9 ᠳ᠋ᠤᠭᠡᠷ ᠰᠠᠷ᠎ᠠ ᠶᠢᠨ 2 ᠤᠨ ᠤᠷᠤᠢ᠂ ᠠᠷᠪᠠᠨ ᠲᠦᠷᠪᠡᠳᠤᠭᠡᠷ ᠬᠤᠭᠤᠴᠠᠭᠠᠨ ᠤ ᠲᠤᠮᠳᠠᠳᠤ ᠤᠯᠤᠰ · | ᠦᠪᠤᠷ ᠮᠤᠩᠭᠤᠯ ᠤᠨ ᠲᠠᠯ᠎ᠠ ᠨᠤᠳᠤᠭ ᠤᠨ ᠰᠤᠶᠤᠯ ᠤᠨ ᠨᠠᠶᠢᠷ ᠤᠨ ᠦᠵᠡᠬᠦᠯᠥᠯᠬᠡ ᠶᠢᠨ ᠲᠤᠭᠯᠠᠯᠳᠠ — | ᠰᠢᠨ᠎ᠡ ᠪᠠᠷ ᠨᠠᠶᠢᠷᠠᠭᠤᠯᠤᠭᠰᠠᠨ ᠡᠯ ᠷᠧᠨ ᠲᠠᠢ ᠬᠤᠪᠢᠰᠬᠠᠯᠳᠤ ᠲᠡᠤᠬᠡ ᠶᠢᠨ ᠵᠦᠴᠦᠬᠡ ︽ᠲᠠᠯᠠᠨ ᠬᠠᠷ᠎ᠠ ᠶᠢᠨ | ᠬᠦᠪᠡᠭᠦᠳ ᠦᠬᠢᠳ︾ ᠦᠪᠦᠷ ᠮᠤᠩᠭᠤᠯ ᠤᠨ ᠠᠷᠠᠳ ᠤᠨ ᠬᠤᠷᠠᠯ ᠤᠨ ᠲᠠᠩᠬᠢᠮ ᠳᠤ ᠲᠤᠭᠯᠠᠪᠠ᠃ | ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠡᠭᠭᠤ ᠶᠢᠨ ᠬᠡᠰᠢᠬᠦᠨ᠂ ᠤᠬᠠᠭᠤᠯᠬᠤ | ᠬᠡᠯᠳᠡᠰ ᠤᠨ ᠲᠠᠷᠤᠭ᠎ᠠ ᠪᠠᠢ ᠢᠤᠢ ᠭᠠᠩ ᠲᠤᠭᠯᠠᠯᠳᠡ ᠶᠢ ᠰᠤᠨᠢᠷᠬᠠᠪᠠ᠃ | ᠦᠴᠤᠸᠠᠨ ᠰᠢᠶᠠᠨ ᠤ ᠤᠯᠠᠭᠠᠨᠮᠦ᠋ᠴᠢᠷ ᠤᠨ ᠲᠤᠭᠯᠠᠭᠰᠠᠠ ᠰᠢᠨ᠎ᠡ ᠪᠠᠷ ᠨᠠᠶᠢᠷᠠᠭᠤᠯᠤᠭᠰᠠᠨ ᠡᠯ ᠷᠧᠨ ᠲᠠᠢ | ᠬᠤᠪᠢᠰᠬᠠᠯᠳᠤ ᠲᠡᠤᠬᠡ ᠶᠢᠨ ᠵᠦᠴᠦᠬᠡ ︽ᠲᠠᠯᠠᠨ ᠬᠠᠷ᠎ᠠ ᠶᠢᠨ ᠬᠦᠪᠡᠬᠦᠳ ᠦᠬᠢᠳ︾ ᠲᠤ ᠲᠠᠯᠠᠨ ᠬᠠᠷ᠎ᠠ ᠶᠢᠨ | ᠶᠠᠫᠤᠨ ᠢ ᠡᠰᠡᠷᠬᠦᠴᠡᠬᠦ ᠰᠠᠭᠤᠷᠢᠨ ᠭᠠᠵᠠᠷ ᠤᠨ ᠪᠠᠬᠢᠯᠡᠯᠳᠡ ᠡᠷᠦᠬᠡ᠂ ᠪᠠᠭᠠᠳᠤᠷ ᠡᠵᠢ ᠱᠢ ᠶᠦᠨ ᠯᠠᠨ ᠵᠢᠴᠢ | ᠲᠡᠬᠦᠨ ᠤ ᠦᠬᠢᠨ ᠰᠠᠷᠠᠨ᠎ᠠ ᠶᠢᠨ ᠠᠮᠤ ᠬᠦᠨᠡᠰᠤ ᠤᠰᠤ ᠤᠮᠳᠠᠭᠠᠨ ᠲᠤᠳᠠᠭᠳᠠᠭᠰᠠᠠ ᠪᠠᠶᠢᠳᠠᠯ ᠲᠤᠤᠷ᠎ᠠ᠂ ᠦᠯᠥᠰᠴᠦ | ᠦᠯᠪᠡᠷᠡᠬᠦ ᠪᠠᠷ ᠲᠡᠰᠪᠤᠷᠢᠯᠡᠵᠥ ᠪᠠᠶᠢᠭᠠᠳ ᠫᠠᠷᠲ᠋ᠢᠽᠠᠨ ᠠᠩᠬᠢ ᠶᠢᠨ ᠦᠯᠡᠳᠡᠬᠡᠵᠥ ᠦᠭᠬᠦᠭᠰᠡᠡ ᠮᠥᠩᠬᠦᠨ ᠵᠤᠭᠤᠰ ᠢ | ᠬᠡᠷᠡᠭᠯᠡᠭᠰᠡᠡ ᠦᠭᠡᠢ ᠵᠢᠴᠢ ᠲᠡᠳᠡᠨ ᠤ ᠨᠠᠢᠮᠠᠳᠤᠭᠠᠷ ᠵᠠᠮ ᠤᠨ ᠴᠡᠷᠢᠭ ᠲᠤ ᠬᠤᠪᠴᠠᠰᠤ ᠬᠤᠨᠠᠷ ᠤᠶᠤᠵᠥ ᠦᠭᠬᠦᠭᠰᠡᠡ | ᠪᠡ ᠨᠠᠢᠮᠠᠳᠤᠭᠠᠷ ᠵᠠᠮ ᠤᠨ ᠴᠡᠷᠢᠭ ᠤᠨ ᠰᠢᠷᠬᠠᠳᠠᠨ ᠢ ᠬᠠᠮᠠᠭᠠᠯᠠᠨ ᠰᠤᠪᠢᠯᠠᠭᠰᠠᠠ ᠵᠡᠷᠬᠡ ᠬᠦᠮᠥᠰ ᠤᠨ ᠰᠡᠳᠬᠢᠯ ᠢ | ᠬᠦᠳᠡᠯᠬᠡᠮ᠎ᠡ ᠦᠢᠯᠡ ᠠᠵᠢᠯᠯᠠᠭ᠎ᠠ ᠪᠠᠷ ᠲᠠᠮᠵᠢᠭᠤᠯᠤᠨ᠂ ᠲᠠᠯᠠᠨ ᠬᠠᠷ᠎ᠠ ᠶᠠᠫᠤᠨ ᠢ ᠡᠰᠡᠷᠬᠦᠴᠡᠬᠦ ᠰᠠᠭᠤᠷᠢᠨ | ᠭᠠᠵᠠᠷ ᠤᠨ ᠦᠨᠳᠦᠰᠦᠳᠡᠨ ᠤ ᠪᠦᠯᠬᠦᠮᠳᠡᠯ᠂ ᠴᠡᠷᠢᠭ ᠠᠷᠠᠳ ᠤᠨ ᠬᠠᠷᠢᠴᠠᠭ᠎ᠠ᠂ ᠦᠰᠢᠶᠡᠳᠡᠨ ᠳᠠᠶᠢᠰᠤᠨ ᠢ ᠵᠠᠨᠤᠨ | ᠬᠤᠷᠤᠰᠴᠦ᠂ ᠤᠯᠤᠰ ᠭᠡᠷ ᠢᠶᠠᠨ ᠬᠠᠮᠠᠭᠠᠯᠠᠭᠰᠠᠠ ᠡᠷᠬᠢᠮ ᠲᠡᠬᠡᠳᠤ ᠦᠵᠡᠯ ᠰᠠᠨᠠᠭ᠎ᠠ ᠪᠤᠯᠤᠨ ᠳᠠᠶᠢᠴᠢᠨ ᠵᠤᠷᠢᠭ | ᠰᠠᠨᠠᠭ᠎ᠠ ᠶᠢ ᠮᠠᠭᠳᠠᠨ ᠲᠠᠭᠤᠯᠠᠭᠰᠠᠠ ᠪᠠᠶᠢᠨ᠎ᠠ᠃ ᠵᠦᠴᠦᠭᠡ ᠨᠢ ᠬᠦᠨ ᠵᠤᠵᠠᠭᠠᠨ ᠠᠮᠢᠳᠤᠷᠠᠯ ᠲᠠᠢ᠂ ᠰᠡᠳᠬᠢᠯ | ᠬᠦᠳᠡᠯᠥᠮᠡ ᠦᠢᠯᠡ ᠪᠠᠶᠢᠳᠠᠯ ᠲᠠᠢ᠂ ᠬᠦᠮᠥᠰ ᠤᠨ ᠲᠦᠷᠰᠦᠯᠡᠯ ᠨᠢ ᠨᠠᠷᠢᠯᠢᠭ᠂ ᠲᠠᠭᠤᠤ ᠶᠢᠨ ᠦᠬᠡ ᠨᠢ | ᠪᠤᠷᠤᠭᠵᠢᠭᠤᠨ᠂ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ — ᠦᠴᠤᠸᠠᠨ ᠤ ᠮᠠᠩᠬᠠᠨ | ᠲᠠᠭᠤᠤ ᠶᠢ ᠶᠡᠬᠡᠪᠡᠷ ᠠᠭᠤᠰᠬᠠᠵᠥ᠂ ᠵᠦᠴᠦᠭᠡ ᠶᠢ ᠤᠯᠠᠨ ᠲᠦᠮᠡᠨ ᠲᠠᠢ ᠤᠯᠠᠮ ᠤᠶᠢᠷᠠᠲᠤᠭᠤᠯᠵᠤ᠂ | ᠦᠵᠡᠭᠴᠢᠳ ᠤᠨ ᠠᠯᠠᠭ᠎ᠠ ᠲᠠᠰᠢᠯᠳᠠ ᠶᠢᠨ ᠲᠠᠭᠤᠨ ᠦᠷᠬᠦᠯᠵᠢᠯᠡᠵᠥ ᠪᠠᠶᠢᠯ᠎ᠠ᠃ ᠬᠦᠬᠡᠬᠤᠳᠠ ᠶᠢᠨ ᠦᠵᠡᠭᠴᠢ ᠯᠢᠦ | ᠰᠢ ᠶᠢᠩ᠄ ︽ᠡᠨᠡ ᠵᠦᠴᠦᠬᠡ ᠶᠢ ᠮᠠᠰᠢ ᠰᠠᠶᠢᠨ ᠨᠠᠶᠢᠷᠠᠭᠤᠯᠵᠠᠢ᠂ ᠲᠤᠭᠯᠠᠭᠴᠢᠳ ᠴᠦ ᠰᠠᠶᠢᠬᠠᠨ ᠲᠤᠬᠯᠠᠪᠠ᠂ ᠲᠤᠩ | ᠶᠡᠭᠡ ᠰᠡᠩᠬᠡᠷᠡᠬᠦᠯᠥᠯ ᠲᠠᠢ ᠪᠤᠯᠪᠠ᠃ ᠪᠢᠳᠡ ᠤᠳᠤ ᠶᠢᠨ ᠰᠠᠶᠢᠨ ᠰᠠᠶᠢᠬᠠᠨ ᠠᠮᠢᠳᠤᠷᠠᠯ ᠢᠶᠠᠨ ᠨᠠᠨᠳᠢᠩᠨᠡᠵᠥ᠂ | ᠴᠢᠷᠮᠠᠶᠢᠨ ᠠᠵᠢᠯᠯᠠᠵᠥ᠂ ᠨᠤᠳᠤᠭ ᠤᠷᠤᠨ ᠢᠶᠠᠨ ᠦᠵᠡᠰᠬᠦᠯᠡᠩᠳᠤ ᠰᠠᠶᠢᠬᠠᠨ ᠪᠤᠯᠭᠠᠨ ᠪᠦᠳᠦᠭᠡᠨ ᠪᠠᠶᠢᠭᠤᠯᠬᠤ | ᠬᠡᠷᠡᠭᠳᠡᠢ︕︾ ᠬᠡᠵᠥ ᠰᠡᠳᠬᠢᠯ ᠲᠤᠭᠳᠤᠯᠤᠨ ᠬᠡᠯᠡᠪᠡ᠃ |