| | | ᠰᠤᠷᠪᠤᠯᠵᠢᠯᠠᠭᠰᠠᠨ ᠴᠠᠭ᠄ 2018 ᠣᠨ ᠤ 9 ᠳ᠋ᠦ᠋ᠭᠡᠷ ᠰᠠᠷ᠎ᠠ ᠶᠢᠨ 4 ᠤ ᠦᠳᠡ ᠶᠢᠨ ᠡᠮᠦᠨᠡᠬᠢ 10 ᠴᠠᠭ | ᠰᠤᠷᠪᠤᠯᠵᠢᠯᠠᠭ᠎ᠠ ᠬᠦᠯᠢᠶᠡᠭᠴᠢ᠄ ᠬᠥᠯᠥᠨ ᠪᠣᠶᠢᠷ ᠬᠤᠲᠠ ᠶᠢᠨ ᠨᠠᠮ ᠤᠨ ᠬᠤᠷᠢᠶ᠎ᠠ ᠶᠢᠨ ᠪᠠᠶᠢᠩᠭᠤ ᠶᠢᠨ | ᠭᠡᠰᠢᠭᠦᠨ᠂ ᠬᠤᠲᠠ ᠶᠢᠨ ᠳᠡᠳ᠋ ᠳᠠᠷᠤᠭ᠎ᠠ ᠵᠠᠩ ᠴᠢ ᠵᠢᠶᠦ᠋ᠨ | ᠰᠤᠷᠪᠤᠯᠵᠢᠯᠠᠭ᠎ᠠ ᠶᠢᠨ ᠲᠣᠪᠴᠢ ᠲᠠᠨᠢᠯᠴᠠᠭᠤᠯᠭ᠎ᠠ᠄ | ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠠᠴᠠ ︽ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢ | ᠠᠬᠢᠭᠤᠯᠬᠤ︾ ᠳᠤ ᠪᠠᠶᠢᠯᠳᠤᠬᠤ ᠪᠣᠳᠣᠯᠭ᠎ᠠ ᠶᠢᠨ ᠪᠠᠶᠢᠷᠢᠯᠠᠭᠤᠯᠤᠯᠲᠠ ᠬᠢᠵᠦ᠂ ᠡᠯ᠎ᠡ ᠠᠵᠢᠯ ᠲᠥᠷᠥᠯ ᠤᠨ ᠬᠢᠨ | ᠢᠳᠡᠪᠬᠢᠲᠡᠢ ᠠᠵᠢᠯᠯᠠᠨ᠂ ᠨᠡᠶᠢᠭᠡᠮ ᠤᠨ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠳᠤ ᠣᠯᠠᠨ ᠴᠢᠬᠤᠯᠠ ᠴᠢᠷᠮᠠᠶᠢᠯᠭ᠎ᠠ | ᠭᠠᠷᠭᠠᠪᠠ᠃ ᠬᠥᠯᠥᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠠᠴᠠ ᠠᠵᠢᠯ ᠶᠠᠪᠤᠳᠠᠯ ᠤᠨ ᠳᠤᠮᠳᠠᠬᠢ | ᠪᠠ ᠠᠵᠢᠯ ᠶᠠᠪᠤᠳᠠᠯ ᠤᠨ ᠳᠠᠷᠠᠭᠠᠬᠢ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠨ᠂ ᠨᠡᠶᠢᠭᠡᠮ ᠤᠨ ᠦᠨᠡᠨᠴᠢ | ᠢᠲᠡᠭᠡᠮᠵᠢ ᠶᠢᠨ ᠪᠠᠶᠢᠭᠤᠯᠤᠯᠲᠠ ᠶᠢ ᠠᠬᠢᠭᠤᠯᠬᠤ ᠲᠠᠯ᠎ᠠ ᠪᠠᠷ ᠦᠷ᠎ᠡ ᠪᠦᠲᠦᠮᠵᠢ ᠪᠠᠷ ᠪᠠᠶᠠᠯᠢᠭ ᠰᠦᠪᠡᠭᠴᠢᠯᠡᠯᠲᠡ | ᠬᠢᠵᠡᠢ᠃ ᠥᠨᠥᠳᠥᠷ᠂ ᠪᠢᠳᠡ ᠬᠥᠯᠥᠨ ᠪᠣᠶᠢᠷ ᠬᠤᠲᠠ ᠶᠢᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ | ᠬᠤᠲᠠ ᠶᠢᠨ ᠳᠡᠳ᠋ ᠳᠠᠷᠤᠭ᠎ᠠ ᠵᠠᠩ ᠴᠢ ᠵᠢᠶᠦ᠋ᠨ ᠢ ᠤᠷᠢᠵᠤ᠂ ᠬᠥᠯᠥᠨ ᠪᠣᠶᠢᠷ ᠬᠤᠲᠠ ᠶᠢᠨ ᠥᠷᠨᠢᠭᠦᠯᠦᠭᠰᠡᠨ ᠠᠵᠤ | ᠠᠬᠤᠶᠢᠯᠠᠯ ᠤᠨ ᠢᠲᠡᠭᠡᠮᠵᠢ ᠶᠢᠨ ᠬᠢᠨᠠᠯᠲᠠ ᠬᠠᠮᠢᠶᠠᠷᠤᠯᠲᠠ ᠶᠢᠨ ᠠᠵᠢᠯ ᠤᠨ ᠬᠤᠯᠪᠣᠭᠳᠠᠯ ᠪᠦᠬᠦᠢ ᠪᠠᠶᠢᠳᠠᠯ ᠢ | ᠰᠦᠯᠵᠢᠶ᠎ᠡ ᠪᠠᠷ ᠪᠢᠳᠡᠨ ᠳᠤ ᠲᠠᠶᠢᠯᠤᠮᠵᠢ ᠬᠢᠯᠭᠡᠬᠦ ᠪᠣᠯᠣᠯ᠎ᠠ᠃ | ᠰᠤᠷᠪᠤᠯᠵᠢᠯᠠᠭ᠎ᠠ ᠶᠢᠨ ᠪᠣᠳᠠᠲᠤ ᠲᠡᠮᠳᠡᠭᠯᠡᠯ | ᠬᠥᠲᠥᠯᠥᠭᠴᠢ᠄ | ᠰᠦᠯᠵᠢᠶᠡᠨ ᠤ ᠠᠨᠳᠠ ᠨᠠᠷ ᠰᠠᠶᠢᠨ ᠪᠠᠶᠢᠵᠠᠭᠠᠨ᠎ᠠ ᠦᠦ︖ ᠲᠤᠰ ᠬᠤᠭᠤᠴᠠᠭᠠᠨ ᠤ ᠥᠪᠡᠷᠲᠡᠭᠡᠨ ᠵᠠᠰᠠᠬᠤ | ᠣᠷᠣᠨ ᠤ ᠵᠠᠰᠠᠭ ᠤᠨ ᠣᠷᠳᠣᠨ ᠤ ᠫᠣᠷᠲ᠋ᠧᠯ ᠰᠦᠯᠵᠢᠶ᠎ᠡ ᠶᠢᠨ ᠰᠤᠷᠪᠤᠯᠵᠢᠯᠠᠭ᠎ᠠ ᠶᠢᠨ ᠪᠣᠯᠣᠩ ᠢ ᠬᠦᠯᠢᠶᠡᠨ ᠠᠪᠴᠤ | ᠦᠵᠡᠬᠦ ᠶᠢ ᠴᠢᠨᠢ ᠪᠠᠶᠠᠷᠯᠠᠨ ᠤᠭᠲᠤᠵᠤ ᠪᠠᠶᠢᠨ᠎ᠠ᠃ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠠᠴᠠ ︽ᠦᠨᠡᠨᠴᠢ | ᠢᠲᠡᠭᠡᠮᠵᠢ ᠶᠢᠨ ᠪᠠᠶᠢᠭᠤᠯᠤᠯᠲᠠ ᠶᠢ ᠠᠬᠢᠭᠤᠯᠬᠤ︾ ᠳᠤ ᠪᠠᠶᠢᠯᠳᠤᠬᠤ ᠪᠣᠳᠣᠯᠭ᠎ᠠ ᠶᠢᠨ ᠪᠠᠶᠢᠷᠢᠯᠠᠭᠤᠯᠤᠯᠲᠠ ᠬᠢᠵᠦ᠂ | ᠡᠯ᠎ᠡ ᠠᠵᠢᠯ ᠲᠥᠷᠥᠯ ᠤᠨ ᠬᠢᠨ ᠢᠳᠡᠪᠬᠢᠲᠡᠢ ᠠᠵᠢᠯᠯᠠᠨ᠂ ᠨᠡᠶᠢᠭᠡᠮ ᠤᠨ ᠦᠨᠡᠨᠴᠢ ᠢᠲᠡᠭᠡᠮᠵᠢ ᠶᠢᠨ | ᠪᠠᠶᠢᠭᠤᠯᠤᠯᠲᠠ ᠳᠤ ᠣᠯᠠᠨ ᠴᠢᠬᠤᠯᠠ ᠴᠢᠷᠮᠠᠶᠢᠯᠭ᠎ᠠ ᠭᠠᠷᠭᠠᠪᠠ᠃ ᠬᠥᠯᠥᠨ ᠪᠣᠶᠢᠷ ᠬᠤᠲᠠ ᠶᠢᠨ ᠠᠷᠠᠳ ᠤᠨ | ᠵᠠᠰᠠᠭ ᠤᠨ ᠣᠷᠳᠣᠨ ᠠᠴᠠ ᠠᠵᠢᠯ ᠶᠠᠪᠤᠳᠠᠯ ᠤᠨ ᠳᠤᠮᠳᠠᠬᠢ ᠪᠠ ᠠᠵᠢᠯ ᠶᠠᠪᠤᠳᠠᠯ ᠤᠨ ᠳᠠᠷᠠᠭᠠᠬᠢ ᠬᠢᠨᠠᠯᠲᠠ | ᠬᠠᠮᠢᠶᠠᠷᠤᠯᠲᠠ ᠪᠠᠨ ᠴᠢᠩᠭᠠᠳᠬᠠᠨ᠂ ᠨᠡᠶᠢᠭᠡᠮ ᠤᠨ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢ ᠠᠬᠢᠭᠤᠯᠬᠤ | ᠲᠠᠯ᠎ᠠ ᠪᠠᠷ ᠦᠷ᠎ᠡ ᠪᠦᠲᠦᠮᠵᠢ ᠪᠠᠷ ᠪᠠᠶᠠᠯᠢᠭ ᠰᠦᠪᠡᠭᠴᠢᠯᠡᠯᠲᠡ ᠬᠢᠵᠡᠢ᠃ ᠥᠨᠥᠳᠥᠷ᠂ ᠪᠢᠳᠡ ᠬᠥᠯᠥᠨ ᠪᠣᠶᠢᠷ | ᠬᠤᠲᠠ ᠶᠢᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ | ᠠᠵᠢᠯ ᠢ ᠬᠤᠪᠢᠳᠠᠨ ᠬᠠᠮᠢᠶᠠᠷᠴᠤ ᠪᠠᠶᠢᠭ᠎ᠠ ᠬᠤᠲᠠ ᠶᠢᠨ ᠳᠡᠳ᠋ ᠳᠠᠷᠤᠭ᠎ᠠ ᠵᠠᠩ ᠴᠢ ᠵᠢᠶᠦ᠋ᠨ ᠢ ᠤᠷᠢᠵᠤ᠂ | ᠲᠡᠭᠦᠨ ᠢᠶᠠᠷ ᠬᠥᠯᠥᠨ ᠪᠣᠶᠢᠷ ᠬᠤᠲᠠ ᠶᠢᠨ ᠥᠷᠨᠢᠭᠦᠯᠦᠭᠰᠡᠨ ᠠᠵᠤ ᠠᠬᠤᠶᠢᠯᠠᠯ ᠤᠨ ᠢᠲᠡᠭᠡᠮᠵᠢ ᠶᠢᠨ ᠬᠢᠨᠠᠯᠲᠠ | ᠬᠠᠮᠢᠶᠠᠷᠤᠯᠲᠠ ᠶᠢᠨ ᠠᠵᠢᠯ ᠤᠨ ᠬᠤᠯᠪᠣᠭᠳᠠᠯ ᠪᠦᠬᠦᠢ ᠪᠠᠶᠢᠳᠠᠯ ᠢ ᠰᠦᠯᠵᠢᠶ᠎ᠡ ᠪᠠᠷ ᠲᠠᠶᠢᠯᠤᠮᠵᠢ ᠬᠢᠯᠭᠡᠬᠦ ᠪᠣᠯᠣᠯ᠎ᠠ᠃ | ᠵᠠᠩ ᠬᠤᠲᠠ ᠶᠢᠨ ᠳᠠᠷᠤᠭ᠎ᠠ ᠶᠢ ᠪᠠᠶᠠᠷᠯᠠᠨ ᠤᠭᠲᠤᠵᠤ ᠪᠠᠶᠢᠨ᠎ᠠ᠃ | ᠵᠠᠩ ᠴᠢ ᠵᠢᠶᠦ᠋ᠨ᠄ | ᠬᠥᠲᠥᠯᠥᠭᠴᠢ ᠪᠠ ᠰᠦᠯᠵᠢᠶᠡᠨ ᠤ ᠠᠨᠳᠠ ᠨᠠᠷ ᠰᠠᠶᠢᠨ ᠪᠠᠶᠢᠵᠠᠭᠠᠨ᠎ᠠ ᠦᠦ︖ ᠥᠪᠡᠷᠲᠡᠭᠡᠨ ᠵᠠᠰᠠᠬᠤ | ᠣᠷᠣᠨ ᠤ ᠵᠠᠰᠠᠭ ᠤᠨ ᠣᠷᠳᠣᠨ ᠤ ᠰᠦᠯᠵᠢᠶ᠎ᠡ ᠪᠠᠷ ᠣᠯᠠᠨ ᠲᠠᠢ ᠰᠠᠨᠠᠯ ᠰᠣᠯᠢᠯᠴᠠᠬᠤ ᠪᠣᠯᠣᠭᠰᠠᠨ ᠳᠤ ᠪᠠᠨ ᠰᠡᠳᠬᠢᠯ | ᠮᠠᠰᠢ ᠥᠨᠳᠥᠷ ᠪᠠᠶᠢᠨ᠎ᠠ᠃ | ᠬᠥᠲᠥᠯᠥᠭᠴᠢ᠄ | ᠮᠠᠰᠢ ᠣᠯᠠᠨ ᠰᠦᠯᠵᠢᠶᠡᠨ ᠤ ᠠᠨᠳᠠ ᠠᠵᠢᠯ ᠶᠠᠪᠤᠳᠠᠯ ᠤᠨ ᠳᠤᠮᠳᠠᠬᠢ ᠪᠠ ᠠᠵᠢᠯ ᠶᠠᠪᠤᠳᠠᠯ ᠤᠨ ᠳᠠᠷᠠᠭᠠᠬᠢ | ᠬᠢᠨᠠᠯᠲᠠ ᠬᠠᠮᠢᠶᠠᠷᠤᠯᠲᠠ ᠶᠢᠨ ᠠᠵᠢᠯ ᠢ ᠳᠡᠮᠡᠢ ᠣᠶᠢᠯᠠᠭᠠᠬᠤ ᠦᠭᠡᠢ ᠪᠠᠶᠢᠨ᠎ᠠ᠂ ᠲᠠ ᠡᠨᠡ ᠲᠤᠬᠠᠢ ᠣᠯᠠᠨ ᠳᠤ | ᠳᠥᠭᠦᠮ ᠢᠶᠠᠷ ᠲᠠᠨᠢᠯᠴᠠᠭᠤᠯᠤᠭᠠᠳ ᠥᠭᠭᠦᠨ᠎ᠡ ᠦᠦ︖ | ᠵᠠᠩ ᠴᠢ ᠵᠢᠶᠦ᠋ᠨ᠄ | ᠦᠢᠯᠡᠳᠪᠦᠷᠢ ᠬᠤᠳᠠᠯᠳᠤᠭᠠᠨ ᠤ ᠵᠦᠢᠯᠡᠰ ᠤᠨ ᠳᠦᠷᠢᠮ ᠳᠤ ᠥᠭᠡᠷᠡᠴᠢᠯᠡᠯᠲᠡ ᠬᠢᠭᠰᠡᠨ ᠤ ᠳᠠᠷᠠᠭ᠎ᠠ᠂ ᠵᠠᠬ᠎ᠠ | ᠳᠡᠯᠭᠡᠭᠦᠷ ᠲᠤ ᠵᠥᠪᠰᠢᠶᠡᠷᠡᠨ ᠣᠷᠣᠭᠤᠯᠬᠤ ︽ᠬᠤᠷᠢᠭ᠎ᠠ ᠱᠤᠭᠤᠮ︾ ᠨᠢ ᠲᠠᠰᠤᠷᠠᠯᠲᠠ ᠦᠭᠡᠢ ᠳᠣᠭᠤᠭᠰᠢᠯᠠᠵᠤ᠂ | ᠡᠷᠬᠡ ᠲᠡᠭᠰᠢ ᠪᠠᠷ ᠥᠷᠢᠰᠦᠯᠳᠦᠬᠦ ᠣᠷᠴᠢᠨ ᠨᠥᠬᠦᠴᠡᠯ ᠪᠠ ᠡᠷᠡᠭᠦᠯ ᠢᠶᠠᠷ ᠬᠥᠭᠵᠢᠬᠦ ᠣᠷᠴᠢᠨ ᠨᠥᠬᠦᠴᠡᠯ ᠢ | ᠪᠠᠲᠤᠯᠠᠬᠤ ᠶᠢᠨ ᠲᠥᠯᠥᠭᠡ᠂ ᠬᠥᠯᠥᠨ ᠪᠣᠶᠢᠷ ᠬᠤᠲᠠ ᠠᠴᠠ ᠭᠤᠣᠯᠳᠠᠭᠤ ᠠᠵᠢᠯ ᠶᠠᠪᠤᠳᠠᠯ ᠤᠨ ᠳᠤᠮᠳᠠᠬᠢ ᠪᠠ ᠠᠵᠢᠯ | ᠶᠠᠪᠤᠳᠠᠯ ᠤᠨ ᠳᠠᠷᠠᠭᠠᠬᠢ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠬᠤ ᠡᠯ᠎ᠡ ᠵᠦᠢᠯ ᠤᠨ ᠠᠷᠭ᠎ᠠ ᠬᠡᠮᠵᠢᠶ᠎ᠡ ᠠᠪᠴᠤ | ᠪᠠᠶᠢᠭᠠᠳ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ︽ᠠᠭᠤᠵᠢᠭᠤ ᠣᠷᠣᠭᠤᠯᠤᠨ ᠴᠢᠩᠭ᠎ᠠ ᠬᠠᠮᠢᠶᠠᠷᠬᠤ︾ ᠶᠢ | ᠪᠡᠶᠡᠯᠡᠭᠦᠯᠪᠡ᠃ ᠪᠣᠳᠠᠲᠠᠢ ᠪᠠᠷ ᠬᠡᠯᠡᠪᠡᠯ᠂ ᠠᠵᠤ ᠠᠬᠤᠶᠢᠯᠠᠯ ᠢ ᠵᠣᠬᠢᠶᠠᠨ ᠪᠠᠶᠢᠭᠤᠯᠵᠤ ᠣᠨ ᠤ ᠮᠡᠳᠡᠭᠦᠯᠦᠯᠲᠡ ᠶᠢ | ᠵᠠᠷᠯᠠᠨ ᠨᠡᠶᠢᠲᠡᠯᠡᠬᠦ᠂ ᠠᠵᠤ ᠠᠬᠤᠶᠢᠯᠠᠯ ᠳᠤ ᠬᠤᠯᠪᠣᠭᠳᠠᠬᠤ ᠮᠡᠳᠡᠭᠡ ᠵᠠᠩᠭᠢ ᠶᠢ ᠴᠤᠭᠯᠠᠭᠤᠯᠤᠨ ᠨᠡᠶᠢᠯᠡᠭᠦᠯᠵᠦ ᠵᠠᠷᠯᠠᠨ | ᠨᠡᠶᠢᠲᠡᠯᠡᠬᠦ᠂ ︽ᠬᠤᠶᠠᠷ ᠢ ᠲᠠᠰᠢᠷᠠᠮ ᠢᠶᠠᠷ ᠭᠦᠢᠴᠡᠳᠬᠡᠬᠦ︾ ᠮᠠᠶ᠋ᠢᠭ ᠢᠶᠠᠷ ᠬᠠᠤᠯᠢ ᠬᠡᠷᠡᠭᠵᠢᠭᠦᠯᠦᠨ ᠰᠤᠭᠤᠴᠢᠨ | ᠪᠠᠶᠢᠴᠠᠭᠠᠬᠤ ᠵᠡᠷᠭᠡ ᠪᠣᠯᠣᠨ᠎ᠠ᠃ | ᠬᠥᠲᠥᠯᠥᠭᠴᠢ᠄ | ᠲᠠᠨ ᠤ ᠰᠠᠶ᠋ᠢ ᠶᠢᠨ ᠳᠤᠷᠠᠳᠤᠭᠰᠠᠨ ᠬᠢᠨᠠᠨ ᠬᠠᠮᠢᠶᠠᠷᠬᠤ ᠠᠷᠭ᠎ᠠ ᠬᠡᠮᠵᠢᠶ᠎ᠡ ᠳᠤ᠂ ᠰᠦᠯᠵᠢᠶᠡᠨ ᠤ ᠠᠨᠳᠠ | ᠨᠠᠷ ᠲᠤ ᠬᠠᠮᠤᠭ ᠤᠨ ᠣᠯᠠᠨ ᠲᠣᠬᠢᠶᠠᠯᠳᠤᠬᠤ ᠨᠢ ᠠᠵᠤ ᠠᠬᠤᠶᠢᠯᠠᠯ ᠤᠨ ᠣᠨ ᠤ ᠮᠡᠳᠡᠭᠦᠯᠦᠯᠲᠡ ᠶᠢᠨ ᠠᠵᠢᠯ | ᠪᠣᠯᠣᠨ᠎ᠠ᠃ ᠬᠥᠯᠥᠨ ᠪᠣᠶᠢᠷ ᠬᠤᠲᠠ ᠶᠢᠨ ᠠᠵᠤ ᠠᠬᠤᠶᠢᠯᠠᠯ ᠤᠨ ᠣᠨ ᠤ ᠮᠡᠳᠡᠭᠦᠯᠦᠯᠲᠡ ᠶᠢ ᠵᠠᠷᠯᠠᠨ ᠨᠡᠶᠢᠲᠡᠯᠡᠬᠦ | ᠠᠵᠢᠯ ᠤᠨ ᠠᠬᠢᠴᠠ ᠨᠢ ᠶᠠᠮᠠᠷ ᠪᠣᠢ︖ | ᠵᠠᠩ ᠴᠢ ᠵᠢᠶᠦ᠋ᠨ᠄ | ᠬᠥᠯᠥᠨ ᠪᠣᠶᠢᠷ ᠬᠤᠲᠠ ᠠᠴᠠ ᠠᠵᠤ ᠠᠬᠤᠶᠢᠯᠠᠯ ᠤᠨ ᠬᠤᠯᠪᠣᠭᠠᠴᠢᠨ ᠢ ᠪᠣᠯᠪᠠᠰᠤᠷᠠᠭᠤᠯᠬᠤ ᠠᠵᠢᠯ ᠢ ᠥᠷᠭᠡᠨ | ᠳᠡᠯᠭᠡᠷ ᠥᠷᠨᠢᠭᠦᠯᠵᠦ᠂ ︽4 + 4︾ ᠪᠣᠰᠤᠭ᠎ᠠ ᠴᠣᠭᠴᠠᠲᠤ ᠮᠠᠶ᠋ᠢᠭ ᠤᠨ ᠤᠬᠠᠭᠤᠯᠭ᠎ᠠ ᠶᠢᠨ ᠪᠠᠶᠢᠷᠢᠯᠠᠭᠤᠯᠤᠯᠲᠠ ᠶᠢ | ᠪᠠᠶᠢᠭᠤᠯᠪᠠ᠂ ᠲᠤᠬᠠᠶᠢᠯᠠᠪᠠᠯ ᠭᠤᠣᠯᠯᠠᠭᠴᠢ ᠵᠠᠭᠤᠴᠢᠯᠠᠭᠤᠷ᠂ ᠬᠦᠷ ᠬᠥᠭᠵᠢᠶᠡᠨᠲᠡᠢ ᠭᠠᠵᠠᠷ ᠤᠨ LED ᠳᠡᠯᠭᠡᠴᠡ᠂ | ᠭᠠᠷ ᠤᠲᠠᠰᠤᠨ ᠤ ᠣᠬᠤᠷ ᠮᠡᠳᠡᠭᠡ᠂ ᠸᠢᠴᠠᠲ ᠤᠨ ᠨᠡᠶᠢᠲᠡ ᠣᠯᠠᠨ ᠤ ᠨᠣᠮᠧᠷ ᠢᠶᠠᠷ ᠤᠬᠠᠭᠤᠯᠬᠤ ᠮᠡᠳᠡᠭᠡ ᠵᠠᠩᠭᠢ ᠶᠢ | ᠨᠡᠶᠢᠲᠡᠯᠡᠬᠦ ᠪᠠᠷ ᠭᠤᠣᠯ ᠪᠣᠯᠭᠠᠨ᠂ EMS ᠲᠦᠷᠭᠡᠨ ᠢᠯᠡᠭᠡᠯᠲᠡ ᠶᠢᠨ ᠣᠨ ᠤ ᠮᠡᠳᠡᠭᠦᠯᠦᠯᠲᠡ ᠶᠢᠨ ᠰᠢᠮᠳᠠᠭᠤᠯᠤᠨ | ᠠᠬᠢᠭᠤᠯᠬᠤ ᠬᠠᠭᠤᠳᠠᠰᠤ᠂ ᠪᠠᠩᠬᠢ᠂ ᠭᠠᠶᠢᠯᠢ ᠶᠢᠨ ᠶᠠᠪᠤᠳᠠᠯ᠂ ᠨᠡᠶᠢᠭᠡᠮ ᠤᠨ ᠳᠠᠭᠠᠳᠬᠠᠯ ᠵᠡᠷᠭᠡ ᠰᠠᠯᠠᠭ᠎ᠠ | ᠮᠥᠴᠢᠷ ᠤᠳ ᠬᠠᠮᠵᠢᠯᠴᠠᠵᠤ ᠰᠢᠮᠳᠠᠭᠤᠯᠤᠨ ᠠᠬᠢᠭᠤᠯᠬᠤ ᠪᠠᠷ ᠬᠠᠪᠰᠤᠷᠤᠮᠵᠢ ᠪᠣᠯᠭᠠᠵᠤ᠂ ᠠᠵᠤ ᠠᠬᠤᠶᠢᠯᠠᠯ ᠢ | ᠬᠠᠪᠰᠤᠷᠤᠨ ᠠᠯᠢ ᠲᠦᠷᠭᠡᠨ ᠢᠶᠠᠷ ᠱᠠᠭᠠᠷᠳᠠᠯᠭ᠎ᠠ ᠶᠢ ᠣᠶᠢᠯᠠᠭᠠᠭᠤᠯᠤᠨ᠂ ᠮᠡᠷᠭᠡᠵᠢᠯ ᠴᠢᠳᠠᠪᠤᠷᠢ ᠶᠢ ᠡᠵᠡᠮᠰᠢᠭᠦᠯᠪᠡ᠃ | ᠡᠭᠦᠨ ᠤ ᠬᠠᠮᠲᠤ᠂ ︽ᠦᠬᠦᠶᠢᠷᠡᠮᠡᠯ︾ ᠠᠵᠤ ᠠᠬᠤᠶᠢᠯᠠᠯ ᠢ ᠢᠯᠭᠠᠷᠠᠭᠤᠯᠤᠨ ᠴᠡᠪᠡᠷᠯᠡᠵᠦ ᠬᠤᠷᠢᠶᠠᠨ ᠠᠪᠴᠤ | ᠬᠦᠴᠦᠨ ᠦᠭᠡᠢ ᠪᠣᠯᠭᠠᠨ᠂ ︽ᠬᠤᠯᠪᠣᠭ᠎ᠠ ᠲᠠᠰᠤᠷᠠᠭᠰᠠᠨ︾ ᠠᠵᠤ ᠠᠬᠤᠶᠢᠯᠠᠯ ᠤᠨ ᠠᠵᠢᠯ ᠢ ᠪᠠᠶᠢᠩᠭᠤᠵᠢᠭᠤᠯᠵᠤ᠂ | ᠵᠥᠪᠬᠡᠨ 2017 ᠣᠨ ᠳᠤ ᠤᠷᠲᠤ ᠬᠤᠭᠤᠴᠠᠭ᠎ᠠ ᠪᠠᠷ ᠡᠵᠡᠩᠨᠡᠯᠲᠡ ᠬᠢᠭᠰᠡᠨ ᠦᠭᠡᠢ 851 ᠠᠵᠤ ᠠᠬᠤᠶᠢᠯᠠᠯ ᠢ | ᠬᠤᠷᠢᠶᠠᠨ ᠠᠪᠴᠤ ᠬᠦᠴᠦᠨ ᠦᠭᠡᠢ ᠪᠣᠯᠭᠠᠵᠤ᠂ ᠠᠵᠤ ᠠᠬᠤᠶᠢᠯᠠᠯ ᠤᠨ ᠣᠨ ᠤ ᠮᠡᠳᠡᠭᠦᠯᠦᠯᠲᠡ ᠶᠢᠨ ᠳ᠋ᠠᠶᠢᠲ᠋ᠠ ᠶᠢᠨ | ᠨᠡᠶᠢᠭᠡᠮ ᠤᠨ ᠯᠠᠪᠯᠠᠯᠲᠠ ᠶᠢᠨ ᠥᠷᠲᠡᠭ ᠢ ᠳᠡᠭᠡᠭᠰᠢᠯᠡᠭᠦᠯᠪᠡ᠃ ᠠᠵᠤ ᠠᠬᠤᠶᠢᠯᠠᠯ ᠤᠨ ᠣᠨ ᠤ ᠮᠡᠳᠡᠭᠦᠯᠦᠯᠲᠡ ᠶᠢᠨ | ᠵᠠᠷᠯᠠᠨ ᠨᠡᠶᠢᠲᠡᠯᠡᠬᠦ ᠳᠦᠷᠢᠮ ᠢ ᠬᠡᠷᠡᠭᠵᠢᠭᠦᠯᠦᠭᠰᠡᠨ 4 ᠵᠢᠯ ᠤᠨ ᠲᠤᠷᠰᠢ᠂ ᠬᠥᠯᠥᠨ ᠪᠣᠶᠢᠷ ᠬᠤᠲᠠ ᠶᠢᠨ ᠠᠵᠤ | ᠠᠬᠤᠶᠢᠯᠠᠯ ᠤᠨ ᠣᠨ ᠤ ᠮᠡᠳᠡᠭᠦᠯᠦᠯᠲᠡ ᠶᠢᠨ ᠵᠠᠷᠯᠠᠨ ᠨᠡᠶᠢᠲᠡᠯᠡᠭᠰᠡᠨ ᠨᠣᠷᠮ᠎ᠠ ᠨᠢ 83.03% ᠠᠴᠠ | ᠯᠠᠪᠳᠠᠭᠤᠨ ᠢᠶᠠᠷ ᠳᠡᠭᠡᠭᠰᠢᠯᠡᠨ 95.8% ᠪᠣᠯᠵᠤ᠂ ᠥᠭᠡᠷᠡᠴᠢᠯᠡᠯᠲᠡ ᠬᠢᠬᠦ ᠠᠴᠠ ᠡᠮᠦᠨᠡᠬᠢ ᠣᠨ ᠤ | ᠪᠠᠶᠢᠴᠠᠭᠠᠯᠲᠠ ᠶᠢᠨ ᠨᠣᠷᠮ᠎ᠠ ᠠᠴᠠ ᠥᠨᠳᠥᠷ ᠪᠣᠯᠣᠭᠰᠠᠨ ᠢᠶᠠᠷ ᠪᠠᠷᠠᠬᠤ ᠦᠭᠡᠢ᠂ ᠪᠦᠬᠦ ᠤᠯᠤᠰ ᠤᠨ ᠳᠤᠮᠳᠠᠴᠢ ᠬᠢᠷᠢ | ᠲᠦᠪᠰᠢᠨ ᠠᠴᠠ ᠥᠨᠳᠥᠷ ᠪᠣᠯᠵᠤ᠂ ᠲᠡᠭᠦᠨ ᠤ ᠳᠣᠲᠣᠷ᠎ᠠ 2016 ᠣᠨ ᠪᠠ 2017 ᠣᠨ ᠤ ᠣᠨ ᠤ | ᠮᠡᠳᠡᠭᠦᠯᠦᠯᠲᠡ ᠶᠢᠨ ᠨᠣᠷᠮ᠎ᠠ ᠨᠢ ᠲᠤᠰ ᠲᠤᠰ ᠪᠦᠬᠦ ᠤᠯᠤᠰ ᠤᠨ ᠨᠢᠭᠡᠳᠦᠭᠡᠷ᠂ ᠬᠤᠶᠠᠳᠤᠭᠠᠷ ᠲᠤ ᠵᠢᠭᠰᠠᠭᠠᠭᠳᠠᠵᠠᠢ᠃ | ᠬᠥᠯᠥᠨ ᠪᠣᠶᠢᠷ ᠭᠡᠬᠦ ᠡᠨᠡ ᠬᠦ ᠠᠵᠤ ᠠᠬᠤᠢ ᠨᠢ ᠬᠥᠭᠵᠢᠯᠲᠡ ᠪᠠᠷ ᠳᠤᠲᠠᠮᠠᠭ᠂ ᠠᠵᠤ ᠠᠬᠤᠶᠢᠯᠠᠯ ᠤᠨ | ᠡᠵᠡᠩᠨᠡᠭᠴᠢᠳ ᠤᠨ ᠰᠦᠯᠵᠢᠶ᠎ᠡ ᠪᠠᠷ ᠠᠵᠢᠯᠯᠠᠬᠤ ᠮᠡᠷᠭᠡᠵᠢᠯ ᠴᠢᠳᠠᠪᠤᠷᠢ ᠨᠢ ᠨᠡᠶᠢᠳᠡᠮ ᠳᠤ ᠪᠠᠨ ᠥᠨᠳᠥᠷ ᠪᠤᠰᠤ ᠭᠠᠵᠠᠷ | ᠣᠷᠣᠨ ᠡᠶᠢᠮᠦᠷᠬᠦᠦ ᠦᠷ᠎ᠡ ᠪᠦᠲᠦᠮᠵᠢ ᠣᠯᠣᠭᠰᠠᠨ ᠨᠢ᠂ ᠪᠦᠬᠦ ᠨᠡᠶᠢᠭᠡᠮ ᠤᠨ ᠬᠢᠨ ᠤ ᠵᠠᠬ᠎ᠠ ᠳᠡᠯᠭᠡᠭᠦᠷ ᠲᠤ ᠬᠢᠨᠠᠯᠲᠠ | ᠲᠠᠯᠪᠢᠵᠤ ᠬᠠᠮᠢᠶᠠᠷᠬᠤ ᠠᠵᠢᠯ ᠳᠠᠬᠢ ᠳᠡᠮᠵᠢᠯᠭᠡ ᠶᠢ ᠭᠡᠷᠡᠴᠢᠯᠡᠵᠦ᠂ ᠪᠠᠰᠠ ᠪᠦᠬᠦ ᠬᠤᠲᠠ ᠶᠢᠨ ᠠᠵᠤ ᠠᠬᠤᠶᠢᠯᠠᠯ ᠤᠨ | ᠨᠡᠯᠢᠶᠡᠳ ᠥᠨᠳᠥᠷ ᠦᠨᠡᠨᠴᠢ ᠢᠲᠡᠭᠡᠮᠵᠢ ᠶᠢᠨ ᠦᠵᠡᠯ ᠤᠬᠠᠮᠰᠠᠷ ᠢ ᠢᠯᠡᠷᠡᠭᠦᠯᠵᠡᠢ᠃ | ᠬᠥᠲᠥᠯᠥᠭᠴᠢ᠄ | ᠡᠳᠡᠭᠡᠷ ᠳ᠋ᠠᠶᠢᠲ᠋ᠠ ᠪᠠᠷ ᠳᠠᠮᠵᠢᠭᠤᠯᠵᠤ᠂ ᠪᠢᠳᠡ ᠠᠵᠤ ᠠᠬᠤᠶᠢᠯᠠᠯ ᠤᠨ ᠮᠡᠳᠡᠭᠡ ᠵᠠᠩᠭᠢ ᠪᠠᠨ ᠵᠠᠷᠯᠠᠨ ᠨᠡᠶᠢᠲᠡᠯᠡᠬᠦ | ᠢᠳᠡᠪᠬᠢᠵᠢᠯ ᠨᠡᠯᠢᠶᠡᠳ ᠥᠨᠳᠥᠷ ᠪᠠᠶᠢᠭ᠎ᠠ ᠶᠢ ᠮᠡᠳᠡᠵᠦ ᠪᠣᠯᠣᠨ᠎ᠠ᠃ ᠪᠢᠳᠡᠨ ᠤ ᠮᠡᠳᠡᠭᠡᠵᠢ ᠪᠠᠷ᠂ 2014 ᠣᠨ ᠳᠤ᠂ | ᠲᠥᠷᠥ ᠶᠢᠨ ᠶᠠᠪᠤᠳᠠᠯ ᠤᠨ ᠬᠤᠷᠢᠶ᠎ᠠ ᠠᠴᠠ ᠳᠠᠷᠤᠮᠠᠯᠯᠠᠨ ᠲᠠᠷᠬᠠᠭᠠᠭᠰᠠᠨ ︽ᠠᠵᠤ ᠠᠬᠤᠶᠢᠯᠠᠯ ᠤᠨ ᠮᠡᠳᠡᠭᠡ | ᠵᠠᠩᠭᠢ ᠪᠠᠨ ᠵᠠᠷᠯᠠᠨ ᠨᠡᠶᠢᠲᠡᠯᠡᠬᠦ ᠶᠢᠨ ᠲᠦᠷ ᠬᠡᠷᠡᠭᠵᠢᠭᠦᠯᠬᠦ ᠳᠦᠷᠢᠮ︾ ᠳᠤ ᠠᠵᠤ ᠠᠬᠤᠶᠢᠯᠠᠯ ᠳᠤ ᠮᠡᠳᠡᠭᠡ | ᠵᠠᠩᠭᠢ ᠪᠠᠨ ᠵᠠᠷᠯᠠᠨ ᠨᠡᠶᠢᠲᠡᠯᠡᠬᠦ ᠱᠠᠭᠠᠷᠳᠠᠯᠭ᠎ᠠ ᠲᠠᠯᠪᠢᠭᠰᠠᠨ ᠢᠶᠠᠷ ᠪᠠᠷᠠᠬᠤ ᠦᠭᠡᠢ᠂ ᠵᠠᠰᠠᠭ ᠤᠨ ᠣᠷᠳᠣᠨ ᠤ ᠰᠠᠯᠠᠭ᠎ᠠ | ᠮᠥᠴᠢᠷ ᠲᠤ ᠮᠥᠨ ᠮᠡᠳᠡᠭᠡ ᠵᠠᠩᠭᠢ ᠪᠠᠨ ᠵᠠᠷᠯᠠᠨ ᠨᠡᠶᠢᠲᠡᠯᠡᠬᠦ ᠱᠠᠭᠠᠷᠳᠠᠯᠭ᠎ᠠ ᠲᠠᠯᠪᠢᠭᠰᠠᠨ ᠪᠠᠶᠢᠳᠠᠭ᠃ ᠡᠨᠡ | ᠲᠠᠯ᠎ᠠ ᠪᠠᠷ᠂ ᠬᠥᠯᠥᠨ ᠪᠣᠶᠢᠷ ᠬᠤᠲᠠ ᠶᠢᠨ ᠬᠢᠨ ᠶᠠᠭᠠᠬᠢᠵᠤ ᠬᠢᠭᠰᠡᠨ ᠪᠣᠢ︖ | ᠵᠠᠩ ᠴᠢ ᠵᠢᠶᠦ᠋ᠨ᠄ | ᠶᠠᠭ ᠲᠡᠶᠢᠮᠦ ᠪᠠᠶᠢᠨ᠎ᠠ᠂ ᠠᠵᠤ ᠠᠬᠤᠶᠢᠯᠠᠯ ᠠᠴᠠ ᠮᠡᠳᠡᠭᠡ ᠵᠠᠩᠭᠢ ᠪᠠᠨ ᠵᠠᠷᠯᠠᠨ ᠨᠡᠶᠢᠲᠡᠯᠡᠬᠦ ᠨᠢ ᠬᠤᠣᠰ | ᠴᠢᠭᠯᠡᠯ ᠤᠨ ᠪᠠᠶᠢᠵᠤ᠂ ᠠᠵᠤ ᠠᠬᠤᠶᠢᠯᠠᠯ ᠠᠴᠠ ᠥᠪᠡᠷ ᠤᠨ ᠦᠨᠳᠦᠰᠦᠨ ᠮᠡᠳᠡᠭᠡ ᠵᠠᠩᠭᠢ ᠪᠠᠨ ᠨᠡᠶᠢᠲᠡ ᠳᠤ ᠵᠠᠷᠯᠠᠨ᠂ | ᠵᠠᠰᠠᠭ ᠤᠨ ᠣᠷᠳᠣᠨ ᠤ ᠰᠠᠯᠠᠭ᠎ᠠ ᠮᠥᠴᠢᠷ ᠠᠴᠠ ᠵᠠᠰᠠᠭ ᠵᠠᠬᠢᠷᠭᠠᠨ ᠤ ᠵᠥᠪᠰᠢᠶᠡᠷᠡᠯ ᠪᠠ ᠵᠠᠰᠠᠭ ᠵᠠᠬᠢᠷᠭᠠᠨ ᠤ | ᠰᠢᠢᠳᠬᠡᠯ ᠲᠣᠷᠭᠠᠭᠤᠯᠢ ᠶᠢᠨ ᠮᠡᠳᠡᠭᠡ ᠵᠠᠩᠭᠢ ᠪᠠᠨ ᠨᠡᠶᠢᠲᠡ ᠳᠤ ᠵᠠᠷᠯᠠᠵᠤ᠂ ᠨᠡᠶᠢᠲᠡ ᠳᠤ ᠵᠠᠷᠯᠠᠬᠤ ᠠᠴᠢᠶᠠᠯᠠᠭᠴᠢ ᠶᠢ | ᠤᠯᠤᠰ ᠤᠨ ᠠᠵᠤ ᠠᠬᠤᠶᠢᠯᠠᠯ ᠤᠨ ᠢᠲᠡᠭᠡᠮᠵᠢ ᠶᠢᠨ ᠮᠡᠳᠡᠭᠡ ᠵᠠᠩᠭᠢ ᠶᠢᠨ ᠨᠡᠶᠢᠲᠡ ᠳᠤ ᠵᠠᠷᠯᠠᠬᠤ ᠰᠢᠰᠲ᠋ᠧᠮ ᠪᠣᠯᠭᠠᠨ | ᠨᠢᠭᠡᠳᠬᠡᠬᠦ ᠬᠡᠷᠡᠭᠲᠡᠢ᠃ ᠡᠨᠡ ᠬᠦ ᠤᠷᠢᠳ ᠡᠮᠦᠨ᠎ᠡ ᠭᠠᠷᠤᠭ᠎ᠠ ᠦᠭᠡᠢ ᠮᠤᠨᠳᠠᠭ ᠲᠣᠮᠣ ᠢᠨᠵᠧᠨᠧᠷᠢᠩ ᠢ | ᠠᠬᠢᠭᠤᠯᠬᠤ ᠶᠢᠨ ᠲᠥᠯᠥᠭᠡ᠂ ᠬᠥᠯᠥᠨ ᠪᠣᠶᠢᠷ ᠬᠤᠲᠠ ᠶᠢᠨ ᠵᠠᠰᠠᠭ ᠤᠨ ᠣᠷᠳᠣᠨ ᠠᠴᠠ ᠠᠵᠤ ᠠᠬᠤᠶᠢᠯᠠᠯ ᠳᠤ | ᠬᠤᠯᠪᠣᠭᠳᠠᠭᠰᠠᠨ ᠮᠡᠳᠡᠭᠡ ᠵᠠᠩᠭᠢ ᠶᠢ ᠨᠢᠭᠡᠳᠬᠡᠨ ᠨᠡᠶᠢᠯᠡᠭᠦᠯᠵᠦ ᠨᠡᠶᠢᠲᠡ ᠳᠤ ᠵᠠᠷᠯᠠᠬᠤ ᠤᠳᠤᠷᠢᠳᠬᠤ ᠳᠤᠭᠤᠶᠢᠯᠠᠩ ᠢ | ᠪᠠᠶᠢᠭᠤᠯᠤᠨ᠂ ᠠᠵᠤ ᠠᠬᠤᠶᠢᠯᠠᠯ ᠳᠤ ᠬᠤᠯᠪᠣᠭᠳᠠᠭᠰᠠᠨ ᠮᠡᠳᠡᠭᠡ ᠵᠠᠩᠭᠢ ᠶᠢᠨ ᠵᠠᠰᠠᠭ ᠤᠨ ᠣᠷᠳᠣᠨ ᠠᠴᠠ | ᠰᠢᠮᠳᠠᠭᠤᠯᠤᠨ ᠪᠠᠶᠢᠴᠠᠭᠠᠵᠤ ᠮᠡᠳᠡᠭᠡᠯᠡᠨ ᠨᠡᠪᠲᠡᠷᠡᠭᠦᠯᠬᠦ ᠪᠠ ᠵᠠᠰᠠᠨ ᠵᠠᠯᠠᠷᠠᠭᠤᠯᠬᠤ ᠪᠠᠷ ᠱᠠᠭᠠᠷᠳᠠᠬᠤ ᠲᠣᠭᠲᠠᠴᠠ ᠶᠢ | ᠡᠬᠢᠯᠡᠨ ᠠᠵᠢᠯᠯᠠᠭᠤᠯᠵᠤ᠂ ᠪᠦᠬᠦ ᠬᠤᠲᠠ ᠶᠢᠨ ᠡᠯ᠎ᠡ ᠱᠠᠲᠤᠨ ᠤ ᠵᠠᠰᠠᠭ ᠤᠨ ᠣᠷᠳᠣᠨ ᠤ 410 ᠰᠠᠯᠠᠭ᠎ᠠ ᠮᠥᠴᠢᠷ ᠢ | ᠵᠣᠬᠢᠶᠠᠨ ᠪᠠᠶᠢᠭᠤᠯᠵᠤ ︽ᠬᠡᠨ ᠦᠢᠯᠡᠳᠪᠦᠷᠢᠯᠡᠪᠡᠯ᠂ ᠬᠡᠨ ᠨᠡᠶᠢᠲᠡ ᠳᠤ ᠵᠠᠷᠯᠠᠵᠤ᠂ ᠬᠡᠨ ᠬᠠᠷᠢᠭᠤᠴᠠᠬᠤ︾ ᠵᠠᠷᠴᠢᠮ | ᠶᠣᠰᠣᠭᠠᠷ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠮᠡᠳᠡᠭᠡ ᠵᠠᠩᠭᠢ ᠶᠢ ᠨᠡᠶᠢᠲᠡ ᠳᠤ ᠵᠠᠷᠯᠠᠪᠠ᠃ 2017 ᠣᠨ ᠤ | ᠡᠴᠦᠰ ᠪᠣᠯᠬᠤ ᠳᠤ᠂ ᠪᠦᠬᠦ ᠬᠤᠲᠠ ᠶᠢᠨ ᠵᠠᠰᠠᠭ ᠤᠨ ᠣᠷᠳᠣᠨ ᠤ 390 ᠰᠠᠯᠠᠭ᠎ᠠ ᠮᠥᠴᠢᠷ ᠨᠢ ᠤᠯᠤᠰ ᠤᠨ ᠠᠵᠤ | ᠠᠬᠤᠶᠢᠯᠠᠯ ᠤᠨ ᠢᠲᠡᠭᠡᠮᠵᠢ ᠶᠢᠨ ᠮᠡᠳᠡᠭᠡ ᠵᠠᠩᠭᠢ ᠶᠢᠨ ᠨᠡᠶᠢᠲᠡ ᠳᠤ ᠵᠠᠷᠯᠠᠬᠤ ᠰᠢᠰᠲ᠋ᠧᠮ ᠳᠠᠬᠢ ᠰᠠᠯᠠᠭ᠎ᠠ | ᠮᠥᠴᠢᠷ ᠤᠳ ᠤᠨ ᠬᠤᠭᠤᠷᠣᠨᠳᠤ ᠪᠠᠨ ᠬᠠᠮᠵᠢᠯᠴᠠᠵᠤ ᠬᠢᠨᠠᠨ ᠬᠠᠮᠢᠶᠠᠷᠬᠤ ᠲᠠᠪᠴᠠᠩ ᠳᠤ ᠵᠠᠯᠭᠠᠭᠤᠯᠤᠨ ᠣᠷᠣᠵᠤ᠂ | ᠨᠡᠪᠲᠡᠷᠡᠭᠦᠯᠦᠭᠰᠡᠨ ᠨᠣᠷᠮ᠎ᠠ ᠨᠢ 95.1% ᠳᠤ ᠬᠦᠷᠴᠦ᠂ ᠲᠡᠭᠦᠨ ᠤ ᠳᠣᠲᠣᠷ᠎ᠠ ᠬᠤᠲᠠ ᠶᠢᠨ ᠱᠠᠲᠤᠨ ᠤ | ᠵᠠᠰᠠᠭ ᠤᠨ ᠣᠷᠳᠣᠨ ᠤ ᠰᠠᠯᠠᠭ᠎ᠠ ᠮᠥᠴᠢᠷ ᠤᠳ ᠤᠨ ᠨᠡᠪᠲᠡᠷᠡᠭᠦᠯᠦᠭᠰᠡᠨ ᠨᠣᠷᠮ᠎ᠠ ᠨᠢ 100% ᠳᠤ ᠬᠦᠷᠪᠡ︔ | ᠵᠠᠰᠠᠭ ᠤᠨ ᠣᠷᠳᠣᠨ ᠤ 214 ᠰᠠᠯᠠᠭ᠎ᠠ ᠮᠥᠴᠢᠷ ᠠᠴᠠ ᠠᠵᠤ ᠠᠬᠤᠶᠢᠯᠠᠯ ᠳᠤ ᠬᠤᠯᠪᠣᠭᠳᠠᠭᠰᠠᠨ ᠮᠡᠳᠡᠭᠡ ᠵᠠᠩᠭᠢ ᠶᠢ | ᠨᠡᠶᠢᠲᠡ ᠳᠤ ᠵᠠᠷᠯᠠᠭᠰᠠᠨ ᠨᠢ 5.99 ᠲᠦᠮᠡᠨ ᠵᠤᠷᠪᠤᠰ ᠲᠤ ᠬᠦᠷᠴᠦ᠂ ︽ᠪᠦᠬᠦᠨ ᠢ ᠪᠢᠴᠢᠵᠦ ᠣᠷᠣᠭᠤᠯᠤᠭᠰᠠᠨ︾ | ᠪᠠ ᠣᠨᠣᠪᠴᠢ ᠶᠢᠨ ᠨᠣᠷᠮ᠎ᠠ ᠨᠢ 100% ᠳᠤ ᠬᠦᠷᠬᠦ ᠬᠠᠷᠠᠯᠲᠠ ᠶᠢ ᠪᠡᠶᠡᠯᠡᠭᠦᠯᠪᠡ᠃ ᠤᠯᠤᠰ ᠤᠨ ᠠᠵᠤ | ᠠᠬᠤᠶᠢᠯᠠᠯ ᠤᠨ ᠢᠲᠡᠭᠡᠮᠵᠢ ᠶᠢᠨ ᠮᠡᠳᠡᠭᠡ ᠵᠠᠩᠭᠢ ᠶᠢᠨ ᠨᠡᠶᠢᠲᠡ ᠳᠤ ᠵᠠᠷᠯᠠᠬᠤ ᠰᠢᠰᠲ᠋ᠧᠮ ᠨᠢ ᠪᠦᠬᠦ ᠬᠤᠲᠠ ᠶᠢᠨ | ᠮᠡᠳᠡᠭᠡ ᠵᠠᠩᠭᠢ ᠬᠠᠳᠠᠭᠠᠯᠠᠭᠰᠠᠨ ᠢᠶᠠᠷ ᠬᠠᠮᠤᠭ ᠤᠨ ᠣᠯᠠᠨ᠂ ᠰᠦᠯᠵᠢᠶ᠎ᠡ ᠳᠤ ᠨᠡᠪᠲᠡᠷᠡᠨ ᠬᠠᠶᠢᠵᠤ ᠯᠠᠪᠯᠠᠭᠰᠠᠨ | ᠬᠡᠮᠵᠢᠶ᠎ᠡ ᠨᠢ ᠬᠠᠮᠤᠭ ᠤᠨ ᠶᠡᠭᠡ᠂ ᠨᠡᠶᠢᠭᠡᠮ ᠤᠨ ᠬᠡᠷᠡᠭᠯᠡᠭᠡᠨ ᠤ ᠨᠣᠷᠮ᠎ᠠ ᠨᠢ ᠬᠠᠮᠤᠭ ᠤᠨ ᠥᠨᠳᠥᠷ ᠰᠦᠯᠵᠢᠶᠡᠨ ᠤ | ᠲᠠᠪᠴᠠᠩ ᠪᠣᠯᠵᠠᠢ᠃ | ᠬᠥᠲᠥᠯᠥᠭᠴᠢ᠄ | ᠵᠠᠰᠠᠭ ᠵᠠᠬᠢᠷᠭᠠᠨ ᠤ ᠵᠥᠪᠰᠢᠶᠡᠷᠡᠯ ᠪᠠ ᠵᠠᠰᠠᠭ ᠵᠠᠬᠢᠷᠭᠠᠨ ᠤ ᠰᠢᠢᠳᠬᠡᠯ ᠲᠣᠷᠭᠠᠭᠤᠯᠢ ᠶᠢᠨ ᠮᠡᠳᠡᠭᠡ ᠵᠠᠩᠭᠢ ᠶᠢ | ᠰᠦᠯᠵᠢᠶ᠎ᠡ ᠪᠠᠷ ᠨᠡᠶᠢᠲᠡ ᠳᠤ ᠵᠠᠷᠯᠠᠬᠤ ᠪᠠᠷ ᠳᠠᠮᠵᠢᠭᠤᠯᠤᠨ᠂ ᠨᠡᠶᠢᠭᠡᠮ ᠤᠨ ᠬᠢᠨ ᠤ ᠬᠠᠶᠢᠨ ᠯᠠᠪᠯᠠᠬᠤ ᠳᠤ ᠳᠥᠭᠦᠮ | ᠪᠣᠯᠭᠠᠭᠰᠠᠨ ᠢᠶᠠᠷ ᠪᠠᠷᠠᠬᠤ ᠦᠭᠡᠢ᠂ ᠬᠠᠤᠯᠢ ᠬᠡᠷᠡᠭᠵᠢᠭᠦᠯᠦᠯᠲᠡ ᠶᠢᠨ ᠲᠥᠪ ᠭᠤᠣᠯᠴᠢ ᠪᠠᠶᠢᠬᠤ ᠶᠢ ᠪᠠᠲᠤᠯᠠᠬᠤ ᠳᠤ | ᠠᠰᠢᠭᠲᠠᠢ ᠪᠣᠯᠭᠠᠵᠠᠢ᠃ ᠬᠥᠯᠥᠨ ᠪᠣᠶᠢᠷ ᠬᠤᠲᠠ ᠠᠴᠠ ᠡᠨᠡ ᠲᠠᠯ᠎ᠠ ᠪᠠᠷ ᠪᠠᠰᠠ ᠲᠥᠪ ᠭᠤᠣᠯᠴᠢ ᠪᠠᠷ ᠬᠠᠤᠯᠢ | ᠬᠡᠷᠡᠭᠵᠢᠭᠦᠯᠬᠦ ᠶᠢ ᠪᠠᠲᠤᠯᠠᠬᠤ ᠶᠠᠮᠠᠷ ᠶᠠᠮᠠᠷ ᠠᠷᠭ᠎ᠠ ᠬᠡᠮᠵᠢᠶ᠎ᠡ ᠠᠪᠤᠭᠰᠠᠨ ᠪᠣᠢ︖ | ᠵᠠᠩ ᠴᠢ ᠵᠢᠶᠦ᠋ᠨ᠄ | ᠬᠥᠯᠥᠨ ᠪᠣᠶᠢᠷ ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠠᠴᠠ | ᠪᠦᠬᠦ ᠬᠤᠲᠠ ᠳᠤ ︽ᠰᠠᠯᠠᠭ᠎ᠠ ᠮᠥᠴᠢᠷ ᠤᠳ ᠤᠨ ᠬᠤᠭᠤᠷᠣᠨᠳᠤ ᠪᠠᠨ ᠬᠠᠮᠵᠢᠯᠴᠠᠵᠤ ᠬᠢᠨᠠᠨ ᠬᠠᠮᠢᠶᠠᠷᠬᠤ ᠲᠠᠪᠴᠠᠩ | — ᠥᠪᠥᠷ ᠮᠣᠩᠭᠤᠯ︾ ᠲᠠᠪᠴᠠᠩ ᠢ ᠤᠷᠢᠳ ᠢᠶᠠᠷ ᠬᠡᠷᠡᠭᠯᠡᠨ ︽ᠬᠤᠶᠠᠷ ᠢ ᠲᠠᠰᠢᠷᠠᠮ ᠢᠶᠠᠷ ᠭᠦᠢᠴᠡᠳᠬᠡᠬᠦ︾ | ᠰᠤᠭᠤᠴᠢᠨ ᠪᠠᠶᠢᠴᠠᠭᠠᠬᠤ ᠠᠵᠢᠯ ᠢ ᠥᠷᠨᠢᠭᠦᠯᠪᠡ᠃ ︽ᠬᠤᠶᠠᠷ ᠢ ᠲᠠᠰᠢᠷᠠᠮ ᠢᠶᠠᠷ ᠭᠦᠢᠴᠡᠳᠬᠡᠬᠦ︾ ᠮᠠᠶ᠋ᠢᠭ ᠢᠶᠠᠷ | ᠰᠤᠭᠤᠴᠢᠨ ᠪᠠᠶᠢᠴᠠᠭᠠᠪᠠ᠂ ᠳᠠᠷᠤᠢ ᠠᠵᠤ ᠠᠬᠤᠶᠢᠯᠠᠯ ᠤᠨ ᠮᠡᠳᠡᠭᠡ ᠵᠠᠩᠭᠢ ᠶᠢᠨ ᠬᠥᠮᠥᠷᠭᠡ ᠳᠣᠲᠣᠷ᠎ᠠ ᠠᠴᠠ | ᠪᠠᠶᠢᠴᠠᠭᠠᠬᠤ ᠡᠲᠡᠭᠡᠳ ᠢᠶᠠᠨ ᠲᠠᠰᠢᠷᠠᠮ ᠳᠠᠭᠠᠤ ᠰᠤᠭᠤᠴᠢᠵᠤ ᠠᠪᠤᠨ᠂ ᠬᠠᠤᠯᠢ ᠬᠡᠷᠡᠭᠵᠢᠭᠦᠯᠬᠦ ᠠᠵᠢᠯᠲᠠᠳ ᠤᠨ | ᠬᠥᠮᠥᠷᠭᠡ ᠳᠣᠲᠣᠷ᠎ᠠ ᠠᠴᠠ ᠪᠠᠶᠢᠴᠠᠭᠠᠬᠤ ᠠᠵᠢᠯᠲᠠᠳ ᠢ ᠲᠠᠰᠢᠷᠠᠮ ᠳᠠᠭᠠᠤ ᠰᠤᠭᠤᠴᠢᠨ ᠠᠪᠴᠤ᠂ ᠬᠤᠶᠠᠭᠤᠯᠠ ᠶᠢ | ᠲᠠᠰᠢᠷᠠᠮ ᠳᠠᠭᠠᠤ ᠲᠣᠬᠢᠷᠠᠯᠴᠠᠭᠤᠯᠤᠭᠰᠠᠨ ᠨᠢ᠂ ︽ᠨᠠᠶᠢᠷ ᠲᠠᠯ᠎ᠠ︾ ᠬᠠᠷᠠᠵᠤ ᠬᠠᠤᠯᠢ ᠬᠡᠷᠡᠭᠵᠢᠭᠦᠯᠬᠦ ᠪᠠ ︽ᠳᠤᠷ᠎ᠠ | ᠵᠣᠷᠢᠭ︾ ᠢᠶᠠᠷ ᠢᠶᠠᠨ ᠬᠠᠤᠯᠢ ᠬᠡᠷᠡᠭᠵᠢᠭᠦᠯᠬᠦ ᠠᠰᠠᠭᠤᠳᠠᠯ ᠠᠴᠠ ᠵᠠᠶᠢᠯᠠᠰᠬᠢᠵᠠᠢ᠃ 2017 ᠣᠨ ᠳᠤ᠂ ᠪᠦᠬᠦ | ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠢᠰᠲ᠋ᠧᠮ ᠠᠴᠠ 56 ᠤᠳᠠᠭ᠎ᠠ ︽ᠬᠤᠶᠠᠷ ᠢ | ᠲᠠᠰᠢᠷᠠᠮ ᠢᠶᠠᠷ ᠭᠦᠢᠴᠡᠳᠬᠡᠬᠦ︾ ᠮᠠᠶ᠋ᠢᠭ ᠤᠨ ᠰᠤᠭᠤᠴᠢᠨ ᠪᠠᠶᠢᠴᠠᠭᠠᠯᠲᠠ ᠶᠢ ᠥᠷᠨᠢᠭᠦᠯᠦᠨ᠂ ᠬᠠᠤᠯᠢ ᠬᠡᠷᠡᠭᠵᠢᠭᠦᠯᠬᠦ | ᠠᠵᠢᠯᠲᠠᠳ ᠢᠶᠠᠨ 540 ᠬᠥᠮᠥᠨ ᠤᠳᠠᠭ᠎ᠠ ᠳᠠᠶᠢᠴᠢᠯᠠᠵᠤ᠂ 4382 ᠡᠷᠦᠬᠡ ᠵᠠᠬ᠎ᠠ ᠳᠡᠯᠭᠡᠭᠦᠷ ᠤᠨ ᠭᠤᠣᠯ | ᠴᠣᠭᠴᠠ ᠶᠢ ᠪᠠᠶᠢᠴᠠᠭᠠᠨ᠂ ︽ᠬᠤᠶᠠᠷ ᠢ ᠲᠠᠰᠢᠷᠠᠮ ᠢᠶᠠᠷ ᠭᠦᠢᠴᠡᠳᠬᠡᠬᠦ︾ ᠮᠠᠶ᠋ᠢᠭ ᠢᠶᠠᠷ ᠰᠤᠭᠤᠴᠢᠨ ᠪᠠᠶᠢᠴᠠᠭᠠᠭᠰᠠᠨ | ᠮᠡᠳᠡᠭᠡ ᠵᠠᠩᠭᠢ ᠶᠢ ᠨᠡᠶᠢᠲᠡ ᠳᠤ ᠵᠠᠷᠯᠠᠭᠰᠠᠨ ᠨᠣᠷᠮ᠎ᠠ ᠨᠢ 100% ᠳᠤ ᠬᠦᠷᠴᠦ᠂ ᠵᠠᠰᠠᠭ ᠵᠠᠬᠢᠷᠭᠠᠨ ᠤ ᠬᠠᠤᠯᠢ | ᠬᠡᠷᠡᠭᠵᠢᠭᠦᠯᠦᠯᠲᠡ ᠶᠢ ᠵᠣᠬᠢᠶᠠᠨ ᠪᠠᠶᠢᠭᠤᠯᠬᠤ ᠠᠴᠠ ᠦᠷ᠎ᠡ ᠳ᠋ᠦᠩ ᠳᠤ ᠬᠦᠷᠲᠡᠯ᠎ᠡ ᠪᠦᠬᠦᠨ ᠢ ᠰᠦᠯᠵᠢᠶ᠎ᠡ ᠪᠠᠷ | ᠳᠠᠮᠵᠢᠭᠤᠯᠤᠨ ᠢᠯᠡ ᠪᠠᠷ ᠠᠵᠢᠯᠯᠠᠭᠤᠯᠵᠤ᠂ ᠬᠠᠤᠯᠢ ᠬᠡᠷᠡᠭᠵᠢᠭᠦᠯᠬᠦ ᠳᠤ ᠲᠥᠪ ᠭᠤᠣᠯᠴᠢ ᠪᠠᠶᠢᠬᠤ ᠶᠢ ᠪᠦᠲᠦᠮᠵᠢᠲᠡᠢ | ᠪᠠᠲᠤᠯᠠᠵᠠᠢ᠃ | ᠬᠥᠲᠥᠯᠥᠭᠴᠢ᠄ | ᠡᠶᠢᠮᠦᠷᠬᠦᠦ ᠪᠦᠲᠦᠮᠵᠢᠲᠡᠢ ᠠᠵᠢᠯ ᠤᠨ ᠠᠷᠭ᠎ᠠ ᠬᠡᠯᠪᠡᠷᠢ ᠶᠢ ᠪᠤᠰᠤᠳ ᠬᠢᠨᠠᠯᠲᠠ ᠬᠠᠮᠢᠶᠠᠷᠤᠯᠲᠠ ᠶᠢᠨ ᠰᠠᠯᠠᠭ᠎ᠠ | ᠮᠥᠴᠢᠷ ᠲᠤ ᠳᠡᠯᠭᠡᠷᠡᠭᠦᠯᠵᠦ ᠪᠣᠯᠣᠨ᠎ᠠ ᠦᠦ︖ | ᠵᠠᠩ ᠴᠢ ᠵᠢᠶᠦ᠋ᠨ᠄ | ︽ᠬᠤᠶᠠᠷ ᠢ ᠲᠠᠰᠢᠷᠠᠮ ᠢᠶᠠᠷ ᠭᠦᠢᠴᠡᠳᠬᠡᠬᠦ︾ ᠮᠠᠶ᠋ᠢᠭ ᠢᠶᠠᠷ ᠰᠤᠭᠤᠴᠢᠨ ᠪᠠᠶᠢᠴᠠᠭᠠᠬᠤ ᠠᠵᠢᠯ ᠢ ᠨᠢᠭᠡᠨᠲᠡ | ᠬᠥᠯᠥᠨ ᠪᠣᠶᠢᠷ ᠬᠤᠲᠠ ᠳᠤ ᠪᠦᠬᠦ ᠲᠠᠯ᠎ᠠ ᠪᠠᠷ ᠳᠡᠯᠭᠡᠷᠡᠭᠦᠯᠪᠡ᠃ ᠬᠤᠲᠠ ᠶᠢᠨ ᠵᠠᠰᠠᠭ ᠤᠨ ᠣᠷᠳᠣᠨ ᠤ ᠨᠢᠭᠡᠳᠦᠯᠲᠡᠢ | ᠤᠳᠤᠷᠢᠳᠤᠯᠭ᠎ᠠ ᠪᠠ ᠵᠣᠬᠢᠴᠠᠭᠤᠯᠭ᠎ᠠ ᠳᠣᠣᠷ᠎ᠠ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ | ᠮᠥᠴᠢᠷ ᠠᠴᠠ ᠰᠦᠯᠵᠢᠶᠡᠨ ᠤ ᠮᠡᠷᠭᠡᠵᠢᠯ ᠤᠨ ᠬᠦᠴᠢᠷ ᠠᠰᠠᠭᠤᠳᠠᠯ ᠢ ᠴᠢᠷᠮᠠᠶᠢᠨ ᠰᠢᠪᠲᠤᠯᠵᠤ ᠰᠢᠢᠳᠪᠦᠷᠢᠯᠡᠨ᠂ ᠪᠦᠬᠦ | ᠣᠷᠣᠨ ᠳᠤ ᠤᠷᠢᠳ ᠢᠶᠠᠷ ᠰᠠᠯᠠᠭ᠎ᠠ ᠮᠥᠴᠢᠷ ᠠᠯᠤᠰᠯᠠᠭᠰᠠᠨ ︽ᠬᠤᠶᠠᠷ ᠢ ᠲᠠᠰᠢᠷᠠᠮ ᠢᠶᠠᠷ ᠭᠦᠢᠴᠡᠳᠬᠡᠬᠦ︾ | ᠮᠠᠶ᠋ᠢᠭ ᠤᠨ ᠬᠤᠯᠪᠣᠭᠠᠯᠠᠭᠰᠠᠨ ᠰᠤᠭᠤᠴᠢᠨ ᠪᠠᠶᠢᠴᠠᠭᠠᠯᠲᠠ ᠶᠢ ᠥᠷᠨᠢᠭᠦᠯᠪᠡ᠃ 2017 ᠣᠨ ᠳᠤ᠂ ᠵᠠᠬ᠎ᠠ | ᠳᠡᠯᠭᠡᠭᠦᠷ ᠤᠨ ᠬᠢᠨᠠᠯᠲᠠ ᠪᠠᠶᠢᠴᠠᠭᠠᠯᠲᠠ ᠶᠢᠨ ᠰᠠᠯᠠᠭ᠎ᠠ ᠮᠥᠴᠢᠷ ᠠᠴᠠ ᠤᠷᠢᠳ ᠬᠤᠵᠢᠳ ᠢᠳᠡᠭᠡᠨ ᠪᠠ ᠡᠮ ᠤᠨ | ᠵᠦᠢᠯ᠂ ᠠᠮᠤ ᠪᠤᠳᠠᠭ᠎ᠠ ᠵᠡᠷᠭᠡ ᠰᠠᠯᠠᠭ᠎ᠠ ᠮᠥᠴᠢᠷ ᠲᠠᠢ ᠬᠠᠮᠲᠤ ᠪᠠᠷ 13 ᠤᠳᠠᠭᠠᠨ ᠤ ᠬᠤᠯᠪᠣᠭᠠᠯᠠᠭᠰᠠᠨ ᠰᠤᠭᠤᠴᠢᠨ | ᠪᠠᠶᠢᠴᠠᠭᠠᠯᠲᠠ ᠶᠢ ᠥᠷᠨᠢᠭᠦᠯᠦᠨ᠂ ᠬᠠᠤᠯᠢ ᠬᠡᠷᠡᠭᠵᠢᠭᠦᠯᠬᠦ ᠠᠵᠢᠯᠲᠠᠳ ᠢᠶᠠᠨ 68 ᠬᠥᠮᠥᠨ ᠤᠳᠠᠭ᠎ᠠ ᠳᠠᠶᠢᠴᠢᠯᠠᠵᠤ᠂ | 151 ᠡᠷᠦᠬᠡ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠪᠠᠶᠢᠴᠠᠭᠠᠵᠤ᠂ ᠨᠢᠭᠡ ᠵᠠᠬ᠎ᠠ ᠳᠡᠯᠭᠡᠭᠦᠷ ᠤᠨ ᠭᠤᠣᠯ | ᠴᠣᠭᠴᠠ ᠶᠢᠨ ᠣᠯᠠᠨ ᠲᠠᠯ᠎ᠠ ᠪᠠᠷ ᠪᠠᠶᠢᠴᠠᠭᠠᠬᠤ ᠵᠦᠢᠯᠡᠰ ᠲᠤ ︽ᠨᠢᠭᠡ ᠤᠳᠠᠭ᠎ᠠ ᠰᠤᠭᠤᠴᠢᠨ ᠪᠠᠶᠢᠴᠠᠭᠠᠬᠤ᠂ ᠪᠦᠬᠦ | ᠲᠠᠯ᠎ᠠ ᠪᠠᠷ ᠪᠡᠶ᠎ᠡ ᠶᠢᠨ ᠪᠠᠶᠢᠴᠠᠭᠠᠯᠲᠠ ᠬᠢᠬᠦ᠂ ᠶᠡᠷᠦᠩᠬᠡᠶᠢᠯᠡᠵᠦ ᠬᠠᠮᠲᠤᠷᠠᠨ ᠣᠨᠣᠰᠢᠯᠠᠬᠤ᠂ ᠣᠨᠣᠴᠢᠲᠠᠢ ᠪᠠᠷ | ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ︾ ᠶᠢ ᠪᠡᠶᠡᠯᠡᠭᠦᠯᠦᠨ᠂ ᠵᠠᠰᠠᠭ ᠵᠠᠬᠢᠷᠭᠠᠨ ᠤ ᠪᠠᠶᠢᠴᠠᠭᠠᠯᠲᠠ ᠶᠢᠨ | ᠦᠢᠯᠡᠳᠪᠦᠷᠢᠯᠡᠯ ᠡᠵᠡᠩᠨᠡᠯᠲᠡ ᠶᠢᠨ ᠠᠵᠢᠯᠯᠠᠭ᠎ᠠ ᠳᠠᠬᠢ ᠨᠥᠯᠥᠭᠡ ᠰᠠᠭᠠᠳ ᠢ ᠪᠠᠭᠠᠰᠬᠠᠭᠰᠠᠨ ᠢᠶᠠᠷ ᠪᠠᠷᠠᠬᠤ ᠦᠭᠡᠢ᠂ ︽ | ᠨᠢᠭᠡ ᠬᠡᠷᠡᠭ ᠢ ᠪᠠᠶᠢᠴᠠᠭᠠᠨ ᠰᠢᠢᠳᠪᠦᠷᠢᠯᠡᠵᠦ᠂ ᠨᠢᠭᠡ ᠠᠵᠢᠯ ᠲᠥᠷᠥᠯ ᠢ ᠵᠢᠷᠤᠮᠵᠢᠭᠤᠯᠬᠤ︾ ᠬᠠᠷᠠᠯᠲᠠ ᠳᠤ ᠪᠠᠨ | ᠬᠦᠷᠴᠡᠢ᠃ | ᠬᠥᠲᠥᠯᠥᠭᠴᠢ᠄ | ᠡᠶᠢᠮᠦᠷᠬᠦᠦ ᠪᠠᠶᠢᠴᠠᠭᠠᠯᠲᠠ ᠶᠢᠨ ᠠᠷᠭ᠎ᠠ ᠬᠡᠯᠪᠡᠷᠢ ᠨᠢ ᠠᠷᠠᠳ ᠲᠦᠮᠡᠨ ᠤ ᠲᠤᠰᠬᠠᠯ ᠴᠢᠩᠭ᠎ᠠ ᠪᠠᠶᠢᠭ᠎ᠠ ᠣᠯᠠᠨ | ᠲᠠᠯ᠎ᠠ ᠳᠤ ᠬᠠᠤᠯᠢ ᠬᠡᠷᠡᠭᠵᠢᠭᠦᠯᠬᠦ᠂ ᠳᠠᠪᠬᠤᠷᠳᠠᠭᠤᠯᠤᠨ ᠬᠠᠤᠯᠢ ᠬᠡᠷᠡᠭᠵᠢᠭᠦᠯᠬᠦ ᠠᠰᠠᠭᠤᠳᠠᠯ ᠢ ᠰᠢᠢᠳᠪᠦᠷᠢᠯᠡᠭᠰᠡᠨ ᠢᠶᠠᠷ | ᠪᠠᠷᠠᠬᠤ ᠦᠭᠡᠢ᠂ ᠵᠠᠰᠠᠭ ᠤᠨ ᠣᠷᠳᠣᠨ ᠤ ᠰᠠᠯᠠᠭ᠎ᠠ ᠮᠥᠴᠢᠷ ᠤᠳ ᠤᠨ ᠶᠡᠷᠦᠩᠬᠡᠶᠢᠯᠡᠨ ᠵᠠᠰᠠᠯᠲᠠ ᠬᠢᠬᠦ ᠴᠢᠳᠠᠪᠤᠷᠢ ᠶᠢ | ᠳᠡᠭᠡᠭᠰᠢᠯᠡᠭᠦᠯᠦᠭᠰᠡᠨ᠂ ᠦᠨᠡᠨ ᠬᠦ ᠨᠢᠭᠡᠨ ᠣᠯᠠᠨ ᠲᠠᠯ᠎ᠠ ᠶᠢᠨ ᠠᠰᠢᠭ ᠲᠤᠰᠠ ᠲᠠᠢ ᠠᠷᠭ᠎ᠠ ᠬᠡᠯᠪᠡᠷᠢ ᠮᠥᠨ᠃ | ᠵᠠᠩ ᠴᠢ ᠵᠢᠶᠦ᠋ᠨ᠄ | ᠲᠡᠶᠢᠮᠦ ᠪᠠᠶᠢᠨ᠎ᠠ᠃ ᠡᠶᠢᠮᠦᠷᠬᠦᠦ ᠦᠢᠯᠡᠳᠦᠯᠭᠡ ᠶᠢᠨ ᠰᠦᠪᠡᠭᠴᠢᠯᠡᠯᠲᠡ ᠪᠠᠰᠠ ᠮᠠᠰᠢ ᠣᠯᠠᠨ ᠪᠣᠢ᠃ | ᠵᠢᠱᠢᠶᠡᠯᠡᠪᠡᠯ᠂ ᠬᠥᠯᠥᠨ ᠪᠣᠶᠢᠷ ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ | ᠮᠥᠴᠢᠷ ᠠᠴᠠ 2015 ᠣᠨ ᠳᠤ ᠶᠡᠷᠦᠩᠬᠡᠶᠢᠯᠡᠨ ᠬᠠᠤᠯᠢ ᠬᠡᠷᠡᠭᠵᠢᠭᠦᠯᠬᠦ ᠲᠣᠭᠲᠠᠴᠠ ᠶᠢᠨ ᠭᠤᠣᠯ ᠪᠣᠯᠬᠤ ᠭᠤᠷᠪᠠᠨ | ᠲᠥᠰᠥᠪ ᠢ ᠰᠦᠪᠡᠭᠴᠢᠯᠡᠨ ᠪᠠᠶᠢᠭᠤᠯᠵᠠᠢ᠃ ᠨᠢᠭᠡ ᠳᠤ᠂ ᠶᠡᠷᠦᠩᠬᠡᠶᠢᠯᠡᠨ ᠬᠠᠤᠯᠢ ᠬᠡᠷᠡᠭᠵᠢᠭᠦᠯᠬᠦ ᠲᠣᠪᠴᠢᠶ᠎ᠠ ᠶᠢ | ᠪᠠᠶᠢᠭᠤᠯᠤᠨ᠂ ᠣᠷᠣᠨ ᠬᠡᠪᠴᠢᠶ᠎ᠡ ᠠᠯᠤᠰᠯᠠᠭᠰᠠᠨ᠂ ᠱᠠᠲᠤ ᠳᠡᠰ ᠠᠯᠤᠰᠯᠠᠭᠰᠠᠨ᠂ ᠴᠢᠬᠤᠯᠠ ᠶᠡᠭᠡ ᠬᠦᠴᠢᠷ ᠮᠠᠳᠠᠭ | ᠲᠠᠢ ᠬᠡᠷᠡᠭ ᠤᠨ ᠵᠣᠬᠢᠶᠠᠨ ᠪᠠᠶᠢᠭᠤᠯᠬᠤ ᠪᠠ ᠵᠣᠬᠢᠴᠠᠭᠤᠯᠤᠨ ᠪᠠᠶᠢᠴᠠᠭᠠᠬᠤ ᠠᠵᠢᠯ ᠢ ᠬᠠᠷᠢᠭᠤᠴᠠᠭᠤᠯᠪᠠ︔ | ᠬᠤᠶᠠᠷ ᠲᠤ᠂ ᠪᠦᠬᠦ ᠬᠤᠲᠠ ᠶᠢᠨ ᠬᠠᠤᠯᠢ ᠬᠡᠷᠡᠭᠵᠢᠭᠦᠯᠦᠨ ᠬᠡᠷᠡᠭ ᠢ ᠰᠢᠢᠳᠪᠦᠷᠢᠯᠡᠬᠦ 197 ᠬᠥᠮᠥᠨ ᠤ | ᠴᠢᠳᠠᠪᠤᠷᠢᠲᠠᠨ ᠤ ᠬᠥᠮᠥᠷᠭᠡ ᠶᠢ ᠪᠠᠶᠢᠭᠤᠯᠵᠤ᠂ ᠲᠤᠬᠠᠶᠢᠯᠠᠭᠰᠠᠨ ᠠᠵᠢᠯ ᠤᠨ ᠬᠤᠪᠢᠶᠠᠷᠢᠯᠠᠯ᠂ ᠡᠭᠦᠷᠭᠡ ᠲᠤᠰᠢᠶᠠᠯ ᠤᠨ | ᠳᠡᠰ ᠢᠯᠭᠠᠯ ᠪᠠ ᠣᠷᠣᠨ ᠬᠡᠪᠴᠢᠶᠡᠨ ᠤ ᠬᠢᠵᠠᠭᠠᠷᠯᠠᠯ ᠢ ᠡᠪᠳᠡᠵᠦ᠂ ᠨᠢᠭᠡᠳᠦᠯᠲᠡᠢ ᠪᠠᠷ ᠲᠣᠬᠢᠷᠠᠭᠤᠯᠤᠨ | ᠵᠣᠬᠢᠴᠠᠭᠤᠯᠬᠤ ᠪᠠ ᠲᠥᠪᠯᠡᠷᠡᠭᠦᠯᠦᠨ ᠬᠤᠯᠪᠣᠭᠠᠯᠠᠵᠤ ᠬᠠᠤᠯᠢ ᠬᠡᠷᠡᠭᠵᠢᠭᠦᠯᠪᠡ ︔ ᠭᠤᠷᠪᠠ ᠳᠤ᠂ ᠬᠠᠤᠯᠢ | ᠬᠡᠷᠡᠭᠵᠢᠭᠦᠯᠬᠦ 100 ᠭᠠᠷᠤᠢ ᠵᠦᠢᠯ ᠤᠨ ᠪᠢᠴᠢᠭ ᠢ ᠨᠢᠭᠡᠳᠬᠡᠵᠦ᠂ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠬᠠᠤᠯᠢ ᠶᠢ ᠬᠡᠷᠡᠭᠵᠢᠭᠦᠯᠬᠦ ᠶᠢᠨ ᠡᠷᠬᠡ ᠰᠦᠷᠲᠦ ᠴᠢᠨᠠᠷ ᠪᠠ ᠲᠥᠪ ᠴᠢᠩᠭ᠎ᠠ ᠴᠢᠨᠠᠷ ᠢ | ᠬᠠᠮᠠᠭᠠᠯᠠᠪᠠ᠃ ᠭᠤᠷᠪᠠᠨ ᠵᠢᠯ ᠤᠨ ᠲᠤᠷᠰᠢ᠂ ᠶᠡᠷᠦᠩᠬᠡᠶᠢᠯᠡᠨ ᠬᠠᠤᠯᠢ ᠬᠡᠷᠡᠭᠵᠢᠭᠦᠯᠬᠦ ᠲᠣᠭᠲᠠᠴᠠ ᠨᠢ ᠪᠦᠬᠦ | ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠲᠠᠯᠪᠢᠵᠤ ᠬᠠᠮᠢᠶᠠᠷᠬᠤ ᠦᠷ᠎ᠡ ᠪᠦᠲᠦᠮᠵᠢ ᠶᠢ ᠳᠡᠭᠡᠭᠰᠢᠯᠡᠭᠦᠯᠬᠦ | ᠲᠠᠯ᠎ᠠ ᠪᠠᠷ ᠴᠢᠬᠤᠯᠠ ᠦᠢᠯᠡᠳᠦᠯ ᠦᠵᠡᠭᠦᠯᠪᠡ᠃ ᠡᠮᠦᠨᠡᠬᠡᠨ᠂ ᠨᠠᠮ ᠤᠨ ᠠᠷᠪᠠ ᠶᠢᠰᠦᠳᠦᠭᠡᠷ ᠬᠤᠭᠤᠴᠠᠭᠠᠨ ᠤ | ᠭᠤᠷᠪᠠᠳᠤᠭᠠᠷ ᠪᠦᠭᠦᠳᠡ ᠬᠤᠷᠠᠯ ᠠᠴᠠ ︽ᠨᠠᠮ ᠪᠠ ᠤᠯᠤᠰ ᠤᠨ ᠪᠠᠶᠢᠭᠤᠯᠤᠮᠵᠢ ᠶᠢᠨ ᠥᠭᠡᠷᠡᠴᠢᠯᠡᠯᠲᠡ ᠶᠢ | ᠭᠦᠨᠵᠡᠭᠡᠶᠢᠷᠡᠭᠦᠯᠬᠦ ᠲᠤᠬᠠᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠲᠣᠭᠲᠠᠭᠠᠯ︾ ᠢ | ᠬᠢᠨᠠᠨ ᠵᠥᠪᠯᠡᠵᠦ ᠪᠠᠲᠤᠯᠠᠭᠠᠳ ᠂ ︽ᠵᠠᠬ᠎ᠠ ᠳᠡᠯᠭᠡᠭᠦᠷ ᠢ ᠬᠢᠨᠠᠵᠤ ᠬᠠᠮᠢᠶᠠᠷᠬᠤ ᠪᠠ ᠬᠠᠤᠯᠢ ᠬᠡᠷᠡᠭᠵᠢᠭᠦᠯᠬᠦ | ᠪᠠᠶᠢᠭᠤᠯᠤᠯ ᠢ ᠲᠡᠭᠦᠯᠳᠡᠷᠵᠢᠭᠦᠯᠬᠦ︾ ᠠᠵᠢᠯ ᠳᠤ᠂ ︽ᠨᠢᠭᠡ ᠰᠠᠯᠠᠭ᠎ᠠ ᠮᠥᠴᠢᠷ ᠲᠤ ᠣᠯᠠᠨ ᠰᠠᠯᠠᠭ᠎ᠠ ᠬᠠᠤᠯᠢ | ᠬᠡᠷᠡᠭᠵᠢᠭᠦᠯᠬᠦ ᠡᠩᠨᠡᠭᠡ ᠲᠣᠬᠢᠷᠠᠭᠤᠯᠵᠤ ᠪᠠᠶᠢᠭᠰᠠᠨ ᠪᠣᠯ᠂ ᠵᠠᠷᠴᠢᠮ ᠳᠡᠭᠡᠷ᠎ᠡ ᠪᠠᠨ ᠨᠢᠭᠡ ᠰᠠᠯᠠᠭ᠎ᠠ ᠡᠩᠨᠡᠭᠡ ᠪᠣᠯᠭᠠᠨ | ᠨᠡᠶᠢᠯᠡᠭᠦᠯᠦᠨ ᠨᠢᠭᠡᠳᠬᠡᠬᠦ︾ ᠱᠠᠭᠠᠷᠳᠠᠯᠭ᠎ᠠ ᠶᠢ ᠳᠤᠷᠠᠳᠤᠨ ᠭᠠᠷᠭᠠᠪᠠ᠃ ᠳᠠᠷᠠᠭᠠᠴᠢ ᠶᠢᠨ ᠠᠯᠬᠤᠮ ᠳᠤ᠂ ᠬᠥᠯᠥᠨ | ᠪᠣᠶᠢᠷ ᠬᠤᠲᠠ ᠠᠴᠠ ᠦᠷᠭᠦᠯᠵᠢᠯᠡᠨ ᠨᠠᠮ ᠤᠨ ᠲᠥᠪ ᠬᠤᠷᠢᠶ᠎ᠠ ᠶᠢᠨ ᠰᠢᠢᠳᠪᠦᠷᠢᠲᠦ ᠪᠣᠳᠣᠯᠭ᠎ᠠ ᠶᠢᠨ | ᠪᠠᠶᠢᠷᠢᠯᠠᠭᠤᠯᠤᠯᠲᠠ ᠶᠢ ᠬᠢᠨᠠᠮᠠᠭᠠᠢ ᠨᠠᠶᠢᠳᠠᠪᠤᠷᠢᠵᠢᠭᠤᠯᠤᠨ᠂ ᠵᠠᠬ᠎ᠠ ᠳᠡᠯᠭᠡᠭᠦᠷ ᠢ ᠬᠢᠨᠠᠨ ᠬᠠᠮᠢᠶᠠᠷᠬᠤ ︽ᠬᠠᠤᠯᠢ | ᠬᠡᠷᠡᠭᠵᠢᠭᠦᠯᠵᠦ ᠬᠡᠷᠡᠭ ᠢ ᠰᠢᠢᠳᠪᠦᠷᠢᠯᠡᠬᠦ ᠴᠢᠳᠠᠪᠤᠷᠢᠲᠠᠳ ᠤᠨ ᠬᠥᠮᠥᠷᠭᠡ︾᠂ ︽ᠲᠤᠰᠬᠠᠢ ᠮᠡᠷᠭᠡᠵᠢᠯᠲᠡᠳ ᠤᠨ | ᠬᠥᠮᠥᠷᠭᠡ︾ ᠶᠢ ᠪᠠᠶᠢᠭᠤᠯᠬᠤ ᠵᠡᠷᠭᠡ ᠠᠷᠭ᠎ᠠ ᠬᠡᠮᠵᠢᠶ᠎ᠡ ᠪᠠᠷ ᠳᠠᠮᠵᠢᠭᠤᠯᠵᠤ᠂ ᠶᠡᠷᠦᠩᠬᠡᠶᠢᠯᠡᠨ ᠬᠠᠤᠯᠢ ᠬᠡᠷᠡᠭᠵᠢᠭᠦᠯᠬᠦ | ᠲᠣᠭᠲᠠᠴᠠ ᠶᠢ ᠰᠢᠨᠵᠢᠯᠡᠬᠦ ᠤᠬᠠᠭᠠᠨᠴᠢ ᠴᠢᠨᠠᠷ᠂ ᠵᠢᠷᠤᠮᠵᠢᠯ ᠴᠢᠨᠠᠷ᠂ ᠪᠦᠲᠦᠮᠵᠢᠲᠡᠢ ᠴᠢᠨᠠᠷ ᠤᠨ ᠲᠠᠯ᠎ᠠ ᠪᠠᠷ ᠳᠠᠬᠢᠨ | ᠰᠢᠨ᠎ᠡ ᠨᠢᠭᠡ ᠳᠡᠭᠲᠡᠷ ᠲᠤ ᠭᠠᠷᠭᠠᠨ᠎ᠠ᠃ | ᠬᠥᠲᠥᠯᠥᠭᠴᠢ᠄ | ᠪᠢᠳᠡ ᠰᠠᠶ᠋ᠢᠬᠠᠨ ᠶᠠᠷᠢᠭᠰᠠᠨ ᠮᠡᠲᠦ ᠪᠠᠷ᠂ ᠠᠵᠤ ᠠᠬᠤᠶᠢᠯᠠᠯ ᠠᠴᠠ ᠣᠨ ᠤ ᠮᠡᠳᠡᠭᠦᠯᠦᠯᠲᠡ ᠶᠢᠨ ᠮᠡᠳᠡᠭᠡ | ᠵᠠᠩᠭᠢ ᠪᠠᠨ ᠨᠡᠶᠢᠲᠡ ᠳᠤ ᠵᠠᠷᠯᠠᠨ᠂ ᠵᠠᠰᠠᠭ ᠵᠠᠬᠢᠷᠭᠠᠨ ᠤ ᠰᠠᠯᠠᠭ᠎ᠠ ᠮᠥᠴᠢᠷ ᠠᠴᠠ ᠵᠥᠪᠰᠢᠶᠡᠷᠡᠯ ᠪᠠ ᠰᠢᠢᠳᠬᠡᠯ | ᠲᠣᠷᠭᠠᠭᠤᠯᠢ ᠶᠢᠨ ᠮᠡᠳᠡᠭᠡ ᠵᠠᠩᠭᠢ ᠪᠠᠨ ᠨᠡᠶᠢᠲᠡ ᠳᠤ ᠵᠠᠷᠯᠠᠬᠤ ᠬᠡᠷᠡᠭᠲᠡᠢ᠃ ᠲᠡᠭᠡᠪᠡᠯ ᠮᠡᠳᠡᠭᠡ ᠵᠠᠩᠭᠢ ᠶᠢ ᠨᠡᠶᠢᠲᠡ ᠳᠤ | ᠵᠠᠷᠯᠠᠭᠰᠠᠨ ᠤ ᠳᠠᠷᠠᠭ᠎ᠠ᠂ ᠵᠠᠰᠠᠭ ᠤᠨ ᠣᠷᠳᠣᠨ ᠤ ᠰᠠᠯᠠᠭ᠎ᠠ ᠮᠥᠴᠢᠷ ᠠᠴᠠ ᠡᠳᠡᠭᠡᠷ ᠮᠡᠳᠡᠭᠡ ᠵᠠᠩᠭᠢ ᠶᠢ ᠬᠡᠷᠬᠢᠨ | ᠬᠡᠷᠡᠭᠯᠡᠵᠦ ᠠᠵᠢᠯ ᠶᠠᠪᠤᠳᠠᠯ ᠤᠨ ᠳᠤᠮᠳᠠᠬᠢ ᠪᠠ ᠠᠵᠢᠯ ᠶᠠᠪᠤᠳᠠᠯ ᠤᠨ ᠳᠠᠷᠠᠭᠠᠬᠢ ᠬᠢᠨᠠᠯᠲᠠ ᠬᠠᠮᠢᠶᠠᠷᠤᠯᠲᠠ ᠶᠢ | ᠥᠷᠨᠢᠭᠦᠯᠬᠦ ᠪᠣᠢ︖ | ᠵᠠᠩ ᠴᠢ ᠵᠢᠶᠦ᠋ᠨ᠄ | ᠠᠵᠤ ᠠᠬᠤᠶᠢᠯᠠᠯ ᠠᠴᠠ ᠮᠡᠳᠡᠭᠡ ᠵᠠᠩᠭᠢ ᠪᠠᠨ ᠨᠡᠶᠢᠲᠡ ᠳᠤ ᠵᠠᠷᠯᠠᠬᠤ ᠪᠣᠯ ᠦᠨᠡᠨᠴᠢ ᠢᠲᠡᠭᠡᠮᠵᠢ ᠶᠢᠨ | ᠪᠠᠶᠢᠭᠤᠯᠤᠯᠲᠠ ᠶᠢ ᠠᠬᠢᠭᠤᠯᠬᠤ ᠶᠢᠨ ᠨᠡᠶᠢᠭᠡᠮ ᠤᠨ ᠰᠠᠭᠤᠷᠢ᠂ ᠮᠥᠨ ᠴᠤ ᠠᠵᠢᠯ ᠶᠠᠪᠤᠳᠠᠯ ᠤᠨ ᠳᠤᠮᠳᠠᠬᠢ ᠪᠠ ᠠᠵᠢᠯ | ᠶᠠᠪᠤᠳᠠᠯ ᠤᠨ ᠳᠠᠷᠠᠭᠠᠬᠢ ᠬᠢᠨᠠᠯᠲᠠ ᠬᠠᠮᠢᠶᠠᠷᠤᠯᠲᠠ ᠶᠢᠨ ᠴᠢᠬᠤᠯᠠ ᠦᠨᠳᠦᠰᠦᠯᠡᠯ ᠪᠣᠯᠣᠨ᠎ᠠ᠃ 2017 ᠣᠨ ᠤ 12 | ᠳ᠋ᠤᠭᠠᠷ ᠰᠠᠷ᠎ᠠ ᠳᠤ᠂ ᠬᠥᠯᠥᠨ ᠪᠣᠶᠢᠷ ᠬᠤᠲᠠ ᠶᠢᠨ ᠵᠠᠰᠠᠭ ᠤᠨ ᠣᠷᠳᠣᠨ ᠠᠴᠠ ︽ᠬᠥᠯᠥᠨ ᠪᠣᠶᠢᠷ ᠬᠤᠲᠠ ᠶᠢᠨ | ᠢᠲᠡᠭᠡᠮᠵᠢ ᠠᠯᠳᠠᠭᠰᠠᠨ ᠠᠵᠤ ᠠᠬᠤᠶᠢᠯᠠᠯ ᠢ ᠬᠤᠯᠪᠣᠭᠠᠯᠠᠵᠤ ᠵᠠᠯᠬᠠᠭᠠᠨ ᠰᠢᠢᠳᠬᠡᠬᠦ ᠬᠠᠮᠲᠤᠷᠠᠯᠴᠠᠭᠠᠨ ᠤ | ᠰᠠᠨᠠᠭᠤᠯᠤᠮᠵᠢ︾ ᠶᠢ ᠲᠠᠷᠬᠠᠭᠠᠵᠤ᠂ ᠬᠤᠲᠠ ᠶᠢᠨ ᠵᠠᠰᠠᠭ ᠤᠨ ᠣᠷᠳᠣᠨ ᠠᠴᠠ ᠬᠤᠲᠠ ᠶᠢᠨ ᠰᠢᠭᠤᠳ ᠬᠠᠷᠢᠶ᠎ᠠ 36 | ᠰᠠᠯᠠᠭ᠎ᠠ ᠮᠥᠴᠢᠷ ᠲᠠᠢ ︽ᠠᠵᠤ ᠠᠬᠤᠶᠢᠯᠠᠯ ᠤᠨ ᠢᠲᠡᠭᠡᠮᠵᠢ ᠶᠢᠨ ᠮᠡᠳᠡᠭᠡ ᠵᠠᠩᠭᠢ ᠶᠢ ᠬᠠᠮᠲᠤ ᠳᠤ ᠪᠠᠨ ᠬᠦᠷᠲᠡᠬᠦ | ᠬᠢᠭᠡᠳ ᠬᠤᠯᠪᠣᠭᠠᠯᠠᠵᠤ ᠵᠠᠯᠬᠠᠭᠠᠨ ᠰᠢᠢᠳᠬᠡᠬᠦ ᠬᠠᠮᠲᠤᠷᠠᠯᠴᠠᠭᠠᠨ ᠤ ᠰᠠᠨᠠᠭᠤᠯᠤᠮᠵᠢ︾ ᠶᠢ ᠲᠣᠭᠲᠠᠭᠠᠭᠰᠠᠨ ᠤ ᠬᠠᠮᠲᠤ᠂ | ᠤᠯᠤᠰ ᠤᠨ ᠠᠵᠤ ᠠᠬᠤᠶᠢᠯᠠᠯ ᠤᠨ ᠢᠲᠡᠭᠡᠮᠵᠢ ᠶᠢᠨ ᠮᠡᠳᠡᠭᠡ ᠵᠠᠩᠭᠢ ᠶᠢᠨ ᠨᠡᠶᠢᠲᠡ ᠳᠤ ᠵᠠᠷᠯᠠᠬᠤ ᠰᠢᠰᠲ᠋ᠧᠮ ︵ | ᠥᠪᠥᠷ ᠮᠣᠩᠭᠤᠯ︶ — ᠰᠠᠯᠠᠭ᠎ᠠ ᠮᠥᠴᠢᠷ ᠤᠳ ᠤᠨ ᠬᠤᠭᠤᠷᠣᠨᠳᠤ ᠪᠠᠨ ᠬᠠᠮᠵᠢᠯᠴᠠᠵᠤ ᠬᠢᠨᠠᠨ ᠬᠠᠮᠢᠶᠠᠷᠬᠤ | ᠲᠠᠪᠴᠠᠩ ᠳᠡᠭᠡᠷ᠎ᠡ ᠨᠡᠶᠢᠲᠡ ᠳᠤ ᠵᠠᠷᠯᠠᠭᠰᠠᠨ ᠠᠵᠤ ᠠᠬᠤᠶᠢᠯᠠᠯ ᠳᠤ ᠬᠤᠯᠪᠣᠭᠳᠠᠬᠤ ᠮᠡᠳᠡᠭᠡ ᠵᠠᠩᠭᠢ ᠳᠤ ᠲᠦᠰᠢᠭᠯᠡᠨ᠂ | ᠠᠵᠢᠯ ᠲᠥᠷᠥᠯ ᠤᠨ ᠨᠡᠶᠢᠭᠡᠮᠯᠢᠭ᠂ ᠨᠡᠶᠢᠭᠡᠮ ᠤᠨ ᠵᠣᠬᠢᠶᠠᠨ ᠪᠠᠶᠢᠭᠤᠯᠤᠯᠲᠠ᠂ ᠵᠠᠭᠤᠴᠢᠯᠠᠭᠤᠷ᠂ ᠢᠨᠲ᠋ᠧᠷ | ᠰᠦᠯᠵᠢᠶᠡᠨ ᠤ ᠲᠠᠪᠴᠠᠩ ᠵᠡᠷᠭᠡ ᠯᠦᠭᠡ ᠶᠢᠨ ᠮᠡᠳᠡᠭᠡ ᠵᠠᠩᠭᠢ ᠶᠢᠨ ᠬᠠᠮᠵᠢᠯᠴᠠᠯᠭ᠎ᠠ ᠪᠠᠨ ᠴᠢᠩᠭᠠᠳᠬᠠᠵᠤ᠂ ︽ᠬᠡᠨ | ᠦᠢᠯᠡᠳᠪᠦᠷᠢᠯᠡᠪᠡᠯ᠂ ᠬᠡᠨ ᠨᠡᠶᠢᠲᠡ ᠳᠤ ᠵᠠᠷᠯᠠᠵᠤ᠂ ᠬᠡᠨ ᠬᠠᠷᠢᠭᠤᠴᠠᠬᠤ︾ ᠵᠠᠷᠴᠢᠮ ᠶᠣᠰᠣᠭᠠᠷ᠂ ᠬᠠᠮᠵᠢᠯᠴᠠᠵᠤ | ᠬᠢᠨᠠᠨ ᠬᠠᠮᠢᠶᠠᠷᠬᠤ ᠪᠠ ᠬᠤᠯᠪᠣᠭᠠᠯᠠᠵᠤ ᠵᠠᠯᠬᠠᠭᠠᠨ ᠰᠢᠢᠳᠬᠡᠬᠦ ᠠᠵᠢᠯ ᠢ ᠥᠷᠨᠢᠭᠦᠯᠪᠡ᠃ ᠢᠲᠡᠭᠡᠮᠵᠢ ᠠᠯᠳᠠᠭᠰᠠᠨ | ᠠᠵᠤ ᠠᠬᠤᠶᠢᠯᠠᠯ ᠪᠠ ᠢᠲᠡᠭᠡᠮᠵᠢ ᠠᠯᠳᠠᠭᠰᠠᠨ ᠠᠴᠠ ᠪᠣᠯᠵᠤ ᠰᠢᠢᠳᠬᠡᠭᠳᠡᠭᠰᠡᠨ ᠬᠥᠮᠥᠨ ᠤ ᠵᠠᠰᠠᠭ ᠤᠨ | ᠣᠷᠳᠣᠨ ᠠᠴᠠ ᠬᠤᠳᠠᠯᠳᠤᠨ ᠠᠪᠬᠤ᠂ ᠪᠠᠷᠢᠯᠭ᠎ᠠ ᠶᠢᠨ ᠳᠠᠭᠠᠭᠠᠴᠢᠯᠠᠯᠲᠠ ᠵᠠᠷᠯᠠᠬᠤ ᠪᠠ ᠬᠦᠯᠢᠶᠡᠬᠦ᠂ ᠤᠯᠤᠰ ᠤᠨ | ᠥᠮᠴᠢᠯᠡᠯᠲᠦ ᠭᠠᠵᠠᠷ ᠰᠢᠷᠣᠢ ᠶᠢ ᠬᠢᠮᠳᠠ ᠪᠠᠷ ᠰᠢᠯᠵᠢᠭᠦᠯᠦᠨ ᠬᠤᠳᠠᠯᠳᠤᠬᠤ᠂ ᠢᠷᠠᠭᠤ ᠠᠯᠳᠠᠷ ᠤᠨ ᠴᠣᠯᠠ | ᠣᠯᠭᠤᠬᠤ ᠵᠡᠷᠭᠡ ᠲᠠᠯ᠎ᠠ ᠳᠤ᠂ ᠬᠠᠤᠯᠢ ᠶᠣᠰᠣᠭᠠᠷ ᠬᠢᠵᠠᠭᠠᠷᠯᠠᠯ ᠶᠠᠪᠤᠭᠤᠯᠬᠤ ᠪᠤᠶᠤ ᠣᠷᠣᠬᠤ ᠶᠢ ᠴᠠᠭᠠᠵᠠᠯᠠᠵᠤ᠂ | ᠰᠠᠯᠠᠭ᠎ᠠ ᠮᠥᠴᠢᠷ ᠤᠳ ᠤᠨ ᠬᠠᠮᠵᠢᠯᠴᠠᠵᠤ ᠬᠠᠮᠲᠤᠷᠠᠯᠴᠠᠭᠰᠠᠨ᠂ ᠵᠡᠷᠭᠡ ᠳᠤ ᠨᠢ ᠠᠳᠬᠤᠵᠤ ᠬᠠᠮᠲᠤ ᠪᠠᠷ | ᠬᠠᠮᠢᠶᠠᠷᠤᠭᠰᠠᠨ᠂ ᠬᠤᠯᠪᠣᠭᠠᠯᠠᠵᠤ ᠵᠠᠯᠬᠠᠭᠠᠨ ᠰᠢᠢᠳᠬᠡᠭᠰᠡᠨ ᠠᠵᠤ ᠠᠬᠤᠶᠢᠯᠠᠯ ᠤᠨ ᠢᠲᠡᠭᠡᠮᠵᠢ ᠶᠢᠨ ᠬᠢᠨᠠᠨ | ᠬᠠᠮᠢᠶᠠᠷᠬᠤ ᠰᠢᠨ᠎ᠡ ᠪᠠᠶᠢᠷᠢᠯᠠᠭᠤᠯᠤᠯᠲᠠ ᠶᠢ ᠪᠦᠷᠢᠯᠳᠦᠭᠦᠯᠪᠡ᠃ ᠡᠭᠦᠨ ᠢ ︽ᠨᠢᠭᠡ ᠭᠠᠵᠠᠷ ᠲᠤ ᠬᠠᠤᠯᠢ ᠠᠴᠠ | ᠵᠥᠷᠢᠴᠡᠪᠡᠯ᠂ ᠭᠠᠵᠠᠷ ᠪᠣᠯᠭᠠᠨ ᠳᠤ ᠬᠢᠵᠠᠭᠠᠷᠯᠠᠭᠳᠠᠬᠤ︾ ᠢᠲᠡᠭᠡᠮᠵᠢ ᠠᠯᠳᠠᠭᠰᠠᠨ ᠠᠵᠤ ᠠᠬᠤᠶᠢᠯᠠᠯ ᠢ ᠰᠠᠯᠠᠭ᠎ᠠ | ᠮᠥᠴᠢᠷ ᠠᠯᠤᠰᠯᠠᠨ ᠬᠤᠯᠪᠣᠭᠠᠯᠠᠵᠤ ᠵᠠᠯᠬᠠᠭᠠᠨ ᠰᠢᠢᠳᠬᠡᠬᠦ ᠲᠣᠭᠲᠠᠴᠠ ᠨᠢ ᠨᠢᠭᠡᠨᠲᠡ ᠬᠥᠯᠥᠨ ᠪᠣᠶᠢᠷ ᠬᠤᠲᠠ ᠳᠤ | ᠪᠦᠷᠢᠯᠳᠦᠵᠡᠢ ᠭᠡᠵᠦ ᠬᠡᠯᠡᠵᠦ ᠪᠣᠯᠣᠨ᠎ᠠ᠃ | ᠬᠥᠲᠥᠯᠥᠭᠴᠢ᠄ | ᠰᠠᠶᠢᠨ ᠪᠣᠯᠣᠯ᠎ᠠ᠂ ᠵᠠᠩ ᠬᠤᠲᠠ ᠶᠢᠨ ᠳᠠᠷᠤᠭ᠎ᠠ ᠶᠢᠨ ᠲᠠᠶᠢᠯᠤᠮᠵᠢ ᠳᠤ ᠲᠤᠩ ᠪᠠᠶᠠᠷᠯᠠᠯ᠎ᠠ᠂ ᠴᠠᠭ ᠤᠨ | ᠬᠠᠷᠠᠭ᠎ᠠ ᠠᠴᠠ ᠪᠣᠯᠵᠤ ᠲᠤᠰ ᠬᠤᠭᠤᠴᠠᠭᠠᠨ ᠤ ᠰᠦᠯᠵᠢᠶᠡᠨ ᠤ ᠰᠤᠷᠪᠤᠯᠵᠢᠯᠠᠭ᠎ᠠ ᠠᠳᠡ ᠬᠦᠷᠦᠭᠡᠳ ᠥᠨᠳᠥᠷᠯᠡᠬᠦ | ᠪᠣᠯᠣᠯ᠎ᠠ᠃ ᠵᠠᠩ ᠬᠤᠲᠠ ᠶᠢᠨ ᠳᠠᠷᠤᠭ᠎ᠠ ᠶᠢᠨ ᠮᠠᠨ ᠤ ᠰᠤᠷᠪᠤᠯᠵᠢᠯᠠᠭ᠎ᠠ ᠶᠢᠨ ᠪᠤᠯᠤᠩ ᠳᠤ ᠰᠠᠭᠠᠲᠠᠭᠰᠠᠨ ᠳᠤ | ᠳᠠᠬᠢᠨᠲᠠ ᠪᠠᠶᠠᠷᠯᠠᠵᠤ ᠪᠠᠶᠢᠨ᠎ᠠ᠃ ᠮᠥᠨ ᠰᠦᠯᠵᠢᠶᠡᠨ ᠤ ᠠᠨᠳᠠ ᠨᠠᠷ ᠤᠨ ᠬᠦᠯᠢᠶᠡᠨ ᠠᠪᠴᠤ ᠦᠵᠡᠭᠰᠡᠨ ᠳᠤ | ᠪᠠᠶᠠᠷᠯᠠᠵᠤ ᠪᠠᠶᠢᠨ᠎ᠠ᠃ ᠳᠠᠷᠠᠭᠠᠴᠢ ᠶᠢᠨ ᠬᠤᠭᠤᠴᠠᠭᠠᠨ ᠳᠤ ᠳᠠᠬᠢᠨ ᠵᠣᠯᠭᠠᠶ᠎ᠠ᠂ ᠪᠠᠶᠠᠷᠲᠠᠢ︕ | ᠵᠠᠩ ᠴᠢ ᠵᠢᠶᠦ᠋ᠨ᠄ | ᠪᠢ ᠬᠥᠯᠥᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠡᠮᠦᠨ᠎ᠡ ᠠᠴᠠ ᠮᠠᠨ ᠤ ᠠᠵᠢᠯ ᠢ | ᠶᠡᠷᠦ ᠠᠴᠠ ᠬᠠᠷᠠᠭᠠᠯᠵᠠᠨ ᠳᠡᠮᠵᠢᠭᠰᠡᠭᠡᠷ ᠢᠷᠡᠭᠰᠡᠨ ᠥᠷᠭᠡᠨ ᠣᠯᠠᠨ ᠰᠦᠯᠵᠢᠶᠡᠨ ᠤ ᠠᠨᠳᠠ ᠳᠤ ᠴᠢᠩ | ᠰᠡᠳᠬᠢᠯ ᠠᠴᠠ ᠪᠠᠷ ᠪᠠᠶᠠᠷᠯᠠᠨ ᠲᠠᠯᠠᠷᠬᠠᠵᠤ ᠪᠠᠶᠢᠨ᠎ᠠ᠃ ᠬᠥᠲᠥᠯᠥᠭᠴᠢ ᠪᠠ ᠰᠦᠯᠵᠢᠶᠡᠨ ᠤ ᠠᠨᠳᠠ ᠨᠠᠷ᠂ ᠪᠠᠶᠠᠷᠲᠠᠢ︕ | |