| | 9 ᠳ᠋ᠦ᠋ᠭᠡᠷ ᠰᠠᠷ᠎ᠠ ᠶᠢᠨ 26 ᠤ ᠡᠳᠦᠷ ᠤᠨ ᠦᠳᠡ ᠶᠢᠨ ᠬᠤᠶᠢᠨ᠎ᠠ᠂ ᠥᠪᠥᠷ ᠮᠣᠩᠭᠤᠯ ᠤᠨ ᠵᠢᠭᠤᠯᠴᠢᠯᠠᠯ | ᠵᠢᠴᠢ ︽ᠲᠦᠮᠡᠨ ᠭᠠᠵᠠᠷ ᠤᠨ ᠴᠠᠶ ᠶᠢᠨ ᠵᠠᠮ︾ ᠤᠯᠠᠨ ᠤᠯᠤᠰ ᠤᠨ ᠵᠢᠭᠤᠯᠴᠢᠯᠠᠯ ᠤᠨ ᠲᠠᠨᠢᠯᠴᠠᠭᠤᠯᠭ᠎ᠠ ᠶᠢᠨ | ᠠᠵᠢᠯᠯᠠᠭ᠎ᠠ ᠬᠥᠬᠡᠬᠤᠲᠠ ᠳᠤ ᠶᠠᠪᠤᠭᠳᠠᠪᠠ᠃ ᠵᠢᠷᠤᠭ᠄ ᠳᠤᠮᠳᠠᠳᠤ ᠤᠷᠤᠰ ᠮᠣᠩᠭᠤᠯ ᠭᠤᠷᠪᠠᠨ ᠤᠯᠤᠰ ᠤᠨ | ᠵᠢᠭᠤᠯᠴᠢᠯᠠᠯ ᠤᠨ ᠠᠵᠤ ᠠᠬᠤᠶᠢᠯᠠᠯ ᠤᠨ ᠭᠡᠷ᠎ᠡ ᠲᠣᠭᠲᠠᠬᠤ ᠶᠣᠰᠣᠯᠠᠯ᠃ | | | | 9 ᠳ᠋ᠦ᠋ᠭᠡᠷ ᠰᠠᠷ᠎ᠠ ᠶᠢᠨ 26 ᠤ ᠡᠳᠦᠷ ᠤᠨ ᠦᠳᠡ ᠶᠢᠨ ᠬᠤᠶᠢᠨ᠎ᠠ᠂ ᠥᠪᠥᠷ ᠮᠣᠩᠭᠤᠯ ᠤᠨ ᠵᠢᠭᠤᠯᠴᠢᠯᠠᠯ | ᠵᠢᠴᠢ ︽ᠲᠦᠮᠡᠨ ᠭᠠᠵᠠᠷ ᠤᠨ ᠴᠠᠶ ᠶᠢᠨ ᠵᠠᠮ︾ ᠤᠯᠠᠨ ᠤᠯᠤᠰ ᠤᠨ ᠵᠢᠭᠤᠯᠴᠢᠯᠠᠯ ᠤᠨ ᠲᠠᠨᠢᠯᠴᠠᠭᠤᠯᠭ᠎ᠠ ᠶᠢᠨ | ᠠᠵᠢᠯᠯᠠᠭ᠎ᠠ ᠬᠥᠬᠡᠬᠤᠲᠠ ᠳᠤ ᠶᠠᠪᠤᠭᠳᠠᠪᠠ᠃ ᠵᠢᠷᠤᠭ᠄ ᠳᠤᠮᠳᠠᠳᠤ ᠣᠷᠣᠰ ᠮᠣᠩᠭᠤᠯ ᠤᠨ ︽ᠲᠦᠮᠡᠨ ᠭᠠᠵᠠᠷ ᠤᠨ | ᠴᠠᠢ ᠶᠢᠨ ᠵᠠᠮ︾ ᠬᠤᠳᠠᠯᠳᠤᠭᠠᠨ ᠤ ᠵᠢᠭᠤᠯᠴᠢᠯᠠᠯ ᠤᠨ ᠠᠶᠠᠯᠠᠯ ᠤᠨ ᠤᠬᠠᠭᠤᠯᠤᠨ ᠳᠡᠯᠭᠡᠷᠡᠭᠦᠯᠬᠦ | ᠠᠵᠢᠯᠯᠠᠭ᠎ᠠ ᠶᠢᠨ ᠡᠬᠢᠯᠡᠯᠲᠡ ᠶᠢᠨ ᠶᠣᠰᠣᠯᠠᠯ᠃ | | | 9 ᠳ᠋ᠦ᠋ᠭᠡᠷ ᠰᠠᠷ᠎ᠠ ᠶᠢᠨ 26 ᠤ ᠡᠳᠦᠷ᠂ ᠬᠤᠶᠠᠳᠤᠭᠠᠷ ᠬᠤᠭᠤᠴᠠᠭᠠᠨ ᠤ ᠳᠤᠮᠳᠠᠳᠤ ᠮᠣᠩᠭᠤᠯ ᠤᠨ | ᠦᠵᠡᠭᠦᠯᠦᠯᠭᠡ ᠶᠢᠨ ᠴᠤᠭᠯᠠᠭᠠᠨ ᠤ ᠨᠢᠭᠡᠳᠦᠭᠡᠷ ᠬᠡᠰᠡᠭ ᠤᠨ ᠴᠢᠬᠤᠯᠠ ᠰᠢᠷᠢᠰ ᠠᠵᠢᠯᠯᠠᠭ᠎ᠠ ᠶᠢᠨ ᠨᠢᠭᠡ ᠨᠢ ᠪᠣᠯᠤᠭᠰᠠᠨ | ᠥᠪᠥᠷ ᠮᠣᠩᠭᠤᠯ ᠤᠨ ᠵᠢᠭᠤᠯᠴᠢᠯᠠᠯ ᠵᠢᠴᠢ ︽ᠲᠦᠮᠡᠨ ᠭᠠᠵᠠᠷ ᠤᠨ ᠴᠠᠶ ᠶᠢᠨ ᠵᠠᠮ︾ ᠤᠯᠠᠨ ᠤᠯᠤᠰ ᠤᠨ | ᠵᠢᠭᠤᠯᠴᠢᠯᠠᠯ ᠤᠨ ᠲᠠᠨᠢᠯᠴᠠᠭᠤᠯᠭ᠎ᠠ ᠶᠢᠨ ᠬᠤᠷᠠᠯ ᠬᠥᠬᠡᠬᠤᠲᠠ ᠳᠤ ᠬᠤᠷᠠᠯᠳᠤᠪᠠ᠃ ︽ᠲᠦᠮᠡᠨ ᠭᠠᠵᠠᠷ ᠤᠨ ᠴᠠᠶ ᠶᠢᠨ | ᠵᠠᠮ︾ ᠤᠯᠠᠨ ᠤᠯᠤᠰ ᠤᠨ ᠵᠢᠭᠤᠯᠴᠢᠯᠠᠯ ᠤᠨ ᠬᠤᠯᠪᠣᠭ᠎ᠠ ᠶᠢᠨ ᠪᠦᠬᠦ ᠪᠦᠷᠢᠯᠳᠦᠬᠦᠨ ᠢᠶᠠᠷ ᠬᠢᠨᠠᠨ | ᠵᠦᠪᠰᠢᠶᠡᠷᠡᠭᠦᠯᠦᠭᠡᠳ᠂ ᠳᠤᠮᠳᠠᠳᠤ ᠤᠯᠤᠰ ᠤᠨ ᠬᠤᠸᠠᠩ ᠱᠠᠨ ᠬᠤᠲᠠ᠂ ᠮᠣᠩᠭᠤᠯ ᠤᠯᠤᠰ ᠤᠨ ᠲᠣᠷᠣᠨ᠎ᠠ ᠭᠤᠪᠢ | ᠠᠶᠢᠮᠠᠭ᠂ ᠳᠣᠷᠣᠨᠠᠲᠤ ᠠᠶᠢᠮᠠᠭ᠂ ᠣᠷᠣᠰ ᠤᠨ ᠺᠡᠯᠠᠰ ᠨᠦᠸᠧᠷᠰᠺᠡ ᠬᠢᠯᠢ ᠤᠷᠤᠨ ᠤ ᠵᠢᠭᠤᠯᠴᠢᠯᠠᠯ ᠤᠨ ᠰᠠᠯᠠᠭ᠎ᠠ | ᠮᠥᠴᠢᠷ ᠢ ᠬᠤᠯᠪᠤᠭᠠᠨ ᠳᠠᠭᠠᠨ ᠡᠯᠰᠡᠭᠰᠡᠨ ᠪᠥᠭᠡᠳ ᠬᠤᠷᠠᠯ ᠳᠡᠭᠡᠷ᠎ᠡ ᠢᠯᠡᠷᠬᠡᠶᠢᠯᠡᠯ ᠣᠯᠭᠤᠬᠤ ᠶᠣᠰᠣᠯᠠᠯ | ᠶᠠᠪᠤᠭᠤᠯᠵᠠᠢ᠃ ᠲᠤᠰ ᠤᠳᠠᠭᠠᠨ ᠤ ᠬᠤᠷᠠᠯ ᠨᠢ ᠪᠠᠰᠠ ᠳᠤᠮᠳᠠᠳᠤ ᠮᠣᠩᠭᠤᠯ ᠤᠨ ᠣᠯᠠᠨ ᠵᠢᠭᠤᠯᠴᠢᠯᠠᠯ ᠤᠨ ᠠᠵᠤ | ᠠᠬᠤᠶᠢᠯᠠᠯ᠂ ᠶᠡᠭᠡ ᠳᠡᠭᠡᠳᠦ ᠰᠤᠷᠭᠠᠭᠤᠯᠢ ᠶᠢᠨ ᠬᠤᠭᠤᠷᠣᠨᠳᠣᠬᠢ ᠰᠣᠯᠢᠯᠴᠠᠭ᠎ᠠ ᠬᠠᠮᠲᠤᠷᠠᠯᠴᠠᠭ᠎ᠠ ᠶᠢ ᠠᠬᠢᠭᠤᠯᠪᠠ᠃ | ᠣᠶᠢᠯᠠᠭᠠᠭᠰᠠᠨ ᠢᠶᠠᠷ᠂ ︽ᠲᠦᠮᠡᠨ ᠭᠠᠵᠠᠷ ᠤᠨ ᠴᠠᠶ ᠶᠢᠨ ᠵᠠᠮ︾ ᠤᠯᠠᠨ ᠤᠯᠤᠰ ᠤᠨ ᠵᠢᠭᠤᠯᠴᠢᠯᠠᠯ ᠤᠨ | ᠬᠤᠯᠪᠣᠭ᠎ᠠ 2016 ᠣᠨ ᠤ 7 ᠳ᠋ᠤᠭᠠᠷ ᠰᠠᠷ᠎ᠠ ᠳᠤ ᠪᠠᠶᠢᠭᠤᠯᠤᠭᠳᠠᠭᠰᠠᠨ ᠠᠴᠠ ᠨᠠᠰᠢ᠂ ᠳᠤᠮᠳᠠᠳᠤ ᠣᠷᠣᠰ | ᠮᠣᠩᠭᠤᠯ ᠭᠤᠷᠪᠠᠨ ᠤᠯᠤᠰ ᠵᠢᠭᠤᠯᠴᠢᠯᠠᠯ ᠤᠨ ᠡᠬᠢ ᠪᠠᠶᠠᠯᠢᠭ ᠢ ᠡᠮᠬᠢᠯᠡᠨ ᠨᠡᠶᠢᠯᠡᠭᠦᠯᠬᠦ᠂ ᠳᠤᠷᠰᠦᠯᠡᠨ ᠤᠬᠠᠭᠤᠯᠬᠤ | ᠪᠠ ᠬᠠᠮᠲᠤᠷᠠᠨ ᠡᠵᠩᠨᠡᠨ ᠪᠤᠷᠤᠭᠤᠯᠠᠬᠤ ᠳᠤ ᠬᠦᠴᠦ ᠲᠠᠯᠪᠢᠵᠤ᠂ ᠬᠤᠯᠪᠣᠭᠠᠨ ᠤ ᠪᠦᠷᠢᠯᠳᠦᠬᠦᠨ ᠤ ᠬᠤᠭᠤᠷᠤᠨᠳᠤᠬᠢ | ᠣᠷᠣᠨ ᠪᠦᠰᠡ ᠶᠢᠨ ᠬᠠᠮᠲᠤᠷᠠᠯᠴᠠᠭ᠎ᠠ ᠶᠢ ᠲᠦᠯᠬᠢᠨ ᠠᠬᠢᠭᠤᠯᠵᠤ᠂ ᠭᠠᠷ ᠬᠤᠯᠪᠤᠨ ᠮᠥᠷᠥ ᠵᠡᠷᠭᠡᠴᠡᠨ ᠤᠷᠤᠭᠰᠢᠯᠠᠵᠤ᠂ | ᠤᠬᠠᠭᠤᠯᠤᠨ ᠳᠡᠯᠭᠡᠷᠡᠭᠦᠯᠬᠦ ᠰᠢᠷᠢᠰ ᠠᠵᠢᠯᠯᠠᠭ᠎ᠠ ᠶᠢ ᠬᠠᠮᠲᠤᠪᠠᠷ ᠥᠷᠨᠢᠭᠦᠯᠵᠦ᠂ ᠳᠤᠮᠳᠠᠳᠤ ᠤᠯᠤᠰ᠂ ᠮᠣᠩᠭᠤᠯ | ᠤᠯᠤᠰ᠂ ᠣᠷᠣᠰ᠂ ᠺᠡᠽᠡᠬᠰᠲ᠋ᠡᠠ᠂ ᠳ᠋ᠤᠨ᠋ᠮᠡᠷᠺ᠂ ᠰᠸᠧᠳᠧᠨ ᠵᠡᠷᠭᠡ ᠤᠯᠤᠰ ᠲᠤ ᠣᠯᠠᠨᠲᠠ ᠬᠦᠷᠴᠦ᠂ ︽ᠲᠦᠮᠡᠨ | ᠭᠠᠵᠠᠷ ᠤᠨ ᠴᠠᠶ ᠶᠢᠨ ᠵᠠᠮ︾ ᠤᠯᠠᠨ ᠤᠯᠤᠰ ᠤᠨ ᠵᠢᠭᠤᠯᠴᠢᠯᠠᠯ ᠤᠨ ᠨᠡᠷᠡᠲᠦ ᠲᠡᠮᠳᠡᠭ ᠤᠨ ᠨᠥᠯᠥᠭᠡᠯᠡᠬᠦ ᠬᠦᠴᠦᠨ ᠢ | ᠲᠠᠰᠤᠷᠠᠯᠲᠠ ᠦᠭᠡᠶ ᠨᠡᠮᠡᠭᠳᠡᠭᠦᠯᠵᠦ᠂ ᠳᠡᠯᠡᠬᠡᠶ ᠶᠢᠨ ᠠᠩᠬᠠᠷᠤᠯ ᠢ ᠲᠠᠲᠠᠪᠠ᠃ ᠥᠪᠥᠷ ᠮᠣᠩᠭᠤᠯ ᠤᠨ | ᠵᠢᠭᠤᠯᠴᠢᠯᠠᠯ ᠤᠨ ᠬᠥᠭᠵᠢᠯᠲᠡ ᠶᠢᠨ ᠵᠦᠪᠯᠡᠯ ᠨᠢ ᠳᠤᠮᠳᠠᠳᠤ ᠣᠷᠣᠰ ᠮᠣᠩᠭᠤᠯ ᠤᠨ ︽ᠲᠦᠮᠡᠨ ᠭᠠᠵᠠᠷ ᠤᠨ | ᠴᠠᠶ ᠶᠢᠨ ᠵᠠᠮ︾ ᠤᠯᠠᠨ ᠤᠯᠤᠰ ᠤᠨ ᠵᠢᠭᠤᠯᠴᠢᠯᠠᠯ ᠤᠨ ᠬᠤᠯᠪᠣᠭ᠎ᠠ ᠶᠢᠨ ᠨᠠᠷᠢᠨ ᠪᠢᠴᠢᠭ ᠤᠨ ᠭᠠᠵᠠᠷ ᠪᠤᠯᠤᠭᠰᠠᠨ ᠤ | ᠬᠤᠪᠢ ᠳᠤ ᠴᠠᠢ ᠶᠢᠨ ᠵᠠᠮ ᠤᠨ ᠡᠯ᠎ᠡ ᠮᠤᠵᠢ ᠣᠷᠣᠨ ᠤ ᠵᠢᠭᠤᠯᠴᠢᠯᠠᠯ ᠤᠨ ᠰᠠᠯᠠᠭ᠎ᠠ ᠮᠦᠴᠢᠷ ᠤᠳ ᠯᠦᠭᠡ ︽ᠲᠦᠮᠡᠨ | ᠭᠠᠵᠠᠷ ᠤᠨ ᠴᠠᠢ ᠶᠢᠨ ᠵᠠᠮ︾ ᠳᠠᠭᠠᠤ ᠮᠤᠵᠢ ᠣᠷᠣᠨ ᠳᠤ ᠰᠢᠷᠢᠰ ᠠᠵᠢᠯᠯᠠᠭ᠎ᠠ ᠦᠷᠨᠢᠭᠦᠯᠪᠡ᠃ ᠡᠭᠦᠨ ᠤ | ᠵᠡᠷᠭᠡᠴᠡᠭᠡᠪᠡᠷ᠂ ᠥᠪᠥᠷ ᠮᠣᠩᠭᠤᠯ ︽ᠲᠦᠮᠡᠨ ᠭᠠᠵᠠᠷ ᠤᠨ ᠴᠠᠶ ᠶᠢᠨ ᠵᠠᠮ︾ ᠤᠯᠠᠨ ᠤᠯᠤᠰ ᠤᠨ ᠵᠢᠭᠤᠯᠴᠢᠯᠠᠯ ᠤᠨ | ᠲᠠᠪᠴᠠᠩ ᠢ ᠠᠰᠢᠭᠯᠠᠨ᠂ ᠰᠣᠳᠣᠨ ᠵᠢᠭᠤᠯᠴᠢᠯᠠᠯ ᠤᠨ ᠲᠡᠮᠳᠡᠭᠲᠦ ᠶᠢ ᠡᠭᠦᠳᠴᠦ᠂ ᠥᠪᠥᠷ ᠮᠤᠩᠭᠤᠯ ᠢᠶᠠᠨ ᠦᠷᠭᠡᠨ | ᠳᠡᠯᠭᠡᠷ ᠨᠥᠯᠥᠭᠡ ᠪᠦᠭᠦᠢ ᠳᠡᠯᠡᠬᠡᠶ ᠶᠢᠨ ᠵᠢᠭᠤᠯᠴᠢᠯᠠᠯ ᠤᠨ ᠵᠤᠷᠢᠯᠲᠠᠲᠤ ᠭᠠᠵᠠᠷ ᠪᠤᠯᠭᠠᠪᠠ᠃ ᠪᠦᠷᠢᠳᠬᠡᠯ ᠢ | ᠦᠨᠳᠦᠰᠦᠯᠡᠪᠡᠯ᠂ 2015 ᠣᠨ ᠠᠴᠠ ᠣᠳᠣ ᠪᠣᠯᠲᠠᠯ᠎ᠠ᠂ ᠥᠪᠥᠷ ᠮᠣᠩᠭᠤᠯ ᠮᠣᠩᠭᠤᠯ ᠤᠯᠤᠰ ᠤᠨ | ᠵᠢᠭᠤᠯᠴᠢᠯᠠᠭᠴᠢ ᠶᠢ ᠨᠡᠶᠢᠲᠡ 169.8 ᠲᠦᠮᠡ ᠬᠥᠮᠦᠨ ᠤᠳᠠᠭ᠎ᠠ᠂ ᠣᠷᠣᠰ ᠤᠨ ᠵᠢᠭᠤᠯᠴᠢᠯᠠᠭᠴᠢ ᠶᠢ 111.4 | ᠲᠦᠮᠡ ᠬᠥᠮᠦᠨ ᠤᠳᠠᠭ᠎ᠠ ᠬᠦᠯᠢᠶᠡᠨ ᠠᠪᠴᠤ᠂ ᠲᠤᠰ ᠲᠤᠰ ᠳᠤᠮᠳᠠᠳᠤ ᠤᠯᠤᠰ ᠤᠨ ᠬᠦᠯᠢᠶᠡᠨ ᠠᠪᠤᠭᠰᠠᠨ | ᠮᠣᠩᠭᠤᠯ ᠤᠯᠤᠰ᠂ ᠣᠷᠣᠰ ᠤᠨ ᠬᠢᠯᠢ ᠪᠠᠷ ᠤᠷᠤᠵᠤ ᠢᠷᠡᠭᠰᠡᠨ ᠵᠢᠭᠤᠯᠴᠢᠯᠠᠭᠴᠢᠳ ᠤᠨ 80% ᠪᠠ 32% ᠶᠢ | ᠡᠵᠡᠯᠡᠪᠡ᠃ | ︽ᠲᠦᠮᠡᠨ ᠭᠠᠵᠠᠷ ᠤᠨ ᠴᠠᠢ ᠶᠢᠨ ᠵᠠᠮ︾ ᠪᠣᠯ ᠹᠦᠵᠢᠶᠠᠨ ᠮᠤᠵᠢ ᠶᠢᠨ ᠡᠦ ᠢ ᠱᠠᠨ ᠴᠠᠢ ᠶᠢᠨ ᠤᠷᠤᠨ ᠠᠴᠠ | ᠡᠬᠢᠯᠡᠵᠦ᠂ ᠬᠤᠨᠠᠨ᠂ ᠬᠤᠪᠸᠢ᠂ ᠱᠠᠨ ᠰᠢ᠂ ᠥᠪᠥᠷ ᠮᠣᠩᠭᠤᠯ ᠵᠡᠷᠭᠡ ᠭᠠᠵᠠᠷ ᠢᠶᠠᠷ ᠳᠠᠮᠵᠢᠵᠤ᠂ ᠳᠠᠬᠢᠨ ᠮᠣᠩᠭᠤᠯ | ᠤᠯᠤᠰ᠂ ᠤᠷᠤᠰ ᠤᠨ ᠮᠣᠰᠺᠸᠠ ᠪᠠᠷ ᠳᠠᠮᠵᠢᠨ ᠴᠢᠨᠠᠭᠰᠢ ᠰᠠᠨ — ᠫᠤᠲ᠋ᠤᠷᠪᠦ᠋ᠷᠡᠭ ᠬᠦᠷᠬᠦ ᠴᠠᠢ ᠶᠢᠨ | ᠲᠡᠭᠡᠭᠡᠪᠦᠷᠢ ᠶᠢᠨ ᠡᠷᠲᠡᠨ ᠤ ᠬᠤᠳᠠᠯᠳᠤᠭᠠᠨ ᠤ ᠵᠠᠮ ᠪᠤᠯᠤᠨ᠎ᠠ᠂ ᠪᠠᠷᠤᠭ 3 ᠵᠠᠭᠤᠨ ᠵᠢᠯ ᠴᠡᠴᠡᠭᠯᠡᠨ ᠬᠥᠭᠵᠢᠵᠦ | ᠢᠷᠡᠵᠡᠢ᠃ | |