ᠰᠢᠨᠵᠢᠯᠡᠭᠦ ᠤᠬᠠᠭᠠᠨᠳᠠᠳ ᠭᠡᠷᠡᠯ ᠤᠨ ᠵᠤᠷᠪᠤᠰ ᠢ ᠲᠤᠬᠳᠠᠭᠠᠨ ᠬᠠᠳᠠᠭᠠᠯᠠᠬᠤ ᠠᠷᠭ᠎ᠠ ᠶᠢ ᠡᠷᠢᠵᠦ ᠤᠯᠪᠠ
ᠨᠡᠶᠢᠲᠡᠯᠡᠭᠰᠡᠨ ᠴᠠᠭ᠄
2018/11/30

       ᠭᠡᠷᠡᠯ ᠭᠡᠭᠴᠢ ᠪᠤᠯ ᠨᠢᠭᠡ ᠵᠦᠢᠯ ᠤᠨ ᠡᠨᠧᠷᠬᠢ ᠮᠦᠨ᠃ ᠪᠠᠶᠢᠭᠠᠯᠢ ᠶᠢᠷᠳᠢᠨᠴᠦ ᠳᠠᠬᠢ ᠬᠠᠮᠤᠬ ᠤᠨ ᠲᠦᠷᠭᠡᠨ ᠬᠤᠷᠳᠤᠴᠠ ᠲᠠᠢ᠂ ᠬᠦᠮᠦᠨ ᠤ ᠨᠢᠳᠦᠨ ᠳᠤ ᠦᠵᠡᠭᠳᠡᠭᠦ ᠠᠴᠠ ᠪᠢᠰᠢ ᠭᠠᠷ ᠲᠤ ᠪᠠᠷᠢᠬᠳᠠᠬᠤ ᠦᠭᠡᠢ᠂ ᠵᠤᠬᠰᠤᠭᠠᠵᠤ ᠪᠤᠯᠬᠤ ᠦᠭᠡᠢ᠂ ᠬᠠᠳᠠᠭᠠᠯᠠᠵᠤ ᠪᠤᠯᠬᠤ ᠦᠭᠡᠢ ᠰᠤᠨᠢᠬᠠᠨ ᠶᠠᠭᠤᠮ᠎ᠠ ᠮᠦᠨ᠃ ᠭᠡᠷᠡᠯ ᠰᠧᠺᠦ᠋ᠨᠳ᠋ ᠪᠦᠷᠢ 30 ᠲᠦᠮᠡᠨ ᠺᠢᠯᠤᠮᠧᠲᠷ ︵18.6 ᠲᠦᠮᠡᠨ ᠠᠩᠭ᠍ᠯᠢ ᠭᠠᠵᠠᠷ︶ ᠶᠠᠪᠤᠳᠠᠬ᠃ ᠭᠡᠪᠡᠴᠦ ᠭᠡᠷᠡᠯ ᠤᠨ ᠵᠤᠷᠪᠤᠰ ᠨᠢ ᠶᠠᠭᠤᠮ᠎ᠠ ᠲᠡᠭᠡᠷ᠎ᠡ ᠲᠤᠰᠪᠠᠯ ᠮᠤᠷᠦ᠋ᠢᠵᠤ ᠪᠤᠯᠳᠠᠬ ᠪᠦᠭᠡᠳ ᠬᠤᠷᠳᠤᠴᠠ ᠨᠢ ᠤᠳᠠᠭᠠᠰᠢᠷᠠᠳᠠᠬ ᠴᠤ ᠪᠤᠢ᠃ ᠵᠢᠱᠢᠶᠡᠯᠡᠪᠡᠯ ᠤᠰᠤ᠂ ᠰᠢᠯ᠂ ᠪᠤᠯᠤᠷ ᠵᠡᠷᠭᠡ ᠲᠤᠩᠭᠠᠯᠠᠬ ᠪᠤᠳᠠᠰ ᠲᠡᠭᠡᠷ᠎ᠡ ᠲᠤᠰᠪᠠᠯ ᠬᠤᠷᠳᠤᠴᠠ ᠨᠢ ᠪᠠᠭ᠎ᠠ ᠯᠠ ᠤᠳᠠᠭᠠᠰᠢᠷᠠᠳᠠᠬ ᠤᠴᠢᠷ ᠠᠴᠠ ᠭᠡᠷᠡᠯ ᠮᠤᠷᠦ᠋ᠢᠳᠠᠬ᠂ ᠡᠶᠢᠮᠦ ᠠᠴᠠ ᠪᠢᠳᠡ ᠰᠠᠶ᠋ᠢ ᠭᠡᠷᠡᠯ ᠢ ᠲᠦᠪᠯᠡᠷᠡᠭᠦᠯᠦᠨ ᠴᠢᠳᠠᠵᠤ᠂ ᠭᠡᠷᠡᠯ ᠵᠢᠷᠤᠬ ᠠᠪᠴᠤ ᠴᠢᠳᠠᠳᠠᠬ᠃ ᠲᠤᠳᠤᠳᠬᠠᠬᠴᠢ ᠰᠢᠯ ᠵᠢᠴᠢ ᠪᠤᠷᠤᠭᠠᠨ ᠤ ᠲᠠᠷᠠᠭᠠᠬᠢ ᠰᠤᠯᠤᠩᠭ᠎ᠠ ᠵᠡᠷᠭᠡ ᠦᠵᠡᠭᠳᠡᠯ ᠪᠤᠯ ᠪᠦᠷ ᠭᠡᠷᠡᠯ ᠤᠨ ᠤᠢᠢᠯᠳᠠ ᠠᠴᠠ ᠪᠤᠯᠤᠬᠰᠠᠨ ᠶᠤᠮ᠃ ᠰᠢᠯ ᠪᠠ ᠤᠰᠤ ᠨᠢ ᠭᠡᠷᠡᠯ ᠤᠨ ᠬᠤᠷᠳᠤᠴᠠ ᠶᠢ 1/3 ᠬᠤᠪᠢ ᠪᠠᠷ ᠤᠳᠠᠭᠠᠰᠢᠷᠠᠭᠤᠯᠵᠤ ᠴᠢᠳᠠᠨ᠎ᠠ᠃ ᠭᠡᠷᠡᠯ ᠢ ᠨᠡᠩ ᠤᠳᠠᠭᠠᠰᠢᠷᠠᠭᠤᠯᠵᠤ᠂ ᠴᠢᠨᠠᠬᠰᠢᠯᠠᠪᠠᠯ ᠭᠡᠷᠡᠯ ᠢ ᠵᠤᠬᠰᠤᠭᠠᠵᠤ᠂ ᠭᠡᠷᠡᠯ ᠢ ᠬᠤᠷᠢᠶᠠᠵᠤ ᠠᠪᠴᠤ ᠲᠠᠬᠢᠨ ᠲᠠᠯᠪᠢᠵᠤ ᠭᠠᠷᠭᠠᠬᠤ ᠲᠤᠬᠠᠢ ᠲᠤᠷᠰᠢᠯᠳᠠ ᠶᠢ ᠰᠢᠨᠵᠢᠯᠡᠭᠦ ᠤᠬᠠᠭᠠᠨᠳᠠᠳ ᠤᠯᠠᠨᠳᠠ ᠬᠢᠭᠰᠡᠨ ᠪᠤᠯᠪᠠᠴᠤ ᠲᠡᠮᠡᠢ ᠠᠮᠵᠢᠯᠳᠠ ᠤᠯᠵᠤ ᠴᠢᠳᠠᠭ᠎ᠠ ᠦᠭᠡᠢ ᠪᠠᠶᠢᠵᠠᠢ᠃
       ᠮᠡᠳᠡᠭᠡᠯᠡᠭᠰᠡᠨ ᠢᠶᠠᠷ᠂ ᠠᠮᠧᠷᠢᠺᠠ ᠶᠢᠨ ᠯᠠᠶᠢᠨᠠ · ᠬᠤᠤ ᠳ᠋ᠤᠺᠲ᠋ᠤᠷ ᠤᠨ ᠤᠳᠤᠷᠢᠳᠤᠬᠰᠠᠨ ᠬᠠᠹᠧ ᠶᠡᠭᠡ ᠰᠤᠷᠭᠠᠭᠤᠯᠢ ᠪᠤᠯᠤᠨ ᠷᠤᠯᠠᠨ ᠰᠢᠨᠵᠢᠯᠡᠭᠦ ᠤᠬᠠᠭᠠᠨ ᠤ ᠰᠤᠳᠤᠯᠬᠤ ᠭᠠᠵᠠᠷ᠂ ᠷᠤᠨᠠᠳ᠋ · ᠸᠤᠯᠸᠤᠰ ᠪᠤᠯᠤᠨ ᠮᠢᠬᠠᠶ᠋ᠢᠷ · ᠯᠦᠺᠢᠨ ᠳ᠋ᠤᠺᠲ᠋ᠤᠷ ᠤᠨ ᠤᠳᠤᠷᠢᠳᠤᠬᠰᠠᠨ ᠬᠠᠹᠧ — ᠱᠮᠧᠰᠸᠡ ᠤᠳᠤᠨ ᠴᠤᠬᠴᠠᠰ ᠤᠨ ᠹᠢᠽᠢᠺ ᠤᠨ ᠤᠬᠠᠭᠠᠨ ᠤ ᠲᠦᠪ ᠤᠨ ᠰᠤᠳᠤᠯᠬᠤ ᠲᠤᠭᠤᠢᠢᠯᠠᠩ ᠨᠢ ᠪᠦᠷ ᠴᠤ ᠭᠡᠷᠡᠯ ᠢ ᠬᠤᠷᠢᠶᠠᠨ ᠲᠤᠬᠳᠠᠭᠠᠵᠤ᠂ ᠲᠠᠬᠢᠨ ᠲᠠᠯᠪᠢᠵᠤ ᠭᠠᠷᠠᠭᠠᠬᠤ ᠲᠤᠷᠰᠢᠯᠳᠠ ᠬᠢᠭᠡᠳ ᠲᠤᠰ ᠲᠤᠰ ᠠᠮᠵᠢᠯᠳᠠ ᠤᠯᠪᠠ᠂ ᠡᠨᠡ ᠪᠤᠯ ᠰᠢᠨᠵᠢᠯᠡᠭᠦ ᠤᠠᠬᠭᠠᠨ ᠤ ᠪᠠᠰᠠ ᠨᠢᠭᠡ ᠬᠦᠰᠢᠶ᠎ᠡ ᠲᠡᠮᠳᠡᠭ ᠤᠨ ᠴᠢᠨᠠᠷᠳᠠᠢ ᠠᠮᠵᠢᠯᠳᠠ ᠮᠦᠨ ᠭᠡᠵᠦ ᠰᠢᠨᠵᠢᠯᠡᠭᠦ ᠤᠬᠠᠭᠠᠨᠳᠠᠨ ᠦᠵᠡᠵᠦ ᠪᠤᠢ᠃
       ᠲᠤᠷᠰᠢᠯᠳᠠ ᠬᠢᠭᠦ ᠳᠡᠭᠡᠨ ᠲᠡᠳᠡ ᠬᠠᠭᠠᠰ ᠠᠩᠭ᠍ᠯᠢ ᠭᠠᠵᠠᠷ ᠤᠷᠳᠤ ᠭᠡᠷᠡᠯ ᠤᠨ ᠵᠤᠷᠪᠤᠰ ᠢ ᠨᠢᠭᠡ ᠯᠡ ᠠᠩᠭ᠍ᠯᠢ ᠢᠮᠠᠬᠤ ᠦᠷᠭᠡᠨ ᠲᠤᠷᠰᠢᠯᠳᠠ ᠶᠢᠨ ᠰᠠᠪᠠ ᠪᠠᠷ ᠦᠡᠭᠭᠡᠷᠡᠭᠦᠯᠵᠡᠢ᠃ ᠭᠡᠷᠡᠯ ᠨᠢ ᠬᠤᠷᠳᠤᠴᠠ ᠪᠠᠨ ᠭᠡᠨᠡᠳᠳᠡ ᠤᠳᠠᠭᠠᠰᠢᠷᠠᠭᠤᠯᠵᠤ᠂ ᠪᠦᠭᠦ ᠭᠡᠷᠡᠯ ᠨᠢ ᠰᠠᠪᠠ ᠲᠤᠳᠤᠷ᠎ᠠ ᠤᠷᠤᠭᠠᠳ ᠦᠴᠦᠭᠡᠨ ᠲᠡᠳᠦᠢ ᠭᠡᠷᠡᠯ ᠴᠤ ᠰᠠᠴᠤᠷᠠᠨ ᠭᠠᠷᠴᠤ ᠢᠷᠡᠭᠰᠡᠨ ᠦᠭᠡᠢ᠃ ᠡᠨᠡ ᠰᠠᠪᠠ ᠪᠤᠯ ᠤᠨᠴᠠ ᠬᠢᠴᠡᠳᠡᠢ ᠪᠦᠭᠡᠳ ᠲᠡᠭᠦᠨ ᠤ ᠲᠤᠯᠠᠭᠠᠨ ᠤ ᠭᠡᠮᠵᠢᠶ᠎ᠡ ᠶᠢ ᠨᠢ ᠬᠠᠷᠢᠴᠠᠯᠠᠰᠢ ᠦᠭᠡᠢ ᠲᠤᠯᠠᠭᠠᠨ ᠤ ᠭᠡᠮᠵᠢᠶᠡᠨ ᠤ ᠵᠠᠭᠤᠨ ᠲᠦᠮᠡᠨ ᠬᠤᠪᠢᠨ ᠤ ᠭᠡᠳᠦᠭᠡᠨ ᠬᠤᠪᠢ ᠬᠦᠷᠳᠡᠯ᠎ᠡ ᠬᠦᠢᠳᠡᠨ ᠪᠤᠯᠭᠠᠵᠠᠢ᠃ ᠡᠨᠡ ᠰᠠᠪᠠ ᠪᠤᠯ ᠲᠡᠮᠦᠷᠯᠢᠭ ᠤᠨ ᠠᠲ᠋ᠤᠮ ᠤᠨ ᠲᠠᠪᠬᠤᠷᠭ᠎ᠠ ᠲᠠᠢ ᠰᠠᠪᠠ ᠮᠦᠨ᠂ ᠯᠦᠺᠢᠨ ᠤ ᠲᠤᠭᠤᠢᠢᠯᠠᠩ ᠨᠢ ᠷᠦᠪᠢᠲ ︵铷︶ ᠤᠨ ᠠᠲ᠋ᠤᠮ ᠢ ᠭᠡᠷᠡᠭᠯᠡᠭᠰᠡᠨ ᠪᠠᠶᠢᠬᠤ ᠳᠤ ᠬᠤᠤ ᠶᠢᠨ ᠲᠤᠭᠤᠢᠢᠯᠠᠩ ᠨᠢ ᠨᠠᠲᠷᠢ ︵钠︶ ᠶᠢᠨ ᠠᠲ᠋ᠤᠮ ᠢ ᠭᠡᠷᠡᠭᠯᠡᠭᠰᠡᠨ ᠪᠠᠶᠢᠪᠠ᠃ ᠡᠶᠢᠮᠦᠷᠭᠦ ᠲᠡᠮᠦᠷᠯᠢᠭ ᠤᠨ ᠲᠠᠪᠬᠤᠷᠭ᠎ᠠ ︵金属层︶ ᠨᠢ ᠲᠡᠭᠦᠨ ᠤ ᠲᠡᠭᠡᠷ᠎ᠡ ᠲᠤᠰᠤᠬᠰᠠᠨ ᠭᠡᠷᠡᠯ ᠤᠨ ᠵᠤᠷᠪᠤᠰ ᠢ ᠠᠪᠴᠤ ᠶᠠᠪᠤᠭ᠎ᠠ ᠮᠡᠳᠡᠭᠡ ᠵᠠᠩᠬᠢ ᠶᠢ ᠡᠪᠳᠡᠯᠡᠳᠡᠭ᠃ ᠭᠡᠪᠡᠴᠦ ᠰᠤᠳᠤᠯᠤᠬᠴᠢᠳ ᠨᠢᠭᠡ ᠵᠦᠢᠯ ᠤᠨ ᠬᠤᠯᠪᠤᠭ᠎ᠠ ᠬᠤᠷᠴᠠ ᠭᠡᠷᠡᠯ ᠤᠨ ᠵᠤᠷᠪᠤᠰ ᠢᠶᠠᠷ ᠲᠡᠮᠦᠷᠯᠢᠭ ᠤᠨ ᠠᠲ᠋ᠤᠮ ᠤᠨ ᠺᠸᠠᠨ᠋ᠲ ︵量子︶ ᠪᠠᠶᠢᠳᠠᠯ ᠢ ᠬᠤᠪᠢᠷᠠᠭᠤᠯᠵᠤ ᠲᠡᠭᠦᠨ ᠢ ᠭᠡᠷᠡᠯ ᠲᠠᠮᠵᠢᠭᠤᠯᠤᠬᠴᠢ ᠪᠤᠯᠭᠠᠪᠠ᠃ ᠭᠡᠷᠡᠯ ᠤᠨ ᠵᠤᠷᠪᠤᠰ ᠨᠢ ᠲᠡᠮᠦᠷᠯᠢᠭ ᠲᠠᠪᠬᠤᠷᠭ᠎ᠠ ᠪᠠᠷ ᠦᠡᠭᠭᠡᠷᠡᠭᠦ ᠦᠶ᠎ᠡ ᠳᠤ ᠡᠷᠬᠢᠯᠳᠦᠵᠦ ᠪᠠᠶᠢᠭ᠎ᠠ ᠲᠡᠮᠦᠷᠯᠢᠭ ᠤᠨ ᠠᠲ᠋ᠤᠮ ᠲᠠᠢ ᠬᠠᠷᠢᠯᠴᠠᠨ ᠨᠦᠯᠦᠭᠡᠯᠡᠯᠴᠡᠵᠦ᠂ ᠬᠤᠷᠳᠤᠴᠠ ᠪᠠᠨ ᠤᠳᠠᠭᠠᠰᠢᠷᠠᠭᠤᠯᠳᠠᠬ ᠪᠠᠶᠢᠨ᠎ᠠ᠃ ᠭᠡᠷᠡᠯ ᠤᠨ ᠵᠤᠷᠪᠤᠰ ᠲᠤᠷᠰᠢᠯᠳᠠ ᠶᠢᠨ ᠰᠠᠪᠠ ᠲᠤᠳᠤᠷ᠎ᠠ ᠪᠦᠷᠢᠮᠦᠰᠦᠨ ᠤᠷᠤᠬᠰᠠᠨ ᠤ ᠲᠠᠷᠠᠭ᠎ᠠ ᠬᠤᠯᠪᠤᠭ᠎ᠠ ᠬᠤᠷᠴᠠ ᠭᠡᠷᠡᠯ ᠤᠨ ᠵᠤᠷᠪᠤᠰ ᠢ ᠬᠠᠭᠠᠵᠤ ᠲᠡᠯᠪᠢᠨ᠎ᠠ᠃ ᠭᠡᠷᠡᠯ ᠤᠨ ᠵᠤᠷᠪᠤᠰ ᠨᠢᠭᠡ ᠮᠢᠯᠢᠰᠧᠺᠦ᠋ᠨᠳ᠋ ︵毫秒︶ ᠵᠤᠬᠰᠤᠬᠰᠠᠨ ᠤ ᠲᠠᠷᠠᠭ᠎ᠠ ᠲᠡᠳᠡ ᠭᠡᠷᠡᠯ ᠤᠨ ᠵᠤᠷᠪᠤᠰ ᠢ ᠲᠡᠬᠢᠨ ᠬᠦᠳᠡᠯᠭᠡᠪᠡᠯ ᠭᠡᠷᠡᠯ ᠤᠨ ᠲᠤᠯᠬᠢᠶᠠᠨ ᠲᠠᠬᠢᠭᠠᠳ ᠪᠦᠭᠦ ᠬᠤᠷᠳᠤᠴᠠ ᠪᠠᠷ ᠬᠠᠷᠪᠤᠨ ᠶᠠᠪᠤᠬᠤ ᠪᠤᠯᠤᠨ᠎ᠠ᠃ ᠨᠢᠭᠡ ᠮᠢᠯᠢᠰᠧᠺᠦ᠋ᠨᠳ᠋ ᠨᠢ ᠲᠠᠩᠴᠢ ᠲᠦᠷᠭᠡᠨ ᠶᠤᠮ᠂ ᠭᠡᠪᠡᠴᠦ ᠡᠨᠡ ᠬᠦ ᠬᠤᠷᠤᠮᠬᠠᠨ ᠳᠤ ᠭᠡᠷᠡᠯ ᠨᠢ ᠭᠡᠪ ᠤᠨ ᠬᠤᠷᠳᠤᠴᠠ ᠪᠠᠷ 186 ᠠᠩᠭ᠍ᠯᠢ ᠭᠠᠵᠠᠷ ᠲᠡᠮᠵᠢᠭᠤᠯᠳᠠᠬ ᠪᠠᠶᠢᠨ᠎ᠠ᠃ ᠲᠡᠭᠡᠪᠡᠯ ᠡᠨᠡ ᠬᠤᠷᠤᠮᠬᠠᠨ ᠳᠤ ᠭᠡᠷᠡᠯ ᠤᠨ ᠺᠸᠠᠨ᠋ᠲ ︵光子︶ ᠳᠤ ᠶᠠᠮᠠᠷ ᠬᠤᠪᠢᠷᠠᠯᠳᠠ ᠭᠠᠷᠪᠠ︖ ᠭᠡᠷᠡᠭ ᠲᠡᠭᠡᠷ᠎ᠡ ᠪᠠᠨ ᠭᠡᠷᠡᠯ ᠤᠨ ᠺᠸᠠᠨ᠋ᠲ ᠨᠢ ᠠᠷᠢᠯᠵᠠᠢ᠂ ᠭᠡᠳᠡᠯ᠎ᠡ ᠲᠡᠭᠦᠨ ᠤ ᠠᠴᠢᠶᠠᠯᠠᠬᠰᠠᠨ ᠮᠡᠳᠡᠭᠡ ᠵᠠᠩᠬᠢ ᠨᠢ ᠡᠷᠬᠢᠯᠳᠦᠵᠦ ᠪᠦᠭᠦᠢ ᠲᠡᠮᠦᠷᠯᠢᠭ ᠤᠨ ᠠᠲ᠋ᠤᠮ ᠳᠤ ᠬᠠᠳᠠᠭᠠᠯᠠᠬᠳᠠᠪᠠ᠃ ᠬᠡᠷᠡᠯ ᠤᠨ ᠵᠤᠷᠪᠤᠰ ᠲᠠᠬᠢᠨ ᠬᠦᠳᠡᠯᠦᠭᠰᠡᠨ ᠤ ᠲᠠᠷᠠᠭ᠎ᠠ ᠮᠡᠳᠡᠭᠡ ᠵᠠᠩᠬᠢ ᠨᠢ ᠭᠡᠷᠡᠯ ᠤᠨ ᠵᠤᠷᠪᠤᠰ ᠲᠠᠭᠠᠨ ᠪᠤᠴᠠᠨ ᠢᠷᠡᠳᠡᠭ᠂ ᠲᠡᠭᠦᠨ ᠤ ᠤᠤᠯ ᠤᠨ ᠭᠡᠷᠡᠯ ᠤᠨ ᠵᠤᠷᠪᠤᠰ ᠤᠨ ᠤᠨᠴᠠᠯᠢᠬ ᠪᠠ ᠮᠡᠳᠡᠭᠡ ᠵᠠᠩᠬᠢ ᠶᠢᠨ ᠭᠡᠮᠵᠢᠶ᠎ᠡ ᠨᠢ ᠪᠦᠷ ᠠᠳᠠᠯᠢ ᠪᠠᠶᠢᠳᠠᠬ᠂ ᠵᠦᠪᠭᠡᠨ ᠬᠠᠷᠢᠴᠠᠩᠭᠤᠢ ᠪᠠᠷ ᠰᠤᠯᠠᠪᠳᠤᠷ ᠰᠢᠬ ᠪᠤᠯᠳᠠᠬ᠃
       ᠲᠤᠷᠰᠢᠯᠳᠠ ᠶᠢᠨ ᠦᠷ᠎ᠡ ᠪᠦᠳᠦᠮᠵᠢ ᠶᠢ ᠬᠤᠳᠠᠯᠳᠤᠭ᠎ᠠ ᠳᠤ ᠠᠰᠢᠬᠯᠠᠳᠠᠯ᠎ᠠ ᠨᠡᠯᠢᠶᠡᠳ ᠬᠤᠯᠠ ᠪᠠᠶᠢᠨ᠎ᠠ᠃ ᠭᠡᠪᠡᠴᠦ ᠭᠡᠷᠡᠯ ᠤᠨ ᠠᠪᠴᠤ ᠶᠠᠪᠤᠭ᠎ᠠ ᠮᠡᠳᠡᠭᠡ ᠵᠠᠩᠬᠢ ᠶᠢ ᠡᠮᠦᠨᠡᠬᠢ ᠠᠴᠠ ᠬᠤᠯᠠ ᠢᠯᠡᠭᠦᠦ ᠴᠠᠬ ᠬᠠᠳᠠᠭᠠᠯᠠᠵᠤ ᠴᠢᠳᠠᠬᠤ ᠪᠤᠯᠵᠠᠢ᠂ ᠡᠨᠡ ᠨᠢ ᠢᠷᠡᠭᠡᠳᠦᠢ ᠶᠢᠨ ᠨᠢᠭᠡ ᠦᠶ᠎ᠡ ᠶᠢᠨ ᠰᠢᠨ᠎ᠡ ᠺᠤᠮᠫᠢᠦ᠋ᠲ᠋ᠧᠷ ᠺᠸᠠᠨ᠋ᠲ ᠺᠤᠮᠫᠢᠦ᠋ᠲ᠋ᠧᠷ ︵量子计算机︶ ᠢ ᠰᠤᠳᠤᠯᠤᠨ ᠪᠦᠳᠦᠭᠡᠭᠦ ᠬᠦᠰᠡᠯ ᠢ ᠤᠯᠠᠮ ᠴᠢᠩᠭ᠎ᠠ ᠪᠤᠯᠭᠠᠪᠠ᠂ ᠲᠡᠷᠡ ᠦᠶ᠎ᠡ ᠪᠤᠯᠬᠤ ᠳᠤ ᠭᠡᠷᠡᠯ ᠢᠶᠠᠷ ᠡᠯᠧᠺᠲᠷᠤᠨ ᠢ ᠤᠷᠤᠯᠠᠵᠤ ᠠᠵᠢᠯᠯᠠᠭᠤᠯᠬᠤ ᠪᠤᠯᠤᠨ᠎ᠠ᠂ ᠲᠡᠭᠡᠪᠡᠯ ᠺᠤᠮᠫᠢᠦ᠋ᠲ᠋ᠧᠷ ᠤᠨ ᠠᠵᠢᠯᠯᠠᠭ᠎ᠠ ᠨᠢ ᠤᠳᠤᠬᠢ ᠶᠠᠮᠠᠷ ᠴᠤ ᠭᠡᠳᠦ ᠠᠴᠠ ᠲᠠᠪᠠᠭᠰᠠᠨ ᠺᠤᠮᠫᠢᠦ᠋ᠲ᠋ᠧᠷ ᠠᠴᠠ ᠬᠤᠯᠠ ᠬᠤᠷᠳᠤᠨ ᠪᠤᠯᠤᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ