10 ᠳ᠋ᠤᠭᠠᠷ ᠰᠠᠷ᠎ᠠ ᠶᠢᠨ 23 ᠤ ᠡᠳᠦᠷ ᠤᠨ ᠦᠳᠡ ᠶᠢᠨ ᠡᠮᠦᠨ᠎ᠡ᠂ ᠲᠠᠪᠤᠳᠤᠭᠠᠷ ᠬᠤᠭᠤᠴᠠᠭᠠᠨ ᠤ ᠪᠦᠬᠦ | ᠤᠷᠤᠨ ᠤ ᠵᠡᠮᠳᠡᠭᠴᠤᠳ ᠤᠨ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢᠨ ᠤᠷᠤᠯᠳᠤᠭᠠᠨ ᠤ ᠰᠤᠨᠢᠨ ᠮᠡᠳᠡᠭᠡ | ᠨᠡᠶᠢᠲᠡᠯᠡᠭᠦ ᠬᠤᠷᠠᠯ ᠬᠢᠵᠤ᠂ ᠤᠷᠤᠯᠳᠤᠭᠠᠨ ᠨᠢ 10 ᠳ᠋ᠤᠭᠠᠷ ᠰᠠᠷ᠎ᠠ ᠶᠢᠨ 27 ᠤ ᠡᠳᠦᠷ ᠠᠴᠠ 28 ᠤ ᠡᠳᠦᠷ | ᠪᠣᠯᠲᠠᠯ᠎ᠠ ᠬᠢᠩᠭᠠᠨ ᠠᠶᠢᠮᠠᠭ ᠲᠤ ᠶᠠᠪᠤᠭᠳᠠᠬᠤ ᠪᠦᠭᠡᠳ ᠤᠷᠤᠯᠳᠤᠭᠠᠨ ᠤ ᠲᠦᠷᠦᠯ ᠵᠦᠢᠯ ᠳᠤ ᠨᠡᠶᠢᠲᠡ 5 ᠶᠡᠭᠡ | ᠠᠩᠬᠢᠯᠠᠯ᠂ 29 ᠲᠦᠷᠦᠯ ᠵᠦᠢᠯ ᠢ ᠲᠤᠬᠢᠷᠠᠭᠤᠯᠵᠠᠢ᠃ ᠤᠶᠢᠯᠠᠭᠠᠬᠰᠠᠨ ᠢᠶᠠᠷ᠂ ᠵᠡᠮᠳᠡᠭᠴᠤᠳ ᠤᠨ ᠠᠵᠢᠯ ᠮᠡᠷᠭᠡᠵᠢᠯ | ᠤᠨ ᠤᠷ᠎ᠠ ᠴᠢᠳᠠᠪᠤᠷᠢ ᠶᠢᠨ ᠤᠷᠤᠯᠳᠤᠭᠠᠨ ᠨᠢ ᠦᠪᠡᠷᠲᠡᠭᠡᠨ ᠵᠠᠰᠠᠬᠤ ᠤᠷᠤᠨ ᠤ ᠬᠡᠪᠴᠢᠶ᠎ᠡ ᠪᠠᠷ ᠬᠠᠮᠤᠭ ᠤᠨ ᠶᠡᠭᠡ᠂ | ᠤᠷᠤᠯᠳᠤᠭᠠᠨ ᠤ ᠲᠦᠷᠦᠯ ᠵᠦᠢᠯ ᠢᠶᠠᠷ ᠬᠠᠮᠤᠭ ᠤᠨ ᠤᠯᠠᠨ ᠵᠡᠮᠳᠡᠭᠴᠤᠳ ᠤᠨ ᠠᠵᠢᠯ ᠮᠡᠷᠭᠡᠵᠢᠯ ᠤᠨ ᠤᠷ᠎ᠠ | ᠴᠢᠳᠠᠪᠤᠷᠢ ᠶᠢᠨ ᠤᠷᠤᠯᠳᠤᠭᠠᠨ ᠪᠠᠶᠢᠵᠦ᠂ 4 ᠵᠢᠯ ᠳᠤ ᠨᠢᠭᠡ ᠤᠳᠠᠭ᠎ᠠ ᠶᠠᠪᠤᠭᠳᠠᠳᠠᠭ᠃ ᠲᠤᠰ ᠤᠳᠠᠭ᠎ᠠ ᠶᠢᠨ | ᠤᠷᠤᠯᠳᠤᠭᠠᠨ ᠢ ᠦᠪᠡᠷᠲᠡᠭᠡᠨ ᠵᠠᠰᠠᠬᠤ ᠤᠷᠤᠨ ᠤ ᠵᠡᠮᠳᠡᠭᠴᠤᠳ ᠤᠨ ᠬᠤᠯᠪᠤᠭ᠎ᠠ᠂ ᠬᠦᠮᠦᠨ ᠤ ᠬᠦᠴᠦᠨ ᠤ ᠡᠬᠢ | ᠪᠠᠶᠠᠯᠢᠭ ᠨᠡᠶᠢᠬᠡᠮ ᠤᠨ ᠪᠠᠲᠤᠯᠠᠭ᠎ᠠ ᠶᠢᠨ ᠲᠢᠩᠬᠢᠮ᠂ ᠦᠪᠡᠷᠲᠡᠭᠡᠨ ᠵᠠᠰᠠᠬᠤ ᠤᠷᠤᠨ ᠤ ᠡᠳ᠋ ᠤᠨ ᠵᠠᠰᠠᠭ ᠤᠨ | ᠲᠢᠩᠬᠢᠮ᠂ ᠦᠪᠡᠷᠲᠡᠭᠡᠨ ᠵᠠᠰᠠᠬᠤ ᠤᠷᠤᠨ ᠤ ᠠᠵᠢᠯᠴᠢᠨ ᠤ ᠶᠡᠷᠦᠩᠬᠡᠢ ᠡᠪᠯᠡᠯ᠂ ᠡᠪ ᠬᠠᠮᠳᠦ ᠵᠠᠯᠠᠭᠤᠴᠤᠳ ᠤᠨ | ᠡᠪᠯᠡᠯ ᠤᠨ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠤᠷᠢᠶ᠎ᠠ᠂ ᠦᠪᠡᠷᠲᠡᠭᠡᠨ ᠵᠠᠰᠠᠬᠤ ᠤᠷᠤᠨ ᠤ | ᠡᠮᠡᠭᠲᠡᠶᠢᠴᠤᠳ ᠤᠨ ᠬᠤᠯᠪᠤᠭ᠎ᠠ ᠠᠴᠠ ᠭᠤᠤᠯᠯᠠᠨ ᠡᠷᠬᠢᠯᠡᠵᠦ᠂ ᠬᠢᠩᠭᠠᠨ ᠠᠶᠢᠮᠠᠭ ᠤᠨ ᠵᠠᠬᠢᠷᠭ᠎ᠠ ᠠᠴᠠ ᠲᠠᠭᠠᠭᠠᠴᠢᠯᠠᠨ | ᠡᠷᠬᠢᠯᠡᠬᠦ ᠪᠤᠯᠤᠨ᠎ᠠ᠃ | ᠤᠷᠤᠯᠳᠤᠭᠠᠨ ᠤ ᠱᠠᠩᠨᠠᠯ ᠤᠨ ᠲᠤᠬᠢᠷᠠᠭᠤᠯᠤᠯᠲᠠ ᠶᠢᠨ ᠲᠠᠯ᠎ᠠ ᠪᠠᠷ᠂ ᠪᠦᠯᠬᠦᠮ ᠨᠢᠭᠡᠴᠢ ᠶᠢᠨ ᠱᠠᠩᠨᠠᠯ ᠪᠤᠯᠤᠨ | ᠬᠤᠪᠢ ᠬᠦᠮᠦᠨ ᠤ ᠱᠠᠩᠨᠠᠯ ᠢ ᠲᠤᠬᠢᠷᠠᠭᠤᠯᠵᠦ᠂ ᠤᠷᠤᠯᠳᠤᠭᠠᠨ ᠤ ᠡᠯ᠎ᠡ ᠲᠦᠷᠦᠯ ᠵᠦᠢᠯ ᠤᠨ ᠡᠮᠦᠨ᠎ᠡ ᠭᠤᠷᠪᠠᠨ | ᠨᠠᠷᠠ ᠳᠤ ᠲᠣᠳᠤᠷᠠᠭᠰᠠᠳ ᠲᠤ ᠦᠪᠡᠷᠲᠡᠭᠡᠨ ᠵᠠᠰᠠᠬᠤ ᠤᠷᠤᠨ ᠤ ᠬᠦᠮᠦᠨ ᠤ ᠬᠦᠴᠦᠨ ᠤ ᠡᠬᠢ ᠪᠠᠶᠠᠯᠢᠭ ᠨᠡᠶᠢᠬᠡᠮ | ᠤᠨ ᠪᠠᠲᠤᠯᠠᠭ᠎ᠠ ᠶᠢᠨ ᠲᠢᠩᠬᠢᠮ ᠠᠴᠠ ᠬᠠᠮᠢᠶ᠎ᠠ ᠪᠦᠬᠦᠢ ᠠᠵᠢᠯ ᠮᠡᠷᠭᠡᠵᠢᠯ ᠤᠨ ᠬᠢᠷᠢ ᠬᠡᠮ ᠤᠨ ᠦᠨᠡᠮᠯᠡᠯ ᠣᠯᠭᠤᠵᠤ᠂ | ᠤᠷᠤᠯᠳᠤᠭᠠᠨ ᠤ ᠲᠠᠩ ᠲᠦᠷᠦᠯ ᠵᠦᠢᠯ ᠳᠤ ᠮᠠᠩᠯᠠᠶᠢᠯᠠᠭᠰᠠᠳ ᠦᠪᠡᠷᠲᠡᠭᠡᠨ ᠵᠠᠰᠠᠬᠤ ᠤᠷᠤᠨ ᠢ ᠲᠦᠯᠦᠭᠡᠯᠡᠵᠦ | 2019 ᠣᠨ ᠳᠤ ᠪᠣᠯᠬᠤ ᠪᠦᠬᠦ ᠤᠯᠤᠰ ᠤᠨ ᠵᠡᠮᠳᠡᠭᠴᠤᠳ ᠤᠨ ᠠᠵᠢᠯ ᠮᠡᠷᠬᠡᠵᠢᠯ ᠤᠨ ᠤᠷ᠎ᠠ ᠴᠢᠳᠠᠪᠤᠷᠢ ᠶᠢᠨ | ᠤᠷᠤᠯᠳᠤᠭᠠᠨ ᠳᠤ ᠤᠷᠤᠯᠴᠠᠬᠤ ᠪᠤᠯᠤᠨ᠎ᠠ᠃ |