︽ᠤᠯᠠᠨ ᠤᠯᠤᠰ ᠤᠨ ᠬᠤᠯᠪᠤᠭᠠᠲᠤ ᠪᠠᠶᠢᠭᠤᠯᠭ᠎ᠠ ᠶᠢᠨ ᠴᠦᠯᠯᠡᠷᠬᠡᠭᠵᠢᠯ ᠢ ᠰᠡᠷᠭᠡᠶᠢᠯᠡᠨ ᠵᠠᠰᠠᠬᠤ ᠨᠡᠶᠢᠲᠡ ᠶᠢᠨ ᠬᠡᠷ᠎ᠠ︾᠎ ᠶᠢᠨ ᠠᠷᠪᠠᠨ ᠭᠤᠷᠪᠠᠳᠣᠭᠠᠷ ᠣᠳᠠᠭ᠎ᠠ ᠶᠢᠨ ᠬᠡᠷᠡᠲᠦ ᠲᠠᠯ᠎ᠠ ᠶᠢᠨ ᠶᠡᠭᠡ ᠬᠤᠷᠠᠯ ᠤᠨ ᠲᠠᠯᠠᠪᠠᠢ ᠶᠢ ᠳᠣᠰᠢᠶᠠᠵᠣ ᠥᠭᠬᠦ ᠶᠣᠰᠣᠯᠠᠯ ᠶᠠᠪᠣᠬᠳᠠᠪᠠ
ᠨᠡᠶᠢᠲᠡᠯᠡᠭᠰᠡᠨ ᠴᠠᠭ᠄
2017/9/5
      9 ᠳ᠋ᠤᠭᠡᠷ ᠰᠠᠷ᠎ᠠ ᠶᠢᠨ 3᠎ ᠤ ᠣᠷᠣᠢ᠂ ︽ᠣᠯᠠᠨ ᠣᠯᠣᠰ ᠤᠨ ᠬᠤᠯᠪᠣᠭᠠᠳᠣ ᠪᠠᠶᠢᠭᠤᠯᠭ᠎ᠠ ᠶᠢᠨ ᠴᠥᠯᠯᠡᠷᠬᠡᠭᠵᠢᠯ ᠢ ᠰᠡᠷᠭᠡᠶᠢᠯᠡᠨ ᠵᠠᠰᠠᠬᠤ ᠨᠡᠶᠢᠲᠡ ᠶᠢᠨ ᠬᠡᠷ᠎ᠠ︾᠎ ᠶᠢᠨ ᠠᠷᠪᠠᠨ ᠭᠤᠷᠪᠠᠳᠣᠭᠠᠷ ᠣᠳᠠᠭ᠎ᠠ ᠶᠢᠨ ᠬᠡᠷᠡᠲᠦ ᠲᠠᠯ᠎ᠠ ᠶᠢᠨ ᠶᠡᠭᠡ ᠬᠤᠷᠠᠯ ᠤᠨ ᠲᠠᠯᠠᠪᠠᠢ ᠶᠢ ᠬᠤᠷᠠᠯ ᠡᠷᠬᠢᠯᠡᠬᠦ ᠨᠠᠷᠢᠨ ᠪᠢᠴᠢᠭ ᠤᠨ ᠭᠠᠵᠠᠷ ᠲᠤ ᠳᠣᠰᠢᠶᠠᠵᠣ ᠥᠭᠬᠦ ᠶᠣᠰᠣᠯᠠᠯ ᠣᠷᠳᠣᠰ ᠬᠤᠳᠠ ᠶᠢᠨ ᠬᠢᠶ᠎ᠠ ᠪᠠᠭᠰᠢ ᠳᠣᠭᠤᠷᠢᠬ ᠲᠠᠬᠢ ᠬᠤᠷᠠᠯ ᠥᠵᠡᠰᠬᠦᠯᠡᠩ ᠤᠨ ᠳᠥᠪ ᠲᠤ ᠶᠠᠪᠣᠬᠳᠠᠪᠠ᠃      ᠶᠡᠭᠡ ᠬᠤᠷᠠᠯ ᠨᠢ 2017 ᠣᠨ ᠤ 9 ᠳ᠋ᠤᠭᠡᠷ ᠰᠠᠷ᠎ᠠ ᠶᠢᠨ 6᠎ ᠤ ᠡᠳᠣᠷ ᠠᠴᠠ 17᠎ ᠤ ᠡᠳᠣᠷ ᠪᠣᠯᠳᠠᠯ᠎ᠠ᠂ ᠣᠷᠳᠣᠰ ᠬᠤᠳᠠ ᠶᠢᠨ ᠬᠢᠶ᠎ᠠ ᠪᠠᠭᠰᠢ ᠳᠣᠭᠤᠷᠢᠬ ᠲᠠᠬᠢ ᠬᠤᠷᠠᠯ ᠥᠵᠡᠰᠬᠦᠯᠡᠩ ᠤᠨ ᠳᠥᠪ ᠲᠤ ᠶᠠᠪᠤᠭᠳᠠᠵᠣ᠂ ᠬᠤᠷᠠᠯ ᠳᠤ ᠲᠡᠯᠡᠬᠡᠢ ᠶᠢᠨ 196 ᠬᠡᠷᠡᠲᠦ ᠲᠠᠯ᠎ᠠ ᠶᠢᠨ 1400 ᠭᠠᠷᠣᠢ ᠵᠢᠩᠬᠢᠨᠢ ᠳᠥᠯᠥᠬᠡᠯᠡᠭᠴᠢᠳ ᠣᠷᠣᠯᠴᠠᠬᠤ ᠪᠥᠬᠡᠳ ᠵᠠᠷᠢᠮ ᠣᠯᠣᠰ ᠤᠨ ᠳᠥᠷᠥᠬᠦᠴᠣᠳ ᠪᠠᠰᠠ ᠣᠷᠣᠯᠴᠠᠬᠤ ᠪᠣᠯᠣᠨ᠎ᠠ᠃ ᠶᠡᠭᠡ ᠬᠤᠷᠠᠯ ᠢ ︽ᠣᠯᠠᠨ ᠣᠯᠣᠰ ᠤᠨ ᠬᠤᠯᠪᠣᠭᠠᠳᠣ ᠪᠠᠶᠢᠭᠤᠯᠭ᠎ᠠ ᠶᠢᠨ ᠴᠥᠯᠯᠡᠷᠬᠡᠭᠵᠢᠯ ᠢ ᠰᠡᠷᠭᠡᠶᠢᠯᠡᠨ ᠵᠠᠰᠠᠬᠤ ᠨᠡᠶᠢᠲᠡ ᠶᠢᠨ ᠬᠡᠷ᠎ᠠ︾᠎ ᠶᠢᠨ ᠠᠷᠪᠠᠨ ᠭᠤᠷᠪᠠᠳᠣᠭᠠᠷ ᠣᠳᠠᠭ᠎ᠠ ᠶᠢᠨ ᠬᠡᠷᠡᠲᠦ ᠲᠠᠯ᠎ᠠ ᠶᠢᠨ ᠨᠠᠷᠢᠨ ᠪᠢᠴᠢᠭ ᠤᠨ ᠭᠠᠵᠠᠷ ᠠᠴᠠ ᠭᠤᠣᠯᠯᠠᠨ ᠡᠷᠬᠢᠯᠡᠵᠣ᠂ ᠳᠣᠮᠳᠠᠳᠣ ᠣᠯᠣᠰ ᠤᠨ ᠲᠠᠯ᠎ᠠ ᠠᠴᠠ ᠣᠯᠣᠰ ᠤᠨ ᠣᠢ ᠰᠢᠭᠤᠢ ᠶᠢᠨ ᠳᠣᠪᠴᠢᠶ᠎ᠠ᠂ ᠭᠠᠳᠠᠭᠠᠳᠣ ᠶᠠᠪᠣᠳᠠᠯ ᠤᠨ ᠶᠠᠮᠣᠨ ᠪᠣᠯᠣᠨ ᠥᠪᠣᠷ ᠮᠣᠩᠭᠤᠯ ᠤᠨ ᠥᠪᠠᠷᠳᠡᠬᠡᠨ ᠵᠠᠰᠠᠬᠤ ᠣᠷᠣᠨ ᠤ ᠵᠠᠰᠠᠬ ᠤᠨ ᠣᠷᠳᠣᠨ ᠲᠠᠭᠠᠭᠠᠴᠢᠯᠠᠨ ᠡᠷᠬᠢᠯᠡᠬᠦ ᠪᠣᠯᠣᠨ᠎ᠠ᠃      ᠳᠣᠰ ᠣᠳᠠᠭᠠᠨ ᠤ ᠬᠤᠷᠠᠯ ᠤᠨ ᠭᠤᠣᠯ ᠡᠬᠦᠷᠬᠡ ᠪᠣᠯ ᠣᠯᠠᠨ ᠣᠯᠣᠰ ᠤᠨ ᠬᠤᠯᠪᠣᠭᠠᠳᠣ ᠪᠠᠶᠢᠭᠤᠯᠭ᠎ᠠ ᠶᠢᠨ 2030 ᠣᠨ ᠤ ᠥᠷᠬᠦᠯᠵᠢᠯᠡᠨ ᠬᠥᠭᠵᠢᠬᠦ ᠵᠢᠷᠣᠮᠵᠢᠯ ᠢ ᠨᠠᠶᠢᠳᠠᠪᠤᠷᠢᠵᠢᠭᠤᠯᠵᠤ᠂ ︽ᠨᠡᠶᠢᠲᠡ ᠶᠢᠨ ᠬᠡᠷ᠎ᠠ︾᠎ ᠶᠢᠨ ᠰᠢᠨ᠎ᠠ ᠪᠠᠶᠢᠯᠳᠤᠬᠤ ᠪᠣᠳᠣᠯᠭ᠎ᠠ ᠶᠢᠨ ᠬᠥᠷᠢᠶ᠎ᠠ ᠴᠠᠷᠠᠭ᠎ᠠ ᠶᠢ ᠳᠣᠬᠳᠠᠭᠠᠵᠣ᠂ ᠬᠥᠷᠥᠰᠥ ᠰᠢᠷᠥᠢ ᠶᠢᠨ ᠲᠠᠴᠢᠷᠰᠢᠯ ᠤᠨ ᠨᠡᠮᠡᠭᠳᠡᠯ ᠢ ᠬᠢᠵᠠᠭᠠᠷᠯᠠᠬᠤ ᠶᠢ ᠪᠡᠶᠡᠯᠡᠬᠦᠯᠬᠦ ᠶᠢᠨ ᠬᠠᠮᠳᠣ ᠪᠡᠯᠨ ᠮᠥᠩᠬᠦ ᠴᠣᠬᠯᠠᠭᠤᠯᠵᠣ ᠲᠠᠮᠵᠢᠬᠦ ᠶᠢ ᠳᠣᠳᠣᠯᠠᠬᠤ ᠪᠣᠯᠣᠨ᠎ᠠ᠃ ᠬᠤᠷᠠᠯ ᠤᠨ ᠳᠣᠬᠢᠷᠠᠭᠤᠯᠤᠯᠲᠠ ᠶᠢ ᠥᠨᠳᠥᠰᠥᠯᠡᠪᠡᠯ᠂ ᠶᠡᠭᠡ ᠬᠤᠷᠠᠯ ᠤᠨ ᠡᠬᠢᠯᠡᠯᠳᠡ ᠶᠢᠨ ᠶᠤᠰᠤᠯᠠᠯ᠂ ᠲᠡᠬᠦᠰᠬᠡᠯ ᠤᠨ ᠶᠤᠰᠤᠯᠠᠯ ᠪᠠ ᠡᠯ᠎ᠠ ᠵᠥᠢᠯ ᠤᠨ ᠬᠥᠢᠴᠡᠳᠬᠡᠬᠦ ᠵᠥᠢᠯ ᠢ ᠴᠥᠮ ᠲᠤᠰ ᠬᠤᠷᠠᠯ ᠥᠵᠡᠰᠬᠦᠯᠡᠩ ᠤᠨ ᠲᠥᠪ ᠲᠤ ᠬᠢᠬᠦ ᠪᠣᠯᠣᠨ᠎ᠠ᠃      ᠬᠤᠷᠠᠯ ᠤᠨ ᠲᠠᠯᠠᠪᠠᠢ ᠨᠢ ᠭᠤᠷᠪᠠᠨ ᠬᠡᠰᠡᠭ ᠢᠶᠠᠷ ᠪᠥᠷᠢᠯᠳᠥᠵᠣ᠂ ᠬᠤᠷᠠᠯ ᠥᠵᠡᠰᠬᠦᠯᠡᠩ ᠤᠨ ᠳᠥᠪ ᠤᠨ A ᠣᠷᠳᠣᠨ ᠳᠤ ᠭᠤᠣᠯ ᠬᠤᠷᠠᠯ ᠢ ᠬᠢᠵᠣ᠂ B ᠣᠷᠳᠣᠨ ᠳᠤ ᠡᠬᠢᠯᠡᠯᠳᠡ ᠶᠢᠨ ᠶᠤᠰᠤᠯᠠᠯ᠂ ᠲᠡᠬᠦᠰᠬᠡᠯ ᠤᠨ ᠶᠤᠰᠤᠯᠠᠯ ᠢ ᠬᠢᠵᠣ᠂ C ᠣᠷᠳᠣᠨ ᠳᠤ ᠴᠥᠯᠯᠡᠷᠬᠡᠭᠵᠢᠯ ᠳᠤ ᠰᠡᠷᠭᠡᠶᠢᠯᠡᠨ ᠵᠠᠰᠠᠬᠰᠠᠨ ᠠᠮᠵᠢᠯᠳᠠ ᠪᠥᠳᠥᠮᠵᠢ ᠶᠢ ᠲᠡᠯᠬᠡᠨ ᠥᠵᠡᠬᠦᠯᠥᠨ᠎ᠠ᠃ ᠥᠵᠡᠰᠬᠦᠯᠡᠩ ᠤᠨ ᠳᠥᠪ ᠤᠨ ᠪᠠᠷᠠᠭᠤᠨ ᠲᠠᠯ᠎ᠠ ᠳᠤ ᠪᠠᠰᠠ ᠳᠥᠷ ᠴᠠᠬ ᠤᠨ ᠬᠤᠷᠠᠯ ᠤᠨ ᠬᠡᠷ ᠢ ᠳᠣᠬᠢᠷᠠᠭᠤᠯᠣᠬᠰᠠᠨ ᠪᠥᠬᠡᠳ ᠢᠳᠡᠬᠡᠨ ᠣᠮᠳᠠᠭᠠᠨ ᠤ ᠥᠢᠯᠡᠴᠢᠯᠡᠭᠡ ᠪᠠ ᠠᠮᠣᠷ ᠳᠥᠪᠰᠢᠨ ᠤ ᠪᠠᠶᠢᠴᠠᠭᠠᠯᠲᠠ ᠶᠢ ᠳᠣᠬᠢᠷᠠᠭᠤᠯᠵᠡᠢ᠃ ᠡᠬᠦᠨ ᠠᠴᠠ ᠭᠠᠳᠠᠨ᠎ᠠ᠂  ᠪᠦᠬᠦᠶᠢᠯᠡ ᠬᠤᠷᠠᠯ ᠤᠨ ᠲᠠᠯᠠᠪᠠᠢ ᠨᠢ ︽ᠰᠥᠯᠵᠢᠶ᠎ᠠ +︾ ᠵᠢᠴᠢ ᠣᠳᠣᠬᠢᠴᠢᠯᠠᠬᠰᠠᠨ ᠳᠣᠨᠤᠬ ᠳᠥᠬᠦᠬᠡᠷᠣᠮᠵᠢ ᠶᠢ ᠠᠰᠢᠬᠯᠠᠵᠣ᠂ ᠬᠤᠷᠠᠯ ᠤᠨ ᠭᠤᠣᠯ ᠰᠡᠳᠣᠪ ᠢᠶᠠᠨ ᠳᠣᠪᠣᠶᠢᠢᠯᠭᠠᠵᠣ᠂ ᠣᠯᠠᠨ ᠣᠯᠣᠰ ᠤᠨ ᠬᠠᠮᠤᠬ ᠤᠨ ᠰᠢᠯᠢᠳᠡᠭ ᠮᠡᠷᠬᠡᠵᠢᠯ ᠪᠡ ᠪᠥᠳᠥᠬᠡᠭᠳᠡᠬᠦᠨ ᠢ ᠲᠡᠯᠬᠡᠨ ᠥᠵᠡᠬᠦᠯᠵᠣ᠂ ᠰᠢᠨ᠎ᠡ ᠶᠢ ᠡᠬᠦᠳᠥᠭᠰᠡᠨ ᠬᠤᠷᠠᠯ᠂ ᠨᠡᠬᠡᠬᠡᠯᠳᠡ ᠬᠢᠭᠰᠡᠨ ᠬᠤᠷᠠᠯ ᠪᠣᠯᠬᠤ ᠶᠢ ᠪᠥᠷᠢᠮᠥᠰᠣᠨ ᠢᠯᠡᠷᠡᠬᠦᠯᠥᠭᠰᠡᠨ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号