ᠢᠷᠡᠭᠡᠳᠦᠢ ᠶᠢᠨ ᠴᠡᠷᠢᠭ ᠤᠨ ᠡᠮᠨᠡᠯᠭᠡ ᠶᠢᠨ ᠮᠡᠷᠭᠡᠵᠢᠯ
ᠨᠡᠶᠢᠲᠡᠯᠡᠭᠰᠡᠨ ᠴᠠᠭ᠄
2018/11/30

       ᠴᠡᠷᠢᠭ ᠤᠨ ᠠᠨᠠᠭᠠᠬᠤ ᠤᠬᠠᠭᠠᠨ ᠤ ᠲᠤᠰᠬᠠᠢ ᠮᠡᠷᠭᠡᠵᠢᠯᠳᠡᠳ ᠤᠨ ᠵᠠᠳᠠᠯᠤᠯᠳᠠ ᠬᠢᠵᠦ ᠲᠦᠰᠦᠭᠯᠡᠭᠰᠡᠨ ᠢᠶᠠᠷ᠂ 21 ᠳ᠋ᠤᠭᠡᠷ ᠵᠠᠭᠤᠨ ᠳᠤ ᠴᠡᠷᠢᠭ ᠤᠨ ᠠᠨᠠᠭᠠᠬᠤ ᠤᠬᠠᠭᠠᠨ ᠤ ᠮᠡᠷᠭᠡᠵᠢᠯ ᠤᠯᠠᠮᠵᠢᠯᠠᠯᠳᠤ ᠡᠮᠨᠡᠯᠭᠡ ᠶᠢᠨ ᠠᠷᠭ᠎ᠠ ᠠᠴᠠ ᠲᠠᠪᠠᠵᠤ ᠴᠢᠨᠠᠷ ᠤᠨ ᠦᠰᠦᠷᠦᠯᠳᠡ ᠲᠠᠢ ᠪᠤᠯᠤᠨ᠎ᠠ᠃ ᠲᠡᠷᠡ ᠦᠶ᠎ᠡ ᠲᠠᠶᠢᠨ ᠤ ᠲᠠᠯᠨᠪᠤᠷ ᠲᠤ ᠪᠠᠷᠤᠬ ︽ᠦᠭᠦᠭᠦ︾ ᠬᠦᠮᠦᠨ ᠦᠭᠡᠢ ᠪᠤᠯᠤᠨ᠎ᠠ ᠭᠡᠵᠦ ᠭᠡᠯᠡᠵᠦ ᠪᠤᠯᠤᠨ᠎ᠠ᠃
       ᠲᠡᠭᠦᠰ ᠴᠢᠳᠠᠪᠤᠷᠢᠳᠤ ᠴᠠᠭᠠᠨ ᠴᠢᠰᠤ ᠤᠳᠤ ᠶᠢᠨ ᠬᠦᠮᠦᠨ ᠤ ᠴᠢᠰᠤ ᠶᠢ ᠤᠷᠤᠯᠠᠨ᠎ᠠ᠄ ᠬᠦᠮᠦᠨ ᠤ ᠪᠡᠶ᠎ᠡ ᠳᠤ ᠴᠢᠰᠤ ᠦᠭᠡᠢ ᠪᠠᠶᠢᠵᠤ ᠪᠤᠯᠬᠤ ᠦᠭᠡᠢ᠃ ᠮᠠᠲ᠋ᠧᠷᠢᠶᠠᠯ ᠠᠴᠠ ᠦᠵᠡᠪᠡᠯ ᠦᠡᠭᠭᠡᠷᠡᠭᠰᠡᠨ ᠤ ᠲᠠᠶᠢᠨ ᠤ ᠲᠠᠯᠠᠪᠤᠷ ᠲᠤ ᠰᠢᠷᠬᠠᠳᠤᠬᠰᠠᠳ ᠤᠨ 40% ᠲᠤᠨᠢ ᠴᠢᠰᠤ ᠶᠡᠭᠦᠯᠡᠭᠦ ᠴᠢᠬᠤᠯᠠ ᠲᠠᠢ ᠪᠠᠶᠢᠳᠠᠬ᠂ ᠮᠠᠰᠢ ᠤᠯᠠᠨ ᠬᠦᠨᠳᠦ ᠰᠢᠷᠬᠠᠳᠠᠨ ᠶᠡᠭᠦᠯᠡᠭᠦ ᠴᠢᠰᠤ ᠦᠭᠡᠢ ᠰᠢᠯᠳᠠᠭᠠᠨ ᠠᠴᠠ ᠠᠮᠢ ᠪᠠᠨ ᠠᠯᠳᠠᠵᠤ ᠪᠠᠶᠢᠪᠠ᠃
       ᠤᠳᠤ ᠲᠠᠶᠢᠨ ᠤ ᠲᠠᠯᠠᠪᠤᠷ ᠲᠤ ᠶᠡᠭᠦᠯᠡᠵᠦ ᠪᠠᠶᠢᠭ᠎ᠠ ᠴᠢᠰᠤ ᠨᠢ ᠪᠦᠷ ᠴᠤ ᠲᠠᠶᠢᠨ ᠤ ᠡᠮᠦᠨ᠎ᠡ ᠪᠡᠯᠡᠳᠭᠡᠭᠰᠡᠨ ᠪᠤᠶᠤ ᠲᠠᠶᠢᠨ ᠤ ᠲᠤᠮᠳᠠ ᠴᠤᠬᠯᠠᠭᠤᠯᠤᠬᠰᠠᠨ ᠴᠢᠰᠤ ᠪᠤᠯᠤᠨ᠎ᠠ᠃ ᠰᠢᠨ᠎ᠡ ᠴᠢᠰᠤ ᠶᠢ ᠬᠠᠳᠠᠭᠠᠯᠠᠬᠤ ᠳᠤ ᠦᠨᠳᠦᠷ ᠮᠡᠷᠭᠡᠵᠢᠯ ᠤᠷᠤᠬᠤ ᠮᠦᠷᠳᠡᠭᠡᠨ ᠴᠢᠰᠤᠨ ᠤ ᠭᠡᠯᠪᠡᠷᠢ ᠶᠢ ᠴᠤ ᠢᠯᠭᠠᠬᠤ ᠴᠢᠬᠤᠯᠠ ᠲᠠᠢ ᠤᠴᠢᠷ ᠠᠴᠠ ᠲᠠᠶᠢᠨ ᠤ ᠲᠤᠮᠳᠠ ᠴᠢᠰᠤ ᠶᠡᠭᠦᠯᠡᠭᠦ ᠨᠢ ᠲᠤᠩ ᠬᠦᠴᠢᠷᠳᠠᠢ ᠭᠡᠷᠡᠭ ᠪᠤᠯᠤᠭᠠᠳ ᠪᠠᠶᠢᠨ᠎ᠠ᠃ ᠡᠨᠡ ᠠᠰᠠᠭᠤᠳᠠᠯ ᠢ ᠰᠢᠢᠳᠪᠦᠷᠢᠯᠡᠭᠦ ᠶᠢᠨ ᠲᠦᠯᠦᠭᠡ ᠰᠢᠨᠵᠢᠯᠡᠭᠦ ᠤᠬᠠᠭᠠᠨᠳᠠᠳ ᠬᠢᠮᠳᠠ ᠴᠢᠰᠤ — ᠲᠡᠭᠦᠰ ᠴᠢᠳᠠᠪᠤᠷᠢᠳᠤ ᠵᠤᠬᠢᠶᠠᠮᠠᠯ ᠴᠢᠰᠤ ᠭᠡᠷᠡᠭᠯᠡᠭᠦ ᠶᠢ ᠪᠤᠳᠤᠯᠬᠢᠯᠠᠵᠤ ᠪᠠᠶᠢᠨ᠎ᠠ᠃
       ᠡᠶᠢᠮᠦᠷᠭᠦ ᠴᠢᠰᠤ ᠨᠢ ᠤᠯᠠᠭᠠᠨ ᠦᠡᠭᠭᠡ ᠲᠠᠢ ᠪᠢᠰᠢ᠂ ᠬᠠᠷᠢᠨ ᠴᠠᠭᠠᠨ ᠦᠡᠭᠭᠡ ᠲᠠᠢ᠂ ᠠᠮᠢᠳᠤ ᠪᠤᠳᠠᠰ ᠤᠨ ᠢᠨᠵᠧᠨᠧᠷᠢᠩ ᠤᠨ ᠤᠳᠤᠮᠯᠠᠯ ᠤᠨ ᠭᠸᠡ ᠤ ᠤᠬ ᠶᠤᠰᠤ ᠪᠠ ᠡᠰ ᠤᠨ ᠵᠠᠳᠠᠷᠠᠯᠳᠠ ᠶᠢᠨ ᠮᠡᠷᠭᠡᠵᠢᠯ ᠢᠶᠠᠷ ᠵᠤᠬᠢᠶᠠᠬᠰᠠᠨ ᠶᠤᠮ᠃ ᠡᠶᠢᠮᠦ ᠴᠢᠰᠤᠨ ᠳᠤ ᠬᠦᠮᠦᠨ ᠤ ᠴᠢᠰᠤ ᠲᠠᠢ ᠠᠳᠠᠯᠢ ᠪᠦᠷᠢᠯᠳᠦᠭᠦᠨ ᠲᠠᠢ᠂ ᠠᠳᠠᠯᠢ ᠪᠤᠰᠤ ᠭᠡᠯᠪᠡᠷᠢ ᠲᠠᠢ ᠴᠢᠰᠤ ᠯᠤᠭ᠎ᠠ ᠴᠦᠮ ᠨᠡᠶᠢᠯᠡᠳᠡᠭ᠃ ᠡᠶᠢᠮᠦ ᠴᠢᠰᠤ ᠶᠢ ᠺᠤᠮᠫᠢᠦ᠋ᠲ᠋ᠧᠷ ᠢᠶᠠᠷ ᠡᠵᠡᠮᠰᠢᠭᠰᠡᠨ ᠤᠨᠴᠠᠭᠠᠢ ᠪᠦᠳᠦᠴᠡ ᠲᠠᠢ ᠦᠢᠯᠡᠳᠪᠦᠷᠢ ᠶᠢᠨ ᠲᠠᠰᠤᠬ ᠲᠤ ᠵᠤᠬᠢᠶᠠᠵᠤ᠂ ᠲᠠᠶᠢᠨ ᠤ ᠲᠠᠯᠠᠪᠤᠷ ᠲᠤ ᠲᠦᠭᠡᠭᠡᠯ ᠤᠰᠤ ᠰᠢᠬ ᠬᠠᠨᠭ᠍ᠭᠠᠵᠤ ᠴᠢᠳᠠᠨ᠎ᠠ᠃
       ᠴᠠᠭᠠᠨ ᠴᠢᠰᠦ -30℃ — 50℃ ᠲᠤ ᠴᠢᠨᠠᠷ ᠬᠤᠪᠢᠷᠠᠬᠤ ᠦᠭᠡᠢ᠂ ᠴᠢᠰᠤ ᠨᠢ ᠡᠭᠡᠳᠡᠷᠡᠭᠦ᠂ ᠪᠤᠬᠢᠷᠳᠤᠬᠤ ᠠᠰᠠᠭᠤᠳᠠᠯ ᠦᠭᠡᠢ᠃
       ᠵᠤᠬᠢᠶᠠᠮᠠᠯ ᠠᠷᠠᠰᠤᠨ ᠤ ᠮᠡᠷᠭᠡᠵᠢᠯ ᠨᠢ ᠲᠠᠶᠢᠨ ᠤ ᠲᠠᠯᠠᠪᠤᠷ ᠲᠠᠬᠢ ᠠᠷᠠᠰᠤ ᠰᠠᠭᠤᠯᠭᠠᠬᠤ ᠮᠡᠷᠭᠡᠵᠢᠯ ᠢ ᠪᠦᠷᠢᠮᠦᠰᠦᠨ ᠰᠢᠨᠡᠳᠭᠡᠨ᠎ᠡ᠄ ᠶᠡᠭᠡ ᠲᠠᠯᠪᠡᠷᠡᠵᠦ ᠰᠢᠳᠠᠬᠤ ᠵᠡᠪᠰᠡᠭ ᠭᠠᠷᠴᠤ ᠢᠷᠡᠭᠰᠡᠨ ᠠᠴᠠ ᠲᠠᠶᠢᠨ ᠤ ᠲᠠᠯᠪᠤᠷ ᠲᠤ ᠬᠠᠯᠠᠵᠤ ᠰᠢᠳᠠᠬᠤ ᠰᠢᠷᠬᠠᠳᠠᠨ ᠤᠯᠠᠮ ᠤᠯᠠᠰᠢᠷᠠᠵᠤ᠂ ᠠᠷᠠᠰᠤ ᠰᠠᠭᠤᠯᠭᠠᠬᠤ ᠬᠦᠮᠦᠨ ᠤ ᠲᠤᠭ᠎ᠠ ᠶᠡᠭᠡᠪᠡᠷ ᠨᠡᠮᠡᠭᠳᠡᠵᠦ᠂ ᠵᠠᠷᠢᠮ ᠰᠢᠷᠬᠠᠳᠠᠨ ᠠᠷᠠᠰᠤ ᠤᠯᠵᠤ ᠰᠠᠭᠤᠯᠭᠠᠬᠰᠠᠨ ᠦᠭᠡᠢ ᠠᠴᠠ ᠪᠤᠯᠵᠤ ᠨᠠᠰᠤᠨ ᠳᠠᠭᠠᠨ ᠬᠠᠷᠠᠮᠰᠠᠬᠤ ᠪᠤᠯᠵᠤ ᠪᠠᠶᠢᠨ᠎ᠠ᠃
       ᠡᠨᠡ ᠠᠰᠠᠭᠤᠳᠠᠯ ᠢ ᠰᠢᠢᠳᠪᠦᠷᠢᠯᠡᠭᠦ ᠶᠢᠨ ᠲᠦᠯᠦᠭᠡ᠂ ᠠᠨᠠᠭᠠᠬᠤ ᠤᠬᠠᠭᠠᠨ ᠤ ᠮᠡᠷᠭᠡᠵᠢᠯᠳᠡᠳ ᠠᠮᠢᠳᠤ ᠪᠤᠳᠠᠰ ᠢᠶᠠᠷ ᠲᠦᠰᠦᠭᠯᠡᠭᠦ ᠮᠡᠷᠭᠡᠵᠢᠯ ︵仿生技术︶ ᠪᠠ ᠳ᠋ᠠᠩ ᠡᠰ ᠤᠨ ᠤᠳᠤᠮᠯᠠᠯ ᠤᠨ ᠬᠠᠭᠠᠷᠠᠯᠳᠠ ᠶᠢᠨ ᠮᠡᠷᠭᠡᠵᠢᠯ ᠢ ᠭᠡᠷᠡᠭᠯᠡᠵᠦ᠂ ᠬᠤᠶᠠᠷ ᠵᠦᠢᠯ ᠤᠨ ᠵᠤᠬᠢᠶᠠᠮᠠᠯ ᠠᠷᠠᠰᠤ ᠬᠢᠵᠦ᠂ ᠲᠡᠶᠢᠨ ᠤ ᠲᠡᠯᠠᠪᠤᠷ ᠲᠤ ᠭᠡᠷᠡᠭᠯᠡᠭᠦ ᠠᠷᠠᠰᠤᠨ ᠤ ᠭᠡᠷᠡᠭᠴᠡᠭᠡ ᠶᠢ ᠦᠨᠳᠦᠰᠦᠨ ᠠᠴᠠ ᠨᠢ ᠰᠢᠢᠳᠪᠦᠷᠢᠯᠡᠭᠦ ᠪᠠᠷ ᠵᠤᠷᠢᠵᠤ ᠪᠠᠶᠢᠨ᠎ᠠ᠃ ① ᠠᠮᠢᠳᠠᠨ ᠤ ᠤᠳᠤᠮᠯᠠᠯ ᠤᠨ ᠤᠨᠳᠤᠤᠰᠢᠬᠤ ᠶᠤᠰᠤ ᠶᠢ ᠦᠨᠳᠦᠰᠦᠯᠡᠵᠦ᠂ ᠤᠨᠴᠠ ᠠᠷᠭ᠎ᠠ ᠪᠠᠷ ᠰᠢᠢᠳᠪᠦᠷᠢᠯᠡᠭᠦ ᠦᠭᠡᠷᠡᠳᠡᠭᠦᠯᠦᠭᠰᠡᠨ ᠦᠭᠡᠷ᠂ ᠬᠤᠨᠢ ᠢᠮᠠᠭ᠎ᠠ᠂ ᠮᠤᠷᠢᠨ ᠤ ᠭᠸᠡ ᠢ ᠲᠠᠬᠢᠭᠠᠳ ᠦᠭᠡᠷ᠂ ᠬᠤᠨᠢ᠂ ᠢᠮᠠᠭ᠎ᠠ᠂ ᠮᠤᠷᠢᠨ ᠤ ᠪᠡᠶ᠎ᠡ ᠳᠤ ᠪᠤᠴᠠᠭᠠᠵᠤ ᠲᠡᠭᠦᠨ ᠢ ᠪᠡᠯᠭᠡ ᠨᠠᠶᠢᠯᠡᠭᠦᠯᠵᠦ ᠦᠷᠡᠵᠢᠭᠦᠯᠦᠨ᠎ᠡ︔ ᠨᠢᠯᠬ᠎ᠠ ᠠᠮᠢᠳᠠᠨ ᠢ ᠤᠨᠴᠠ ᠬᠢᠴᠡ ᠲᠠᠢ ᠲᠡᠵᠢᠭᠡᠪᠦᠷᠢ ᠶᠢᠨ ᠬᠠᠶᠢᠷᠴᠠᠬ ᠲᠤ ᠬᠢᠵᠦ᠂ ᠲᠤᠬᠳᠠᠮᠠᠯ ᠬᠤᠭᠤᠴᠠᠭ᠎ᠠ ᠲᠠᠢ ᠪᠠᠷ ᠰᠤᠷᠢᠨᠵᠢᠨ ᠢᠶᠠᠷ ᠲᠦᠷᠭᠡᠳᠭᠡᠨ ᠰᠢᠢᠳᠪᠦᠷᠢᠯᠡᠵᠦ᠂ ᠠᠷᠠᠰᠤ ᠶᠢ ᠨᠢ ᠨᠢᠮᠭᠡᠨ᠂ ᠦᠰᠦ ᠦᠭᠡᠢ ᠪᠤᠯᠭᠠᠵᠤ᠂ ᠬᠦᠮᠦᠨ ᠤ ᠠᠷᠠᠰᠤᠨ ᠤ ᠪᠦᠳᠦᠴᠡ ᠶᠢᠨ ᠭᠡᠯᠪᠡᠷᠢ ᠲᠠᠢ ᠠᠳᠠᠯᠢ ᠪᠤᠯᠭᠠᠵᠤ᠂ ᠪᠦᠳᠦᠭᠦᠷᠡᠭᠰᠡᠨ ᠤ ᠬᠤᠶᠢᠨ᠎ᠠ ᠬᠦᠮᠦᠨ ᠳᠤ ᠭᠡᠷᠡᠭᠯᠡᠨ᠎ᠡ᠃ ② ᠡᠰ ᠤᠨ ᠬᠠᠭᠠᠷᠠᠯᠳᠠ ᠶᠢᠨ ᠮᠡᠷᠭᠡᠵᠢᠯ ᠪᠠ ᠵᠤᠬᠢᠶᠠᠮᠠᠯ ᠨᠡᠶᠢᠯᠡᠯᠭᠡ ᠶᠢᠨ ᠮᠡᠷᠭᠡᠵᠢᠯ ᠢᠶᠠᠷ ᠵᠦᠭᠡᠯᠡᠨ ᠬᠠᠶᠢᠯᠠᠰᠤ ᠪᠠᠷ ᠠᠷᠠᠰᠤ ᠤᠷᠭᠤᠭᠤᠯᠬᠤ ᠠᠷᠭ᠎ᠠ ᠪᠠᠷ ᠶᠡᠭᠡ ᠭᠡᠮᠵᠢᠶᠡᠨ ᠤ ︽ᠠᠷᠠᠰᠤ︾ ᠦᠢᠯᠡᠳᠪᠦᠷᠢᠯᠡᠨ᠎ᠡ᠃
       ᠬᠠᠷᠠᠭ᠎ᠠ ᠪᠠᠨ ᠠᠯᠳᠠᠬᠰᠠᠨ ᠰᠢᠷᠬᠠᠳᠠᠨ ᠳᠤ ᠵᠤᠬᠢᠶᠠᠮᠠᠯ ᠨᠢᠳᠦ ᠭᠡᠷᠡᠯ ᠠᠪᠴᠢᠷᠠᠵᠤ ᠦᠭᠭᠦᠨ᠎ᠡ᠄ ᠲᠠᠶᠢᠨ ᠤ ᠲᠠᠯᠠᠪᠤᠷ ᠲᠤ ᠨᠢᠳᠦ ᠪᠠᠨ ᠰᠢᠷᠬᠠᠳᠤᠭᠤᠯᠤᠬᠰᠠᠳ ᠪᠦᠭᠦ ᠰᠢᠷᠬᠠᠳᠠᠨ ᠤ 10% ᠢ ᠡᠵᠡᠯᠡᠳᠡᠭ᠃ ᠡᠨᠡ 10% ᠰᠢᠷᠬᠠᠳᠠᠨ ᠤ ᠲᠤᠳᠤᠷ᠎ᠠ 60% ᠨᠢ ᠨᠢᠳᠦᠨ ᠤ ᠴᠡᠴᠡᠭᠡᠢ ᠰᠤᠯᠢᠬᠤ ᠭᠡᠷᠡᠭᠳᠡᠢ ᠪᠠᠶᠢᠳᠠᠬ᠃
       ᠤᠳᠤ ᠦᠶ᠎ᠡ ᠶᠢᠨ ᠴᠡᠷᠢᠭ ᠤᠨ ᠠᠨᠠᠭᠠᠬᠤ ᠤᠬᠠᠭᠠᠨ ᠤ ᠡᠷᠳᠡᠮᠳᠡᠳ ᠬᠤᠶᠠᠷ ᠵᠦᠢᠯ ᠤᠨ ᠵᠤᠬᠢᠶᠠᠮᠠᠯ ᠨᠢᠳᠦ ᠬᠢᠭᠦ ᠪᠠᠷ ᠪᠤᠳᠤᠯᠬᠢᠯᠠᠵᠤ ᠪᠠᠶᠢᠨ᠎ᠠ᠃ ᠨᠢᠭᠡ ᠨᠢ ᠠᠮᠢᠳᠠᠨ ᠢ ᠲᠦᠰᠦᠭᠯᠡᠭᠰᠡᠨ ᠨᠢᠳᠦ᠂ ᠵᠢᠱᠢᠶᠡᠯᠡᠪᠡᠯ ᠨᠤᠬᠠᠢ ᠶᠢᠨ ᠨᠢᠳᠦ ᠶᠢ ᠭᠸᠡ ᠤ ᠬᠤᠪᠢᠷᠠᠭᠤᠯᠤᠯᠳᠠ ᠶᠢᠨ ᠠᠷᠭ᠎ᠠ ᠪᠠᠷ ᠬᠦᠮᠦᠨ ᠤ ᠨᠢᠳᠦᠨ ᠤ ᠶᠡᠭᠡ ᠪᠠᠭ᠎ᠠ᠂ ᠭᠡᠯᠪᠡᠷᠢ ᠲᠦᠷᠰᠦ ᠲᠠᠢ ᠠᠳᠠᠯᠢ ᠪᠤᠯᠭᠠᠨ᠎ᠠ᠂ ᠲᠠᠬᠢᠨ ᠠᠯᠢ ᠤᠯᠠᠨ ᠡᠰ ᠤᠨ ᠮᠡᠳᠡᠷᠡᠯ ᠤᠨ ᠰᠢᠰᠲ᠋ᠧᠮ ᠤᠨ ᠤᠨᠳᠤᠤᠰᠢᠭᠤᠯᠬᠤ ᠪᠠᠷ ᠲᠠᠮᠵᠢᠵᠤ᠂ ᠨᠤᠬᠠᠢ ᠶᠢᠨ ᠨᠢᠳᠦᠨ ᠤ ᠲᠤᠳᠤᠭᠠᠳᠤ ᠪᠦᠳᠦᠴᠡ ᠶᠢ ᠬᠤᠪᠢᠷᠠᠭᠤᠯᠵᠤ᠂ ᠬᠠᠷᠠᠨᠭᠠ ᠤ ᠮᠡᠳᠡᠷᠡᠯ ᠢ ᠨᠢ ᠬᠦᠮᠦᠨ ᠤ ᠬᠠᠷᠠᠭᠠᠨ ᠤ ᠮᠡᠳᠡᠷᠡᠯ ᠲᠠᠢ ᠠᠳᠠᠯᠢ ᠪᠤᠯᠭᠠᠨ᠎ᠠ᠃ ᠨᠦᠭᠦᠭᠡ ᠨᠢᠭᠡ ᠵᠦᠢᠯ ᠨᠢ ᠤᠳᠤ ᠦᠶ᠎ᠡ ᠶᠢᠨ ᠲᠡᠭᠡᠳᠦ ᠰᠢᠨ᠎ᠡ ᠮᠡᠷᠭᠡᠵᠢᠯ ᠤᠨ ᠭᠡᠷᠡᠯ᠂ ᠴᠠᠬᠢᠯᠭᠠᠨ᠂ ᠲᠦᠷᠰᠦ ᠪᠦᠳᠦᠭᠦ᠂ ᠠᠮᠢᠳᠤ ᠪᠤᠳᠠᠰ ᠤᠨ ᠮᠡᠷᠭᠡᠵᠢᠯ ᠢᠶᠠᠷ ᠡᠯᠧᠺᠲᠷᠤᠨ ᠨᠢᠳᠦ ᠵᠤᠬᠢᠶᠠᠵᠤ᠂ ᠲᠡᠭᠦᠨ ᠤ ᠶᠡᠭᠡ ᠪᠠᠭ᠎ᠠ᠂ ᠬᠦᠨᠳᠦ ᠬᠦᠡᠭᠭᠡᠨ᠂ ᠰᠡᠷᠡᠯᠳᠡ ᠶᠢ ᠬᠦᠮᠦᠨ ᠤ ᠨᠢᠳᠦ ᠲᠠᠢ ᠠᠳᠠᠯᠢᠪᠳᠤᠷ ᠪᠤᠯᠭᠠᠨ᠎ᠠ᠃ ᠡᠯᠧᠺᠲᠷᠤᠨ ᠨᠢᠳᠦᠨ ᠤ ᠪᠦᠳᠦᠴᠡ ᠨᠢ᠄ ᠪᠢᠴᠢᠯ ᠡᠯᠧᠺᠲᠷᠤᠨ ᠲᠦᠷᠰᠦ ᠰᠢᠩᠭᠡᠭᠦᠷ ︵摄像器︶᠂ ᠭᠡᠷᠡᠯ ᠴᠠᠬᠢᠯᠭᠠᠨ ᠤ ᠬᠤᠪᠢᠯᠭᠠᠭᠤᠷ ︵光电转换器︶᠂ ᠲᠡᠭᠦᠰ ᠲᠤᠬᠢᠶᠠᠨ ᠵᠢᠷᠤᠬ ᠲᠦᠷᠰᠦ ᠶᠢᠨ ᠡᠭᠦᠰᠭᠡᠪᠦᠷᠢ ︵全息图像生成仪︶᠂ ᠴᠠᠬᠢᠯᠭᠠᠨ ᠲᠦᠢᠯ ᠤᠨ ᠲᠠᠭᠤᠷᠢᠶᠠᠮᠠᠯ ᠪᠢᠴᠢᠯ ᠰᠡᠷᠡᠯᠳᠦ ᠮᠡᠳᠡᠷᠡᠯ ᠤᠨ ᠰᠢᠰᠲ᠋ᠧᠮ ︵微感电极模拟神经系统︶᠃
       ᠨᠡᠶᠢᠯᠡᠮᠡᠯ ᠶᠠᠰᠤ ᠪᠤᠢ ᠪᠤᠯᠤᠭᠠᠳ ᠤᠯᠠᠮᠵᠢᠯᠠᠯᠳᠤ ᠶᠠᠰᠤᠨ ᠤ ᠭᠠᠳᠠᠷ ᠰᠠᠯᠠᠭᠠᠨ ᠤ ᠮᠡᠷᠭᠡᠵᠢᠯ ᠢ ᠬᠤᠪᠢᠷᠠᠭᠤᠯᠤᠨ᠎ᠠ᠄ ᠲᠠᠶᠢᠨ ᠤ ᠰᠢᠷᠬᠠᠳᠠᠨ ᠤ ᠤᠯᠠᠩᠬᠢ ᠨᠢ ᠶᠠᠰᠤᠨ ᠤ ᠭᠡᠮᠳᠦᠯ ᠳᠤ ᠬᠤᠯᠪᠤᠬᠳᠠᠳᠠᠬ᠃ ᠦᠡᠭᠭᠡᠷᠡᠭᠰᠡᠨ ᠳᠤ ᠶᠠᠰᠤ ᠪᠡᠷᠳᠡᠭᠰᠡᠨ ᠰᠢᠷᠬᠠᠳᠠᠨ ᠤ ᠪᠠᠶᠢᠳᠠᠯ ᠢ ᠦᠵᠡᠵᠦ ᠶᠡᠭᠡ ᠭᠡᠮᠵᠢᠶ᠎ᠡ ᠪᠠᠷ ᠶᠠᠰᠤ ᠭᠡᠮᠭᠡᠷᠡᠭᠰᠡᠨ ᠪᠠᠶᠢᠪᠠᠯ ᠮᠦᠴᠢᠯᠡᠭᠦ ᠪᠤᠶᠤ ᠪᠤᠯᠤᠳ ᠬᠠᠳᠠᠭᠠᠰᠤ ᠪᠠᠷ ᠲᠤᠬᠳᠠᠭᠠᠵᠤ᠂ ᠰᠢᠷᠬᠠᠳᠠᠨ ᠳᠤ ᠰᠢᠨᠠᠯ ᠵᠤᠪᠠᠯᠠᠩ ᠢ ᠠᠪᠴᠢᠷᠠᠵᠤ ᠦᠭᠳᠡᠭ ᠪᠠᠶᠢᠪᠠ᠃ ᠡᠨᠡ ᠪᠠᠶᠢᠳᠠᠯ ᠢ ᠬᠤᠪᠢᠷᠠᠭᠤᠯᠬᠤ ᠶᠢᠨ ᠲᠦᠯᠦᠭᠡ ᠴᠡᠷᠢᠭ ᠤᠨ ᠠᠨᠠᠭᠠᠬᠤ ᠤᠬᠠᠭᠠᠨᠳᠠᠳ ︽ᠵᠤᠬᠢᠶᠠᠮᠠᠯ ᠶᠠᠰᠤ︾ ᠭᠢᠭᠦ ᠶᠢ ᠪᠤᠳᠤᠯᠬᠢᠯᠠᠵᠤ ᠪᠤᠢ᠃ ᠡᠶᠢᠮᠦ ᠶᠠᠰᠤ ᠶᠢ ᠬᠢᠭᠦ ᠳᠤ ᠠᠮᠢᠳᠠᠨ ᠤ ᠶᠠᠰᠤ ᠪᠠᠷ ᠰᠠᠭᠤᠷᠢ ᠪᠤᠯᠭᠠᠵᠤ᠂ ᠭᠸᠡ ᠢ ᠢᠳᠡᠪᠬᠢᠵᠢᠭᠦᠯᠭᠦ ︵活化︶᠂ ᠬᠦᠮᠦᠨ ᠤ ᠪᠡᠶ᠎ᠡ ᠶᠢᠨ ᠨᠡᠭᠡᠮᠡᠯ ᠡᠰ ᠤᠨ ᠡᠳ᠋᠂ ᠬᠤᠪᠢᠷᠠᠭᠤᠯᠤᠬᠰᠠᠨ ᠭᠸᠡ ᠵᠡᠷᠭᠡ ᠲᠡᠭᠡᠳᠦ ᠮᠡᠷᠭᠡᠵᠢᠯᠳᠦ ᠠᠮᠢᠳᠤ ᠪᠤᠳᠠᠰ ᠤᠨ ᠮᠡᠷᠭᠡᠵᠢᠯ ᠲᠠᠢ ᠤᠶᠠᠯᠳᠤᠭᠤᠯᠵᠤ᠂ ᠺᠤᠮᠫᠢᠦ᠋ᠲ᠋ᠧᠷ ᠤᠨ ᠪᠦᠷᠢᠨ ᠡᠵᠡᠮᠰᠢᠯ ᠲᠤᠤᠷ᠎ᠠ᠂ ᠰᠢᠷᠬᠠᠳᠠᠨ ᠤ ᠭᠡᠷᠡᠭᠰᠡᠭᠦ ᠶᠠᠰᠤ ᠶᠢ ᠨᠡᠶᠢᠯᠡᠭᠦᠯᠵᠦ ᠭᠠᠷᠭᠠᠨ᠎ᠠ᠃ ᠵᠢᠱᠢᠶᠡᠯᠡᠪᠡᠯ᠂ ᠰᠢᠷᠬᠠᠳᠠᠨ ᠤ ᠨᠢᠭᠡ ᠺᠤᠮᠫᠢᠦ᠋ᠲ᠋ᠧᠷ ᠤᠨ ᠪᠦᠷᠢᠨ ᠡᠵᠡᠮᠰᠢᠯ ᠲᠤᠤᠷ᠎ᠠ᠂ ᠰᠢᠷᠬᠠᠳᠠᠨ ᠤ ᠭᠡᠷᠡᠭᠰᠡᠭᠦ ᠶᠠᠰᠤ ᠶᠢ ᠨᠠᠶᠢᠯᠡᠭᠦᠯᠵᠦ ᠭᠠᠷᠭᠠᠨ᠎ᠠ᠃ ᠵᠢᠱᠢᠶᠡᠯᠡᠪᠡᠯ᠂ ᠰᠢᠷᠬᠠᠳᠠᠨ ᠤ ᠨᠢᠭᠡ ᠬᠠᠪᠢᠷᠭᠠᠨ ᠶᠠᠰᠤ ᠨᠢ ᠬᠦᠨᠳᠦ ᠰᠦᠷᠡᠭᠡᠢ ᠡᠪᠳᠡᠭᠳᠡᠭᠰᠡᠨ ᠪᠠᠶᠢᠪᠠᠯ ᠡᠮᠴᠢ ᠠᠴᠠ ᠭᠡᠮᠳᠦᠭᠰᠡᠨ ᠶᠠᠰᠤᠨ ᠤ ᠶᠡᠭᠡ ᠪᠠᠭ᠎ᠠ᠂ ᠬᠦᠨᠳᠦ ᠬᠦᠡᠭᠭᠡᠨ ᠢ ᠦᠨᠳᠦᠰᠦᠯᠡᠵᠦ᠂ ᠺᠤᠮᠫᠢᠦ᠋ᠲ᠋ᠧᠷ ᠤᠨ ᠲᠡᠮᠵᠢᠯᠭᠡ ᠪᠠᠷ ᠭᠡᠷᠡᠭᠰᠡᠭᠦ ᠶᠤᠰᠤ ᠶᠢ ᠲᠦᠷᠭᠡᠨ ᠵᠤᠬᠢᠶᠠᠵᠤ ᠰᠢᠷᠬᠠᠳᠠᠨ ᠳᠤ ᠰᠤᠯᠢᠵᠤ ᠦᠭᠭᠦᠨ᠎ᠡ᠃
       ᠵᠤᠬᠢᠶᠠᠮᠠᠯ ᠴᠢᠰᠤᠨ ᠰᠤᠳᠠᠯ ᠨᠢ ᠰᠢᠷᠬᠠᠳᠠᠨ ᠳᠤ ᠮᠦᠴᠢᠯᠡᠭᠦ ᠮᠡᠰᠡ ᠵᠠᠰᠠᠯ ᠬᠢᠭᠦ ᠶᠢ ᠴᠦᠭᠡᠭᠡᠳᠭᠡᠨ᠎ᠡ᠄ ᠬᠦᠮᠦᠨ ᠤ ᠪᠡᠶ᠎ᠡ ᠳᠤ ᠴᠢᠰᠤᠨ ᠰᠤᠳᠠᠯ ᠲᠤᠳᠠᠭᠳᠠᠵᠤ ᠪᠤᠯᠬᠤ ᠦᠭᠡᠢ᠃ ᠨᠡᠯᠢᠶᠡᠳ ᠤᠯᠠᠨ ᠰᠢᠷᠬᠠᠳᠠᠨ ᠤ ᠴᠢᠰᠤᠨ ᠰᠤᠳᠠᠯ ᠨᠢ ᠲᠠᠰᠤᠷᠠᠭᠠᠳ ᠵᠠᠯᠭᠠᠵᠤ ᠲᠡᠶᠢᠯᠭᠦ ᠦᠭᠡᠢ ᠲᠤᠯᠠ ᠮᠦᠴᠢᠯᠡᠭᠦ ᠮᠡᠰᠡ ᠵᠠᠰᠠᠯ ᠬᠢᠵᠦ ᠨᠠᠰᠤᠨ ᠲᠤᠷᠰᠢ ᠵᠡᠮᠳᠡᠭ ᠪᠤᠯᠳᠠᠬ᠃ ᠡᠶᠢᠮᠦ ᠰᠢᠷᠬᠠᠳᠠᠨ ᠪᠦᠭᠦ ᠰᠢᠷᠬᠠᠳᠠᠨ ᠤ 60% — 80% ᠢ ᠡᠵᠡᠯᠡᠨ᠎ᠡ᠃ ᠰᠢᠷᠬᠠᠳᠠᠨ ᠳᠤ ᠮᠦᠴᠢᠯᠡᠭᠦ ᠮᠡᠰᠡ ᠵᠠᠰᠠᠯ ᠴᠦᠭᠡᠨ ᠬᠢᠭᠦ ᠶᠢᠨ ᠲᠦᠯᠦᠭᠡ᠂ ᠠᠨᠠᠭᠠᠬᠤ ᠤᠬᠠᠭᠠᠨ ᠤ ᠡᠷᠳᠡᠮᠳᠡᠨ ︽ᠵᠤᠬᠢᠶᠠᠮᠠᠯ ᠴᠢᠰᠤᠨ ᠰᠤᠳᠠᠯ︾ ᠬᠢᠭᠦ ᠪᠠᠷ ᠵᠤᠷᠢᠬᠳᠠᠢ ᠪᠤᠳᠤᠯᠬᠢᠯᠠᠵᠤ ᠪᠠᠶᠢᠨ᠎ᠠ᠃ ᠡᠶᠢᠮᠦ ᠴᠢᠰᠤᠨ ᠰᠤᠳᠠᠯ ᠤᠨ ᠲᠦᠭᠦᠭᠡᠢ ᠮᠠᠲ᠋ᠧᠷᠢᠶᠠᠯ ᠳᠤ ᠲᠡᠭᠡᠳᠦ ᠮᠦᠯᠧᠺᠦᠯᠳᠦ ᠤᠭᠤᠷᠠᠬ ᠤᠨ ᠰᠢᠷᠪᠤᠰᠦᠯᠢᠭ ᠡᠳ᠋ ︵高分子蛋白筋状物质︶ ᠢ ᠭᠡᠷᠡᠭᠯᠡᠵᠦ᠂ ᠭᠦᠮᠦᠨ ᠤ ᠪᠡᠶ᠎ᠡ ᠯᠦᠭᠡ ᠨᠡᠶᠢᠯᠡᠭᠦ ᠭᠸᠡ ᠤ ᠠᠴᠢᠶᠠᠯᠠᠪᠤᠷᠢ ᠳᠤ ᠴᠢᠳᠬᠤᠨ ᠤᠷᠤᠭᠤᠯᠵᠤ ᠲᠠᠬᠢᠨ ᠦᠯᠦ ᠬᠠᠷᠰᠢᠬᠤ ᠭᠸᠡ ︵免斥因子︶ ᠢ ᠨᠠᠶᠢᠯᠡᠭᠦᠯᠵᠦ ᠪᠦᠳᠦᠭᠡᠨ᠎ᠡ᠃
       ᠵᠤᠬᠢᠶᠠᠮᠠᠯ ᠴᠢᠰᠤᠨ ᠰᠤᠳᠠᠯ ᠬᠦᠮᠦᠨ ᠤ ᠴᠢᠰᠤᠨ ᠰᠤᠳᠠᠯ ᠤᠨ ᠴᠢᠳᠠᠪᠤᠷᠢ ᠲᠠᠢ ᠪᠦᠷᠢᠮᠦᠰᠦᠨ ᠠᠳᠠᠯᠢ ᠪᠤᠯᠵᠤ ᠴᠢᠳᠠᠨ᠎ᠠ᠃ ᠪᠦᠷᠢᠨ ᠪᠢᠳᠡᠭᠦᠮᠵᠢᠳᠦ ᠦᠢᠯᠡᠳᠭᠦ ᠦᠷᠦᠭᠡ ᠲᠤᠳᠤᠷ᠎ᠠ ᠺᠤᠮᠫᠢᠦ᠋ᠲ᠋ᠧᠷ ᠢᠶᠠᠷ ᠪᠦᠷᠢᠨ ᠡᠵᠡᠮᠰᠢᠵᠦ᠂ ᠲᠡᠶᠢᠨ ᠤ ᠦᠶ᠎ᠡ ᠳᠤ ᠡᠮᠨᠡᠯᠭᠡ ᠶᠢᠨ ᠬᠤᠷᠢᠶᠠᠨ ᠤ ᠬᠠᠮᠳᠤ ᠶᠠᠪᠤᠵᠤ᠂ ᠡᠮᠴᠢ ᠶᠢᠨ ᠭᠡᠷᠡᠭᠴᠡᠭᠡ ᠶᠢ ᠦᠵᠡᠵᠦ ᠴᠠᠬ ᠲᠤᠬᠠᠢ ᠳᠤᠨᠢ ᠴᠢᠰᠤᠨ ᠰᠤᠳᠠᠯ ᠬᠢᠵᠦ ᠦᠭᠭᠦᠨ᠎ᠡ᠃
ᠵᠤᠬᠢᠶᠠᠮᠠᠯ ᠤᠶᠤᠨᠳᠤ ᠮᠠᠳᠡᠷᠡᠯ ᠪᠤᠢ ᠪᠤᠯᠵᠤ ᠤᠯᠠᠮᠵᠢᠯᠠᠯᠳᠤ ᠠᠪᠤᠷᠠᠨ ᠵᠠᠰᠠᠬᠤ ᠠᠷᠭ᠎ᠠ ᠮᠠᠶ᠋ᠢᠬ ᠢ ᠦᠭᠡᠷᠡᠴᠢᠯᠡᠨ᠎ᠡ᠄ ᠲᠠᠮᠪᠠᠷᠠᠬᠰᠠᠨ᠂ ᠲᠡᠨᠡᠭᠷᠡᠭᠰᠡᠨ᠂ ᠴᠢᠳᠠᠪᠤᠷᠢ ᠰᠠᠭᠠᠳ ᠲᠠᠢ ᠪᠤᠯᠤᠬᠰᠠᠨ ᠡᠪᠡᠳᠴᠢᠳᠡᠨ ᠰᠢᠷᠬᠠᠳᠠᠨ ᠨᠢ ᠪᠦᠷ ᠴᠤ ᠮᠡᠳᠡᠷᠡᠯ ᠤᠨ ᠰᠢᠰᠲ᠋ᠧᠮ ᠳᠤᠨᠢ ᠭᠡᠮ ᠭᠠᠷᠤᠬᠰᠠᠨ ᠠᠴᠠ ᠪᠤᠯᠤᠬᠰᠠᠨ ᠶᠤᠮ᠃ ᠮᠡᠳᠡᠷᠡᠯ ᠤᠨ ᠰᠢᠰᠲ᠋ᠧᠮ ᠤᠨ ᠰᠢᠷᠬᠠᠯᠠᠭ᠎ᠠ ᠶᠢ ᠵᠠᠰᠠᠵᠤ ᠲᠡᠶᠢᠯᠤᠨ᠎ᠠ ᠤᠤ︖ ᠡᠷᠳᠡᠮᠳᠡᠳ ︽ᠵᠤᠬᠢᠶᠠᠮᠠᠯ ᠤᠶᠤᠨᠳᠤ ᠮᠡᠳᠡᠷᠡᠯ︾ ᠢ ᠡᠭᠦᠳᠭᠦ ᠪᠠᠷ ᠪᠤᠳᠤᠯᠬᠢᠯᠠᠵᠤ ᠪᠠᠶᠢᠨ᠎ᠠ᠃
       ᠤᠶᠤᠨᠳᠤ ᠮᠡᠳᠡᠷᠡᠯ ᠢ ︵智能神经︶ ᠪᠤᠯ ᠲᠤᠩ ᠨᠠᠷᠢᠨ ᠭᠡᠯᠬᠢᠶᠡᠳᠦ ᠲᠡᠮᠦᠷᠯᠢᠭ ᠤᠳᠠᠰᠤ ᠪᠠᠷ ᠨᠡᠶᠢᠯᠡᠭᠦᠯᠵᠦ ᠬᠢᠭᠰᠡᠨ ᠶᠤᠮ᠂ ᠭᠡᠯᠬᠢᠶᠡᠰᠦ ᠪᠦᠷᠢ ᠶᠢᠨ ᠠᠭᠤᠯᠵᠠᠷ ᠲᠡᠭᠡᠷ᠎ᠡ ᠨᠢᠭᠡ ᠤᠶᠤᠨᠳᠤ ᠲᠡᠷᠢᠬᠢ ᠶᠢᠨ ︽ᠭᠤᠤᠯ︾ ᠲᠠᠢ᠂ ︽ᠭᠤᠤᠯ︾ ᠨᠢ ᠰᠡᠳᠬᠢᠭᠦᠢ ᠲᠠᠢ᠂ 10-5 ᠰᠧᠺᠦ᠋ᠨᠳ᠋ ᠲᠤᠳᠤᠷ᠎ᠠ ᠬᠦᠮᠦᠨ ᠤ ᠪᠡᠶ᠎ᠡ ᠶᠢᠨ ᠮᠡᠳᠡᠷᠡᠯ ᠤᠨ ᠨᠢᠭᠤᠴᠠ ᠲᠤᠬᠢᠶ᠎ᠠ ᠶᠢ ᠲᠠᠨᠢᠵᠤ᠂ ᠪᠠᠰᠠ ᠶᠡᠭᠡ ᠲᠠᠷᠢᠬᠢᠨ ᠳᠤ ᠲᠡᠮᠵᠢᠭᠤᠯᠵᠤ᠂ ᠴᠢᠨᠤ ᠶᠡᠭᠡ ᠲᠠᠷᠢᠬᠢᠨ ᠤ ᠶᠠᠮᠠᠷ ᠭᠡᠰᠡᠭ ᠲᠤ ᠶᠠᠭᠤ ᠭᠡᠷᠡᠭᠯᠡᠭᠦ ᠶᠢ ᠤᠨᠤᠪᠴᠢᠳᠠᠢ ᠮᠡᠳᠡᠭᠦᠯᠳᠡᠭ᠃ ᠡᠶᠢᠮᠦ ᠮᠡᠳᠡᠷᠡᠯ ᠢ ᠤᠨᠴᠠᠭᠠᠢ ᠲᠡᠮᠦᠷᠯᠢᠭ ᠢᠶᠠᠷ ᠬᠢᠭᠰᠡᠨ ᠤᠴᠢᠷ ᠠᠴᠠ ᠡᠭᠦᠷᠢᠳᠡ ᠵᠢᠪᠡᠷᠡᠭᠦ ᠦᠭᠡᠢ᠂ ᠬᠦᠮᠦᠨ ᠤ ᠪᠡᠶ᠎ᠡ ᠶᠢᠨ ᠡᠳ᠋ ᠲᠠᠢ ᠬᠢᠮᠢ ᠶᠢᠨ ᠤᠷᠪᠠᠯ ᠡᠭᠦᠰᠭᠦ ᠦᠭᠡᠢ ᠶᠤᠮ᠃
       ︽ᠵᠤᠬᠢᠶᠠᠮᠠᠯ ᠤᠶᠤᠨᠳᠤ ᠮᠡᠳᠡᠷᠡᠯ︾ ᠤᠨ ᠪᠤᠢ ᠪᠤᠯᠬᠤ ᠨᠢ ᠢᠷᠡᠭᠡᠳᠦᠢ ᠶᠢᠨ ᠡᠮᠨᠡᠯᠭᠡ ᠶᠢᠨ ᠵᠠᠰᠠᠵᠤ ᠡᠳᠡᠭᠡᠷᠡᠭᠦᠯᠭᠦ ᠳᠤ ᠰᠠᠷᠠᠭᠤᠯ ᠭᠡᠭᠡᠨ ᠵᠠᠮ ᠲᠠᠯᠪᠢᠨ᠎ᠠ᠃ ᠮᠡᠳᠡᠷᠡᠯ ᠠᠴᠠ ᠪᠤᠯᠤᠬᠰᠠᠨ ᠲᠡᠮᠪᠠᠷᠠᠬᠤ᠂ ᠲᠡᠨᠡᠭᠷᠡᠭᠦ ᠪᠠ ᠪᠤᠰᠤᠳ ᠴᠢᠳᠠᠪᠤᠷᠢ ᠰᠠᠭᠠᠳ ᠲᠠᠢ ᠪᠤᠯᠬᠤ ᠵᠡᠷᠭᠡ ᠡᠪᠡᠳᠴᠢᠳᠡᠨ ᠰᠢᠷᠬᠠᠳᠠᠨ ᠢ ᠦᠨᠳᠦᠰᠦᠨ ᠠᠴᠠ ᠨᠢ ᠵᠠᠰᠠᠨ ᠡᠳᠡᠭᠡᠷᠡᠭᠦᠯᠵᠦ ᠴᠢᠳᠠᠬᠤ ᠪᠤᠯᠤᠨ᠎ᠠ᠃
       ᠵᠤᠬᠢᠶᠠᠮᠠᠯ ᠲᠤᠳᠤᠷ ᠴᠤᠯᠤ ᠪᠤᠢ ᠪᠤᠯᠵᠤ ᠲᠠᠶᠢᠨ ᠤ ᠠᠪᠤᠷᠠᠯᠳᠠ ᠳᠤ ᠤᠷᠢᠳ ᠡᠮᠦᠨ᠎ᠡ ᠭᠠᠷᠤᠭ᠎ᠠ ᠦᠭᠡᠢ ᠠᠴᠢ ᠲᠤᠰᠠ ᠦᠵᠡᠭᠦᠯᠦᠨ᠎ᠡ᠄ ᠲᠠᠶᠢᠨ ᠤ ᠲᠠᠯᠠᠪᠤᠷ ᠲᠠᠬᠢ ᠰᠢᠷᠬᠠᠳᠤᠬᠰᠠᠳ ᠢ ᠶᠡᠷᠦᠩᠭᠡᠢ ᠳᠤᠨᠢ ᠦᠵᠡᠪᠡᠯ᠂ ᠴᠡᠭᠡᠵᠢ᠂ ᠭᠡᠪᠡᠯᠢ ᠶᠢᠨ ᠰᠢᠷᠬ᠎ᠠ ᠬᠠᠮᠤᠬ ᠠᠴᠠ ᠤᠯᠠᠨ ᠪᠠᠶᠢᠳᠠᠬ᠂ ᠡᠨᠡ ᠨᠢ ᠪᠦᠭᠦ ᠰᠢᠷᠬᠠᠳᠠᠨ ᠤ 60% ᠢ ᠡᠵᠡᠯᠡᠨ᠎ᠡ᠃ ᠴᠡᠭᠡᠵᠢ᠂ ᠭᠡᠪᠡᠯᠢ ᠶᠢᠨ ᠰᠢᠷᠬ᠎ᠠ ᠶᠡᠷᠦᠨᠢ ᠶᠡᠭᠡ ᠬᠦᠨᠳᠦ ᠪᠠᠶᠢᠳᠠᠬ᠂ ᠭᠦᠡᠭᠭᠡᠨ ᠢ ᠨᠢ ᠤᠶᠤᠵᠤ᠂ ᠬᠦᠨᠳᠦ ᠶᠢ ᠨᠢ ᠮᠡᠰᠡ ᠵᠠᠰᠠᠯ ᠬᠢᠵᠦ ᠵᠠᠷᠢᠮ ᠵᠦᠢᠯ ᠢ ᠤᠬᠳᠤᠯᠵᠤ᠂ ᠡᠰᠡᠭᠦᠯ᠎ᠡ ᠵᠠᠷᠢᠮ ᠡᠷᠭᠡᠳᠡᠨ ᠢ ᠤᠬᠳᠤᠯᠤᠨ ᠬᠠᠶᠠᠵᠤ ᠡᠷᠭᠡᠳᠡᠨ ᠰᠢᠯᠵᠢᠭᠦᠯᠭᠦ ᠴᠢᠬᠤᠯᠠ ᠲᠠᠢ ᠴᠤ ᠪᠠᠶᠢᠳᠠᠬ ᠶᠤᠮ᠃ ᠲᠤᠳᠤᠷ ᠴᠤᠯᠤ ᠰᠢᠯᠵᠢᠭᠦᠯᠭᠦ ᠮᠡᠷᠭᠡᠵᠢᠯ ᠲᠤᠷᠰᠢᠯᠳᠠ ᠶᠢᠨ ᠱᠠᠳᠤᠨ ᠳᠠᠭᠠᠨ ᠪᠠᠶᠢᠬᠰᠠᠭᠠᠷ᠂ ᠪᠠᠰᠠ ᠲᠤᠳᠤᠷ ᠴᠤᠯᠤ ᠶᠢᠨ ᠢᠷᠡᠯᠳᠡ ᠶᠢᠨ ᠠᠰᠠᠭᠤᠳᠠᠯ ᠢ ᠴᠤ ᠰᠢᠢᠳᠪᠦᠷᠢᠯᠡᠭᠦ ᠳᠤ ᠬᠦᠴᠢᠷᠳᠡᠢ ᠶᠤᠮ᠃
       ᠲᠤᠳᠤᠷ ᠴᠤᠯᠤ ᠶᠢᠨ ᠢᠷᠡᠯᠳᠡ ᠪᠠ ᠬᠦᠮᠦᠨ ᠤ ᠪᠡᠶ᠎ᠡ ᠶᠢᠨ ᠢᠵᠢᠯ ᠪᠤᠰᠤ ᠶᠢ ᠲᠦᠯᠬᠢᠴᠡᠭᠦ ︵排异︶ ᠠᠰᠠᠭᠤᠳᠠᠯ ᠢ ᠰᠢᠢᠳᠪᠦᠷᠢᠯᠡᠭᠦ ᠶᠢᠨ ᠲᠦᠯᠦᠭᠡ ᠠᠮᠢᠳᠠᠨ ᠤ ᠰᠠᠪᠠ ᠴᠤᠯᠤ ᠶᠢ ᠤᠨᠳᠤᠤᠰᠢᠭᠤᠯᠵᠤ ᠰᠢᠯᠵᠢᠭᠦᠯᠭᠦ ᠲᠦᠰᠦᠯ ᠢ ᠭᠠᠷᠭᠠᠵᠤ ᠪᠠᠶᠢᠨ᠎ᠠ᠃ ᠡᠭᠦᠨ ᠳᠤ ᠬᠦᠮᠦᠨ ᠤ ᠪᠡᠶ᠎ᠡ ᠲᠠᠢ ᠲᠠᠮᠡᠢ ᠵᠦᠷᠢᠶ᠎ᠡ ᠦᠭᠡᠢ᠂ ᠲᠤᠰᠬᠠᠢ ᠮᠡᠭᠡᠵᠢᠯᠳᠡᠨ ᠤ ᠨᠠᠷᠢᠪᠴᠢᠯᠠᠨ ᠰᠤᠩᠭᠤᠬᠰᠠᠨ ᠲᠤᠮᠤ ᠬᠦᠮᠦᠨ ᠬᠦᠷᠦᠭᠡᠰᠦ ︵大猩猩︶᠂ ᠭᠠᠭ᠋ᠠᠢ᠂ ᠬᠤᠨᠢ ᠵᠡᠷᠭᠡ ᠠᠮᠢᠳᠠᠨ ᠤ ᠪᠡᠶ᠎ᠡ ᠳᠤ ᠡᠷᠬᠡᠳᠡᠨ ᠢ ᠤᠨᠳᠤᠤᠰᠢᠭᠤᠯᠬᠤ ᠭᠸᠡ ᠢ ᠲᠠᠷᠢᠵᠤ᠂ ᠲᠡᠭᠦᠨ ᠤ ᠭᠡᠰᠡᠭ ᠴᠤᠯᠤ ᠰᠠᠪᠠ ᠶᠢ ᠠᠭᠠᠵᠢᠮ ᠢᠶᠠᠷ ᠬᠦᠮᠦᠨ ᠳᠤ ᠰᠢᠯᠵᠢᠭᠦᠯᠭᠦ ᠳᠤ ᠲᠤᠬᠢᠷᠠᠬᠤ ᠴᠤᠯᠤ ᠰᠠᠪᠠ ᠪᠤᠯᠭᠠᠨ ᠤᠨᠳᠤᠤᠰᠢᠭᠤᠯᠵᠤ᠂ ᠲᠡᠬᠢᠨ ᠲᠡᠭᠦᠨ ᠤ ᠪᠡᠶ᠎ᠡ ᠳᠤ ᠦᠯᠦ ᠬᠠᠷᠰᠢᠬᠤ ᠭᠸᠡ ︵免斥因子︶ ᠢ ᠲᠠᠷᠢᠵᠤ᠂ ᠲᠠᠷᠠᠭ᠎ᠠ ᠨᠢ ᠰᠢᠯᠵᠢᠭᠦᠯᠦᠨ ᠮᠡᠰᠡ ᠵᠠᠰᠠᠯ ᠬᠢᠵᠦ ᠪᠤᠯᠬᠤ ᠳᠤ ᠬᠦᠷᠦᠭᠦᠯᠭᠦ ᠪᠠᠷ ᠲᠦᠯᠦᠪᠯᠡᠵᠦ ᠪᠠᠶᠢᠨ᠎ᠠ᠃
       ᠵᠤᠬᠢᠶᠠᠮᠠᠯ ᠴᠢᠬᠢ ᠪᠤᠢ ᠪᠤᠯᠵᠤ ︽ᠲᠦᠯᠡᠢ ᠬᠦᠮᠦᠨ︾ ᠦᠭᠡᠢ ᠪᠤᠯᠤᠨ᠎ᠠ᠄ ᠲᠠᠶᠢᠨ ᠤ ᠫᠤᠤ ᠪᠠ ᠪᠦᠮᠪᠦᠭᠡ ᠶᠢᠨ ᠲᠡᠯᠪᠡᠷᠡᠯᠳᠡ ᠶᠢᠨ ᠲᠠᠭᠤᠨ ᠳᠤ ᠴᠢᠬᠢ ᠲᠦᠯᠡᠶᠢᠷᠡᠭᠦ ᠬᠦᠮᠦᠨ ᠤᠯᠠᠨ ᠭᠠᠷᠳᠠᠬ᠃ ᠡᠭᠦᠨ ᠢ ᠰᠢᠢᠳᠪᠦᠷᠢᠯᠡᠭᠦ ᠶᠢᠨ ᠲᠦᠯᠦᠭᠡ ᠴᠡᠷᠢᠭ ᠤᠨ ᠠᠨᠠᠭᠠᠬᠤ ᠤᠬᠠᠭᠠᠨ ᠤ ᠡᠷᠳᠡᠮᠳᠡᠳ ︽ᠤᠶᠤᠨᠳᠤ ᠴᠢᠬᠢ︾ ᠵᠤᠬᠢᠶᠠᠬᠤ ᠪᠠᠷ ᠤᠷᠤᠯᠳᠤᠵᠤ ᠪᠤᠢ᠃ ᠭᠠᠳᠠᠷ ᠴᠢᠬᠢ ᠶᠢ ᠨᠡᠶᠢᠯᠡᠮᠡᠯ ᠪᠤᠳᠠᠰ ᠢᠶᠠᠷ ᠬᠦᠮᠦᠨ ᠤ ᠴᠢᠬᠢ ᠶᠢ ᠲᠠᠭᠤᠷᠢᠶᠠᠵᠤ ᠬᠢᠨ᠎ᠡ᠃ ᠲᠤᠳᠤᠷ ᠴᠢᠬᠢ ᠶᠢ ᠲᠡᠭᠡᠳᠦ ᠮᠡᠷᠭᠡᠵᠢᠯ ᠭᠡᠷᠡᠭᠯᠡᠵᠦ ᠲᠤᠩ ᠨᠠᠷᠢᠯᠢᠬ ᠲᠡᠮᠦᠷᠯᠢᠭ ᠤᠳᠠᠰᠤ ᠪᠠᠷ ᠶᠡᠭᠡ ᠲᠠᠷᠢᠬᠢᠨ ᠤ ᠮᠡᠳᠡᠷᠡᠯ ᠳᠤ ᠲᠠᠮᠵᠢᠭᠤᠯᠬᠤ ︽ᠤᠶᠤᠨᠳᠤ ᠴᠢᠬᠢ︾ ᠵᠤᠬᠢᠶᠠᠵᠤ ᠠᠯᠢ ᠤᠯᠠᠨ ᠲᠠᠭᠤ ᠴᠢᠮᠡᠭᠡ ᠶᠢ ᠬᠤᠷᠢᠶᠠᠵᠤ ᠠᠪᠴᠤ᠂ ᠲᠡᠭᠦᠨ ᠤ ᠲᠤᠳᠤᠷ᠎ᠠ ᠠᠴᠠ ᠰᠤᠩᠭᠤᠯᠳᠠ ᠲᠠᠢ ᠪᠠᠷ ᠶᠡᠭᠡ ᠲᠠᠷᠢᠬᠢᠨ ᠤ ᠮᠡᠳᠡᠷᠡᠯ ᠳᠤ ᠲᠠᠮᠵᠢᠭᠤᠯᠪᠠᠯ ᠲᠦᠯᠡᠢ ᠬᠦᠮᠦᠨ ᠪᠠᠰᠠ ᠲᠠᠭᠤ ᠤᠯᠵᠤ ᠰᠤᠨᠤᠰᠬᠤ ᠪᠤᠯᠤᠨ᠎ᠠ᠃
       ᠵᠤᠬᠢᠶᠠᠮᠠᠯ ᠶᠡᠭᠡ ᠲᠠᠷᠢᠬᠢ ᠬᠦᠮᠦᠰ ᠤᠨ ᠵᠠᠩᠰᠢᠯ ᠤᠨ ᠰᠡᠳᠬᠢᠭᠦᠢ ᠶᠢ ᠬᠤᠪᠢᠷᠠᠭᠠᠨ᠎ᠠ᠄ ᠬᠦᠮᠦᠨ ᠤ ᠲᠠᠷᠢᠬᠢ ᠪᠤᠯ ᠬᠠᠮᠤᠬ ᠠᠴᠠ ᠪᠤᠳᠤᠯᠢᠶᠠᠨᠳᠠᠢ᠂ ᠬᠠᠮᠤᠬ ᠠᠴᠠ ᠴᠢᠬᠤᠯᠠ ᠡᠷᠭᠡᠳᠡᠨ ᠮᠦᠨ᠂ ᠡᠨᠡ ᠨᠢ ᠬᠦᠮᠦᠨ ᠤ ᠠᠮᠢ ᠨᠠᠰᠤ ᠲᠠᠢ ᠰᠢᠭᠤᠳ ᠬᠤᠯᠪᠤᠭ᠎ᠠ ᠲᠠᠢ ᠶᠤᠮ᠃ ᠲᠠᠶᠢᠨ ᠤ ᠲᠡᠯᠡᠪᠤᠷ ᠲᠤ ᠪᠠᠶᠢᠯᠳᠤᠬᠴᠢᠳ ᠤᠨ ᠲᠠᠷᠢᠬᠢ ᠨᠢ ᠭᠡᠮᠳᠦᠭᠡᠳ ᠦᠭᠦᠳᠡᠭ ᠬᠦᠮᠦᠨ ᠤᠯᠠᠨ ᠭᠠᠷᠳᠠᠬ᠃ ᠲᠠᠷᠢᠬᠢᠨ ᠤ ᠭᠡᠮᠳᠦᠯ ᠠᠴᠠ ᠪᠤᠯᠬᠤ ᠦᠭᠦᠯᠳᠡ ᠶᠢ ᠭᠡᠷᠬᠢᠨ ᠪᠠᠭᠠᠰᠬᠠᠬᠤ ᠪᠤᠢ︖ ᠡᠷᠳᠡᠮᠳᠡᠳ ︽ᠺᠯᠦ᠋ᠨ ᠲᠠᠷᠢᠬᠢ︾ ᠵᠤᠬᠢᠶᠠᠬᠤ ᠶᠢ ᠪᠤᠳᠤᠯᠬᠢᠯᠠᠵᠤ ᠪᠠᠶᠢᠨ᠎ᠠ᠃
       ︽ᠺᠯᠦ᠋ᠨ ᠲᠠᠷᠢᠬᠢ︾ ︵克隆脑︶ ᠭᠡᠳᠡᠭ ᠨᠢ ᠳ᠋ᠠᠩ ᠡᠰ ᠤᠨ ᠪᠡᠯᠭᠡ ᠠᠴᠠ ᠪᠤᠰᠤ ᠦᠷᠡᠵᠢᠯ ︵无性繁殖︶ ᠤᠨ ᠤᠬ ᠶᠤᠰᠤ ᠶᠢ ᠦᠨᠳᠦᠰᠦᠯᠡᠵᠦ᠂ ᠦᠭᠦᠭᠦ ᠭᠡᠵᠦ ᠪᠠᠶᠢᠭ᠎ᠠ ᠲᠠᠷᠢᠬᠢᠨ ᠤ ᠡᠰ ᠤᠨ ᠴᠦᠮ᠎ᠡ ᠶᠢ ᠨᠤᠬᠠᠢ᠂ ᠭᠠᠭ᠋ᠠᠢ᠂ ᠬᠤᠨᠢᠨ ᠤ ᠶᠡᠭᠡ ᠲᠠᠷᠢᠬᠢᠨ ᠳᠤ ᠰᠢᠯᠵᠢᠭᠦᠯᠵᠦ᠂ ᠤᠳᠤᠮᠯᠠᠯ ᠤᠨ ᠭᠸᠡ ᠤ ᠬᠤᠪᠢᠷᠠᠭᠤᠯᠤᠯᠳᠠ ᠪᠠᠷ ᠲᠠᠮᠵᠢᠵᠤ᠂ ᠲᠠᠷᠢᠬᠢᠨ ᠤ ᠡᠰ ᠤᠨ ᠰᠤᠯᠢᠯᠴᠠᠭ᠎ᠠ᠂ ᠬᠠᠭᠠᠷᠠᠯᠳᠠ ︵分化︶᠂ ᠨᠡᠮᠡᠭᠳᠡᠯᠳᠡ ᠵᠡᠷᠭᠡ ᠠᠮᠢ ᠨᠠᠰᠤᠨ ᠤ ᠠᠵᠢᠯᠯᠠᠭ᠎ᠠ ᠶᠢ ᠡᠮᠬᠢ ᠲᠠᠷᠠᠭ᠎ᠠ ᠲᠠᠢ ᠡᠵᠡᠮᠳᠡᠵᠦ᠂ ᠡᠴᠦᠰ ᠲᠡᠭᠡᠨ ᠬᠦᠮᠦᠨ ᠤ ᠲᠠᠷᠢᠬᠢᠨ ᠤ ᠴᠢᠳᠠᠪᠬᠢ ᠲᠠᠢ ᠪᠤᠯᠭᠠᠨ᠎ᠠ᠃ ᠬᠡᠷᠡᠭᠴᠡᠭᠡ ᠲᠠᠢ ᠦᠶ᠎ᠡ ᠳᠤ ᠬᠦᠢᠴᠡᠳ ᠪᠤᠶᠢᠵᠢᠬᠰᠠᠨ ᠲᠠᠷᠢᠬᠢ ᠶᠢ ᠬᠦᠮᠦᠨ ᠤ ᠲᠤᠯᠤᠭᠠᠢ ᠳᠤ ᠰᠢᠯᠵᠢᠭᠦᠯᠦᠨ᠂ ᠠᠭᠠᠵᠢᠮ ᠢᠶᠠᠷ ᠪᠤᠯᠪᠠᠰᠤᠷᠠᠭᠤᠯᠤᠨ ᠵᠢᠯᠤᠭᠤᠳᠴᠤ᠂ ᠬᠦᠮᠦᠨ ᠤ ᠲᠠᠷᠢᠬᠢᠨ ᠤ ᠤᠤᠯ ᠤᠨ ᠰᠡᠳᠬᠢᠭᠦᠢ ᠶᠢᠨ ᠭᠡᠮᠵᠢᠶ᠎ᠡ ᠳᠤ ᠬᠦᠷᠭᠡᠭᠦ ᠪᠤᠶᠤ ᠦᠨᠳᠦᠰᠦᠨ ᠳᠡᠭᠡᠨ ᠬᠦᠷᠭᠡᠨ᠎ᠡ᠃
       ᠭᠡᠳᠦ ᠬᠦᠯᠳᠡᠭᠡᠭᠦ ᠮᠡᠷᠭᠡᠵᠢᠯ ︵超冷冻技术︶ ᠬᠤᠷᠤᠮᠬᠠᠨ ᠵᠠᠭᠤᠷ᠎ᠠ ᠦᠭᠦᠭᠰᠡᠨ ᠪᠠᠶᠢᠯᠳᠤᠬᠴᠢ ᠶᠢ ᠲᠠᠬᠢᠵᠤ ᠡᠳᠡᠭᠡᠨ᠎ᠡ᠄ ᠤᠨᠤᠯ ᠤᠨ ᠲᠤᠭ᠎ᠠ ᠪᠠᠷᠢᠮᠳᠠ ᠪᠠᠷ ᠵᠦᠢᠴᠢᠯᠡᠭᠰᠡᠨ ᠢᠶᠠᠷ᠂ ᠡᠰ ᠦᠭᠦᠭᠦ ᠠᠴᠠ ᠪᠠᠨ ᠡᠮᠦᠨᠡᠬᠢ ᠬᠤᠷᠤᠮᠬᠠᠨ ᠵᠠᠭᠤᠷ᠎ᠠ ᠶᠢᠨ ᠬᠤᠭᠤᠴᠠᠭᠠᠨ ᠳᠤ ᠭᠡᠪ ᠤᠨ ᠲᠤᠯᠠᠭᠠᠨ ᠤ ᠭᠡᠮᠵᠢᠶ᠎ᠡ ᠠᠴᠠ -600℃ ᠤᠷᠴᠢᠮ ᠤᠨ ᠪᠦᠷᠢᠨ ᠪᠢᠳᠡᠭᠦᠮᠵᠢᠯᠡᠭᠰᠡᠨ ᠪᠠᠶᠢᠳᠠᠯ ᠲᠤᠤᠷ᠎ᠠ ᠡᠰ ᠨᠢ ᠠᠶᠠᠨᠳᠠᠭᠠᠨ ︽ᠢᠴᠡᠭᠡᠯᠡᠳᠡᠭ︾ ᠪᠠᠶᠢᠨ᠎ᠠ᠃ ᠡᠰ ᠨᠢ ᠭᠡᠪ ᠤᠨ ᠲᠤᠯᠠᠭᠠᠨ ᠤ ᠭᠡᠮᠵᠢᠶ᠎ᠡ ᠳᠤ ᠲᠤᠯᠪᠠᠯ ᠲᠠᠬᠢᠭᠠᠳ ︽ᠡᠳᠡᠭᠡᠷᠡᠳᠡᠭ︾ ᠪᠠᠶᠢᠨ᠎ᠠ᠃ ᠭᠡᠷᠪᠡ ᠡᠨᠡ ᠤᠨᠤᠯ ᠤᠨ ᠲᠤᠭ᠎ᠠ ᠪᠠᠷᠢᠮᠳᠠ ᠦᠨᠡᠨ ᠪᠠᠶᠢᠳᠠᠬ ᠪᠤᠯ ᠬᠤᠵᠢᠮ ᠤᠨ ᠲᠠᠶᠢᠨ ᠤ ᠲᠠᠯᠠᠪᠤᠷ ᠲᠤ ᠮᠠᠰᠢ ᠤᠯᠠᠨ ᠨᠡᠶᠢᠳᠡ ᠬᠢᠴᠡ ᠲᠠᠢ ︽ᠢᠴᠡᠭᠡᠯᠡᠭᠦᠯᠭᠦ︾ ᠪᠤᠳᠤᠩ ᠵᠤᠬᠢᠶᠠᠵᠤ᠂ ᠬᠤᠷᠤᠮᠬᠠᠨ ᠵᠠᠭᠤᠷ᠎ᠠ ᠦᠭᠦᠭᠰᠡᠨ ᠪᠠᠶᠢᠯᠳᠤᠬᠴᠢ ᠶᠢ ᠲᠡᠷᠡ ᠲᠤᠤᠷ᠎ᠠ ᠨᠢ ᠪᠤᠳᠤᠩᠯᠠᠭᠠᠳ ᠬᠤᠵᠢᠮ ᠰᠢᠨᠵᠢᠯᠡᠭᠦ ᠤᠬᠠᠭᠠᠨ ᠮᠡᠷᠭᠡᠵᠢᠯ ᠬᠦᠭᠵᠢᠭᠡᠳ ᠡᠳᠡᠭᠡᠷᠡᠭᠦᠯᠭᠦ ᠮᠡᠷᠭᠡᠵᠢᠯ ᠪᠤᠢ ᠪᠤᠯᠪᠠᠯ ᠡᠳᠡᠭᠡᠷ ᠪᠠᠶᠢᠯᠳᠤᠬᠴᠢᠳ ᠢ ᠭᠡᠰᠭᠡᠵᠦ ᠲᠠᠬᠢᠨ ᠠᠮᠢᠳᠤᠷᠠᠭᠤᠯᠵᠤ ᠪᠤᠯᠤᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ