ᠠᠮᠢᠳᠤ ᠪᠤᠳᠠᠰ ᠤᠨ ᠵᠡᠪᠰᠡᠭ ᠭᠡᠭᠴᠢ ᠶᠠᠭᠤ ᠪᠤᠢ︖
ᠨᠡᠶᠢᠲᠡᠯᠡᠭᠰᠡᠨ ᠴᠠᠭ᠄
2018/11/30

       ᠰᠦᠷᠳᠡᠭᠦᠯᠦᠭᠴᠢᠳ ᠮᠠᠰᠢ ᠤᠯᠠᠨ ᠪᠠᠺᠲ᠋ᠧᠷᠢ ᠶᠢ ᠠᠰᠢᠬᠯᠠᠵᠤ ᠶᠠᠯ᠎ᠠ ᠬᠢᠵᠤ ᠪᠤᠯᠤᠨ᠎ᠠ᠂ ᠡᠭᠦᠨ ᠤ ᠲᠤᠳᠤᠷ᠎ᠠ ᠬᠠᠮᠤᠬ ᠤᠨ ᠬᠤᠤᠷ᠎ᠠ ᠲᠠᠢ᠂ ᠬᠠᠯᠳᠠᠪᠤᠷᠢᠯᠠᠬᠤ ᠨᠢ ᠲᠦᠷᠭᠡᠨ ᠪᠠᠶᠢᠳᠠᠬ ᠨᠢ ᠴᠡᠴᠡᠭ ᠡᠪᠡᠳᠴᠢᠨ᠂ ᠬᠤᠯᠤᠭᠠᠨ᠎ᠠ ᠬᠢᠵᠢᠭ ᠪᠠ ᠪᠤᠭᠤᠮ᠎ᠠ ︵炭疽︶ ᠪᠤᠯᠤᠨ᠎ᠠ᠂ ᠡᠳᠡᠭᠡᠷ ᠪᠠᠺᠲ᠋ᠧᠷᠢ ᠶᠢ ᠨᠢᠭᠡ ᠯᠡ ᠤᠳᠠᠭ᠎ᠠ ᠭᠡᠷᠡᠭᠯᠡᠪᠡᠯ ᠲᠠᠷᠤᠢ ᠮᠠᠰᠢ ᠠᠷᠪᠢᠨ ᠬᠦᠮᠦᠨ ᠢ ᠬᠦᠨᠦᠭᠡᠨ᠎ᠡ᠃ ᠬᠦᠮᠦᠨ ᠠᠯᠠᠳᠠᠬ ᠬᠤᠤᠷᠠᠳᠤ ᠪᠠᠺᠲ᠋ᠧᠷᠢ ᠪᠤᠯ ᠲᠠᠷᠤᠢ ᠠᠮᠢᠳᠤ ᠪᠤᠳᠠᠰ ᠤᠨ ᠵᠡᠪᠰᠡᠭ ᠮᠦᠨ᠃
       ᠴᠡᠴᠡᠭ ᠡᠪᠡᠳᠴᠢᠨ  
       ᠴᠡᠴᠡᠭ ᠡᠪᠡᠳᠴᠢᠨ ᠪᠤᠯ ᠰᠦᠷᠳᠡᠭᠦᠯᠦᠭᠴᠢᠳ ᠤᠨ ᠭᠡᠷᠡᠭᠯᠡᠵᠦ ᠪᠤᠯᠬᠤ ᠬᠠᠮᠤᠬ ᠤᠨ ᠠᠶᠤᠮᠰᠢᠬᠳᠠᠢ ᠪᠠᠺᠲ᠋ᠧᠷᠢ ᠶᠢᠨ ᠨᠢᠭᠡ ᠵᠦᠢᠯ ᠮᠦᠨ᠃ ᠲᠡᠷᠡ ᠨᠢ ᠬᠤᠤᠷ᠎ᠠ ᠶᠡᠭᠡᠳᠡᠢ᠂ ᠬᠠᠯᠳᠠᠪᠤᠷᠢᠯᠠᠯᠳᠠ ᠨᠢ ᠴᠢᠩᠭ᠎ᠠ᠂ ᠠᠮᠢᠰᠬᠤᠯ ᠪᠠ ᠠᠷᠠᠰᠤ ᠪᠠᠷ ᠲᠠᠮᠵᠢᠵᠤ ᠬᠠᠯᠳᠠᠪᠤᠷᠢᠯᠠᠳᠠᠬ᠃ ᠭᠡᠪᠡᠴᠦ ᠤᠳᠤᠬᠠᠨ ᠳᠤ ᠬᠦᠮᠦᠨ ᠲᠦᠷᠦᠯᠬᠢᠳᠡᠨ ᠳᠤ ᠲᠡᠭᠦᠨ ᠢ ᠡᠰᠡᠷᠭᠦᠴᠡᠭᠦ ᠡᠮ ᠤᠯᠳᠠᠭᠠᠳᠤᠢ᠃ ᠪᠤᠳᠤ ᠶᠢᠨ ᠲᠠᠷᠢᠯᠭ᠎ᠠ ᠶᠢ ᠬᠢᠭᠦ ᠦᠭᠡᠢ ᠪᠤᠯᠤᠭᠠᠳ 20 ᠭᠠᠷᠤᠢ ᠵᠢᠯ ᠪᠤᠯᠵᠤ ᠪᠠᠶᠢᠨ᠎ᠠ᠂ ᠤᠴᠢᠷ ᠨᠢ 1979 ᠤᠨ ᠪᠤᠯᠬᠤ ᠳᠤ ᠴᠡᠴᠡᠭ ᠡᠪᠡᠳᠴᠢᠨ ᠢ ᠤᠰᠠᠳᠬᠠᠪᠠ ᠭᠡᠵᠦ ᠬᠦᠮᠦᠰ ᠪᠤᠳᠤᠵᠤ ᠪᠠᠶᠢᠪᠠ᠃ ᠡᠶᠢᠮᠦ ᠠᠴᠠ ᠬᠡᠷᠪᠡ ᠴᠡᠴᠡᠭ ᠡᠪᠡᠳᠴᠢᠨ ᠲᠠᠬᠢᠭᠠᠳ ᠲᠡᠯᠭᠡᠷᠡᠪᠡᠯ ᠬᠤᠶᠢᠰᠢᠳᠠ ᠲᠦᠷᠦᠭᠦ ᠬᠦᠮᠦᠨ ᠴᠦᠮ ᠨᠡᠷᠪᠡᠭᠳᠡᠭᠦ ᠳᠤ ᠬᠦᠷᠦᠨ᠎ᠡ᠂ ᠦᠳᠡᠯᠦᠭᠰᠡᠨ ᠬᠦᠮᠦᠨ ᠨᠡᠷᠪᠡᠭᠳᠡᠭᠦ ᠦᠭᠡᠢ ᠭᠡᠵᠦ ᠭᠡᠯᠡᠭᠦ ᠪᠠᠷᠢᠮᠳᠠ ᠪᠠᠰᠠ ᠦᠭᠡᠢ ᠪᠠᠶᠢᠬᠰᠠᠭᠠᠷ᠃
       ᠬᠤᠯᠤᠭᠠᠨ᠎ᠠ ᠭᠢᠵᠢᠭ  
       ᠤᠨ ᠲᠤᠭᠠᠯᠠᠯ ᠲᠠᠢ ᠪᠤᠯᠤᠬᠰᠠᠨ ᠠᠴᠠ ᠨᠠᠰᠢ᠂ ᠬᠤᠯᠤᠭᠠᠨ᠎ᠠ ᠬᠢᠵᠢᠭ ᠪᠠᠷᠤᠬ 2 ᠳ᠋ᠦᠡᠭᠰᠢᠭᠤᠷ ᠬᠦᠮᠦᠨ ᠤ ᠠᠮᠢ ᠶᠢ ᠪᠤᠯᠢᠶᠠᠨ ᠠᠪᠴᠤ ᠪᠠᠶᠢᠨ᠎ᠠ᠃ ᠭᠦᠭᠵᠢᠭᠰᠡᠨ ᠤᠯᠤᠰ ᠲᠤ ᠬᠤᠯᠤᠭᠠᠨ᠎ᠠ ᠬᠢᠵᠢᠭ ᠲᠤ ᠨᠡᠷᠪᠡᠭᠳᠡᠭᠰᠡᠨ ᠭᠡᠳᠦᠭᠡᠨ ᠬᠦᠮᠦᠨ ᠭᠠᠷᠪᠠᠯ ᠬᠦᠮᠦᠰ ᠪᠦᠷ ᠴᠤ ᠠᠶᠤᠨ ᠰᠦᠷᠳᠡᠭᠳᠡᠨ᠎ᠡ᠃ ᠬᠤᠯᠤᠭᠠᠨ᠎ᠠ ᠬᠢᠵᠢᠭ ᠨᠢ ᠬᠤᠯᠤᠭᠠᠨ᠎ᠠ᠂ ᠮᠤᠤᠷ ᠵᠢᠴᠢ ᠲᠡᠮᠡᠭᠡ᠂ ᠢᠮᠠᠭ᠎ᠠ ᠵᠡᠷᠭᠡ ᠮᠠᠰᠢ ᠤᠯᠠᠨ ᠠᠮᠢᠳᠠᠨ ᠳᠤ ᠪᠦᠷ ᠬᠠᠯᠳᠠᠪᠤᠷᠢᠯᠠᠳᠠᠬ ᠶᠤᠮ᠃
       ᠬᠤᠯᠤᠭᠠᠨ᠎ᠠ ᠪᠤᠯ ᠬᠤᠯᠤᠭᠠᠨ᠎ᠠ ᠬᠢᠵᠢᠭ ᠲᠤ ᠨᠡᠷᠪᠡᠭᠳᠡᠭᠰᠡᠨ ᠨᠤᠬᠠᠢ ᠶᠢᠨ ᠪᠦᠭᠡᠰᠦ ᠪᠠᠷ ᠲᠠᠮᠵᠢᠵᠤ ᠬᠤᠯᠤᠭᠠᠨ᠎ᠠ ᠬᠢᠵᠢᠭ ᠲᠤ ᠨᠡᠷᠪᠡᠭᠳᠡᠳᠡᠭ᠃ ᠡᠳᠡᠭᠡᠷ ᠨᠤᠬᠠᠢ ᠶᠢᠨ ᠪᠦᠭᠡᠰᠦ ᠨᠢ ᠬᠦᠮᠦᠨ ᠢ ᠬᠠᠵᠠᠬᠤ᠂ ᠡᠰᠡᠭᠦᠯ᠎ᠡ ᠬᠤᠯᠤᠭᠠᠨ᠎ᠠ ᠨᠢ ᠬᠦᠮᠦᠨ ᠢ ᠬᠠᠵᠠᠬᠤ ᠳᠤ ᠭᠦᠷᠪᠡᠯ ᠬᠦᠮᠦᠨ ᠲᠤᠤᠷ᠎ᠠ ᠪᠠᠨ ᠬᠤᠯᠤᠭᠠᠨ᠎ᠠ ᠬᠢᠵᠢᠭ ᠲᠤ ᠨᠡᠷᠪᠡᠭᠳᠡᠳᠡᠭ᠃ ᠪᠤᠰᠤᠳ ᠬᠦᠭᠦᠳᠡᠨ᠂ ᠢᠯᠠᠩᠭᠤᠶ᠎ᠠ ᠨᠤᠬᠠᠢ ᠵᠡᠷᠭᠡ ᠠᠮᠢᠳᠠᠨ ᠬᠢᠵᠢᠭ ᠲᠤ ᠨᠤᠬᠠᠢ ᠶᠢᠨ ᠪᠦᠭᠡᠰᠦ ᠶᠢ ᠡᠨᠡ ᠭᠠᠵᠠᠷ ᠠᠴᠠ ᠲᠡᠷᠡ ᠭᠠᠵᠠᠷ ᠲᠤ ᠠᠪᠠᠴᠢᠵᠤ ᠲᠠᠷᠬᠠᠭᠠᠳᠠᠬ᠃ ᠬᠦᠮᠦᠰ ᠤᠨ ᠬᠤᠭᠤᠷᠤᠨᠳᠤᠬᠢ ᠬᠤᠷᠤᠬᠠᠢ ᠰᠢᠪᠠᠵᠢ ᠪᠤᠶᠤ ᠭᠡᠢ ᠠᠭᠠᠷ ᠢᠶᠠᠷ ᠲᠠᠮᠵᠢᠵᠤ ᠬᠠᠯᠳᠠᠪᠤᠷᠢᠯᠠᠳᠠᠬ ᠶᠤᠮ᠃ ᠠᠮᠢᠳᠤ ᠪᠤᠳᠠᠰ ᠤᠨ ᠵᠡᠪᠰᠡᠭ ᠪᠤᠯᠤᠬᠰᠠᠨ ᠤ ᠬᠤᠪᠢ ᠳᠤ ᠬᠤᠯᠤᠭᠠᠨ᠎ᠠ ᠬᠢᠵᠢᠭ ᠨᠢ ᠬᠦᠮᠦᠨ ᠲᠦᠷᠦᠯᠬᠢᠳᠡᠨ ᠳᠤ ᠲᠤᠩ ᠶᠡᠭᠡ ᠠᠶᠤᠯ ᠭᠠᠮᠰᠢᠬ ᠲᠠᠢ ᠶᠤᠮ᠃
       ᠪᠤᠭᠤᠮ᠎ᠠ  
       ᠲᠡᠭᠡᠷ᠎ᠡ ᠲᠤᠷᠠᠳᠤᠬᠰᠠᠨ ᠬᠤᠶᠠᠷ ᠵᠦᠢᠯ ᠤᠨ ᠪᠠᠺᠲ᠋ᠧᠷᠢ ᠲᠠᠢ ᠠᠳᠠᠯᠢᠳᠬᠠᠪᠠᠯ ᠪᠤᠭᠤᠮ᠎ᠠ ᠪᠤᠯ ᠬᠦᠮᠦᠨ ᠤ ᠬᠤᠭᠤᠷᠤᠨᠳᠤᠬᠢ ᠤᠢᠢᠷᠠᠳᠤᠬᠤ ᠠᠴᠠ ᠬᠠᠯᠳᠠᠪᠤᠷᠢᠯᠠᠳᠠᠬ ᠦᠭᠡᠢ ᠶᠤᠮ᠃ ᠭᠡᠷᠪᠡ ᠪᠦᠳᠦᠮᠵᠢᠳᠡᠢ ᠡᠮᠨᠡᠪᠡᠯ ᠲᠡᠭᠦᠨ ᠤ ᠬᠤᠤᠷ ᠬᠦᠨᠦᠭᠡᠯ ᠨᠢ ᠡᠮᠦᠨᠡᠬᠢ ᠬᠤᠶᠠᠷ ᠵᠦᠢᠯ ᠤᠨ ᠪᠠᠺᠲ᠋ᠧᠷᠢ ᠠᠴᠠ ᠬᠦᠡᠭᠭᠡᠨ ᠪᠠᠶᠢᠳᠠᠬ᠃ ᠭᠡᠷᠪᠡ ᠤᠨᠴᠠ ᠪᠠᠶᠢᠳᠠᠯ ᠮᠡᠳᠡᠭᠳᠡᠭᠦ ᠦᠭᠡᠢ ᠪᠤᠯ ᠲᠡᠭᠦᠨ ᠢ ᠤᠨᠤᠰᠢᠯᠠᠬᠤ ᠳᠤ ᠬᠦᠴᠢᠷᠳᠡᠢ᠂ ᠬᠢᠮᠤᠷᠠᠭ᠎ᠠ ᠪᠤᠶᠤ ᠠᠮᠢᠰᠬᠤᠯ ᠤᠨ ᠰᠢᠰᠲ᠋ᠧᠮ ᠤᠨ ᠡᠪᠡᠳᠴᠢᠨ ᠲᠠᠢ ᠬᠤᠳᠬᠤᠵᠤ ᠮᠡᠳᠡᠨ᠎ᠡ᠃
       ᠡᠪᠡᠳᠴᠢᠨ ᠤ ᠪᠠᠶᠢᠳᠠᠯ ᠢᠯᠡᠷᠡᠮᠡᠭᠴᠡ᠂ ᠤᠯᠠᠩᠬᠢ ᠳᠠᠭᠠᠨ 1 — 3 ᠡᠳᠦᠷ ᠤᠨ ᠲᠤᠳᠤᠷ᠎ᠠ ᠦᠭᠦᠭᠦ ᠠᠶᠤᠯᠳᠠᠢ᠃ ᠡᠶᠢᠮᠦ ᠠᠴᠠ ᠬᠠᠯᠳᠠᠪᠤᠷᠢᠯᠠᠬᠤ ᠠᠶᠤᠯᠳᠠᠢ ᠰᠠᠭᠤᠭᠠᠯᠢ ᠠᠷᠠᠳ ᠪᠦᠭᠦᠨ ᠢ ᠡᠷᠳᠡᠭᠡᠨ ᠵᠠᠪᠳᠤᠵᠤ ᠪᠠᠶᠢᠴᠠᠭᠠᠨ ᠡᠮᠨᠡᠭᠦᠯᠭᠦ ᠭᠡᠷᠡᠭᠳᠡᠢ᠃ ᠡᠮᠨᠡᠨ ᠡᠳᠡᠭᠡᠷᠡᠭᠦᠯᠭᠦ ᠳᠤ ᠪᠠᠷᠤᠬ 8 ᠭᠠᠷᠠᠬ ᠤᠨ ᠬᠤᠭᠤᠴᠠᠭ᠎ᠠ ᠭᠡᠷᠡᠭᠰᠡᠨ᠎ᠡ᠃ ᠭᠡᠭᠦ ᠳᠡᠭᠡᠨ ᠡᠪᠡᠳᠴᠢᠳᠡᠨ ᠪᠠ ᠤᠷᠴᠢᠨ ᠲᠤᠭᠤᠷᠢᠨ ᠳᠤ ᠬᠠᠯᠳᠠᠪᠤᠷᠢᠯᠠᠬᠰᠠᠨ ᠪᠤᠭᠤᠮ᠎ᠠ ᠶᠢᠨ ᠰᠫᠤᠷ ︵孢子︶ ᠢ ᠠᠷᠢᠯᠭᠠᠬᠤ ᠭᠡᠷᠡᠭᠳᠡᠢ᠂ ᠬᠠᠮᠠᠷ ᠤᠨ ᠨᠦᠭᠡ᠂ ᠠᠷᠠᠰᠤ ᠪᠠ ᠭᠡᠵᠢᠭᠡ ᠪᠤᠯ ᠪᠤᠭᠤᠮ᠎ᠠ ᠶᠢᠨ ᠰᠫᠤᠷ ᠠᠮᠠᠷᠬᠠᠨ ᠬᠠᠳᠠᠭᠠᠯᠠᠬᠳᠠᠬᠤ ᠭᠠᠵᠠᠷ ᠪᠤᠯᠤᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ