ᠬᠦᠮᠦᠨ ᠲᠦᠷᠦᠯᠬᠢᠳᠡᠨ ᠤ ᠠᠵᠢᠯ ᠠᠮᠢᠳᠤᠷᠠᠯ ᠳᠤ ᠬᠦᠨ ᠨᠦᠯᠦᠭᠡ ᠦᠵᠡᠭᠦᠯᠵᠦ ᠪᠠᠶᠢᠭ᠎ᠠ ᠭᠡᠷᠡᠯ ᠴᠠᠬᠢᠯᠭᠠᠨ ᠤ ᠮᠡᠷᠭᠡᠵᠢᠯ
ᠨᠡᠶᠢᠲᠡᠯᠡᠭᠰᠡᠨ ᠴᠠᠭ᠄
2018/11/30

       ᠨᠠᠶᠠᠭᠠᠳ ᠤᠨ ᠠᠴᠠ ᠨᠠᠰᠢ᠂ ᠬᠤᠶᠠᠷ ᠵᠦᠢᠯ ᠤᠨ ᠰᠢᠨᠵᠢᠯᠡᠭᠦ ᠤᠬᠠᠭᠠᠨ ᠮᠡᠷᠭᠡᠵᠢᠯ ᠬᠦᠮᠦᠨ ᠲᠦᠷᠦᠯᠬᠢᠳᠡᠨ ᠤ ᠦᠢᠯᠡᠳᠪᠦᠷᠢᠯᠡᠯ᠂ ᠠᠮᠢᠳᠤᠷᠠᠯ ᠳᠤ ᠯᠤᠳᠤ ᠶᠡᠭᠡ ᠨᠦᠯᠦᠭᠡ ᠦᠵᠡᠭᠦᠯᠪᠡ᠃ ᠨᠢᠭᠡ ᠨᠢ ᠭᠤᠷᠪᠠᠨ ᠵᠢᠯ ᠳᠤ ᠨᠢᠭᠡ ᠦᠶ᠎ᠡ ᠰᠤᠯᠢᠬᠳᠠᠵᠤ ᠪᠠᠶᠢᠭ᠎ᠠ ᠺᠤᠮᠫᠢᠦ᠋ᠲ᠋ᠧᠷ᠂ ᠤᠳᠤ ᠺᠤᠮᠫᠢᠦ᠋ᠲ᠋ᠧᠷ ᠬᠤᠪᠢ ᠬᠦᠮᠦᠨ ᠤ ᠭᠡᠷ ᠡᠷᠦᠭᠡ ᠳᠤ ᠤᠷᠤᠪᠠ᠃ ᠨᠦᠭᠦᠭᠡ ᠨᠢᠭᠡ ᠨᠢ ᠭᠡᠷᠡᠯ ᠴᠠᠬᠢᠯᠭᠠᠨ ᠤ ᠮᠡᠷᠭᠡᠵᠢᠯ᠂ ᠭᠡᠷᠡᠯ ᠰᠢᠷᠭᠡᠭᠯᠢᠭ ᠤᠨ ᠮᠡᠳᠡᠭᠡ ᠬᠤᠯᠪᠤᠭ᠎ᠠ ᠪᠠ ᠭᠡᠷᠡᠯ ᠫᠠᠨᠰᠠ ᠶᠢᠨ ᠬᠠᠳᠠᠭᠠᠯᠠᠯᠳᠠ ᠶᠢ ᠪᠡᠶᠡᠯᠡᠭᠦᠯᠦᠭᠰᠡᠨ ᠠᠴᠠ ᠲᠠᠭᠠᠭᠤᠯᠢ ᠤᠳᠤᠨ ᠤ ᠰᠢᠰᠲ᠋ᠧᠮ᠂ ᠭᠡᠷᠡᠯ ᠰᠢᠷᠭᠡᠭᠯᠢᠭ ᠤᠨ ᠰᠢᠰᠲ᠋ᠧᠮ ᠪᠠ ᠴᠠᠬᠢᠯᠭᠠᠨ ᠲᠡᠭᠡᠰᠦᠨ ᠤ ᠰᠢᠰᠲ᠋ᠧᠮ ᠢᠶᠠᠷ ᠲᠡᠮᠵᠢᠭᠤᠯᠵᠤ ᠡᠯ᠎ᠡ ᠵᠦᠢᠯ ᠤᠨ ᠮᠡᠳᠡᠭᠡ ᠵᠠᠩᠬᠢ ᠶᠢᠨ ᠲᠤᠤᠷ ᠰᠦᠯᠵᠢᠶ᠎ᠡ ᠶᠢ ᠪᠠᠶᠢᠭᠤᠯᠵᠤ᠂ ᠮᠡᠳᠡᠭᠡ ᠵᠠᠩᠬᠢ ᠶᠢᠨ ᠪᠠᠭᠳᠠᠭᠠᠮᠵᠢ᠂ ᠬᠤᠷᠳᠤᠴᠠ ᠪᠠ ᠲᠤᠤᠷ ᠰᠦᠯᠵᠢᠶ᠎ᠡ ᠶᠢᠨ ᠴᠢᠳᠠᠪᠤᠷᠢ ᠶᠢ ᠤᠷᠢᠳ ᠭᠠᠷᠤᠭ᠎ᠠ ᠦᠭᠡᠢ ᠦᠷᠭᠡᠳᠭᠡᠪᠡ᠃
       ᠭᠡᠷᠡᠯ ᠴᠠᠬᠢᠯᠭᠠᠨ ᠤ ᠮᠡᠷᠭᠡᠵᠢᠯ ᠭᠡᠭᠴᠢ ᠪᠤᠯ ᠡᠯᠧᠺᠲᠷᠤᠨ ᠤ ᠮᠡᠷᠭᠡᠵᠢᠯ ᠪᠤᠯᠤᠨ ᠭᠡᠷᠡᠯ ᠤᠨ ᠤᠬᠠᠭᠠᠨ ᠬᠠᠷᠢᠯᠴᠠᠨ ᠤᠶᠠᠯᠳᠤᠨ ᠨᠠᠪᠴᠢᠯᠳᠤᠵᠤ ᠬᠠᠷᠢᠯᠴᠠᠨ ᠠᠭᠤᠰᠤᠭᠠᠳ ᠪᠤᠢ ᠪᠤᠯᠤᠬᠰᠠᠨ ᠲᠡᠭᠡᠳᠦ ᠰᠢᠨ᠎ᠡ ᠮᠡᠷᠭᠡᠵᠢᠯ ᠪᠤᠯᠬᠤ ᠶᠤᠮ᠃ ᠭᠡᠷᠡᠯ ᠴᠠᠬᠢᠯᠭᠠᠨ ᠤ ᠮᠡᠷᠭᠡᠵᠢᠯ ᠤᠨ ᠶᠡᠭᠡ ᠲᠦᠯᠦᠪ ᠢ ᠤᠢᠢᠯᠠᠭᠠᠬᠤ ᠳᠤ ᠤᠷᠢᠳᠠᠪᠠᠷ ︽激光︾ ᠭᠡᠳᠡᠭ ᠶᠠᠭᠤᠮ᠎ᠠ ᠶᠢ ᠮᠡᠳᠡᠭᠦ ᠭᠡᠷᠡᠭᠳᠡᠢ᠃ ᠡᠭᠦᠨ ᠢ ᠮᠤᠩᠭᠤᠯ ᠢᠶᠠᠷ ︽ᠬᠤᠷᠴᠠ ᠭᠡᠷᠡᠯ︾ ᠭᠡᠵᠦ ᠨᠠᠷᠡᠶᠢᠳᠴᠦ ᠪᠠᠶᠢᠬᠰᠠᠨ ᠪᠤᠯᠪᠠᠴᠤ ᠤᠳᠤ ᠴᠦᠮ ᠠᠩᠭ᠍ᠯᠢ ᠭᠡᠯᠡᠨ ᠤ ᠲᠤᠪᠴᠢᠯᠠᠬᠠᠰᠨ ᠨᠡᠷ᠎ᠡ ᠲᠤᠮᠢᠶ᠎ᠠ ᠪᠠᠷ ︽ᠯᠠᠶᠢᠰᠧᠷ︾ ᠭᠡᠵᠦ ᠭᠡᠷᠡᠭᠯᠡᠭᠦ ᠪᠤᠯᠪᠠ᠃ ᠯᠠᠶᠢᠰᠧᠷ ᠪᠤᠯ ᠦᠳᠦᠭᠡᠯᠳᠡ ᠪᠠᠷ ᠰᠠᠴᠤᠷᠠᠬᠰᠠᠨ ᠭᠡᠷᠡᠯ ᠪᠤᠯᠤᠨ᠎ᠠ᠂ ᠯᠠᠶᠢᠰᠧᠷ ᠪᠤᠢ ᠪᠤᠯᠬᠤ ᠳᠤ ᠭᠡᠷᠡᠯ ᠭᠠᠷᠬᠤ ᠡᠳ᠋᠂ ᠦᠳᠦᠭᠡᠯᠳᠡ ᠦᠭᠭᠦ ᠰᠠᠪᠠ᠂ ᠡᠨᠧᠷᠬᠢ ᠬᠠᠨᠭ᠍ᠭᠠᠬᠤ ᠰᠢᠰᠲ᠋ᠧᠮ ︽ᠴᠠᠬᠢᠯᠭᠠᠨ ᠡᠭᠦᠰᠭᠡᠭᠴᠢ︾ ᠵᠡᠷᠭᠡ ᠭᠤᠷᠪᠠᠨ ᠦᠨᠳᠦᠰᠦᠨ ᠨᠦᠭᠦᠴᠡᠯ ᠪᠠᠶᠢᠬᠤ ᠭᠡᠷᠡᠭᠳᠡᠢ᠃ ᠯᠠᠶᠢᠰᠧᠷ ᠲᠤ ᠮᠠᠰᠢ ᠤᠯᠠᠨ ᠲᠠᠪᠠᠭᠤᠯᠢᠬ ᠲᠠᠢ᠄ ᠤᠨᠴᠠ ᠲᠤᠬᠳᠠᠭᠠᠬᠰᠠᠨ ᠲᠤᠯᠬᠢᠶᠠᠨ ᠤ ᠤᠷᠳᠤ ᠲᠠᠢ — ᠳ᠋ᠠᠩ ᠦᠡᠭᠭᠡᠳᠦ ᠴᠢᠨᠠᠷ ᠢᠶᠠᠷ ᠰᠠᠶᠢᠨ︔ ᠭᠡᠷᠡᠯ ᠤᠨ ᠰᠠᠴᠤᠷᠠᠬᠤ ᠦᠨᠴᠦᠭ ᠨᠢ ᠪᠠᠭ᠎ᠠ — ᠴᠢᠭᠯᠡᠯᠳᠦ ᠴᠢᠨᠠᠷ ᠢᠶᠠᠷ ᠢᠶᠠᠨ ᠰᠠᠶᠢᠨ︔ ᠭᠡᠷᠡᠯ ᠤᠨ ᠡᠨᠧᠷᠬᠢ ᠶᠢᠨ ᠨᠢᠬᠳᠠᠴᠠ ᠨᠢ ᠶᠡᠭᠡ — ᠬᠤᠷᠴᠠ ᠭᠡᠷᠡᠯ ᠲᠠᠢ︔ ᠭᠡᠷᠡᠯ ᠵᠢᠬᠰᠠᠯ ᠤᠨ ᠱᠤᠭᠤᠮ ᠨᠢ ᠢᠪᠴᠤᠤ — ᠬᠠᠷᠰᠢᠯᠠᠬᠤ ᠴᠢᠨᠠᠷ ᠢᠶᠠᠷ ᠰᠠᠶᠢᠨ︔ ᠭᠡᠷᠡᠯ ᠤᠨ ᠲᠦᠢᠯᠰᠢᠷᠠᠭ᠎ᠠ ᠨᠢ ᠨᠢᠭᠡᠳᠦᠯᠳᠡᠢ ᠪᠠᠶᠢᠳᠠᠬ᠃ ᠯᠠᠶᠢᠰᠧᠷ ᠦᠷᠭᠡᠨ ᠭᠡᠷᠡᠭᠯᠡᠭᠳᠡᠵᠦ ᠪᠠᠶᠢᠨ᠎ᠠ᠃ ᠯᠠᠶᠢᠰᠧᠷ ᠢᠶᠠᠷ ᠮᠠᠲ᠋ᠧᠷᠢᠶᠠᠯ ᠡᠳ᠋ᠰᠢᠭᠦᠯᠭᠦ — ᠨᠦᠭᠡᠯᠡᠭᠦ᠂ ᠤᠬᠳᠤᠯᠬᠤ᠂ ᠭᠠᠨᠭ᠍ᠨᠠᠬᠤ︔ ᠯᠠᠶᠢᠰᠧᠷ ᠢᠶᠠᠷ ᠮᠠᠲ᠋ᠧᠷᠢᠶᠠᠯ ᠤᠨ ᠦᠡᠭᠭᠡᠨ ᠲᠠᠯ᠎ᠠ ᠶᠢ ᠬᠠᠯᠠᠭᠤᠨ ᠢᠶᠠᠷ ᠰᠢᠢᠳᠪᠦᠷᠢᠯᠡᠭᠦ᠂ ᠮᠠᠲ᠋ᠧᠷᠢᠶᠠᠯ ᠤᠨ ᠦᠡᠭᠭᠡᠨ ᠲᠠᠯ᠎ᠠ ᠶᠢ ᠬᠠᠳᠠᠭᠤᠷᠠᠭᠤᠯᠬᠤ᠂ ᠱᠦᠷᠭᠦᠭᠡᠯᠳᠡ ᠶᠢ ᠲᠠᠭᠠᠭᠠᠬᠤ᠂ ᠢᠯᠵᠡᠷᠡᠭᠦ ᠶᠢ ᠡᠰᠡᠷᠭᠦᠴᠡᠭᠦ ᠵᠡᠷᠭᠡ ᠴᠢᠳᠠᠮᠵᠢ ᠲᠠᠢ ᠪᠤᠯᠭᠠᠬᠤ᠂ ᠯᠠᠶᠢᠰᠧᠷ ᠢᠶᠠᠷ ᠵᠠᠢ ᠭᠡᠮᠵᠢᠭᠦ᠂ ᠯᠠᠶᠢᠰᠧᠷ ᠢᠶᠠᠷ ᠪᠠᠷᠢᠮᠵᠢᠶᠠᠳᠤ ᠤᠷᠳᠤ᠂ ᠴᠠᠬ᠂ ᠲᠡᠪᠳᠠᠮᠵᠢ ᠵᠡᠷᠭᠡ ᠶᠢ ᠭᠡᠮᠵᠢᠭᠦ︔ ᠯᠠᠶᠢᠰᠧᠷ ᠢ ᠵᠡᠭᠦᠦ ᠲᠦᠭᠡᠨᠡᠯᠭᠡ᠂ ᠡᠪᠡᠳᠴᠢᠨ ᠤᠨᠤᠰᠢᠯᠠᠬᠤ᠂ ᠡᠮᠴᠢᠯᠡᠭᠦ ᠳᠤ ᠭᠡᠷᠡᠭᠯᠡᠭᠦ᠂ ᠯᠠᠶᠢᠰᠧᠷ ᠢ ᠴᠡᠷᠢᠭ ᠲᠠᠶᠢᠨ ᠤ ᠡᠵᠡᠮᠰᠢᠨ ᠵᠢᠯᠤᠭᠤᠳᠬᠤ᠂ ᠰᠡᠷᠭᠡᠶᠢᠯᠡᠯᠳᠡ ᠶᠢᠨ ᠷᠠᠳᠠᠷ ᠲᠤ ᠭᠡᠷᠡᠭᠯᠡᠭᠦ᠂ ᠲᠠᠷᠢ ᠨᠤᠴᠤᠭᠠᠬᠤ᠂ ᠵᠠᠯᠠᠭᠤᠷᠳᠤ ᠰᠤᠮᠤ ᠵᠢᠯᠤᠭᠤᠳᠬᠤ᠂ ᠵᠡᠪᠰᠡᠭ ᠲᠠᠭᠤᠷᠢᠶᠠᠯᠳᠠ᠂ ᠬᠠᠷᠠᠭ᠎ᠠ ᠠᠯᠳᠠᠭᠤᠯᠬᠤ ᠵᠡᠪᠰᠡᠭ ᠵᠡᠷᠭᠡ ᠳᠤ ᠭᠡᠷᠡᠭᠯᠡᠵᠦ ᠪᠠᠶᠢᠨ᠎ᠠ᠃
       ᠯᠠᠶᠢᠰᠧᠷ ᠨᠢ ᠡᠯᠧᠺᠲᠷᠤᠨ ᠤᠬᠠᠭᠠᠨ ᠲᠠᠢ ᠤᠶᠠᠯᠳᠤᠭᠠᠳ ᠤᠨᠴᠠᠯᠠᠨ ᠮᠡᠳᠡᠭᠡ ᠵᠡᠩᠬᠢ ᠶᠢᠨ ᠬᠦᠷᠢᠶᠡᠨ ᠳᠤ ᠰᠢᠨ᠎ᠡ ᠴᠢᠭᠯᠡᠯ — ᠮᠡᠳᠡᠭᠡ ᠵᠠᠩᠬᠢ ᠶᠢᠨ ᠭᠡᠷᠡᠯ ᠴᠠᠬᠢᠯᠭᠠᠨ ᠤ ᠤᠬᠠᠭᠠᠨ ᠢ ᠪᠤᠢ ᠪᠤᠯᠭᠠᠭᠠᠳ ᠭᠡᠷᠡᠭᠴᠡᠭᠡ ᠶᠢ ᠨᠢ ᠤᠯᠠᠮ ᠦᠷᠭᠡᠨ ᠪᠤᠯᠭᠠᠪᠠ᠃ ᠭᠡᠷᠡᠯ ᠲᠤᠯᠬᠢᠶᠠᠨ ᠢᠶᠠᠷ ᠮᠡᠳᠡᠭᠡ ᠵᠠᠩᠬᠢ ᠲᠠᠮᠵᠢᠭᠤᠯᠤᠨ ᠰᠢᠢᠳᠪᠦᠷᠢᠯᠡᠭᠦ ᠨᠢ ① ᠭᠡᠷᠡᠯ ᠲᠤᠯᠬᠢᠶᠠᠨ ᠤ ᠲᠠᠪᠳᠠᠮᠵᠢ ᠨᠢ ᠦᠨᠳᠦᠷ ︵3 × 1011-3 × 1017Hz︶ ᠪᠠᠶᠢᠳᠠᠬ ᠲᠤᠯᠠ ᠲᠠᠪᠳᠠᠮᠵᠢ ᠶᠢᠨ ᠪᠦᠰᠡ ᠨᠢ ᠦᠷᠭᠡᠨ᠂ ᠲᠠᠮᠵᠢᠭᠤᠯᠬᠤ ᠮᠡᠳᠡᠭᠡ ᠵᠠᠩᠬᠢ ᠶᠢᠨ ᠭᠡᠮᠵᠢᠶ᠎ᠡ ᠨᠢ ᠶᠡᠭᠡ᠃ ② ᠭᠡᠷᠡᠯ ᠤᠨ ᠲᠠᠮᠵᠢᠭᠤᠯᠬᠤ ᠬᠤᠷᠳᠤᠴᠠ ᠨᠢ ᠲᠦᠷᠭᠡᠨ᠃ ③ ᠭᠡᠷᠡᠯ ᠨᠢ ᠮᠡᠳᠡᠭᠡ ᠵᠠᠩᠬᠢ ᠶᠢ ᠵᠡᠷᠭᠡᠴᠡᠭᠡ ᠪᠠᠷ ᠲᠠᠮᠵᠢᠭᠤᠯᠵᠤ ᠪᠤᠯᠤᠨ᠎ᠠ᠂ ᠢᠯᠠᠩᠭᠤᠶ᠎ᠠ ᠵᠢᠷᠤᠬ ᠲᠦᠷᠰᠦ ᠶᠢ ᠡᠩ ᠤᠨ ᠲᠠᠮᠵᠢᠭᠤᠯᠬᠤ ᠠᠷᠭ᠎ᠠ ᠠᠴᠠ 50 ᠲᠠᠬᠢᠨ ᠲᠦᠷᠭᠡᠳᠭᠡᠵᠦ ᠴᠢᠳᠠᠨ᠎ᠠ᠃ ④ ᠭᠡᠷᠡᠯ ᠲᠤᠯᠬᠢᠶᠠᠨ ᠤ ᠲᠤᠯᠬᠢᠶᠠᠨ ᠤ ᠤᠷᠳᠤ ᠨᠢ ᠤᠬᠤᠷ᠂ ᠮᠠᠰᠢ ᠵᠢᠵᠢᠭ ᠭᠡᠷᠡᠯ ᠲᠤᠯᠪᠤ ᠪᠤᠯᠭᠠᠨ ᠲᠦᠪᠯᠡᠷᠡᠭᠦᠯᠵᠦ ᠪᠤᠯᠳᠠᠬ ᠤᠴᠢᠷ ᠠᠴᠠ ᠮᠡᠳᠡᠭᠡ ᠵᠠᠩᠬᠢ ᠶᠢᠨ ᠨᠢᠬᠳᠠᠴᠠ ᠨᠢ ᠮᠠᠰᠢ ᠶᠡᠭᠡ ᠪᠠᠶᠢᠳᠠᠬ᠃ ⑤ ᠭᠡᠷᠡᠯ ᠢᠶᠠᠷ ᠮᠡᠳᠡᠭᠡ ᠵᠠᠩᠬᠢ ᠲᠠᠮᠵᠢᠭᠤᠯᠬᠤ ᠳᠤ ᠬᠠᠷᠰᠢᠯᠠᠯ ᠢ ᠡᠰᠡᠷᠭᠦᠴᠡᠭᠦ᠂ ᠨᠢᠭᠤᠴᠠ ᠬᠠᠮᠠᠭᠠᠯᠠᠬᠤ ᠴᠢᠨᠠᠷ ᠢᠶᠠᠷ ᠰᠠᠶᠢᠨ ᠪᠠᠶᠢᠳᠠᠬ᠃ ⑥ ᠭᠡᠷᠡᠯ ᠤᠨ ᠦᠷᠭᠡᠴᠡ᠂ ᠪᠠᠶᠢᠷᠢ᠂ ᠭᠡᠯᠪᠡᠯᠵᠡᠯ ᠢ ᠴᠦᠮ ᠲᠤᠬᠢᠷᠠᠭᠤᠯᠵᠤ ᠪᠤᠯᠳᠠᠬ ᠤᠴᠢᠷ ᠠᠴᠠ ᠮᠡᠳᠡᠭᠡ ᠵᠠᠩᠬᠢ ᠶᠢ ᠬᠤᠷᠢᠶᠠᠨ ᠠᠪᠬᠤ᠂ ᠲᠤᠬᠢᠷᠠᠭᠤᠯᠬᠤ᠂ ᠪᠠᠶᠢᠴᠠᠭᠠᠨ ᠭᠡᠮᠵᠢᠭᠦ ᠳᠤ ᠲᠦᠭᠦᠮ ᠪᠤᠯᠭᠠᠪᠠ᠃
       ᠮᠡᠳᠡᠭᠡ ᠵᠠᠩᠬᠢ ᠶᠢᠨ ᠭᠡᠷᠡᠯ ᠴᠠᠬᠢᠯᠭᠠᠨ ᠤ ᠮᠡᠷᠭᠡᠵᠢᠯ ᠢ ᠤᠢᠢᠯᠠᠭᠠᠬᠤ ᠳᠤ᠂ ᠭᠡᠷᠡᠯ ᠤᠨ ᠮᠡᠳᠡᠭᠡ ᠵᠠᠩᠬᠢ ᠶᠢ ᠬᠤᠷᠢᠶᠠᠨ ᠠᠪᠬᠤ᠂ ᠬᠠᠳᠠᠭᠠᠯᠠᠬᠤ᠂ ᠲᠠᠮᠵᠢᠭᠤᠯᠬᠤ᠂ ᠰᠢᠢᠳᠪᠦᠷᠢᠯᠡᠭᠦ᠂ ᠢᠯᠡᠷᠡᠭᠦᠯᠭᠦ ᠵᠡᠷᠭᠡ ᠲᠠᠪᠤᠨ ᠶᠠᠪᠤᠴᠠ ᠶᠢ ᠮᠡᠳᠡᠭᠦ ᠭᠡᠷᠡᠭᠳᠡᠢ᠃
       ᠨᠢᠭᠡ᠂ ᠭᠡᠷᠡᠯ ᠤᠨ ᠮᠡᠳᠡᠭᠡ ᠵᠠᠩᠬᠢ ᠶᠢ ᠬᠤᠷᠢᠶᠠᠨ ᠠᠪᠬᠤ ᠳᠤ ᠭᠡᠷᠡᠯ ᠰᠢᠷᠭᠡᠭᠯᠢᠭ ᠤᠨ ᠰᠠᠷᠠᠯ ᠲᠠᠮᠵᠢᠭᠤᠯᠤᠬᠴᠢ ︵光纤传感器︶ ᠶᠢ ᠭᠡᠷᠡᠭᠯᠡᠨ᠎ᠡ᠃ ᠭᠡᠷᠡᠯ ᠰᠢᠷᠭᠡᠭᠯᠢᠭ ᠤᠨ ᠰᠡᠷᠡᠯ ᠲᠠᠮᠵᠢᠭᠤᠯᠤᠬᠴᠢ ᠪᠤᠯ ᠤᠢᠢᠷ᠎ᠠ ᠶᠢᠨ 20 ᠵᠢᠯ ᠳᠤ ᠰᠠᠶ᠋ᠢ ᠬᠦᠭᠵᠢᠵᠡᠢ᠃ ᠲᠡᠭᠦᠨ ᠤ ᠭᠤᠤᠯ ᠤᠨᠴᠠᠯᠢᠬ ᠨᠢ᠄ ᠴᠠᠬᠢᠯᠭᠠᠨ ᠰᠤᠷᠢᠨᠵᠢᠨ ᠤ ᠬᠠᠷᠰᠢᠯᠠᠯ ᠢ ᠡᠰᠡᠷᠭᠦᠴᠡᠭᠦ ᠳᠡᠭᠡᠨ ᠰᠠᠶᠢᠨ᠂ ᠴᠠᠬᠢᠯᠭᠠᠨ ᠬᠦᠨᠳᠡᠶᠢᠷᠡᠭᠦᠯᠭᠦ ᠴᠢᠨᠠᠷ ᠨᠢ ᠴᠢᠩᠭ᠎ᠠ᠃ ᠠᠶᠤᠯ ᠦᠭᠡᠢ᠂ ᠢᠯᠵᠡᠷᠡᠯ ᠳᠤ ᠲᠠᠭᠠᠭᠠᠴᠠᠳᠠᠢ᠃ ᠲᠤᠮᠤ ᠶᠡᠭᠡ ᠴᠠᠬᠢᠯᠭᠠᠨ ᠮᠠᠰᠢᠨ᠂ ᠦᠨᠳᠦᠷ ᠴᠠᠬᠢᠯᠭᠠᠨ ᠲᠠᠷᠤᠴᠠᠳᠤ ᠰᠤᠷᠢᠨᠵᠢᠨ ᠲᠠᠯᠠᠪᠠᠢ᠂ ᠴᠢᠯᠠᠭᠤᠨ ᠲᠤᠰᠤ ᠬᠢᠮᠢ ᠶᠢᠨ ᠦᠢᠯᠡᠳᠪᠦᠷᠢ᠂ ᠬᠢᠯᠪᠠᠷᠬᠠᠨ ᠰᠢᠳᠠᠵᠤ ᠲᠡᠯᠪᠡᠷᠡᠭᠦ᠂ ᠴᠢᠩᠭ᠎ᠠ ᠢᠯᠵᠠᠷᠠᠭᠤᠯᠤᠯ ᠲᠠᠢ ᠤᠷᠴᠢᠨ ᠲᠤᠭᠤᠷᠢᠨ ᠳᠤ ᠬᠡᠷᠡᠭᠯᠡᠵᠦ ᠪᠤᠯᠤᠨ᠎ᠠ︔ ᠰᠤᠷᠭᠤᠬ ᠴᠢᠨᠠᠷ ᠨᠢ ᠦᠨᠳᠦᠷ᠂ ᠬᠦᠡᠭᠭᠡᠨ᠂ ᠡᠵᠡᠯᠡᠭᠦᠨ ᠨᠢ ᠪᠠᠭ᠎ᠠ᠂ ᠭᠠᠳᠠᠷ ᠲᠦᠷᠰᠦ ᠨᠢ ᠬᠤᠪᠢᠷᠠᠵᠤ ᠪᠤᠯᠤᠨ᠎ᠠ︔ ᠰᠠᠷᠡᠯ ᠲᠠᠮᠵᠢᠭᠤᠯᠬᠤ ᠡᠳᠡᠭᠡᠳ ᠨᠢ ᠤᠯᠠᠨ᠂ ᠮᠠᠰᠢ ᠠᠷᠪᠢᠨ ᠹᠢᠽᠢᠺ ᠤᠨ ᠭᠡᠮᠵᠢᠭᠳᠡᠭᠦᠨ ᠢ ᠰᠠᠷᠠᠨ ᠮᠡᠳᠡᠵᠦ ᠭᠡᠮᠵᠢᠵᠦ ᠴᠢᠳᠠᠨ᠎ᠠ᠂ ᠵᠢᠱᠢᠶᠡᠯᠡᠪᠡᠯ ᠲᠤᠯᠠᠭᠠᠨ ᠤ ᠭᠡᠮᠵᠢᠶ᠎ᠡ᠂ ᠲᠠᠷᠤᠴᠠ᠂ ᠬᠤᠷᠳᠤᠴᠠ᠂ ᠨᠡᠮᠡᠯᠳᠡ ᠬᠤᠷᠳᠤᠴᠠ᠂ ᠤᠷᠤᠰᠬᠠᠯ ᠤᠨ ᠭᠡᠮᠵᠢᠶ᠎ᠡ᠂ ᠭᠡᠯᠪᠡᠯᠵᠡᠯᠳᠡ᠂ ᠤᠰᠤᠨ ᠤ ᠲᠠᠭᠤᠨ᠂ ᠴᠠᠬᠢᠯᠭᠠᠨ ᠬᠦᠶᠦᠳᠡᠯ᠂ ᠴᠠᠬᠢᠯᠭᠠᠨ ᠲᠠᠯᠠᠪᠠᠢ᠂ ᠴᠠᠬᠢᠯᠭᠠᠨ ᠲᠠᠷᠤᠯᠳᠠ᠂ ᠰᠤᠷᠢᠨᠵᠢᠨ ᠲᠡᠯᠡᠪᠡᠢ᠂ ᠴᠦᠮ᠎ᠡ ᠶᠢᠨ ᠰᠠᠴᠤᠷᠠᠯᠳᠠ ᠵᠡᠷᠭᠡ ᠶᠢ ᠴᠦᠮ ᠰᠠᠷᠠᠨ ᠮᠡᠳᠡᠵᠦ ᠴᠢᠳᠠᠨ᠎ᠠ︔ ᠭᠡᠮᠵᠢᠭᠳᠡᠵᠦ ᠪᠠᠶᠢᠭ᠎ᠠ ᠤᠷᠴᠢᠨ ᠳᠠᠭᠠᠨ ᠨᠦᠯᠦᠭᠡ ᠪᠠᠭ᠎ᠠ᠂ ᠡᠮᠨᠡᠯᠭᠡ ᠪᠠ ᠠᠮᠢᠳᠤ ᠪᠤᠳᠠᠰ ᠤᠨ ᠬᠦᠷᠢᠶᠡᠨ ᠳᠤ ᠭᠡᠷᠡᠭᠯᠡᠭᠦ ᠳᠤ ᠠᠰᠢᠬ ᠲᠠᠢ︔ ᠠᠯᠤᠰ ᠠᠴᠠ ᠭᠡᠮᠵᠢᠭᠦ ᠳᠤ ᠲᠦᠭᠦᠮ᠂ ᠤᠯᠠᠨ ᠴᠢᠭ ᠢ ᠲᠠᠪᠬᠤᠷᠯᠠᠨ ᠭᠡᠷᠡᠭᠯᠡᠵᠦ ᠲᠤᠤᠷ ᠰᠦᠯᠵᠢᠶ᠎ᠡ ᠪᠦᠷᠢᠯᠳᠦᠭᠦᠯᠭᠦ ᠳᠤ ᠲᠦᠭᠦᠮ︔ ᠦᠪᠡᠷ ᠤᠨ ᠦᠷᠳᠡᠭ ᠨᠢ ᠬᠢᠮᠳᠠ ᠪᠠᠶᠢᠳᠠᠬ᠃
       ᠬᠤᠶᠠᠷ᠂ ᠭᠡᠷᠡᠯ ᠤᠨ ᠮᠡᠳᠡᠭᠡ ᠵᠠᠩᠬᠢ ᠶᠢ ᠬᠠᠳᠠᠭᠠᠯᠠᠬᠤ ᠳᠤ ᠭᠡᠷᠡᠯ ᠫᠠᠨᠰᠠ ᠶᠢ ᠭᠡᠷᠡᠭᠯᠡᠨ᠎ᠡ᠃ ᠤᠳᠤᠬᠢ ᠳ᠋ᠢᠶᠠᠨᠪᠤᠤ ᠪᠤᠶᠤ ᠰᠦᠯᠢᠶᠤᠤ ᠹᠢᠯᠢᠮ᠂ ᠲᠠᠭᠤ ᠲᠦᠷᠰᠦ ᠰᠢᠩᠭᠡᠭᠡᠭᠦ ᠰᠤᠷᠢᠨᠵᠢᠨ ᠪᠦᠰᠡ ᠪᠤᠯ ᠴᠦᠮ ᠲᠠᠭᠤ᠂ ᠲᠦᠷᠰᠦ ᠶᠢᠨ ᠮᠡᠳᠡᠭᠡ ᠵᠠᠩᠬᠢ ᠶᠢ ᠬᠠᠳᠠᠭᠠᠯᠠᠬᠤ ᠠᠴᠢᠶᠠᠯᠠᠪᠤᠷᠢ ᠪᠤᠯᠤᠨ᠎ᠠ᠃ ᠲᠠᠭᠤ᠂ ᠲᠧᠯᠸᠢᠰ ᠤᠨ ᠯᠠᠶᠢᠰᠧᠷ ᠫᠠᠨᠰᠠ᠂ ᠺᠤᠮᠫᠢᠦ᠋ᠲ᠋ᠧᠷ ᠲᠤ ᠭᠡᠷᠡᠭᠯᠡᠭᠦ ᠬᠡᠷᠡᠯ ᠫᠠᠨᠰᠠ ᠴᠦᠮ ᠭᠡᠷ ᠡᠷᠦᠭᠡ ᠳᠤ ᠤᠷᠤᠵᠠᠢ᠃
ᠭᠡᠷᠡᠯ ᠫᠠᠨᠰᠠ ᠶᠢ ᠨᠢᠭᠡ ᠯᠡ ᠤᠳᠠᠭ᠎ᠠ ᠮᠦᠡᠭᠭᠡ ᠬᠠᠳᠠᠭᠠᠯᠠᠵᠤ ᠤᠯᠠᠨᠳᠠ ᠲᠤᠳᠤᠷᠠᠭᠤᠯᠬᠤ ᠪᠠ ᠤᠯᠠᠨᠳᠠ ᠬᠠᠳᠠᠭᠠᠯᠠᠵᠤ ᠤᠯᠠᠨᠳᠠ ᠲᠤᠳᠤᠷᠠᠭᠤᠯᠬᠤ᠂ ︽ᠪᠠᠯᠠᠯᠵᠤ ᠪᠤᠯᠤᠨ᠎ᠠ︾ ᠭᠡᠵᠦ ᠬᠤᠶᠠᠷ ᠶᠡᠭᠡ ᠵᠦᠢᠯ ᠳᠤ ᠬᠤᠪᠢᠶᠠᠵᠤ ᠪᠤᠯᠤᠨ᠎ᠠ᠃ ᠭᠡᠷᠡᠯ ᠫᠠᠨᠰᠠ ᠶᠢ ᠪᠤᠯ ᠲᠤᠩᠭᠠᠯᠠᠬ ᠰᠦᠯᠢᠶᠤᠤ ᠪᠠᠷ ᠡᠭᠡ ᠪᠡᠶ᠎ᠡ ᠪᠤᠯᠭᠠᠵᠤ᠂ ᠦᠡᠭᠭᠡᠨ ᠲᠠᠯ᠎ᠠ ᠲᠡᠭᠡᠷ᠎ᠡ ᠨᠢ ᠭᠡᠷᠡᠯ ᠳᠤ ᠰᠤᠷᠭᠤᠬ ᠪᠠᠶᠢᠳᠠᠬ ᠨᠢᠮᠭᠡᠨ ᠲᠠᠪᠬᠤᠷᠭ᠎ᠠ ᠪᠤᠶᠤ ᠭᠡᠷᠡᠯ ᠤᠢᠢᠯᠠᠯᠠᠬᠤ ᠲᠠᠪᠬᠤᠷᠭ᠎ᠠ ᠵᠢᠴᠢ ᠬᠠᠮᠠᠭᠠᠯᠠᠬᠤ ᠲᠠᠪᠬᠤᠷᠭ᠎ᠠ ᠵᠡᠷᠭᠡ ᠶᠢ ᠲᠦᠷᠬᠢᠵᠦ᠂ ᠰᠡᠭᠦᠯᠡᠷ ᠨᠢ ᠯᠠᠶᠢᠰᠧᠷ ᠢᠶᠠᠷ ᠠᠯᠢ ᠤᠯᠠᠨ ᠭᠡᠷᠡᠯ ᠵᠤᠯᠭᠠᠭᠤᠯᠬᠤ᠂ ᠲᠦᠷᠰᠦ ᠢᠯᠡᠷᠡᠭᠦᠯᠭᠦ᠂ ᠲᠠᠭᠤ᠂ ᠲᠦᠷᠰᠦ ᠰᠢᠩᠭᠡᠭᠡᠭᠦ ᠵᠡᠷᠭᠡ ᠮᠡᠷᠭᠡᠵᠢᠯ ᠤᠨ ᠰᠢᠢᠳᠪᠦᠷᠢᠯᠡᠯᠳᠡ ᠬᠢᠵᠦ ᠭᠡᠷᠡᠯ ᠫᠠᠨᠰᠠ ᠶᠢ ᠵᠤᠬᠢᠶᠠᠳᠠᠬ ᠶᠤᠮ᠃ ᠲᠠᠭᠤ ᠲᠦᠷᠰᠦ ᠲᠤᠳᠤᠷᠠᠭᠤᠯᠬᠤ ᠲᠤᠰᠬᠠᠢ ᠴᠢᠳᠠᠪᠤᠷᠢ ᠲᠠᠢ ᠮᠠᠰᠢᠨ ᠳᠤ ᠭᠡᠷᠡᠯ ᠫᠠᠨᠰᠠ ᠶᠢ ᠭᠢᠪᠡᠯ ᠲᠠᠭᠤ ᠲᠦᠷᠰᠦ ᠨᠢ ᠲᠠᠬᠢᠨ ᠲᠤᠳᠤᠷᠠᠳᠠᠬ᠃ ᠭᠡᠷᠡᠯ ᠫᠠᠨᠰᠠ ᠳᠤ ᠬᠠᠳᠠᠭᠠᠯᠠᠬᠤ ᠨᠢᠬᠳᠠᠴᠠ ᠨᠢ ᠦᠨᠳᠦᠷ᠂ ᠨᠢᠭᠡ ᠯᠡ ᠵᠢᠵᠢᠭ ᠫᠠᠨᠰᠠ ᠳᠤ ᠵᠠᠭᠤ ᠭᠠᠷᠤᠢ ᠪᠤᠳᠢ ᠨᠤᠮ ᠪᠤᠶᠤ ᠬᠤᠶᠠᠷ ᠺᠢᠨᠤ᠋ ᠶᠢ ᠬᠠᠳᠠᠭᠠᠯᠠᠵᠤ ᠴᠢᠳᠠᠨ᠎ᠠ᠃ ᠬᠠᠳᠠᠭᠠᠯᠠᠬᠤ ᠳᠤ ᠲᠦᠭᠦᠮ᠂ ᠴᠠᠬ ᠨᠢ ᠤᠷᠳᠤ᠂ ᠮᠡᠳᠡᠭᠡ ᠵᠠᠩᠬᠢ ᠶᠢᠨ ᠲᠤᠬᠢᠶ᠎ᠠ ᠵᠤᠯᠭᠠᠭᠤᠯᠬᠤ ᠴᠠᠬ ᠨᠢ ᠤᠬᠤᠷ᠂ ᠬᠤᠷᠳᠤᠴᠠ ᠨᠢ ᠲᠦᠷᠭᠡᠨ ᠵᠡᠷᠭᠡ ᠤᠨᠴᠠᠯᠢᠬ ᠲᠠᠢ᠃
       ᠭᠤᠷᠪᠠ᠂ ᠭᠡᠷᠡᠯ ᠤᠨ ᠮᠡᠳᠡᠭᠡ ᠵᠠᠩᠬᠢ ᠶᠢᠨ ᠲᠠᠮᠵᠢᠭᠤᠯᠭ᠎ᠠ — ᠭᠡᠷᠡᠯ ᠰᠢᠷᠭᠡᠭᠯᠢᠭ ᠤᠨ ᠮᠡᠳᠡᠭᠡ ᠬᠤᠯᠪᠤᠭ᠎ᠠ᠃ ᠡᠷᠳᠡᠨ ᠤ ᠬᠦᠮᠦᠰ ᠲᠠᠶᠢᠨ ᠪᠠᠶᠢᠯᠳᠤᠭᠠᠨ ᠳᠤ ᠲᠦᠳᠡᠭ ᠭᠠᠯ ᠢᠶᠠᠷ ᠲᠤᠬᠢᠶ᠎ᠠ ᠪᠤᠯᠭᠠᠵᠤ ᠪᠠᠶᠢᠪᠠ᠂ ᠦᠨᠡᠨ ᠳᠡᠭᠡᠨ ᠡᠨᠡ ᠪᠤ ᠭᠠᠯ ᠤᠨ ᠭᠡᠷᠡᠯ ᠢᠶᠠᠷ ᠮᠡᠳᠡᠭᠡ ᠬᠤᠯᠪᠤᠭ᠎ᠠ ᠠᠪᠴᠤ ᠪᠠᠶᠢᠭ᠎ᠠ ᠶᠠᠪᠤᠳᠠᠯ ᠮᠦᠨ᠃ ᠡᠨᠡ ᠪᠤᠯ ᠬᠠᠮᠤᠬ ᠤᠨ ᠪᠠᠯᠠᠷ ᠡᠷᠳᠡᠨ ᠤ ᠭᠡᠷᠡᠯ ᠤᠨ ᠮᠡᠳᠡᠭᠡ ᠬᠤᠯᠪᠤᠭ᠎ᠠ ᠪᠤᠯᠤᠨ᠎ᠠ᠃ ᠭᠡᠳᠡᠯ᠎ᠡ ᠤᠳᠤ ᠬᠦᠭᠵᠢᠭᠡᠳ ᠭᠡᠷᠡᠯ ᠰᠢᠷᠭᠡᠭᠯᠢᠭ ᠢᠶᠠᠷ ᠮᠡᠳᠡᠭᠡ ᠬᠤᠯᠪᠤᠭ᠎ᠠ ᠲᠠᠮᠵᠢᠭᠤᠯᠬᠤ ᠪᠤᠯᠪᠠ᠃ ᠲᠡᠭᠦᠨ ᠤ ᠪᠦᠳᠦᠴᠡ ᠨᠢ ᠨᠡᠪᠳᠡᠷᠡᠭᠦᠯᠭᠦ ᠲᠠᠯ᠎ᠠ ᠶᠢᠨ ᠴᠠᠬᠢᠯᠭᠠᠨ ᠦᠵᠦᠭᠦᠷ ᠮᠠᠰᠢᠨ᠂ ᠭᠡᠷᠡᠯ ᠡᠭᠦᠰᠭᠡᠭᠴᠢ ᠭᠡᠷᠡᠯ ᠦᠵᠦᠭᠦᠷ ᠮᠠᠰᠢᠨ᠂ ᠭᠡᠷᠡᠯ ᠲᠡᠭᠡᠰᠦ ᠪᠠ ᠬᠦᠯᠢᠶᠡᠨ ᠠᠪᠬᠤ ᠲᠠᠯ᠎ᠠ ᠶᠢᠨ ᠭᠡᠷᠡᠯ ᠰᠢᠯᠭᠠᠭᠤᠷ᠂ ᠭᠡᠷᠡᠯ ᠦᠵᠦᠭᠦᠷ ᠮᠠᠰᠢᠨ ᠪᠤᠯᠤᠨ ᠴᠠᠬᠢᠯᠭᠠᠨ ᠦᠵᠦᠭᠦᠷ ᠮᠠᠰᠢᠨ ᠢᠶᠠᠷ ᠪᠦᠷᠢᠯᠳᠦᠵᠡᠢ᠃ ᠠᠵᠢᠯᠯᠠᠬᠤ ᠳᠠᠭᠠᠨ ᠨᠠᠪᠳᠡᠷᠡᠭᠦᠯᠭᠦ ᠴᠠᠬᠢᠯᠭᠠᠨ ᠦᠵᠦᠭᠦᠷ ᠮᠠᠰᠢᠨ ᠨᠢ ᠲᠤᠬᠢᠶ᠎ᠠ ᠡᠭᠦᠰᠭᠡᠭᠴᠢ ᠶᠢᠨ ᠲᠤᠬᠢᠶ᠎ᠠ ᠶᠢ ᠰᠢᠢᠳᠪᠦᠷᠢᠯᠡᠵᠤ᠂ ᠭᠡᠷᠡᠯ ᠦᠵᠦᠭᠦᠷ ᠮᠠᠰᠢᠨ ᠤ ᠭᠡᠷᠡᠯ ᠡᠭᠦᠰᠭᠡᠭᠴᠢ ᠶᠢ ᠰᠠᠶᠢᠳᠤᠷ ᠲᠤᠬᠢᠷᠠᠭᠤᠯᠵᠤ᠂ ᠲᠤᠬᠢᠷᠠᠭᠤᠯᠤᠬᠳᠠᠬᠰᠠᠨ ᠭᠡᠷᠡᠯ ᠲᠤᠯᠬᠢᠶᠠᠨ ᠨᠢ ᠭᠡᠷᠡᠯ ᠰᠢᠷᠭᠡᠭᠯᠢᠭ ᠢᠶᠠᠷ ᠲᠠᠮᠵᠢᠵᠦ ᠠᠯᠤᠰ ᠬᠦᠷᠭᠡᠭᠳᠡᠨ᠎ᠡ᠃ ᠬᠦᠯᠢᠶᠡᠨ ᠠᠪᠤᠬᠴᠢ ᠲᠠᠯ᠎ᠠ ᠨᠢ ᠭᠡᠷᠡᠯ ᠰᠢᠯᠭᠠᠭᠤᠷ ᠢᠶᠠᠷ ᠤᠤᠯ ᠤᠨ ᠴᠠᠭᠢᠯᠭᠠᠨ ᠲᠤᠬᠢᠶ᠎ᠠ ᠶᠢ ᠲᠤᠮᠤᠷᠠᠭᠤᠯᠵᠤ ᠭᠡᠪ ᠰᠢᠨᠵᠢ ᠶᠢ ᠨᠢ ᠵᠠᠰᠠᠬᠰᠠᠨ ᠤ ᠲᠠᠷᠠᠭ᠎ᠠ ᠴᠠᠬᠢᠯᠭᠠᠨ ᠦᠵᠦᠭᠦᠷ ᠮᠠᠰᠢᠨ ᠳᠤ ᠲᠡᠮᠵᠢᠭᠤᠯᠳᠠᠬ᠃ ᠭᠡᠷᠡᠯ ᠰᠢᠷᠭᠡᠭᠯᠢᠭ ᠤᠨ ᠮᠡᠳᠡᠭᠡ ᠬᠤᠯᠪᠤᠭᠠᠨ ᠳᠤ ᠮᠠᠰᠢ ᠠᠷᠪᠢᠨ ᠲᠠᠪᠠᠭᠤᠯᠢᠬ ᠲᠠᠢ᠄ ᠭᠡᠷᠡᠯ ᠲᠤᠯᠬᠢᠶᠠᠨ ᠳᠤ ᠵᠤᠬᠢᠴᠠᠬᠤ ᠲᠡᠪᠳᠠᠮᠵᠢ ᠨᠢ ᠦᠨᠳᠦᠷ ᠲᠤᠯᠠ ᠮᠡᠳᠡᠭᠡ ᠵᠠᠩᠬᠢ ᠶᠢᠨ ᠪᠠᠭᠳᠠᠭᠠᠮᠵᠢ ᠨᠢ ᠶᠡᠭᠡ᠂ ᠲᠠᠮᠵᠢᠭᠤᠯᠬᠤ ᠴᠢᠨᠠᠷ ᠨᠢ ᠰᠠᠶᠢᠨ᠂ ᠲᠤᠬᠢᠶ᠎ᠠ ᠶᠢᠨ ᠤᠨᠳᠤᠤᠰᠢᠬᠤ ᠭᠡᠮᠵᠢᠶ᠎ᠡ ᠨᠢ ᠪᠠᠭ᠎ᠠ᠂ ᠠᠳᠡᠭᠦᠷᠡᠯ ᠨᠢ ᠲᠤᠳᠠᠭᠤ᠂ ᠴᠠᠬᠢᠯᠭᠠᠨ ᠰᠤᠷᠢᠨᠵᠢᠨ ᠢ ᠡᠰᠡᠷᠭᠦᠴᠡᠭᠦ ᠴᠢᠳᠠᠪᠤᠷᠢ ᠨᠢ ᠴᠢᠩᠭ᠎ᠠ᠂ ᠨᠢᠭᠤᠴᠠ ᠬᠠᠮᠠᠭᠠᠯᠠᠬᠤ ᠳᠤ ᠰᠠᠶᠢᠨ᠂ ᠦᠪᠡᠷ ᠤᠨ ᠦᠷᠳᠡᠭ ᠨᠢ ᠬᠢᠮᠳᠠ᠂ ᠠᠵᠤ ᠠᠬᠤᠢ ᠶᠢᠨ ᠦᠷ᠎ᠡ ᠠᠰᠢᠬ ᠨᠢ ᠰᠠᠶᠢᠨ ᠪᠠᠶᠢᠳᠠᠬ᠃
       ᠲᠦᠷᠪᠡ᠂ ᠭᠡᠷᠡᠯ ᠤᠨ ᠮᠡᠳᠡᠭᠡ ᠵᠠᠩᠬᠢ ᠶᠢ ᠰᠢᠢᠳᠪᠦᠷᠢᠯᠡᠭᠦ — ᠭᠡᠷᠡᠯ ᠪᠤᠳᠤᠯᠭ᠎ᠠ᠂ ᠭᠡᠷᠡᠯ ᠬᠤᠯᠪᠤᠭᠠᠯᠠᠯ ︵光计算, 光互连︶᠃
       ᠺᠤᠮᠫᠢᠦ᠋ᠲ᠋ᠧᠷ ᠪᠤᠯ ᠡᠯᠧᠺᠲᠷᠤᠨ ᠤᠬᠠᠭᠠᠨ ᠤ ᠠᠷᠭ᠎ᠠ ᠪᠠᠷ ᠮᠡᠳᠡᠭᠡ ᠵᠠᠩᠬᠢ ᠶᠢ ᠰᠢᠢᠳᠪᠦᠷᠢᠯᠡᠭᠦ ᠬᠦᠴᠦᠳᠦ ᠪᠠᠭᠠᠵᠢ ᠮᠦᠨ᠃ ᠭᠡᠷᠡᠯ ᠴᠠᠬᠢᠯᠭᠠᠨ ᠤ ᠮᠡᠷᠭᠡᠵᠢᠯ ᠢ ᠺᠤᠮᠫᠢᠦ᠋ᠲ᠋ᠧᠷ ᠤᠨ ᠡᠯ᠎ᠡ ᠲᠤᠨᠤᠬᠯᠠᠭᠠᠰᠤ ᠳᠤ ᠦᠷᠭᠡᠨ ᠭᠡᠷᠡᠭᠯᠡᠵᠦ ᠪᠤᠢ᠃ ᠺᠤᠮᠫᠢᠦ᠋ᠲ᠋ᠧᠷ ᠤᠨ ᠬᠤᠭᠤᠷᠤᠨᠳᠤ ᠭᠡᠷᠡᠯ ᠰᠢᠷᠭᠡᠭᠯᠢᠭ ᠢᠶᠠᠷ ᠬᠤᠯᠪᠤᠬᠤ ᠪᠤᠯᠪᠠ᠃ ᠭᠡᠷᠪᠡ ᠭᠡᠷᠡᠯ ᠢᠶᠠᠷ ᠴᠠᠬᠢᠯᠭᠠᠨ ᠬᠤᠯᠪᠤᠭᠠᠯᠠᠯ ᠶᠢ ᠤᠷᠤᠯᠠᠪᠠᠯ ᠺᠤᠮᠫᠢᠦ᠋ᠲ᠋ᠧᠷ ᠤᠨ ᠬᠤᠷᠳᠤᠴᠠ ᠭᠤᠷᠪᠠᠨ ᠲᠠᠬᠢᠨ ᠨᠡᠮᠡᠭᠳᠡᠵᠦ ᠴᠢᠳᠠᠨ᠎ᠠ᠃ ᠪᠦᠷᠢᠨ ᠭᠡᠷᠡᠯ ᠤᠨ ᠺᠤᠮᠫᠢᠦ᠋ᠲ᠋ᠧᠷ ᠢ ᠶᠠᠬ ᠰᠤᠳᠤᠯᠵᠤ ᠪᠠᠶᠢᠨ᠎ᠠ᠂ ᠡᠨᠡ ᠪᠤᠯ ᠬᠦᠴᠢᠷᠳᠡᠢ ᠲᠡᠭᠡᠳᠦ ᠰᠢᠨ᠎ᠡ ᠮᠡᠷᠭᠡᠵᠢᠯ ᠪᠤᠯᠤᠨ᠎ᠠ᠃
ᠲᠠᠪᠤ᠂ ᠭᠡᠷᠡᠯ ᠤᠨ ᠮᠡᠳᠡᠭᠡ ᠵᠠᠩᠬᠢ ᠶᠢ ᠢᠯᠡᠷᠡᠭᠦᠯᠭᠦ᠃ ᠬᠤᠳᠠᠯᠳᠤᠭᠠᠨ ᠤ ᠵᠠᠷ ᠮᠡᠳᠡᠭᠡ ᠳᠠᠬᠢ ᠭᠡᠷᠡᠯ ᠤᠨ ᠤᠬᠠᠭᠠᠨ ᠤ ᠢᠯᠡᠷᠡᠭᠦᠯᠭᠦ ᠫᠠᠶᠢᠰᠠ ᠪᠠ ᠲᠧᠯᠸᠢᠰ ᠪᠤᠯ ᠬᠦᠮᠦᠰ ᠲᠤ ᠡᠷᠳᠡ ᠮᠡᠳᠡᠭᠳᠡᠭᠰᠡᠨ ᠭᠡᠷᠡᠯ ᠤᠨ ᠮᠡᠳᠡᠭᠡ ᠵᠠᠩᠬᠢ ᠢᠯᠡᠷᠡᠭᠦᠯᠭᠦ ᠲᠦᠭᠦᠭᠡᠷᠦᠮᠵᠢ ᠮᠦᠨ᠃ ᠭᠡᠷᠡᠯ ᠴᠠᠬᠢᠯᠭᠠᠨ ᠤ ᠮᠡᠷᠭᠡᠵᠢᠯ ᠳᠤ ᠴᠢᠬᠤᠯᠠ ᠨᠦᠯᠦᠭᠡ ᠦᠵᠡᠭᠦᠯᠦᠭᠰᠡᠨ ᠭᠡᠷᠡᠯ ᠢᠯᠡᠷᠡᠭᠦᠯᠭᠦ ᠲᠤᠨᠤᠬᠯᠠᠭᠠᠰᠤ ᠪᠤᠯ ᠰᠢᠩᠭᠡᠨ ᠲᠠᠯᠠᠰᠳᠤ ᠶᠢᠨ ᠢᠯᠡᠷᠡᠭᠦᠯᠦᠭᠴᠢ᠂ ᠴᠠᠬᠢᠯᠭᠠᠨ ᠴᠡᠨᠡᠭᠳᠦ ᠬᠤᠯᠪᠤᠯᠳᠤᠭᠤᠷ ᠪᠠ ᠬᠠᠭᠠᠰ ᠲᠠᠮᠵᠢᠭᠤᠯᠤᠬᠴᠢ ᠭᠡᠷᠡᠯᠳᠦᠭᠦᠯᠭᠦ ᠬᠤᠶᠠᠷ ᠲᠦᠢᠯᠳᠦ ᠬᠤᠭᠤᠯᠠᠢ ᠵᠡᠷᠭᠡ ᠪᠤᠯᠤᠨ᠎ᠠ᠃
       21 ᠳ᠋ᠤᠭᠡᠷ ᠵᠠᠭᠤᠨ ᠪᠤᠯ ᠭᠡᠷᠡᠯ ᠴᠠᠬᠢᠯᠭᠠᠨ ᠤ ᠮᠡᠳᠡᠭᠡ ᠵᠠᠩᠬᠢ ᠶᠢᠨ ᠴᠠᠬ ᠦᠶ᠎ᠡ ᠭᠡᠵᠦ ᠬᠦᠮᠦᠰ ᠵᠦᠡᠭᠨᠡᠵᠦ ᠪᠤᠢ᠃ ᠭᠡᠷᠡᠯ ᠴᠠᠬᠢᠯᠭᠠᠨ ᠤ ᠮᠡᠷᠭᠡᠵᠢᠯ ᠢ ᠬᠦᠭᠵᠢᠭᠦᠯᠭᠦ ᠨᠢ ᠲᠤᠯᠭᠠᠮ᠎ᠠ ᠡᠭᠦᠷᠭᠡ ᠮᠦᠷᠳᠡᠭᠡᠨ ᠰᠠᠶᠢᠨ ᠲᠤᠬᠢᠶᠠᠯ ᠴᠤ ᠪᠤᠢ ᠪᠤᠯᠵᠤ ᠪᠤᠢ᠃ ᠤᠯᠠᠨ ᠵᠦᠢᠯ ᠤᠨ ᠭᠡᠯᠬᠢᠶᠡᠮᠡᠯ ᠭᠡᠷᠡᠯ ᠴᠠᠬᠢᠯᠭᠠᠨ ᠤ ᠲᠤᠨᠤᠬᠯᠠᠭᠠᠰᠤ ᠶᠢ ᠰᠤᠳᠤᠯᠤᠨ ᠪᠦᠳᠦᠭᠡᠵᠦ ᠪᠠᠰᠠ ᠪᠦᠭᠡᠮ ᠢᠶᠠᠷ ᠦᠢᠯᠡᠳᠪᠦᠷᠢᠯᠡᠵᠤ ᠴᠢᠳᠠᠬᠤ ᠳᠤ ᠬᠦᠷᠪᠡᠯ ᠭᠡᠷᠡᠯ ᠴᠠᠬᠢᠯᠭᠠᠨ ᠤ ᠮᠡᠳᠡᠭᠡ ᠵᠠᠩᠬᠢ ᠶᠢᠨ ᠴᠠᠬ ᠦᠶ᠎ᠡ ᠡᠬᠢᠯᠡᠨ᠎ᠡ ᠭᠡᠵᠦ ᠪᠢᠳᠡ ᠭᠡᠯᠡᠵᠦ ᠪᠤᠯᠤᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ