠯ᠂ ᠬᠦᠳᠡᠯᠮᠤᠷᠢ ᠶᠢᠨ | ᠵᠠᠰᠠᠬ ᠵᠠᠬᠢᠷᠭᠠᠨ ᠤ ᠰᠠᠯᠠᠭ᠎ᠠ ᠮᠦᠴᠢᠷ ᠠᠴᠠ ᠵᠠᠷᠯᠢᠬᠳᠠᠨ ᠵᠠᠯᠠᠷᠠᠭᠤᠯᠤᠭᠤᠯᠤᠨ᠎ᠠ︔ ᠬᠠᠤᠯᠢ ᠠᠴᠠ ᠵᠦᠷᠢᠴᠡᠵᠤ | ᠪᠤᠯᠵᠤᠨ ᠲᠤᠬᠳᠠᠬᠰᠠᠨ ᠲᠤᠷᠰᠢᠨ ᠬᠡᠷᠡᠭᠯᠡᠬᠦ ᠬᠤᠭᠤᠴᠠᠭ᠎ᠠ ᠶᠢ ᠨᠢᠭᠡᠨᠳᠡ ᠭᠦᠢᠴᠡᠳᠭᠡᠭᠰᠡᠨ ᠪᠠᠶᠢᠪᠠᠯ᠂ ᠬᠦᠮᠦᠨ | ᠬᠡᠷᠡᠭᠯᠡᠬᠦ ᠨᠢᠭᠡᠴᠡ ᠨᠢ ᠬᠦᠳᠡᠯᠮᠤᠷᠢᠴᠢᠨ ᠤ ᠲᠤᠷᠰᠢᠨ ᠬᠡᠷᠡᠭᠯᠡᠬᠦ ᠬᠤᠭᠤᠴᠠᠭ᠎ᠠ ᠲᠦᠭᠦᠷᠦᠭᠰᠡᠨ ᠤ ᠲᠠᠷᠠᠭᠠᠬᠢ | ᠰᠠᠷ᠎ᠠ ᠶᠢᠨ ᠴᠠᠯᠢᠩ ᠢᠶᠠᠷ ᠪᠠᠷᠢᠮᠵᠢᠶ᠎ᠠ ᠪᠤᠯᠭᠠᠵᠤ᠂ ᠬᠠᠤᠯᠢ ᠪᠠᠷ ᠪᠤᠯᠵᠤᠨ ᠲᠤᠬᠳᠠᠬᠰᠠᠨ ᠲᠤᠷᠰᠢᠨ ᠬᠡᠷᠡᠭᠯᠡᠬᠦ | ᠬᠤᠭᠤᠴᠠᠭ᠎ᠠ ᠠᠴᠠ ᠨᠢᠭᠡᠨᠳᠡ ᠬᠡᠳᠦᠷᠡᠳᠡᠯ᠎ᠡ ᠭᠦᠢᠴᠡᠳᠭᠡᠭᠰᠡᠨ ᠬᠤᠭᠤᠴᠠᠭ᠎ᠠ ᠪᠠᠷ ᠬᠦᠳᠡᠯᠮᠤᠷᠢᠴᠢᠨ ᠳᠤ | ᠲᠦᠯᠦᠪᠤᠷᠢ ᠶᠢᠨ ᠮᠦᠡᠭᠬᠦ ᠦᠭᠭᠦᠨ᠎ᠡ᠃ | ᠨᠠᠶᠠᠨ ᠲᠦᠷᠪᠡᠳᠦᠭᠡᠷ ᠵᠦᠢᠯ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠲᠤᠬᠳᠠᠭᠠᠯ ᠢ ᠵᠦᠷᠢᠴᠡᠵᠤ᠂ | ᠬᠦᠳᠡᠯᠮᠤᠷᠢᠴᠢᠨ ᠤ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠵᠡᠷᠭᠡ ᠦᠨᠡᠮᠯᠡᠯ ᠢ ᠲᠠᠷᠤᠵᠤ ᠠᠪᠤᠬᠰᠠᠨ ᠪᠠᠶᠢᠪᠠᠯ᠂ | ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠠᠴᠠ ᠬᠤᠭᠤᠴᠠᠭ᠎ᠠ ᠲᠤᠬᠳᠠᠭᠠᠨ ᠬᠦᠳᠡᠯᠮᠤᠷᠢᠴᠢᠨ ᠲᠤᠰ | ᠬᠦᠮᠦᠨ ᠳᠤᠨᠢ ᠪᠤᠴᠠᠭᠠᠨ ᠦᠭᠭᠦᠭᠦᠯᠬᠦ ᠪᠠᠷ ᠵᠠᠷᠯᠢᠬᠳᠠᠬᠤ ᠶᠢᠨ ᠬᠠᠮᠳᠤ ᠬᠤᠯᠪᠤᠬᠳᠠᠯ ᠪᠦᠬᠦᠢ ᠬᠠᠤᠯᠢ ᠴᠠᠭᠠᠵᠠ ᠶᠢᠨ | ᠲᠤᠬᠳᠠᠭᠠᠯ ᠶᠤᠰᠤᠭᠠᠷ ᠰᠢᠢᠳᠭᠡᠨ᠎ᠡ᠃ | ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠲᠤᠬᠳᠠᠭᠠᠯ ᠢ ᠵᠦᠷᠢᠴᠡᠵᠤ᠂ ᠲᠠᠭᠠᠭᠠᠯᠳᠠ ᠬᠢᠬᠦ ᠪᠤᠶᠤ | ᠪᠤᠰᠤᠳ ᠨᠡᠷ᠎ᠡ ᠪᠠᠷ ᠬᠦᠳᠡᠯᠮᠤᠷᠢᠴᠢᠨ ᠤ ᠡᠳ᠋ ᠬᠤᠬᠰᠢᠯ ᠢ ᠬᠤᠷᠢᠶᠠᠵᠤ ᠠᠪᠤᠬᠰᠠᠨ ᠪᠠᠶᠢᠪᠠᠯ᠂ ᠬᠦᠳᠡᠯᠮᠤᠷᠢ ᠶᠢᠨ | ᠵᠠᠰᠠᠬ ᠵᠠᠬᠢᠷᠭᠠᠨ ᠤ ᠰᠠᠯᠠᠭ᠎ᠠ ᠮᠦᠴᠢᠷ ᠠᠴᠠ ᠬᠤᠭᠤᠴᠠᠭ᠎ᠠ ᠲᠤᠬᠳᠠᠭᠠᠨ ᠬᠦᠳᠡᠯᠮᠤᠷᠢᠴᠢᠨ ᠲᠤᠰ ᠬᠦᠮᠦᠨ ᠳᠤᠨᠢ | ᠪᠤᠴᠠᠭᠠᠨ ᠦᠭᠭᠦᠭᠦᠯᠬᠦ ᠪᠠᠷ ᠵᠠᠷᠯᠢᠬᠳᠠᠬᠤ ᠶᠢᠨ ᠬᠠᠮᠳᠤ ᠬᠦᠮᠦᠨ ᠪᠦᠷᠢ ᠶᠢ ᠲᠠᠪᠤᠨ ᠵᠠᠭᠤᠨ ᠲᠦᠭᠦᠷᠢᠭ ᠠᠴᠠ ᠲᠡᠭᠡᠭᠰᠢ | ᠬᠤᠶᠠᠷ ᠮᠢᠩᠭᠠᠨ ᠲᠦᠭᠦᠷᠢᠭ ᠠᠴᠠ ᠲᠤᠭᠤᠬᠰᠢ ᠪᠠᠷᠢᠮᠵᠢᠶ᠎ᠡ ᠪᠠᠷ ᠵᠤᠭᠤᠰ ᠢᠶᠠᠷ ᠲᠤᠷᠭᠠᠨ᠎ᠠ︔ ᠬᠦᠳᠡᠯᠮᠤᠷᠢᠴᠢᠨ ᠳᠤ | ᠬᠤᠬᠢᠷᠠᠯ ᠤᠴᠠᠷᠠᠭᠤᠯᠤᠬᠰᠠᠨ ᠪᠠᠶᠢᠪᠠᠯ᠂ ᠲᠦᠯᠦᠬᠦ ᠬᠠᠷᠢᠭᠤᠴᠠᠯᠭ᠎ᠠ ᠡᠭᠦᠷᠬᠡᠯᠡᠬᠦ ᠬᠡᠷᠡᠭᠳᠠᠢ᠃ ᠬᠦᠳᠡᠯᠮᠤᠷᠢᠴᠢᠨ | ᠬᠠᠤᠯᠢ ᠶᠤᠰᠤᠭᠠᠷ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ ᠪᠤᠶᠤ ᠲᠠᠭᠤᠰᠬᠠᠬᠤ ᠳᠤ ᠬᠦᠮᠦᠨ | ᠬᠡᠷᠡᠭᠯᠡᠬᠦ ᠨᠢᠭᠡᠴᠡ ᠨᠢ ᠬᠦᠳᠡᠯᠮᠤᠷᠢᠴᠢᠨ ᠤ ᠲᠠᠩᠰᠠ ᠡᠪᠬᠡᠮᠡᠯ ᠪᠤᠶᠤ ᠪᠤᠰᠤᠳ ᠡᠳ᠋ ᠪᠤᠳᠠᠰ ᠢ ᠲᠠᠷᠤᠵᠤ ᠠᠪᠤᠬᠰᠠᠨ | ᠪᠠᠶᠢᠪᠠᠯ᠂ ᠡᠮᠦᠨᠡᠬᠢ ᠪᠠᠳᠠᠬ ᠤᠨ ᠲᠤᠬᠳᠠᠭᠠᠯ ᠶᠤᠰᠤᠭᠠᠷ ᠰᠢᠢᠳᠭᠡᠨ᠎ᠡ᠃ | ᠨᠠᠶᠠᠨ ᠲᠠᠪᠤᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠳᠤ ᠲᠤᠤᠷ᠎ᠠ ᠵᠢᠬᠰᠠᠭᠠᠬᠰᠠᠨ ᠪᠠᠶᠢᠳᠠᠯ ᠤᠳ ᠤᠨ | ᠨᠢᠭᠡ ᠨᠢ ᠪᠠᠶᠢᠪᠠᠯ᠂ ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠠᠴᠠ ᠬᠤᠭᠤᠴᠠᠭ᠎ᠠ ᠲᠤᠬᠳᠠᠭᠠᠨ | ᠬᠦᠳᠡᠯᠮᠤᠷᠢ ᠶᠢᠨ ᠤᠯᠭᠤᠮᠵᠢ᠂ ᠴᠠᠬ ᠤᠷᠳᠤᠳᠬᠠᠵᠤ ᠠᠵᠢᠯᠯᠠᠬᠰᠠᠨ ᠮᠦᠡᠭᠬᠦ ᠪᠤᠶᠤ ᠠᠵᠤ ᠠᠬᠤᠢ ᠶᠢᠨ ᠨᠦᠬᠦᠪᠤᠷᠢ | ᠵᠤᠭᠤᠰ ᠦᠭᠭᠦᠭᠦᠯᠬᠦ ᠪᠠᠷ ᠵᠠᠷᠯᠢᠬᠳᠠᠨ᠎ᠠ︔ ᠬᠦᠳᠡᠯᠮᠤᠷᠢ ᠶᠢᠨ ᠤᠯᠭᠤᠮᠵᠢ ᠨᠢ ᠲᠤᠬᠠᠢ ᠶᠢᠨ ᠭᠠᠵᠠᠷ ᠤᠨ ᠬᠠᠮᠤᠬ ᠤᠨ | ᠲᠤᠤᠷ᠎ᠠ ᠴᠠᠯᠢᠩ ᠤᠨ ᠪᠠᠷᠢᠮᠵᠢᠶ᠎ᠡ ᠠᠴᠠ ᠲᠤᠤᠷ᠎ᠠ ᠪᠠᠶᠢᠪᠠᠯ ᠲᠡᠭᠦᠨ ᠤ ᠵᠦᠷᠢᠶᠡᠳᠤ ᠲᠤᠭᠠᠨ ᠤ ᠬᠡᠰᠡᠭ ᠢ ᠨᠢ ᠦᠭᠬᠦ | ᠬᠡᠷᠡᠭᠳᠠᠢ︔ ᠬᠤᠭᠤᠴᠠᠭ᠎ᠠ ᠨᠢ ᠬᠡᠳᠤᠷᠡᠭᠰᠡᠨ ᠪᠠᠶᠢᠳᠠᠯ᠎ᠠ ᠦᠭᠭᠦᠭᠰᠡᠨ ᠦᠭᠡᠢ ᠪᠠᠶᠢᠪᠠᠯ᠂ ᠬᠦᠮᠦᠨ ᠬᠡᠷᠡᠭᠯᠡᠬᠦ | ᠨᠢᠭᠡᠴᠡ ᠶᠢ ᠵᠠᠷᠯᠢᠬᠳᠠᠨ ᠲᠤᠰᠢᠶᠠᠪᠠᠰᠤ ᠵᠤᠬᠢᠬᠤ ᠵᠤᠭᠤᠰ ᠤᠨ ᠲᠤᠭᠠᠨ ᠤ ᠵᠠᠭᠤᠨ ᠤ ᠲᠠᠪᠢ ᠠᠴᠠ ᠲᠡᠭᠡᠭᠰᠢ | ᠵᠠᠭᠤᠨ ᠤ ᠵᠠᠭᠤ ᠠᠴᠠ ᠲᠤᠭᠤᠬᠰᠢ ᠪᠠᠷᠢᠮᠵᠢᠶ᠎ᠡ ᠪᠠᠷ ᠬᠦᠳᠡᠯᠮᠤᠷᠢᠴᠢᠨ ᠳᠤ ᠲᠦᠯᠤᠪᠤᠷᠢ ᠮᠦᠡᠭᠬᠦ ᠨᠡᠮᠡᠵᠤ | ᠦᠭᠭᠦᠭᠦᠯᠤᠨᠡ᠄ | ︵ᠨᠢᠭᠡ︶ ᠬᠦᠳᠡᠯᠮᠤᠷᠢ ᠶᠢᠨ ᠭᠡᠷ᠎ᠡ ᠶᠢᠨ ᠪᠤᠯᠵᠤᠯ ᠶᠤᠰᠤᠭᠠᠷ ᠪᠤᠶᠤ ᠤᠯᠤᠰ ᠤᠨ ᠲᠤᠬᠳᠠᠭᠠᠯ ᠶᠤᠰᠤᠭᠠᠷ | ᠬᠦᠳᠡᠯᠮᠤᠷᠢᠴᠢᠨ ᠤ ᠬᠦᠳᠡᠯᠮᠤᠷᠢ ᠶᠢᠨ ᠤᠯᠭᠤᠮᠵᠢ ᠶᠢ ᠴᠠᠬ ᠲᠤᠬᠠᠢ ᠳᠤᠨᠢ ᠭᠦᠢᠴᠡᠳ ᠲᠤᠭ᠎ᠠ ᠪᠠᠷ ᠦᠯᠦ ᠦᠭᠭᠦᠭᠰᠡᠨ︔ | ︵ᠬᠤᠶᠠᠷ︶ ᠲᠤᠬᠠᠢ ᠶᠢᠨ ᠭᠠᠵᠠᠷ ᠤᠨ ᠨᠠᠭᠠᠳᠤ ᠵᠠᠬ᠎ᠠ ᠶᠢᠨ ᠴᠠᠯᠢᠩ ᠤᠨ ᠪᠠᠷᠢᠮᠵᠢᠶ᠎ᠡ ᠠᠴᠠ ᠲᠤᠤᠷ᠎ᠠ | ᠪᠠᠷᠢᠮᠵᠢᠶ᠎ᠠ ᠪᠠᠷ ᠬᠦᠳᠡᠯᠮᠤᠷᠢᠴᠢᠨ ᠳᠤ ᠴᠠᠯᠢᠩ ᠦᠭᠭᠦᠭᠰᠡᠨ︔ ︵ᠭᠤᠷᠪᠠ︶ ᠴᠠᠬ ᠤᠷᠳᠤᠳᠬᠠᠵᠤ | ᠠᠵᠢᠯᠯᠠᠬᠤ ᠶᠢ ᠲᠤᠬᠢᠷᠠᠭᠤᠯᠤᠭᠠᠳ ᠴᠠᠬ ᠨᠡᠮᠡᠵᠤ ᠠᠵᠢᠯᠯᠠᠬᠰᠠᠨ ᠮᠦᠡᠭᠬᠦ ᠶᠢ ᠦᠯᠦ ᠦᠭᠭᠦᠭᠰᠡᠨ︔ | ︵ᠲᠦᠷᠪᠡ︶ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ ᠪᠤᠶᠤ ᠲᠠᠭᠤᠰᠬᠠᠬᠤ ᠳᠤ ᠲᠤᠰ | ᠬᠠᠤᠯᠢ ᠶᠢᠨ ᠲᠤᠬᠳᠠᠭᠠᠯ ᠶᠤᠰᠤᠭᠠᠷ ᠬᠦᠳᠡᠯᠮᠤᠷᠢᠴᠢᠨ ᠳᠤ ᠠᠵᠤ ᠠᠬᠤᠢ ᠶᠢᠨ ᠨᠦᠬᠦᠪᠤᠷᠢ ᠦᠯᠦ ᠦᠭᠭᠦᠭᠰᠡᠨ᠃ | ᠨᠠᠶᠠᠨ ᠵᠢᠷᠭᠤᠳᠤᠭᠠᠷ ᠵᠦᠢᠯ ᠬᠦᠳᠡᠯᠮᠤᠷᠢ ᠶᠢᠨ ᠭᠡᠷ᠎ᠡ ᠨᠢ ᠲᠤᠰ ᠬᠠᠤᠯᠢ ᠶᠢᠨ ᠬᠤᠷᠢᠨ ᠵᠢᠷᠭᠤᠳᠤᠭᠠᠷ | ᠵᠦᠢᠯ ᠤᠨ ᠲᠤᠬᠳᠠᠭᠠᠯ ᠶᠤᠰᠤᠭᠠᠷ ᠬᠦᠴᠦᠨ ᠦᠭᠡᠢ ᠭᠡᠵᠤ ᠨᠤᠳᠠᠯᠠᠬᠳᠠᠭᠠᠳ᠂ ᠨᠦᠭᠦᠭᠡ ᠡᠳᠡᠭᠡᠳ ᠲᠡᠭᠡᠨ ᠬᠤᠬᠢᠷᠠᠯ | ᠤᠴᠠᠷᠠᠭᠤᠯᠤᠬᠰᠠᠨ ᠪᠠᠶᠢᠪᠠᠯ᠂ ᠠᠯᠳᠠᠭ᠎ᠠ ᠲᠠᠢ ᠨᠢᠭᠡ ᠡᠳᠡᠭᠡᠳ ᠨᠢ ᠲᠦᠯᠦᠬᠦ ᠬᠠᠷᠢᠭᠤᠴᠠᠯᠭ᠎ᠠ ᠶᠢ ᠡᠭᠦᠷᠬᠡᠯᠡᠬᠦ | ᠬᠡᠷᠡᠭᠳᠠᠢ᠃ | ᠨᠠᠶᠠᠨ ᠲᠤᠯᠤᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠨᠢ ᠲᠤᠰ ᠬᠠᠤᠯᠢ ᠶᠢᠨ ᠲᠤᠬᠳᠠᠭᠠᠯ ᠢ ᠵᠦᠷᠢᠴᠡᠨ | ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠰᠠᠨ ᠪᠤᠶᠤ ᠲᠠᠭᠤᠰᠬᠠᠬᠰᠠᠨ ᠪᠠᠶᠢᠪᠠᠯ᠂ ᠲᠤᠰ ᠬᠠᠤᠯᠢ ᠶᠢᠨ | ᠲᠦᠴᠢᠨ ᠲᠤᠯᠤᠳᠤᠭᠠᠷ ᠵᠦᠢᠯ ᠳᠤ ᠲᠤᠬᠳᠠᠭᠠᠬᠰᠠᠨ ᠠᠵᠤ ᠠᠬᠤᠢ ᠶᠢᠨ ᠨᠦᠬᠦᠪᠤᠷᠢ ᠦᠭᠬᠦ ᠪᠠᠷᠢᠮᠵᠢᠶ᠎ᠠ ᠶᠢᠨ ᠬᠤᠶᠠᠷ | ᠲᠠᠬᠢᠨ ᠢᠶᠠᠷ ᠬᠦᠳᠡᠯᠮᠤᠷᠢᠴᠢᠨ ᠳᠤ ᠲᠦᠯᠦᠪᠤᠷᠢ ᠶᠢᠨ ᠮᠦᠡᠭᠬᠦ ᠦᠭᠬᠦ ᠬᠡᠷᠡᠭᠳᠠᠢ᠃ | ᠨᠠᠶᠠᠨ ᠨᠠᠢᠮᠠᠳᠤᠭᠠᠷ ᠵᠦᠢᠯ ᠬᠦᠮᠦᠨ ᠬᠡᠷᠡᠭᠯᠡᠬᠦ ᠨᠢᠭᠡᠴᠡ ᠳᠤ ᠲᠤᠤᠷ᠎ᠠ ᠵᠢᠬᠰᠠᠭᠠᠬᠰᠠᠨ ᠪᠠᠶᠢᠳᠠᠯ ᠤᠳ ᠤᠨ | ᠨᠢᠭᠡ ᠨᠢ ᠪᠠᠶᠢᠪᠠᠯ᠂ ᠬᠠᠤᠯᠢ ᠶᠤᠰᠤᠭᠠᠷ ᠵᠠᠰᠠᠬ ᠵᠠᠬᠢᠷᠭᠠᠨ ᠤ ᠰᠢᠢᠳᠭᠡᠯ ᠦᠭᠭᠦᠨ᠎ᠡ︔ ᠶᠠᠯ᠎ᠠ ᠪᠤᠯᠵᠤ ᠪᠦᠷᠢᠯᠳᠦᠭᠰᠡᠨ | ᠪᠠᠶᠢᠪᠠᠯ᠂ ᠬᠠᠤᠯᠢ ᠶᠤᠰᠤᠭᠠᠷ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠨ᠎ᠡ︔ ᠬᠦᠳᠡᠯᠮᠤᠷᠢᠴᠢᠨ ᠳᠤ ᠬᠤᠬᠢᠷᠠᠯ | ᠤᠴᠠᠷᠠᠭᠤᠯᠤᠬᠰᠠᠨ ᠪᠠᠶᠢᠪᠠᠯ᠂ ᠲᠦᠯᠦᠬᠦ ᠬᠠᠷᠢᠭᠤᠴᠠᠯᠭ᠎ᠠ ᠡᠭᠦᠷᠬᠡᠯᠡᠬᠦ ᠬᠡᠷᠡᠭᠳᠠᠢ᠄ | ︵ᠨᠢᠭᠡ︶ ᠬᠦᠴᠦᠷᠬᠡᠭᠯᠡᠬᠦ᠂ ᠰᠦᠷᠳᠡᠭᠦᠯᠬᠦ ᠪᠤᠶᠤ ᠬᠦᠮᠦᠨ ᠤ ᠪᠡᠶ᠎ᠡ ᠶᠢᠨ ᠡᠷᠬᠡ ᠴᠢᠯᠦᠭᠡ ᠶᠢ ᠬᠠᠤᠯᠢ | ᠪᠤᠰᠤ ᠪᠠᠷ ᠬᠢᠵᠠᠭᠠᠷᠯᠠᠬᠤ ᠠᠷᠭ᠎ᠠ ᠪᠠᠷ ᠠᠯᠪᠠᠳᠠᠨ ᠬᠦᠳᠡᠯᠮᠤᠷᠢᠯᠡᠭᠦᠯᠦᠭᠰᠡᠨ︔ | ︵ᠬᠤᠶᠠᠷ︶ ᠲᠦᠷᠢᠮ ᠲᠤᠬᠳᠠᠭᠠᠯ ᠢ ᠵᠦᠷᠢᠴᠡᠨ ᠵᠢᠯᠤᠭᠤᠳᠤᠭᠠᠳ᠂ ᠡᠰᠡᠭᠦᠯ᠎ᠡ ᠠᠯᠪᠠᠳᠠᠨ ᠠᠶᠤᠯ | ᠲᠦᠭᠰᠢᠭᠦᠷᠢᠳᠠᠢ ᠠᠵᠢᠯ ᠬᠢᠯᠭᠡᠭᠡᠳ ᠬᠦᠳᠡᠯᠮᠤᠷᠢᠴᠢᠨ ᠤ ᠪᠡᠶ᠎ᠡ ᠶᠢᠨ ᠠᠮᠤᠷ ᠲᠦᠪᠰᠢᠨ ᠢ ᠰᠦᠷᠳᠡᠭᠦᠯᠦᠭᠰᠡᠨ︔ | ︵ᠭᠤᠷᠪᠠ︶ ᠬᠦᠳᠡᠯᠮᠤᠷᠢᠴᠢᠨ ᠢ ᠲᠤᠷᠤᠮᠵᠢᠯᠡᠵᠤ᠂ ᠬᠠᠯᠠ ᠦᠵᠡᠭᠦᠯᠵᠤ᠂ ᠵᠤᠳᠤᠵᠤ ᠴᠤᠬᠢᠵᠤ᠂ ᠬᠠᠤᠯᠢ | ᠪᠤᠰᠤ ᠪᠠᠷ ᠨᠡᠩᠵᠢᠭᠰᠡᠨ ᠪᠤᠶᠤ ᠬᠤᠷᠢᠬᠰᠠᠨ︔ | ︵ᠲᠦᠷᠪᠡ︶ ᠬᠦᠳᠡᠯᠮᠤᠷᠢ ᠶᠢᠨ ᠨᠦᠬᠦᠴᠡᠯ ᠨᠢ ᠮᠠᠭᠤ᠂ ᠤᠷᠴᠢᠨ ᠠᠬᠤᠢ ᠨᠢ ᠬᠦᠨᠳᠤ ᠨᠤᠴᠢᠳᠠᠢ | ᠪᠤᠬᠢᠷᠳᠤᠯ ᠲᠠᠢ ᠪᠠᠶᠢᠵᠤ᠂ ᠬᠦᠳᠡᠯᠮᠤᠷᠢᠴᠢᠨ ᠤ ᠪᠡᠶ᠎ᠡ ᠰᠡᠳᠭᠢᠯ ᠡᠷᠡᠭᠦᠯ ᠮᠡᠨᠳᠤ ᠶᠢ ᠬᠦᠨᠳᠤ ᠨᠤᠴᠢᠳᠠᠢ | ᠬᠤᠬᠢᠷᠠᠭᠤᠯᠤᠬᠰᠠᠨ᠃ | ᠨᠠᠶᠠ ᠶᠢᠰᠦᠳᠦᠭᠡᠷ ᠵᠦᠢᠯ ᠬᠦᠮᠦᠨ ᠬᠡᠷᠡᠭᠯᠡᠬᠦ ᠨᠢᠭᠡᠴᠡ ᠲᠤᠰ ᠬᠠᠤᠯᠢ ᠶᠢᠨ ᠲᠤᠬᠳᠠᠭᠠᠯ ᠢ ᠵᠦᠷᠢᠴᠡᠵᠤ | ᠬᠦᠳᠡᠯᠮᠤᠷᠢᠴᠢᠨ ᠳᠤ ᠬᠦᠳᠡᠯᠮᠤᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠰᠠᠨ ᠪᠤᠶᠤ ᠲᠠᠭᠤᠰᠬᠠᠬᠰᠠᠨ ᠪᠢᠴᠢᠭ ᠤᠨ | ᠭᠡᠷᠡᠴᠢ ᠶᠢ ᠦᠯᠦ ᠦᠭᠭᠦᠭᠰᠡᠨ ᠪᠠᠶᠢᠪᠠᠯ᠂ ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠠᠴᠠ ᠵᠠᠷᠯᠢᠬᠳᠠᠨ | ᠵᠠᠯᠠᠷᠠᠭᠤᠯᠤᠭᠤᠯᠤᠨ᠎ᠠ︔ ᠬᠦᠳᠡᠯᠮᠤᠷᠢᠴᠢᠨ ᠳᠤ ᠬᠤᠬᠢᠷᠠᠯ ᠤᠴᠠᠷᠠᠭᠤᠯᠤᠬᠰᠠᠨ ᠪᠠᠶᠢᠪᠠᠯ᠂ ᠲᠦᠯᠦᠬᠦ ᠬᠠᠷᠢᠭᠤᠴᠠᠯᠭ᠎ᠠ | ᠡᠭᠦᠷᠬᠡᠯᠡᠬᠦ ᠬᠡᠷᠡᠭᠳᠠᠢ᠃ | ᠶᠡᠷᠡᠳᠦᠭᠡᠷ ᠵᠦᠢᠯ ᠬᠦᠳᠡᠯᠮᠤᠷᠢᠴᠢᠨ ᠲᠤᠰ ᠬᠠᠤᠯᠢ ᠶᠢᠨ ᠲᠤᠬᠳᠠᠭᠠᠯ ᠢ ᠵᠦᠷᠢᠴᠡᠨ ᠬᠦᠳᠡᠯᠮᠤᠷᠢ ᠶᠢᠨ | ᠭᠡᠷ᠎ᠡ ᠶᠢ ᠬᠦᠴᠦᠨ ᠦᠭᠡᠢ ᠪᠤᠯᠭᠠᠬᠰᠠᠨ᠂ ᠡᠰᠡᠭᠦᠯ᠎ᠡ ᠬᠦᠳᠡᠯᠮᠤᠷᠢ ᠶᠢᠨ ᠭᠡᠷ᠎ᠡ ᠳᠤ ᠪᠤᠯᠵᠤᠨ ᠲᠤᠬᠳᠠᠬᠰᠠᠨ | ᠨᠢᠭᠤᠴᠠ ᠶᠢ ᠬᠠᠮᠠᠭᠠᠯᠠᠬᠤ ᠡᠭᠦᠷᠭᠡ ᠪᠤᠶᠤ ᠠᠵᠢᠯ ᠲᠦᠷᠦᠯ ᠤᠨ ᠦᠷᠢᠰᠦᠯᠳᠦᠭᠡᠨ ᠤ ᠬᠢᠵᠠᠭᠠᠷᠯᠠᠯ ᠢ ᠵᠦᠷᠢᠴᠡᠭᠡᠳ᠂ | ᠬᠦᠮᠦᠨ ᠬᠡᠷᠡᠭᠯᠡᠬᠦ ᠨᠢᠭᠡᠴᠡ ᠳᠤ ᠬᠤᠬᠢᠷᠠᠯ ᠤᠴᠠᠷᠠᠭᠤᠯᠤᠬᠰᠠᠨ ᠪᠠᠶᠢᠪᠠᠯ᠂ ᠲᠦᠯᠦᠬᠦ ᠬᠠᠷᠢᠭᠤᠴᠠᠯᠭ᠎ᠠ ᠡᠭᠦᠷᠬᠡᠯᠡᠬᠦ | ᠬᠡᠷᠡᠭᠳᠠᠢ᠃ | ᠶᠡᠷᠡᠨ ᠨᠢᠭᠡᠳᠤᠭᠡᠷ ᠵᠦᠢᠯ ᠬᠦᠮᠦᠨ ᠬᠡᠷᠡᠭᠯᠡᠬᠦ ᠨᠢᠭᠡᠴᠡ ᠨᠢ ᠪᠤᠰᠤᠳ ᠬᠦᠮᠦᠨ ᠬᠡᠷᠡᠭᠯᠡᠬᠦ ᠨᠢᠭᠡᠴᠡ ᠲᠠᠢ | ᠬᠦᠳᠡᠯᠮᠤᠷᠢ ᠶᠢᠨ ᠭᠡᠷ᠎ᠡ ᠪᠠᠨ ᠬᠠᠷᠠᠬᠠᠨ ᠬᠦᠴᠦᠨ ᠦᠭᠡᠢ ᠪᠤᠯᠭᠠᠭᠠᠳᠤᠢ ᠪᠤᠶᠤ ᠲᠠᠭᠤᠰᠬᠠᠬᠰᠠᠨ ᠦᠭᠡᠢ | ᠬᠦᠳᠡᠯᠮᠤᠷᠢᠴᠢᠨ ᠢ ᠡᠯᠰᠡᠨ ᠬᠡᠷᠡᠭᠯᠡᠭᠡᠳ᠂ ᠪᠤᠰᠤᠳ ᠬᠦᠮᠦᠨ ᠬᠡᠷᠡᠭᠯᠡᠬᠦ ᠨᠢᠭᠡᠴᠡ ᠳᠤ ᠬᠤᠬᠢᠷᠠᠯ ᠤᠴᠠᠷᠠᠭᠤᠯᠤᠬᠰᠠᠨ | ᠪᠠᠶᠢᠪᠠᠯ᠂ ᠬᠤᠯᠪᠤᠯᠳᠤᠬᠰᠠᠨ ᠲᠦᠯᠦᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠳᠠᠢ᠃ | ᠶᠡᠷᠡᠨ ᠬᠤᠶᠠᠳᠤᠭᠠᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠵᠦᠪᠰᠢᠶᠡᠷᠡᠬᠦᠯᠦᠭᠰᠡᠨ | ᠦᠭᠡᠢ ᠪᠠᠷ ᠲᠤᠷ᠎ᠡ ᠪᠠᠷ ᠬᠦᠳᠡᠯᠮᠤᠷᠢ ᠬᠦᠴᠦ ᠲᠤᠮᠢᠯᠠᠬᠤ ᠠᠵᠢᠯ ᠢ ᠡᠷᠬᠢᠯᠡᠪᠡᠯ᠂ ᠬᠦᠳᠡᠯᠮᠤᠷᠢ ᠶᠢᠨ ᠵᠠᠰᠠᠭ | ᠵᠠᠬᠢᠷᠭᠠᠨ ᠤ ᠰᠠᠯᠠᠭ᠎ᠠ ᠮᠦᠴᠢᠷ ᠠᠴᠠ ᠵᠠᠷᠯᠢᠭᠳᠠᠨ ᠬᠠᠤᠯᠢ ᠠᠴᠠ ᠵᠦᠷᠢᠴᠡᠭᠰᠡᠨ ᠠᠵᠢᠯᠯᠠᠭ᠎ᠠ ᠶᠢ ᠵᠤᠭᠰᠤᠭᠠᠵᠦ᠂ | ᠬᠠᠤᠯᠢ ᠶᠢ ᠵᠦᠷᠢᠴᠡᠵᠦ ᠤᠯᠤᠭᠰᠠᠨ ᠠᠰᠢᠭ ᠤᠯᠵᠠᠪᠤᠷᠢ ᠶᠢ ᠨᠢ ᠬᠤᠷᠢᠶᠠᠨ ᠠᠪᠴᠦ᠂ ᠬᠠᠮᠳᠦ ᠳᠤᠨᠢ ᠬᠠᠤᠯᠢ ᠶᠢ | ᠵᠦᠷᠢᠴᠡᠵᠦ ᠤᠯᠤᠭᠰᠠᠨ ᠠᠰᠢᠭ ᠤᠯᠵᠠᠪᠤᠷᠢ ᠶᠢᠨ ᠨᠢᠭᠡ ᠲᠠᠬᠢᠨ ᠠᠴᠠ ᠲᠡᠭᠡᠭᠰᠢ ᠲᠠᠪᠤᠨ ᠲᠠᠬᠢᠨ ᠠᠴᠠ ᠲᠤᠭᠤᠭᠰᠢ | ᠵᠤᠭᠤᠰ ᠢᠶᠠᠷ ᠲᠤᠷᠭᠠᠨ᠎ᠠ︔ ᠬᠠᠤᠯᠢ ᠶᠢ ᠵᠦᠷᠢᠴᠡᠵᠦ ᠤᠯᠤᠭᠰᠠᠨ ᠠᠰᠢᠭ ᠤᠯᠵᠠᠪᠤᠷᠢ ᠦᠭᠡᠢ ᠪᠤᠯ᠂ ᠲᠠᠪᠤᠨ | ᠲᠦᠮᠡᠨ ᠲᠦᠬᠦᠷᠢᠭ ᠠᠴᠠ ᠲᠤᠭᠤᠭᠰᠢ ᠵᠤᠭᠤᠰ ᠢᠶᠠᠷ ᠲᠤᠷᠭᠠᠵᠦ ᠪᠤᠯᠤᠨ᠎ᠠ᠃ ᠬᠦᠳᠡᠯᠮᠤᠷᠢ ᠬᠦᠴᠦ ᠲᠤᠮᠢᠯᠠᠬᠤ | ᠨᠢᠭᠡᠴᠡ᠂ ᠠᠵᠢᠯᠴᠢᠨ ᠬᠡᠷᠡᠭᠯᠡᠬᠦ ᠨᠢᠭᠡᠴᠡ ᠲᠤᠰ ᠬᠠᠤᠯᠢ ᠶᠢᠨ ᠬᠠᠮᠢᠶ᠎ᠠ ᠪᠦᠬᠦᠢ ᠬᠦᠳᠡᠯᠮᠤᠷᠢ ᠬᠦᠴᠦ ᠲᠤᠮᠢᠯᠠᠬᠤ | ᠲᠤᠭᠳᠠᠭᠠᠯ ᠢ ᠵᠦᠷᠢᠴᠡᠭᠰᠡᠨ ᠪᠠᠶᠢᠪᠠᠯ᠂ ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠠᠴᠠ ᠵᠠᠷᠯᠢᠬᠳᠠᠨ | ᠲᠤᠭᠳᠠᠭᠠᠭᠰᠠᠨ ᠬᠤᠭᠤᠴᠠᠭᠠᠨ ᠳᠤ ᠵᠠᠯᠠᠷᠠᠭᠤᠯᠤᠭᠤᠯᠤᠨ᠎ᠠ︔ ᠬᠤᠭᠤᠴᠠᠭ᠎ᠠ ᠭᠡᠳᠦᠷᠡᠭᠡᠳ ᠵᠠᠯᠠᠷᠠᠭᠤᠯᠬᠤ ᠦᠭᠡᠢ | ᠪᠠᠶᠢᠪᠠᠯ᠂ ᠬᠦᠮᠦᠨ ᠪᠦᠷᠢ ᠶᠢ ᠲᠠᠪᠤᠨ ᠮᠢᠩᠭᠠᠨ ᠲᠦᠭᠦᠷᠢᠭ ᠠᠴᠠ ᠲᠡᠭᠡᠭᠰᠢ ᠨᠢᠭᠡ ᠲᠦᠮᠡᠨ ᠲᠦᠭᠦᠷᠢᠭ ᠠᠴᠠ | ᠲᠤᠭᠤᠬᠰᠢ ᠪᠠᠷᠢᠮᠵᠢᠶ᠎ᠠ ᠪᠠᠷ ᠵᠤᠭᠤᠰ ᠢᠶᠠᠷ ᠲᠤᠷᠭᠠᠵᠦ᠂ ᠬᠦᠳᠡᠯᠮᠤᠷᠢ ᠬᠦᠴᠦ ᠲᠤᠮᠢᠯᠠᠬᠤ ᠨᠢᠭᠡᠴᠡ ᠶᠢᠨ ᠬᠦᠳᠡᠯᠮᠤᠷᠢ | ᠬᠦᠴᠦ ᠲᠤᠮᠢᠯᠠᠬᠤ ᠠᠵᠢᠯ ᠡᠷᠬᠢᠯᠡᠬᠦ ᠵᠦᠪᠰᠢᠶᠡᠷᠡᠯ ᠤᠨ ᠦᠨᠡᠮᠯᠡᠯ ᠢ ᠨᠢ ᠬᠤᠷᠢᠶᠠᠨ ᠠᠪᠴᠤ ᠬᠦᠴᠦᠨ ᠦᠭᠡᠢ | ᠪᠤᠯᠭᠠᠨ᠎ᠠ᠃ ᠠᠵᠢᠯᠴᠢᠨ ᠬᠡᠷᠡᠭᠯᠡᠬᠦ ᠨᠢᠭᠡᠴᠡ ᠲᠤᠮᠢᠯᠠᠬᠳᠠᠬᠰᠠᠨ ᠬᠦᠳᠡᠯᠮᠤᠷᠢᠴᠢᠨ ᠳᠤ ᠬᠤᠬᠢᠷᠠᠯ ᠤᠴᠠᠷᠠᠭᠤᠯᠤᠬᠰᠠᠨ | ᠪᠠᠶᠢᠪᠠᠯ᠂ ᠬᠦᠳᠡᠯᠮᠤᠷᠢ ᠬᠦᠴᠦ ᠲᠤᠮᠢᠯᠠᠬᠤ ᠨᠢᠭᠡᠴᠡ ᠬᠢᠭᠡᠳ ᠠᠵᠢᠯᠴᠢᠨ ᠬᠡᠷᠡᠭᠯᠡᠬᠦ ᠨᠢᠭᠡᠴᠡ ᠬᠤᠯᠪᠤᠯᠳᠤᠬᠰᠠᠨ | ᠲᠦᠯᠦᠬᠦ ᠬᠠᠷᠢᠭᠤᠴᠠᠯᠭ᠎ᠠ ᠡᠭᠦᠷᠬᠡᠯᠡᠨ᠎ᠡ᠃ | ᠶᠡᠷᠡᠨ ᠭᠤᠷᠪᠠᠳᠤᠭᠠᠷ ᠵᠦᠢᠯ ᠬᠠᠤᠯᠢ ᠶᠤᠰᠤᠨ ᠤ ᠡᠵᠡᠩᠨᠡᠯᠳᠡ ᠶᠢᠨ ᠬᠢᠷᠢ ᠭᠡᠮ ᠢ ᠪᠦᠷᠢᠯᠳᠦᠭᠦᠯᠦᠭᠰᠡᠨ | ᠦᠭᠡᠢ ᠬᠦᠮᠦᠨ ᠬᠡᠷᠡᠭᠯᠡᠬᠦ ᠨᠢᠭᠡᠴᠡ ᠶᠢᠨ ᠬᠠᠤᠯᠢ ᠶᠢ ᠵᠦᠷᠢᠴᠡᠭᠰᠡᠨ ᠶᠠᠯᠠᠳᠤ ᠠᠵᠢᠯᠯᠠᠭ᠎ᠠ ᠠᠴᠠ ᠬᠠᠤᠯᠢ ᠶᠤᠰᠤᠭᠠᠷ | ᠬᠠᠤᠯᠢ ᠶᠢᠨ ᠬᠠᠷᠢᠭᠤᠴᠠᠯᠭ᠎ᠠ ᠨᠡᠬᠡᠮᠵᠢᠯᠡᠨ᠎ᠡ︔ ᠬᠦᠳᠡᠯᠮᠤᠷᠢᠴᠢᠨ ᠨᠢᠭᠡᠨᠳᠡ ᠬᠦᠳᠡᠯᠮᠤᠷᠢ ᠬᠦᠴᠦ ᠭᠠᠷᠭᠠᠬᠰᠠᠨ ᠪᠠᠶᠢᠪᠠᠯ᠂ | ᠲᠤᠰ ᠨᠢᠭᠡᠴᠡ ᠪᠤᠶᠤ ᠲᠡᠭᠦᠨ ᠤ ᠪᠡᠯᠡ ᠭᠠᠷᠭᠠᠬᠴᠢ ᠨᠢ ᠲᠤᠰ ᠬᠠᠤᠯᠢ ᠶᠢᠨ ᠬᠤᠯᠪᠤᠬᠳᠠᠯ ᠪᠦᠬᠦᠢ ᠲᠤᠬᠳᠠᠭᠠᠯ | ᠶᠤᠰᠤᠭᠠᠷ ᠬᠦᠳᠡᠯᠮᠤᠷᠢᠴᠢᠨ ᠳᠤ ᠬᠦᠳᠡᠯᠮᠤᠷᠢ ᠶᠢᠨ ᠤᠯᠭᠤᠮᠵᠢ᠂ ᠠᠵᠤ ᠠᠬᠤᠢ ᠶᠢᠨ ᠨᠦᠬᠦᠪᠤᠷᠢ᠂ ᠲᠦᠯᠦᠪᠤᠷᠢ ᠶᠢᠨ | ᠮᠦᠡᠭᠬᠦ ᠦᠭᠬᠦ ᠬᠡᠷᠡᠭᠳᠠᠢ︔ ᠬᠦᠳᠡᠯᠮᠤᠷᠢᠴᠢᠨ ᠳᠤ ᠬᠤᠬᠢᠷᠠᠯ ᠤᠴᠠᠷᠠᠭᠤᠯᠤᠬᠰᠠᠨ ᠪᠠᠶᠢᠪᠠᠯ᠂ ᠲᠦᠯᠦᠬᠦ | ᠬᠠᠷᠢᠭᠤᠴᠠᠯᠭ᠎ᠠ ᠡᠭᠦᠷᠭᠡᠯᠡᠬᠦ ᠬᠡᠷᠡᠭᠳᠠᠢ᠃ | ᠶᠡᠷᠡᠨ ᠲᠦᠷᠪᠡᠳᠦᠭᠡᠷ ᠵᠦᠢᠯ ᠬᠤᠪᠢ ᠬᠦᠮᠦᠨ ᠲᠠᠭᠠᠭᠠᠴᠢᠯᠠᠨ ᠡᠵᠡᠩᠨᠡᠭᠡᠳ ᠲᠤᠰ ᠬᠠᠤᠯᠢ ᠶᠢᠨ | ᠲᠤᠬᠳᠠᠭᠠᠯ ᠢ ᠵᠦᠷᠢᠴᠡᠨ ᠬᠦᠳᠡᠯᠮᠤᠷᠢᠴᠢᠨ ᠢ ᠡᠯᠰᠡᠨ ᠬᠡᠷᠡᠭᠯᠡᠭᠡᠳ ᠬᠦᠳᠡᠯᠮᠤᠷᠢᠴᠢᠨ ᠳᠤ ᠬᠤᠬᠢᠷᠠᠯ | ᠤᠴᠠᠷᠠᠭᠤᠯᠤᠬᠰᠠᠨ ᠪᠠᠶᠢᠪᠠᠯ᠂ ᠲᠠᠭᠠᠭᠠᠴᠢᠯᠠᠭᠤᠯᠬᠤ ᠵᠤᠬᠢᠶᠠᠨ ᠪᠠᠶᠢᠭᠤᠯᠤᠯᠳᠠ ᠬᠢᠭᠡᠳ ᠬᠤᠪᠢ ᠬᠦᠮᠦᠨ ᠤ | ᠲᠠᠭᠠᠭᠠᠴᠢᠯᠠᠨ ᠡᠵᠡᠩᠨᠡᠭᠴᠢ ᠨᠢ ᠬᠤᠯᠪᠤᠯᠳᠤᠬᠰᠠᠨ ᠲᠦᠯᠦᠬᠦ ᠬᠠᠷᠢᠭᠤᠴᠠᠯᠭ᠎ᠠ ᠡᠭᠦᠷᠬᠡᠯᠡᠨ᠎ᠡ᠃ | ᠶᠡᠷᠡᠨ ᠲᠠᠪᠤᠳᠤᠭᠠᠷ ᠵᠦᠢᠯ ᠬᠦᠳᠡᠯᠮᠤᠷᠢ ᠶᠢᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠪᠠ ᠪᠤᠰᠤᠳ | ᠬᠤᠯᠪᠤᠬᠳᠠᠯ ᠪᠦᠬᠦᠢ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠵᠢᠴᠢ ᠲᠡᠭᠦᠨ ᠤ ᠠᠵᠢᠯᠳᠡᠨ ᠡᠭᠦᠷᠭᠡ ᠲᠤᠰᠢᠶᠠᠯ ᠢᠶᠠᠨ | ᠤᠮᠳᠤᠭᠠᠢᠢᠯᠠᠵᠤ᠂ ᠬᠠᠤᠯᠢ ᠪᠠᠷ ᠲᠤᠬᠳᠠᠭᠠᠬᠰᠠᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠭᠡᠭᠰᠡᠨ ᠦᠭᠡᠢ᠂ | ᠡᠰᠡᠭᠦᠯ᠎ᠡ ᠬᠠᠤᠯᠢ ᠠᠴᠠ ᠵᠦᠷᠢᠴᠡᠨ ᠡᠷᠬᠡ ᠲᠤᠰᠢᠶᠠᠯ ᠢᠶᠠᠨ ᠬᠡᠷᠡᠭᠯᠡᠭᠡᠳ ᠬᠦᠳᠡᠯᠮᠤᠷᠢᠴᠢᠨ ᠪᠤᠶᠤ ᠬᠦᠮᠦᠨ ᠬᠡᠷᠡᠭᠯᠡᠬᠦ | ᠨᠢᠭᠡᠴᠡ ᠳᠤ ᠬᠤᠬᠢᠷᠠᠯ ᠤᠴᠠᠷᠠᠭᠤᠯᠤᠬᠰᠠᠨ ᠪᠠᠶᠢᠪᠠᠯ᠂ ᠲᠦᠯᠦᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠳᠠᠢ︔ ᠰᠢᠭᠤᠳ | ᠬᠠᠷᠢᠭᠤᠴᠠᠵᠤ ᠪᠠᠶᠢᠭ᠎ᠠ ᠡᠷᠬᠢᠯᠡᠨ ᠬᠠᠮᠢᠶᠠᠷᠬᠤ ᠠᠵᠢᠯᠳᠡᠨ ᠪᠤᠯᠤᠨ ᠰᠢᠭᠤᠳ ᠬᠠᠷᠢᠭᠤᠴᠠᠯᠭ᠎ᠠ ᠲᠠᠢ ᠪᠤᠰᠤᠳ | ᠠᠵᠢᠯᠳᠡᠨ ᠳᠤ ᠬᠠᠤᠯᠢ ᠶᠤᠰᠤᠭᠠᠷ ᠵᠠᠰᠠᠬ ᠵᠠᠬᠢᠷᠭᠠᠨ ᠤ ᠰᠢᠢᠳᠭᠡᠯ ᠦᠭᠭᠦᠨ᠎ᠡ︔ ᠶᠠᠯ᠎ᠠ ᠪᠤᠯᠤᠨ ᠪᠦᠷᠢᠯᠳᠦᠭᠰᠡᠨ | ᠪᠠᠶᠢᠪᠠᠯ᠂ ᠬᠠᠤᠯᠢ ᠶᠤᠰᠤᠭᠠᠷ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠨ᠎ᠡ᠃ | | | ᠨᠠᠢᠮᠠᠳᠤᠭᠠᠷ ᠪᠦᠯᠦᠭ ᠲᠠᠭᠠᠯᠳᠤᠭᠤᠯᠤᠯ ᠲᠦᠷᠢᠮ | | | ᠶᠡᠷᠡᠨ ᠵᠢᠷᠭᠤᠳᠤᠭᠠᠷ ᠵᠦᠢᠯ ᠠᠵᠢᠯ ᠦᠢᠯᠡᠰ ᠤᠨ ᠨᠢᠭᠡᠴᠡ ᠤᠷᠢᠵᠤ ᠬᠡᠷᠡᠭᠯᠡᠬᠦ ᠲᠦᠷᠢᠮ ᠢ ᠬᠡᠷᠡᠭᠵᠢᠭᠦᠯᠵᠤ | ᠪᠠᠶᠢᠭ᠎ᠠ ᠠᠵᠢᠯᠳᠡᠨ ᠲᠠᠢ ᠬᠦᠳᠡᠯᠮᠤᠷᠢ ᠶᠢᠨ ᠭᠡᠷ᠎ᠡ ᠶᠢ ᠲᠤᠬᠳᠠᠬᠤ᠂ ᠭᠦᠢᠴᠡᠳᠭᠡᠬᠦ᠂ ᠬᠤᠪᠢᠷᠠᠭᠤᠯᠬᠤ᠂ ᠬᠦᠴᠦᠨ | ᠦᠭᠡᠢ ᠪᠤᠯᠭᠠᠬᠤ ᠪᠤᠶᠤ ᠲᠠᠭᠤᠰᠬᠠᠬᠤ ᠳᠤ ᠬᠠᠤᠯᠢ ᠴᠠᠭᠠᠵᠠ᠂ ᠵᠠᠰᠠᠬ ᠵᠠᠬᠢᠷᠭᠠᠨ ᠤ ᠬᠠᠤᠯᠢ ᠲᠤᠬᠳᠠᠭᠠᠯ ᠪᠤᠶᠤ | ᠲᠦᠷᠦ ᠶᠢᠨ ᠶᠠᠪᠤᠳᠠᠯ ᠤᠨ ᠬᠤᠷᠢᠶᠠᠨ ᠤ ᠠᠰᠳᠠᠭᠠᠨ ᠲᠤᠬᠳᠠᠭᠠᠯ ᠪᠠᠶᠢᠪᠠᠯ ᠲᠡᠷᠡ ᠲᠤᠬᠳᠠᠭᠠᠯ ᠢ ᠵᠢᠷᠤᠮᠯᠠᠨᠡ︔ | ᠲᠤᠬᠳᠠᠭᠯ ᠭᠠᠷᠭᠠᠬᠰᠠᠨ ᠦᠭᠡᠢ ᠪᠠᠶᠢᠪᠠᠯ᠂ ᠲᠤᠰ ᠬᠠᠤᠯᠢ ᠶᠢᠨ ᠬᠤᠯᠪᠤᠬᠳᠠᠯ ᠪᠦᠬᠦᠢ ᠲᠤᠬᠳᠠᠭᠠᠯ ᠶᠤᠰᠤᠭᠠᠷ | ᠬᠡᠷᠡᠭᠵᠢᠭᠦᠯᠤᠨ᠎ᠡ᠃ | ᠶᠡᠷᠡᠨ ᠲᠤᠯᠤᠳᠤᠭᠠᠷ ᠵᠦᠢᠯ ᠲᠤᠰ ᠬᠠᠤᠯᠢ ᠶᠢ ᠬᠡᠷᠡᠭᠵᠢᠭᠦᠯᠬᠦ ᠠᠴᠠ ᠡᠮᠦᠨ᠎ᠡ ᠨᠢᠭᠡᠨᠳᠡ ᠬᠠᠤᠯᠢ ᠶᠤᠰᠤᠭᠠᠷ | ᠲᠤᠬᠳᠠᠭᠠᠬᠰᠠᠨ ᠪᠦᠭᠡᠳ ᠲᠤᠰ ᠬᠠᠤᠯᠢ ᠶᠢ ᠬᠡᠷᠡᠭᠵᠢᠭᠦᠯᠦᠭᠰᠡᠨ ᠡᠳᠦᠷ ᠲᠤ ᠦᠯᠡᠳᠡᠨ ᠦᠷᠬᠦᠯᠵᠢᠯᠡᠵᠤ ᠪᠠᠶᠢᠬᠤ | ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ ᠭᠦᠢᠴᠡᠳᠭᠡᠨ᠎ᠡ︔ ᠲᠤᠰ ᠬᠠᠤᠯᠢ ᠶᠢᠨ ᠠᠷᠪᠠᠨ ᠲᠦᠷᠪᠡᠳᠦᠭᠡᠷ ᠵᠦᠢᠯ ᠤᠨ | ᠬᠤᠶᠠᠳᠤᠭᠠᠷ ᠪᠠᠳᠠᠬ ᠤᠨ ᠭᠤᠷᠪᠠᠳᠤᠭᠠᠷ ᠵᠤᠷᠪᠤᠰ ᠲᠤ ᠲᠤᠬᠳᠠᠭᠠᠬᠰᠠᠨ ᠲᠤᠬᠳᠠᠮᠠᠯ ᠬᠤᠭᠤᠴᠠᠭ᠎ᠠ ᠲᠠᠢ | ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ ᠲᠤᠬᠳᠠᠭᠠᠬᠤ ᠲᠤᠭ᠎ᠠ ᠶᠢ ᠲᠤᠰ ᠬᠠᠤᠯᠢ ᠶᠢ ᠬᠡᠷᠡᠭᠵᠢᠭᠦᠯᠦᠭᠰᠡᠨ ᠤ | ᠲᠠᠷᠠᠭ᠎ᠠ ᠲᠤᠬᠳᠠᠮᠠᠯ ᠬᠤᠭᠤᠴᠠᠭ᠎ᠠ ᠲᠠᠢ ᠬᠦᠳᠡᠯᠮᠤᠷᠢ ᠶᠢᠨ ᠭᠡᠷ᠎ᠡ ᠶᠢ ᠦᠷᠬᠦᠯᠵᠢᠯᠡᠨ ᠲᠤᠬᠳᠠᠭᠠᠬᠤ ᠴᠠᠬ ᠠᠴᠠ | ᠡᠬᠢᠯᠡᠵᠤ ᠪᠤᠳᠤᠨ᠎ᠠ᠃ ᠲᠤᠰ ᠬᠠᠤᠯᠢ ᠶᠢ ᠬᠡᠷᠡᠭᠵᠢᠭᠦᠯᠬᠦ ᠠᠴᠠ ᠡᠮᠦᠨ᠎ᠡ ᠨᠢᠭᠡᠨᠳᠡ ᠬᠦᠳᠡᠯᠮᠤᠷᠢ ᠶᠢᠨ ᠬᠠᠷᠢᠴᠠᠭ᠎ᠠ | ᠪᠠᠶᠢᠭᠤᠯᠤᠨ᠂ ᠬᠠᠷᠠᠬᠠᠨ ᠪᠢᠴᠢᠭ ᠢᠶᠠᠷ ᠬᠦᠳᠡᠯᠮᠤᠷᠢ ᠶᠢᠨ ᠭᠡᠷ᠎ᠡ ᠲᠤᠬᠳᠠᠭᠠᠳᠤᠢ ᠪᠠᠶᠢᠪᠠᠯ᠂ ᠲᠤᠰ ᠬᠠᠤᠯᠢ ᠶᠢ | ᠬᠡᠷᠡᠭᠵᠢᠭᠦᠯᠦᠭᠰᠡᠨ ᠡᠳᠦᠷ ᠠᠴᠠ ᠡᠬᠢᠯᠡᠨ ᠨᠢᠭᠡ ᠰᠠᠷ᠎ᠠ ᠶᠢᠨ ᠲᠤᠳᠤᠷ᠎ᠠ ᠲᠤᠬᠳᠠᠭᠠᠬᠤ ᠬᠡᠷᠡᠭᠳᠠᠢ᠃ ᠲᠤᠰ ᠬᠠᠤᠯᠢ ᠶᠢ | ᠬᠡᠷᠡᠭᠵᠢᠭᠦᠯᠦᠭᠰᠡᠨ ᠡᠳᠦᠷ ᠲᠤ ᠦᠯᠡᠳᠡᠨ ᠦᠷᠭᠦᠯᠵᠢᠯᠡᠵᠤ ᠪᠠᠶᠢᠬᠰᠠᠨ ᠬᠦᠳᠡᠯᠮᠤᠷᠢ ᠶᠢᠨ ᠭᠡᠷ᠎ᠡ ᠶᠢ ᠲᠤᠰ ᠬᠠᠤᠯᠢ ᠶᠢ | ᠬᠡᠷᠡᠭᠵᠢᠭᠦᠯᠦᠭᠰᠡᠨ ᠤ ᠲᠠᠷᠠᠭ᠎ᠠ ᠬᠦᠴᠦᠨ ᠦᠭᠡᠢ ᠪᠤᠯᠭᠠᠬᠤ ᠪᠤᠶᠤ ᠲᠠᠭᠤᠰᠬᠠᠵᠤ᠂ ᠲᠤᠰ ᠬᠠᠤᠯᠢ ᠶᠢᠨ ᠲᠦᠴᠢᠨ | ᠵᠢᠷᠭᠤᠳᠤᠭᠠᠷ ᠵᠦᠢᠯ ᠤᠨ ᠲᠤᠬᠳᠠᠭᠠᠯ ᠶᠤᠰᠤᠭᠠᠷ ᠠᠵᠤ ᠠᠬᠤᠢ ᠶᠢᠨ ᠲᠦᠯᠦᠪᠤᠷᠢ ᠦᠭᠬᠦ ᠶᠤᠰᠤᠳᠠᠢ ᠪᠠᠶᠢᠪᠠᠯ᠂ ᠠᠵᠤ | ᠠᠬᠤᠢ ᠶᠢᠨ ᠲᠦᠯᠦᠪᠤᠷᠢ ᠦᠭᠬᠦ ᠵᠢᠯ ᠬᠤᠭᠤᠴᠠᠭ᠎ᠠ ᠶᠢ ᠲᠤᠰ ᠬᠠᠤᠯᠢ ᠶᠢ ᠬᠡᠷᠡᠭᠵᠢᠭᠦᠯᠦᠭᠰᠡᠨ ᠡᠳᠦᠷ ᠠᠴᠠ ᠡᠬᠢᠯᠡᠨ | ᠪᠤᠳᠤᠨ᠎ᠠ︔ ᠲᠤᠰ ᠬᠠᠤᠯᠢ ᠶᠢ ᠬᠡᠷᠡᠭᠵᠢᠭᠦᠯᠬᠦ ᠠᠴᠠ ᠡᠮᠦᠨ᠎ᠡ ᠲᠤᠬᠠᠢ ᠶᠢᠨ ᠦᠶ᠎ᠡ ᠶᠢᠨ ᠬᠤᠯᠪᠤᠬᠳᠠᠯ ᠪᠦᠬᠦᠢ | ᠲᠤᠬᠳᠠᠭᠠᠯ ᠶᠣᠰᠣᠭᠠᠷ ᠬᠦᠮᠦᠨ ᠬᠡᠷᠡᠭᠯᠡᠬᠦ ᠨᠢᠭᠡᠴᠡ ᠨᠢ ᠬᠦᠳᠡᠯᠮᠤᠷᠢᠴᠢᠨ ᠳᠤ ᠠᠵᠤ ᠠᠬᠤᠢ ᠶᠢᠨ ᠨᠦᠬᠦᠪᠤᠷᠢ ᠦᠭᠬᠦ | ᠶᠤᠰᠤᠳᠠᠢ ᠪᠠᠶᠢᠬᠰᠠᠨ ᠪᠠᠶᠢᠪᠠᠯ᠂ ᠲᠤᠬᠠᠢ ᠶᠢᠨ ᠦᠶ᠎ᠡ ᠶᠢᠨ ᠬᠤᠯᠪᠤᠬᠳᠠᠯ ᠪᠦᠬᠦᠢ ᠲᠤᠬᠳᠠᠭᠠᠯ ᠶᠤᠰᠤᠭᠠᠷ | ᠬᠡᠷᠡᠭᠵᠢᠭᠦᠯᠤᠨ᠎ᠡ᠃ | ᠶᠡᠷᠡᠨ ᠨᠠᠢᠮᠠᠳᠤᠭᠠᠷ ᠵᠦᠢᠯ ᠲᠤᠰ ᠬᠠᠤᠯᠢ ᠶᠢ 2013 ᠤᠨ ᠤ 7 ᠳ᠋ᠤᠭᠠᠷ ᠰᠠᠷ᠎ᠠ ᠶᠢᠨ 1 ᠤ ᠡᠳᠦᠷ ᠠᠴᠠ | ᠡᠬᠢᠯᠡᠵᠤ ᠬᠡᠷᠡᠭᠵᠢᠭᠦᠯᠤᠨ᠎ᠡ᠃ | |