|
ᠬᠤᠶᠠᠷ ᠲᠤᠤᠭᠠᠷᠳᠠᠬ ᠫᠤᠤᠵᠢᠩ ᠠᠴᠠ ︽ᠬᠤᠪᠢᠯᠭᠠᠨ ᠬᠦᠯᠭᠡ︾ ᠬᠦᠷᠳᠡᠯ᠎ᠡ |
|
|
ᠨᠡᠶᠢᠲᠡᠯᠡᠭᠰᠡᠨ ᠴᠠᠭ᠄
2018/11/30
|
|
ᠲᠡᠷᠢ — ᠲᠤᠮᠳᠠᠳᠤ ᠤᠯᠤᠰ ᠤᠨ ᠡᠷᠳᠡᠨ ᠤ ᠲᠦᠷᠪᠡᠨ ᠶᠡᠭᠡ ᠡᠭᠦᠳᠦᠯᠳᠡ ᠶᠢᠨ ᠨᠢᠭᠡ ᠨᠢ ᠮᠦᠨ᠂ ᠡᠭᠦᠨ ᠤ ᠪᠠᠨ ᠲᠦᠯᠦᠭᠡ ᠪᠢᠳᠡ ᠭᠡᠴᠢᠨᠡᠨ ᠤᠮᠤᠬᠰᠢᠬᠰᠠᠭᠠᠷ ᠢᠷᠡᠪᠡ︕ ᠲᠡᠷᠢ ᠪᠠᠷ ᠢᠶᠠᠨ ᠪᠢᠳᠡ ᠫᠤᠤᠵᠢᠩ ᠵᠤᠬᠢᠶᠠᠴᠢᠬᠠᠭᠠᠳ ︽ᠲᠦᠩ︕︾ ᠭᠡᠵᠦ ᠲᠠᠭᠤ ᠶᠢ ᠨᠢ ᠰᠤᠨᠤᠰᠤᠨ᠂ ᠨᠢᠭᠡ ᠯᠡ ᠲᠤᠤᠭᠠᠷᠬᠤ ᠳᠤ ᠰᠡᠳᠬᠢᠯ ᠨᠢ ᠬᠠᠨᠤᠬᠤ ᠦᠭᠡᠢ᠂ ᠬᠤᠶᠠᠷ ᠲᠤᠤᠭᠠᠷᠬᠤ ᠫᠤᠤᠵᠢᠩ ᠵᠤᠬᠢᠶᠠᠵᠤ᠂ ᠭᠠᠷ ᠲᠡᠭᠡᠷ᠎ᠡ ᠪᠠᠨ ᠨᠢᠭᠡ ︽ᠲᠦᠩ︕︾ ᠭᠡᠭᠦ ᠶᠢ ᠨᠢ ᠰᠤᠨᠤᠰᠴᠤ ᠲᠡᠷᠡ ᠲᠤᠤᠷ᠎ᠠ ᠨᠢ ᠲᠡᠭᠡᠭᠰᠢ ᠬᠠᠷᠠᠵᠤ᠂ ᠠᠭᠠᠷ ᠲᠡᠭᠡᠷ᠎ᠡ ᠪᠠᠰᠠ ᠨᠢᠭᠡ ︽ᠲᠦᠩ︕︾ ᠭᠡᠭᠦ ᠶᠢ ᠨᠢ ᠰᠤᠨᠤᠰᠤᠭᠠᠳ ᠶᠡᠭᠡᠯ᠎ᠡ ᠪᠠᠶᠠᠷᠯᠠᠵᠤ᠄ ︽ᠭᠡᠴᠡᠭᠦᠦ ᠢᠳᠡᠳᠡᠢ ᠲᠤᠤᠭᠠᠷᠴᠤ ᠪᠠᠶᠢᠨ᠎ᠠ ᠳ᠋ᠠ︕︾ ᠭᠡᠵᠦ ᠤᠮᠤᠬᠰᠢᠵᠤ ᠪᠠᠶᠢᠳᠠᠬ᠃ ᠲᠤᠮᠳᠠᠳᠤ ᠤᠯᠤᠰ ᠤᠨ ᠬᠦᠮᠦᠨ ᠲᠠᠷᠢ ᠪᠠᠷ ᠫᠤᠤᠵᠢᠩ ᠵᠤᠬᠢᠶᠠᠵᠤ ᠪᠠᠶᠠᠷ ᠲᠤᠷᠠᠰᠬᠠᠯ ᠤᠨ ᠡᠳᠦᠷ ᠲᠡᠭᠡᠨ ᠲᠠᠯᠪᠢᠨ ᠨᠠᠭᠠᠳᠤᠭᠠᠳ ᠪᠠᠷᠤᠬ ᠬᠤᠶᠠᠷ ᠮᠢᠩᠭ᠎ᠠ ᠰᠢᠬᠠᠮ ᠵᠢᠯ ᠪᠤᠯᠵᠠᠢ᠃ ᠭᠡᠨᠡᠳᠳᠡ ᠨᠢᠭᠡ ᠮᠡᠳᠡᠭᠦ ᠳᠤ᠂ ᠵᠠᠭᠤ ᠲᠠᠪᠢ ᠵᠢᠷᠠᠨ ᠵᠢᠯ ᠤᠨ ᠡᠮᠦᠨ᠎ᠡ᠂ ᠤᠯᠤᠰ ᠤᠨ ᠡᠭᠦᠳᠡᠨ ᠲᠡᠭᠡᠷ᠎ᠡ ︽ᠲᠦᠩ︕ ᠲᠠᠩ︕︾ ᠭᠡᠮᠡᠭᠦ ᠲᠠᠭᠤᠨ ᠫᠠᠷᠴᠢᠬᠢᠨᠠᠵᠤ᠂ ᠭᠡᠨ ᠬᠦᠮᠦᠨ ᠶᠠᠮᠠᠷ ︽ᠫᠤᠤᠵᠢᠩ︾ ᠲᠠᠯᠪᠢᠵᠤ ᠪᠠᠶᠢᠬᠤ ᠪᠤᠢ︖ ᠭᠡᠵᠦ ᠭᠠᠷᠴᠤ ᠦᠵᠡᠭᠰᠡᠨ᠎ᠡ᠂ ︽ᠫᠤᠤᠵᠢᠩ︾ ᠪᠢᠰᠢ ᠬᠠᠷᠢᠨ ︽ᠫᠤᠤ︾ ᠪᠠᠶᠢᠵᠠᠢ᠃ ᠡᠸᠦ᠋ᠷᠦᠫᠠ ᠬᠦᠮᠦᠰ ᠪᠢᠳᠡᠨ ᠢ ᠫᠤᠤᠵᠢᠩ ᠲᠤᠤᠭᠠᠷᠭᠠᠨ ᠨᠠᠭᠠᠳᠴᠤ ᠪᠠᠶᠢᠬᠤ ᠦᠶ᠎ᠡ ᠳᠤ ᠭᠡᠳᠦ᠋ᠢᠨ ᠮᠠᠨ ᠤ ᠶᠡᠭᠡ ᠡᠭᠦᠳᠦᠯᠳᠡ ︽ᠲᠠᠷᠢ︾ ᠶᠢ ᠬᠤᠯᠭᠤᠨ ᠠᠪᠠᠴᠢᠵᠤ ︽ᠫᠤᠤ ᠰᠤᠮᠤ︾ ᠵᠤᠬᠢᠶᠠᠭᠠᠳ ᠭᠡᠳᠡᠷᠭᠦ ᠪᠠᠨ ᠪᠢᠳᠡᠨ ᠢ ᠲᠤᠪᠳᠤᠯᠬᠤ ᠪᠠᠷ ᠤᠯᠤᠰ ᠤᠨ ᠡᠭᠦᠳᠡᠨ ᠲᠡᠭᠡᠷ᠎ᠡ ᠬᠦᠷᠴᠦ ᠢᠷᠡᠭᠡᠳ ᠪᠢᠳᠡᠨ ᠤ ᠦᠭᠡᠳᠡ ᠠᠯᠠᠵᠤ ᠰᠢᠷᠬᠠᠳᠠᠭᠤᠯᠬᠤ ᠬᠦᠴᠦᠨ ᠢᠶᠠᠷ ᠲᠤᠩ ᠶᠡᠭᠡ ᠰᠤᠮᠤᠳᠤ ᠫᠤᠤ ᠬᠠᠷᠪᠤᠵᠤ ᠪᠠᠶᠢᠯ᠎ᠠ᠃ ᠮᠠᠨ ᠤ ᠵᠠᠷᠢᠮ ︽ᠵᠤᠷᠢᠬᠳᠤ ᠪᠠᠭᠠᠳᠤᠷ︾ ᠮᠢᠨᠤ ᠪᠡᠶ᠎ᠡ ᠳᠤ ︽ᠵᠢᠳᠡ ᠰᠡᠯᠡᠮ᠎ᠡ ᠤᠷᠤᠬᠤ ᠦᠭᠡᠢ︾ ᠭᠡᠳ ᠯᠡ ᠬᠠᠷᠪᠤᠭᠠᠳ ᠢᠷᠡᠭᠦ ᠰᠤᠮᠤᠨ ᠡᠰᠡᠷᠭᠦ ᠰᠡᠯᠡᠮ᠎ᠡ ᠪᠠᠨ ᠲᠠᠯᠠᠶᠢᠭᠠᠳ ᠯᠠ ᠤᠷᠤᠬᠤ ᠶᠤᠮ᠂ ᠰᠤᠮᠤᠨ ᠳᠤ ᠤᠨᠤᠬᠳᠠᠭᠠᠳ ᠲᠠᠷᠠᠭ᠎ᠠ ᠲᠠᠷᠠᠭ᠎ᠠ ᠪᠠᠷ ᠢᠶᠠᠨ ᠤᠨᠠᠵᠤ ᠯᠠ ᠪᠠᠶᠢᠬᠰᠠᠨ᠃ ᠲᠡᠷᠢ ᠶᠢ ᠵᠤᠬᠢᠶᠠᠭᠠᠳ ᠨᠠᠭᠠᠳᠬᠤ ᠶᠢ ᠯᠡ ᠮᠡᠳᠡᠭᠰᠡᠨ ᠠᠴᠠ ᠪᠢᠰᠢ᠂ ᠭᠡᠳᠦᠨ ᠮᠢᠩᠭ᠎ᠠ ᠭᠠᠷᠤᠢ ᠵᠢᠯ ᠤᠨ ᠲᠤᠷᠰᠢ ᠨᠡᠩ ᠶᠡᠭᠡ ᠬᠦᠴᠦᠨ ᠲᠠᠢ ᠬᠦᠮᠦᠨ ᠠᠯᠠᠬᠤ ᠵᠡᠪᠰᠡᠭ ᠵᠤᠬᠢᠶᠠᠬᠤ ᠶᠢ ᠮᠡᠳᠡᠭᠰᠡᠨ ᠦᠭᠡᠢ᠂ ᠲᠤᠮᠳᠠᠳᠤ ᠤᠯᠤᠰ ᠤᠨ ᠬᠦᠮᠦᠨ ᠲᠡᠩᠴᠤ ᠴᠠᠶᠢᠯᠭᠠᠨ ᠰᠡᠳᠬᠢᠯ ᠲᠠᠢ᠂ ᠬᠦᠮᠦᠨ ᠠᠮᠢᠳᠠᠨ ᠢ ᠬᠤᠤᠷᠯᠠᠬᠤ ᠰᠠᠨᠠᠭ᠎ᠠ ᠦᠭᠡᠢ ᠪᠠᠶᠢᠬᠰᠠᠨ ᠠᠴᠠ ᠪᠤᠯᠤᠬᠰᠠᠨ ᠴᠤ ᠮᠠᠭᠠᠳ ᠳ᠋ᠠ᠃ ᠡᠨᠡ ᠪᠦᠭᠦᠨ ᠴᠦᠮ ᠦᠡᠭᠭᠡᠷᠡᠵᠦᠭᠦᠢ᠃ ᠲᠠᠶᠢᠰᠤᠨ ᠤ ᠬᠢᠵᠦ ᠴᠢᠳᠠᠬᠤ ᠶᠢ ᠪᠢᠳᠡ ᠪᠠᠰᠠ ᠬᠢᠵᠦ ᠴᠢᠳᠠᠬᠤ ᠪᠤᠯᠪᠠ᠃ ᠫᠤᠤ ᠰᠤᠮᠤ ᠵᠤᠬᠢᠶᠠᠵᠤ ᠴᠢᠳᠠᠪᠠ᠂ ᠲᠠᠶᠢᠷᠤᠯᠳᠤ ᠰᠤᠮᠤ ᠵᠤᠬᠢᠶᠠᠵᠤ ᠴᠢᠳᠠᠪᠠ᠂ ᠡᠭᠦᠨ ᠤ ᠤᠬ ᠶᠤᠰᠤ ᠨᠢ ᠮᠠᠨ ᠤ ᠬᠤᠶᠠᠷ ᠲᠤᠤᠭᠠᠷᠬᠤ ᠫᠤᠤᠵᠢᠩ ᠠᠴᠠ ᠢᠷᠡᠯᠳᠡᠢ ᠶᠤᠮ᠃ ᠲᠡᠶᠢᠷᠤᠯᠳᠦ ᠰᠤᠮᠤ ᠪᠠᠷ ᠪᠢᠳᠡ 1970 ᠤᠨ ᠤ 4 ᠰᠠᠷ᠎ᠠ ᠶᠢᠨ 24 ᠤ ᠡᠳᠦᠷ ᠠᠩᠬᠠᠳᠤᠭᠠᠷ ᠲᠠᠭᠠᠭᠤᠯᠢ ᠤᠳᠤᠨ — ︽ᠳ᠋ᠦᠩ ᠹᠡᠩ ᠬᠤᠩ ᠨᠢᠭᠡᠳᠦᠭᠡᠷ ᠨᠤᠮᠧᠷᠳᠦ︾ ᠪᠠᠨ ᠰᠠᠨᠰᠠᠷ ᠲᠤ ᠬᠠᠷᠪᠤᠨ ᠭᠠᠷᠭᠠᠯ᠎ᠠ᠃ ᠲᠡᠭᠦᠨ ᠠᠴᠠ ᠬᠤᠶᠢᠰᠢ ᠬᠤᠷᠢ ᠭᠠᠷᠤᠢ ᠵᠢᠯ ᠤᠨ ᠲᠤᠷᠰᠢ ᠡᠯᠳᠡᠪ ᠭᠡᠷᠡᠭᠰᠡᠯ ᠲᠠᠢ ᠲᠠᠭᠠᠭᠤᠯᠢ ᠤᠳᠤᠨ ᠢ ᠭᠡᠳᠦᠨ ᠠᠷᠪᠠ ᠬᠠᠷᠪᠤᠨ ᠭᠠᠷᠭᠠᠯ᠎ᠠ᠃ ᠨᠡᠩ ᠶᠡᠭᠡ ᠠᠮᠵᠢᠯᠳᠠ ᠬᠡᠪᠡᠯ 1999 ᠤᠨ ᠤ 11 ᠰᠠᠷ᠎ᠠ ᠶᠢᠨ 20 ᠤ ᠡᠳᠦᠷ᠂ ᠠᠩᠬᠠᠳᠠᠬᠴᠢ ᠲᠤᠷᠰᠢᠯᠳᠠ ᠶᠢᠨ ᠡᠨᠡᠭᠦ ᠨᠢᠰᠭᠦ ᠬᠦᠯᠭᠡ ᠶᠢ ᠰᠠᠨᠰᠠᠷ ᠲᠤ ᠬᠠᠷᠪᠤᠨ ᠭᠠᠷᠭᠠᠭᠠᠳ᠂ ᠡᠨᠡ ᠨᠢᠰᠭᠦ ᠬᠦᠯᠭᠡ 21 ᠴᠠᠬ ᠤᠨ ᠲᠤᠳᠤᠷ᠎ᠠ ᠲᠡᠯᠡᠭᠡᠢ ᠶᠢᠨ ᠪᠦᠮᠪᠦᠷᠴᠡᠭ ᠢ 14 ᠤᠳᠠᠭ᠎ᠠ ᠡᠷᠬᠢᠭᠡᠳ᠂ 11 ᠰᠠᠷ᠎ᠠ ᠶᠢᠨ 21 ᠤ ᠡᠳᠦᠷ ᠤᠨ 3 ᠴᠠᠬ 41 ᠮᠢᠨᠦ᠋ᠲ ᠲᠤ ᠦᠪᠦᠷ ᠮᠤᠩᠭᠤᠯ ᠤᠨ ᠲᠠᠯ᠎ᠠ ᠨᠤᠳᠤᠬ ᠲᠤ ᠠᠶᠤᠯ ᠦᠭᠡᠢ ᠠᠮᠤᠷ ᠮᠡᠨᠳᠦ ᠪᠠᠷ ᠪᠠᠭᠤᠵᠤ ᠢᠷᠡᠵᠡᠢ᠃ ᠡᠨᠡ ᠪᠤᠯ ᠮᠠᠨ ᠤ ᠤᠯᠤᠰ ᠤᠨ ᠬᠦᠮᠦᠨ ᠠᠴᠢᠬᠤ ᠰᠠᠨᠰᠠᠷ ᠤᠨ ᠠᠶᠠᠯᠠᠯ ᠤᠨ ᠢᠨᠵᠧᠨᠧᠷᠢᠩ ᠤᠨ ᠠᠩᠬᠠᠳᠠᠬᠴᠢ ᠲᠤᠷᠰᠢᠯᠳᠠ ᠶᠢᠨ ᠨᠢᠰᠦᠯᠳᠡ ᠪᠤᠯᠤᠨ᠎ᠠ᠃ ᠡᠨᠡ ᠨᠢᠰᠭᠦ ᠬᠦᠯᠭᠡ ᠶᠢᠨ ᠨᠡᠷ᠎ᠡ ᠨᠢ ︽ᠬᠤᠪᠢᠯᠭᠠᠨ ᠬᠦᠯᠭᠡ︾ ᠭᠡᠳᠡᠭ᠃ ᠡᠨᠡ ᠨᠡᠷ᠎ᠡ ᠶᠢ ᠵᠢᠶᠠᠩ ᠽᠧ ᠮᠢᠨ ᠨᠦᠭᠦᠷ ᠬᠢᠳᠠᠳ ᠢᠶᠠᠷ ︽神舟︾ ᠭᠡᠵᠦ ᠪᠢᠴᠢᠵᠦ ᠦᠭᠪᠡ᠃ ᠡᠶᠢᠮᠦ ᠲᠤᠷᠰᠢᠯᠳᠠ ᠶᠢᠨ ᠨᠢᠰᠦᠯᠳᠡ ᠶᠢ ᠪᠠᠰᠠ ᠭᠡᠳᠦ ᠤᠳᠠᠭ᠎ᠠ ᠬᠢᠨ᠎ᠡ᠃ ᠪᠠᠳᠤᠯᠠᠭ᠎ᠠ ᠲᠠᠢ ᠪᠤᠯᠤᠬᠰᠠᠨ ᠬᠤᠶᠢᠨ᠎ᠠ ᠰᠠᠶ᠋ᠢ ᠰᠠᠨᠰᠠᠷ ᠤᠨ ᠨᠢᠰᠦᠭᠴᠢ ᠶᠢ ᠠᠴᠢᠵᠤ ᠲᠡᠯᠡᠭᠡᠢ ᠶᠢᠨ ᠪᠦᠮᠪᠦᠷᠴᠡᠭ ᠢ ᠲᠤᠭᠤᠷᠢᠨ ᠡᠷᠬᠢᠵᠦ ᠨᠡᠩ ᠤᠯᠠᠨ ᠲᠤᠷᠰᠢᠯᠳᠠ ᠶᠢ ᠬᠦᠢᠴᠡᠳᠭᠡᠨ᠎ᠡ᠃ ᠲᠤᠮᠳᠠᠳᠤ ᠤᠯᠤᠰ ᠤᠨ ᠬᠦᠮᠦᠨ ᠰᠠᠨᠰᠠᠷ ᠲᠤ ᠭᠠᠷᠬᠤ ᠴᠠᠬ ᠤᠳᠠᠯ ᠦᠭᠡᠢ ᠬᠦᠷᠴᠦ ᠢᠷᠡᠨ᠎ᠡ᠃ ᠲᠡᠭᠡᠪᠡᠯ ᠪᠢᠳᠡ ᠤᠤᠯ ᠤᠨ ᠵᠦᠪᠯᠡᠯᠳᠦ ᠪᠠ ᠠᠮᠧᠷᠢᠺᠠ ᠶᠢᠨ ᠲᠠᠷᠠᠭ᠎ᠠ ᠰᠠᠨᠰᠠᠷ ᠢᠶᠠᠷ ᠠᠶᠠᠯᠠᠬᠤ ᠮᠡᠷᠭᠡᠵᠢᠯ ᠢ ᠡᠵᠡᠮᠰᠢᠭᠰᠡᠨ ᠭᠤᠷᠪᠠᠳᠤᠭᠠᠷ ᠤᠯᠤᠰ ᠪᠤᠯᠤᠬᠰᠠᠨ᠃ ᠡᠭᠦᠨ ᠤ ᠠᠴᠢ ᠬᠤᠯᠪᠤᠬᠳᠠᠯ ᠨᠢ ᠲᠤᠤᠷᠠᠬᠢ ᠮᠡᠳᠦ᠄ ᠨᠢᠭᠡ᠂ ᠮᠠᠨ ᠤ ᠤᠯᠤᠰ ᠤᠨ ᠠᠯᠤᠰ ᠰᠠᠷᠠᠯ ᠤᠨ ᠮᠡᠷᠭᠡᠵᠢᠯ ᠴᠢᠬᠤᠯᠠ ᠶᠡᠭᠡ ᠰᠢᠪᠳᠤᠯᠤᠯᠳᠠ ᠲᠠᠢ ᠪᠤᠯᠤᠬᠰᠠᠨ ᠢ ᠬᠠᠷᠠᠭᠤᠯᠪᠠ᠃ ᠭᠡᠷᠪᠡ ᠲᠠᠭᠠᠭᠤᠯᠢ ᠤᠳᠤᠨ ᠲᠡᠭᠡᠷ᠎ᠡ ᠠᠴᠠ ᠠᠯᠤᠰ ᠰᠠᠷᠠᠯ ᠤᠨ ᠮᠡᠷᠭᠡᠵᠢᠯ ᠢᠶᠠᠷ ᠭᠡᠷᠡᠯ ᠵᠢᠷᠤᠬ ᠠᠪᠤᠪᠠᠯ ᠰᠢᠯᠢᠨ ᠰᠤᠩᠭᠤᠵᠤ ᠴᠢᠳᠠᠬᠤ ᠦᠭᠡᠢ᠂ ᠶᠠᠭᠤ ᠲᠠᠭᠠᠷᠠᠪᠠᠯ ᠶᠠᠭᠤ ᠶᠢ ᠰᠡᠭᠦᠳᠡᠷᠯᠡᠵᠦ ᠠᠪᠤᠨ᠎ᠠ᠂ ᠭᠡᠪᠡᠴᠦ ᠬᠦᠮᠦᠨ ᠠᠴᠢᠬᠰᠠᠨ ᠨᠢᠰᠭᠦ ᠬᠦᠯᠭᠡ ᠨᠢ ᠲᠡᠭᠦᠨ ᠲᠠᠢ ᠠᠳᠠᠯᠢ ᠦᠭᠡᠢ᠂ ᠠᠯᠢ ᠭᠡᠷᠡᠭᠴᠡᠭᠡ ᠲᠠᠢ ᠵᠦᠢᠯ ᠢᠶᠠᠨ ᠰᠡᠭᠦᠳᠡᠷᠯᠡᠨ᠎ᠡ᠃ ᠮᠠᠨ ᠤ ᠤᠳᠤᠬᠢ ᠮᠡᠷᠭᠡᠵᠢᠯ ᠢᠶᠠᠷ ᠰᠠᠨᠰᠠᠷ ᠲᠡᠭᠡᠷ᠎ᠡ ᠠᠴᠠ ᠶᠡᠭᠡ ᠠᠴᠢᠶᠠᠨ ᠤ ᠮᠠᠰᠢᠨ ᠢ ᠬᠦᠷᠳᠡᠯ᠎ᠡ ᠢᠯᠭᠠᠨ ᠲᠠᠨᠢᠵᠤ ᠴᠢᠳᠠᠨ᠎ᠠ᠂ ᠢᠯᠭᠠᠮᠵᠢ ᠶᠢᠨ ᠭᠡᠮᠵᠢᠶ᠎ᠡ ᠨᠢ ᠬᠤᠶᠠᠷ ᠮᠧᠲᠷ ᠲᠤ ᠬᠦᠷᠴᠦ᠂ ᠰᠠᠨᠰᠠᠷ ᠲᠡᠭᠡᠷ᠎ᠡ ᠠᠴᠠ ᠲᠡᠯᠡᠭᠡᠢ ᠶᠢᠨ ᠪᠦᠮᠪᠦᠷᠴᠡᠭ ᠢ ᠨᠠᠷᠢᠨ ᠲᠤᠳᠤᠷᠬᠠᠢ ᠠᠵᠢᠬᠯᠠᠵᠤ ᠴᠢᠳᠠᠬᠤ ᠪᠤᠯᠤᠨ᠎ᠠ᠃ ᠬᠤᠶᠠᠷ᠂ ᠮᠠᠨ ᠤ ᠤᠯᠤᠰ ᠪᠠᠭ᠎ᠠ ᠬᠦᠳᠦᠯᠦᠯ ᠤᠨ ᠤᠷᠤᠨ ᠵᠠᠢ ︵小动量空间︶ ᠶᠢᠨ ᠲᠠᠶᠢᠷᠤᠯᠳᠤ ᠰᠤᠮᠤ ᠶᠢᠨ ᠮᠡᠷᠭᠡᠵᠢᠯ ᠢ ᠡᠵᠡᠮᠰᠢᠭᠰᠡᠨ ᠤ ᠪᠡᠯᠭᠡ ᠲᠡᠮᠳᠡᠭ ᠪᠤᠯᠪᠠ᠃ ᠨᠢᠰᠭᠦ ᠤᠡᠭᠭᠤᠴᠠ ᠲᠤᠭᠤᠷᠢᠯᠳᠠ ᠶᠢᠨ ᠵᠠᠮ ᠳᠤ ᠤᠷᠤᠬᠰᠠᠨ ᠤ ᠲᠠᠷᠠᠭ᠎ᠠ᠂ ᠨᠢᠰᠭᠦ ᠬᠦᠯᠭᠡ ᠨᠢ ᠭᠡᠳᠦᠢ ᠬᠦᠨᠳᠦ ᠪᠠᠶᠢᠬᠰᠠᠨ ᠴᠤ ᠪᠠᠭ᠎ᠠ ᠯᠠ ᠬᠦᠴᠦ ᠭᠡᠷᠡᠭᠯᠡᠪᠡᠯ ᠲᠡᠭᠦᠨ ᠢ ᠡᠷᠬᠢᠭᠦᠯᠵᠦ ᠴᠢᠳᠠᠨ᠎ᠠ᠂ ᠡᠭᠦᠨ ᠤ ᠵᠠᠩᠬᠢᠯᠠᠭ᠎ᠠ ᠨᠢ ᠪᠤᠯ ᠲᠠᠷᠤᠢ ᠪᠠᠭ᠎ᠠ ᠬᠦᠳᠦᠯᠦᠯ ᠤᠨ ᠤᠷᠤᠨ ᠵᠠᠢ ᠶᠢᠨ ᠲᠠᠶᠢᠷᠤᠯᠳᠤ ᠰᠤᠮᠤ ᠶᠢᠨ ᠮᠡᠷᠭᠡᠵᠢᠯ ᠪᠤᠯᠤᠨ᠎ᠠ᠃ ᠭᠤᠷᠪᠠ᠂ ᠭᠡᠳᠦ ᠲᠤᠮᠤ ᠭᠡᠮᠵᠢᠶᠡᠨ ᠤ ᠵᠤᠬᠢᠴᠠᠭᠤᠯᠤᠨ ᠡᠵᠡᠮᠰᠢᠭᠦ ᠮᠡᠷᠭᠡᠵᠢᠯ ᠴᠢᠬᠤᠯᠠ ᠶᠡᠭᠡ ᠰᠢᠪᠳᠤᠯᠤᠯᠳᠠ ᠲᠠᠢ ᠪᠤᠯᠤᠬᠰᠠᠨ ᠢ ᠬᠠᠷᠠᠭᠤᠯᠪᠠ᠃ ᠰᠠᠨᠰᠠᠷ ᠤᠨ ᠨᠢᠰᠭᠦ ᠬᠦᠯᠭᠡ ᠳᠤ ᠬᠦᠮᠦᠨ ᠠᠴᠢᠬᠰᠠᠨ ᠦᠭᠡᠢ ᠴᠤ ᠪᠤᠯᠤᠬ᠂ ᠬᠦᠮᠦᠨ ᠠᠴᠢᠬᠰᠠᠨ ᠴᠤ ᠪᠤᠯᠤᠬ ᠪᠦᠷ ᠭᠠᠵᠠᠷ ᠲᠡᠭᠡᠷ᠎ᠡ ᠠᠴᠠ ᠵᠠᠬᠢᠷᠬᠤ ᠭᠡᠷᠡᠭᠳᠡᠢ᠂ ᠬᠡᠷᠪᠡ ᠬᠦᠮᠦᠨ ᠠᠴᠢᠬᠰᠠᠨ ᠪᠤᠯ ᠨᠡᠩ ᠤᠯᠠᠨ ᠲᠤᠭ᠎ᠠ ᠪᠠᠷᠢᠮᠳᠠ ᠶᠢ ᠡᠵᠡᠮᠰᠢᠭᠦ ᠴᠢᠬᠤᠯᠠ ᠲᠠᠢ᠂ ᠵᠢᠱᠢᠶᠡᠯᠡᠪᠡᠯ ᠰᠠᠨᠰᠠᠷ ᠤᠨ ᠨᠢᠰᠦᠭᠴᠢ ᠶᠢᠨ ᠵᠢᠷᠦᠭᠡᠨ ᠴᠤᠬᠢᠯᠭ᠎ᠠ᠂ ᠰᠤᠳᠠᠯ ᠤᠨ ᠯᠤᠬᠰᠢᠯᠳᠠ᠂ ᠴᠢᠰᠤᠨ ᠲᠠᠷᠤᠯᠳᠠ ᠶᠢ ᠬᠦᠷᠳᠡᠯ᠎ᠡ ᠮᠡᠳᠡᠵᠦ᠂ ᠨᠢᠰᠭᠦ ᠬᠦᠯᠭᠡ ᠨᠢ ᠠᠮᠤᠷ ᠮᠡᠨᠳᠦ ᠪᠠᠶᠢᠬᠤ ᠡᠰᠡᠭᠦ ᠶᠢ ᠴᠠᠬ ᠢᠮᠠᠬᠳᠠ ᠭᠡᠮᠵᠢᠵᠦ᠂ ᠬᠦᠮᠦᠨ ᠤ ᠠᠮᠢ ᠨᠠᠰᠤ ᠶᠢ ᠪᠠᠳᠤᠯᠠᠬᠤ ᠰᠢᠰᠲ᠋ᠧᠮ ᠵᠡᠷᠭᠡ ᠵᠨ ᠶᠡᠭᠡ ᠭᠡᠮᠵᠢᠶᠡᠨ ᠤ ᠵᠤᠬᠢᠴᠠᠯ ᠡᠵᠡᠮᠰᠢᠯ ᠤᠨ ᠮᠡᠷᠭᠡᠵᠢᠯ ᠢ ᠶᠡᠭᠡᠪᠡᠷ ᠲᠡᠭᠡᠭᠰᠢᠯᠡᠭᠦᠯᠵᠦ᠂ ᠰᠢᠨ᠎ᠡ ᠱᠠᠳᠤᠨ ᠳᠤ ᠬᠦᠷᠭᠡᠭᠦ ᠴᠢᠬᠤᠯᠠ ᠲᠠᠢ ᠶᠤᠮ᠃ ᠲᠡᠭᠦᠨᠴᠢᠯᠡᠨ ᠨᠢᠰᠭᠦ ᠬᠦᠯᠭᠡ ᠶᠢ ᠮᠦᠷᠳᠡᠨ ᠠᠵᠢᠬᠯᠠᠬᠤ᠂ ᠪᠤᠴᠠᠭᠠᠨ ᠠᠪᠴᠢᠷᠠᠬᠤ ᠵᠡᠷᠭᠡ ᠳᠤ ᠴᠦᠮ ᠲᠤᠮᠤ ᠭᠡᠮᠵᠢᠶᠡᠨ ᠤ ᠵᠤᠬᠢᠴᠠᠯ ᠡᠵᠡᠮᠰᠢᠯ ᠤᠨ ᠮᠡᠷᠭᠡᠵᠢᠯ ᠭᠡᠷᠡᠭᠳᠡᠢ᠃ ᠲᠦᠷᠪᠡ᠂ ᠪᠠᠳᠤᠯᠠᠪᠤᠷᠢ ᠶᠢᠨ ᠴᠢᠨᠠᠷ ᠲᠠᠢ ᠮᠡᠷᠭᠡᠵᠢᠯ᠂ ᠠᠭᠠᠷ ᠲᠠᠬᠢ ᠠᠦ᠋ᠲ᠋ᠤ᠋ ᠡᠵᠡᠮᠰᠢᠯ ᠤᠨ ᠴᠢᠳᠠᠪᠤᠷᠢ ᠪᠠ ᠠᠯᠤᠰ ᠵᠠᠢ ᠶᠢᠨ ᠮᠡᠳᠡᠭᠡ ᠬᠤᠯᠪᠤᠭᠠᠨ ᠤ ᠴᠢᠳᠠᠪᠤᠷᠢ ᠶᠡᠭᠡᠭᠡᠨ ᠲᠠᠪᠰᠢᠬᠰᠠᠨ ᠢ ᠬᠠᠷᠠᠭᠤᠯᠪᠠ᠃ ᠦᠡᠭᠭᠡᠷᠡᠭᠰᠡᠨ ᠳᠤ ᠮᠠᠨ ᠤ ᠲᠠᠶᠢᠷᠤᠯᠳᠤ ᠰᠤᠮᠤ ᠶᠢᠨ ᠬᠠᠷᠪᠤᠯᠳᠠ ᠨᠡᠯᠢᠶᠡᠳ ᠪᠠᠳᠤᠯᠠᠪᠤᠷᠢ ᠲᠠᠢ ᠪᠠᠶᠢᠪᠠ᠂ ᠭᠡᠪᠡᠴᠦ ᠬᠦᠮᠦᠨ ᠠᠴᠢᠬᠰᠠᠨ ᠨᠢᠰᠭᠦ ᠬᠦᠯᠭᠡ ᠶᠢ ᠪᠠᠳᠤᠯᠠᠪᠤᠷᠢ ᠲᠠᠢ ᠬᠠᠷᠪᠤᠵᠤ ᠴᠢᠳᠠᠬᠤ ᠭᠡᠮᠵᠢᠶᠡᠨ ᠳᠤ ᠬᠦᠷᠦᠭᠡ ᠦᠭᠡᠢ᠃ ᠡᠨᠡ ᠤᠳᠠᠭ᠎ᠠ ᠶᠢᠨ ᠲᠤᠷᠰᠢᠯᠳᠠ ᠳᠤ ᠪᠢᠳᠡ ᠪᠠᠳᠤᠯᠠᠪᠤᠷᠢ ᠲᠠᠢ ᠬᠠᠷᠪᠤᠯᠳᠠ ᠶᠢᠨ ᠲᠠᠯ᠎ᠠ ᠪᠠᠷ ᠲᠠᠪᠰᠢᠯᠳᠠ ᠲᠠᠢ ᠪᠤᠯᠵᠠᠢ᠃ ᠬᠦᠮᠦᠨ ᠠᠴᠢᠬᠰᠠᠨ ᠨᠢᠰᠭᠦ ᠬᠦᠯᠭᠡ ᠬᠠᠷᠪᠤᠪᠠᠯ ᠰᠠᠨᠰᠠᠷ ᠤᠨ ᠨᠢᠰᠦᠭᠴᠢ ᠶᠢᠨ ᠲᠠᠭᠤ ᠶᠢᠨ ᠲᠠᠪᠳᠠᠮᠵᠢ᠂ ᠲᠧᠯᠸᠢᠰ ᠤᠨ ᠲᠡᠪᠳᠠᠮᠵᠢ ᠵᠡᠷᠭᠡ ᠶᠢ ᠴᠦᠮ ᠭᠠᠵᠠᠷ ᠲᠡᠭᠡᠷ᠎ᠡ ᠲᠤᠳᠤ ᠬᠦᠷᠭᠡᠭᠦ ᠴᠢᠬᠤᠯᠠ ᠲᠠᠢ ᠲᠤᠯᠠ ᠠᠯᠤᠰ ᠵᠠᠢ ᠶᠢᠨ ᠮᠡᠳᠡᠭᠡ ᠬᠤᠯᠪᠤᠭᠠᠨ ᠤ ᠮᠡᠷᠭᠡᠵᠢᠯ ᠶᠡᠭᠡᠭᠡᠨ ᠲᠠᠪᠰᠢᠬᠰᠠᠨ ᠢ ᠬᠠᠷᠠᠭᠤᠯᠪᠠ᠃ ᠲᠠᠪᠤ᠂ ᠮᠡᠨ ᠤ ᠤᠯᠤᠰ ᠪᠤᠯ ᠬᠦᠮᠦᠨ ᠠᠴᠢᠬᠰᠠᠨ ᠨᠢᠰᠭᠦ ᠬᠦᠯᠭᠡ ᠶᠢᠨ ᠮᠡᠷᠭᠡᠵᠢᠯ ᠢ ᠡᠵᠡᠮᠰᠢᠭᠰᠡᠨ ᠭᠤᠷᠪᠠᠳᠠᠬᠢ ᠤᠯᠤᠰ ᠮᠦᠨ᠂ ᠡᠭᠦᠨ ᠤ ᠠᠴᠢ ᠬᠤᠯᠪᠤᠬᠳᠠᠯ ᠲᠤᠩ ᠶᠡᠭᠡ ᠶᠤᠮ᠃ ᠡᠨᠡ ᠨᠢ ᠮᠠᠨ ᠤ ᠤᠯᠤᠰ ᠤᠨ ᠪᠠᠶᠢᠯᠳᠤᠬᠤ ᠪᠤᠳᠤᠯᠭ᠎ᠠ ᠶᠢᠨ ᠰᠢᠢᠳᠪᠦᠷᠢᠳᠦ ᠪᠤᠳᠤᠯᠭ᠎ᠠ ᠪᠠ ᠰᠢᠨᠵᠢᠯᠡᠭᠦ ᠤᠬᠠᠭᠠᠨ ᠮᠡᠷᠭᠡᠵᠢᠯ ᠤᠨ ᠲᠠᠪᠰᠢᠯᠳᠠ ᠶᠢᠨ ᠲᠠᠪᠠᠭᠤᠯᠢᠬ ᠢ ᠬᠠᠷᠠᠭᠤᠯᠵᠤ ᠪᠠᠶᠢᠭ᠎ᠠ ᠶᠤᠮ᠃ ᠵᠢᠷᠭᠤᠭ᠎ᠠ᠂ ᠰᠠᠨᠰᠠᠷ ᠲᠠᠬᠢ ᠤᠯᠠᠨ ᠲᠤᠷᠰᠢᠯᠳᠠ ᠶᠢ ᠬᠢᠵᠦ ᠴᠢᠳᠠᠬᠤ ᠪᠤᠯᠪᠠ᠃ ᠵᠢᠱᠢᠶᠡᠯᠡᠪᠡᠯ ᠬᠦᠨᠳᠦ ᠪᠠᠨ ᠠᠯᠳᠠᠬᠰᠠᠨ ᠪᠠᠶᠢᠳᠠᠯ ᠲᠤᠤᠷ᠎ᠠ ᠲᠡᠮᠦᠷᠯᠢᠭ ᠪᠤᠯᠪᠠᠰᠤᠷᠠᠭᠤᠯᠬᠤ᠂ ᠲᠠᠷᠢᠶᠠᠨ ᠦᠷ᠎ᠡ ᠪᠤᠶᠢᠵᠢᠭᠤᠯᠬᠤ ᠵᠡᠷᠭᠡ ᠲᠤᠷᠰᠢᠯᠳᠠ ᠶᠢ ᠰᠠᠨᠰᠠᠷ ᠲᠡᠭᠡᠷ᠎ᠡ ᠬᠢᠵᠦ ᠴᠢᠳᠠᠬᠤ ᠪᠤᠯᠤᠨ᠎ᠠ᠃ ᠲᠤᠯᠤᠭ᠎ᠠ᠂ ᠦᠷ᠎ᠡ ᠨᠦᠯᠦᠭᠡ ᠲᠤᠩ ᠶᠡᠭᠡ᠃ ᠲᠤᠮᠳᠠᠳᠤ ᠶᠢᠨ ᠦᠨᠳᠦᠰᠦᠳᠡᠨ᠂ ᠢᠯᠠᠩᠭᠤᠶ᠎ᠠ ᠭᠠᠳᠠᠭᠠᠳᠤ ᠳᠤ ᠪᠠᠶᠢᠭ᠎ᠠ ᠲᠤᠮᠳᠠᠳᠤ ᠶᠢᠨ ᠬᠠᠷᠢᠶᠠᠳᠤ᠂ ᠰᠤᠷᠭᠠᠭᠤᠯᠢ ᠳᠤ ᠪᠠᠶᠢᠭ᠎ᠠ ᠤᠶᠤᠳᠠᠳ ᠲᠤ ᠲᠤᠩ ᠶᠡᠭᠡ ᠤᠮᠤᠬᠰᠢᠯ ᠵᠤᠷᠢᠬᠵᠢᠭᠤᠯᠤᠯ ᠪᠤᠯᠤᠨ᠎ᠠ᠃ ᠨᠠᠢᠮᠠ᠂ ᠤᠯᠤᠰ ᠤᠨ ᠠᠮᠤᠷ ᠲᠦᠪᠰᠢᠨ ᠤ ᠭᠡᠮᠵᠢᠶ᠎ᠡ ᠶᠢ ᠶᠡᠭᠡᠪᠡᠷ ᠲᠡᠭᠡᠭᠰᠢᠯᠡᠭᠦᠯᠪᠡ᠃ ᠨᠢᠰᠭᠦ ᠬᠦᠯᠭᠡ ᠨᠢ ᠲᠠᠭᠠᠭᠤᠯᠢ ᠤᠳᠤᠨ ᠲᠠᠢ ᠲᠠᠭᠠᠷᠠᠬᠤ ᠦᠭᠡᠢ᠃ ᠭᠡᠷᠪᠡ ᠬᠦᠮᠦᠨ ᠠᠴᠢᠪᠠᠯ ᠲᠤᠭᠤᠷᠢᠯᠳᠠ ᠶᠢᠨ ᠵᠠᠮ ᠳᠤ ᠠᠵᠢᠬᠯᠠᠯᠳᠠ ᠬᠢᠭᠦ᠂ ᠷᠠᠳᠠᠷ ᠤᠨ ᠲᠤᠬᠢᠶ᠎ᠠ ᠴᠢᠮᠡᠭᠡ ᠶᠢ ᠬᠤᠷᠢᠶᠠᠬᠤ᠂ ᠡᠯᠧᠺᠲᠷᠤᠨ ᠤ ᠮᠡᠳᠡᠭᠡ ᠴᠢᠮᠡᠭᠡ ᠶᠢ ᠵᠠᠳᠠᠯᠵᠤ᠂ ᠲᠠᠶᠢᠨ ᠪᠠᠶᠢᠯᠳᠤᠭᠠᠨ ᠢ ᠤᠷᠢᠳᠴᠢᠯᠠᠨ ᠮᠡᠳᠡᠭᠡᠯᠡᠵᠦ ᠴᠢᠳᠠᠨ᠎ᠠ᠃ ᠶᠢᠰᠦ᠂ ᠦᠷᠦᠨᠡᠳᠡᠬᠢᠨ ᠤ ᠤᠯᠤᠰ ᠤᠳ ᠲᠡᠭᠡᠳᠦ ᠰᠢᠨ᠎ᠡ ᠮᠡᠷᠭᠡᠵᠢᠯ ᠢᠶᠠᠷ ᠪᠢᠳᠡᠨ ᠢ ᠭᠠᠴᠢᠵᠤ ᠴᠢᠳᠠᠬᠤ ᠦᠭᠡᠢ ᠪᠤᠯᠤᠨ᠎ᠠ᠃ ᠤᠴᠢᠷ ᠨᠢ ᠪᠢᠳᠡ ᠲᠡᠳᠡᠨ ᠤ ᠴᠠᠭᠠᠵᠠᠳᠠᠢ ᠵᠠᠷᠢᠮ ᠮᠡᠷᠭᠡᠵᠢᠯ ᠢ ᠭᠡᠳᠦ᠋ᠢᠨ ᠡᠵᠡᠮᠰᠢᠭᠰᠡᠨ ᠲᠤᠯᠠ ᠲᠡᠳᠡ ᠵᠠᠷᠢᠮ ᠮᠡᠷᠭᠡᠵᠢᠯ ᠤᠨ ᠬᠤᠷᠢᠭ᠎ᠠ ᠶᠢ ᠲᠠᠯᠪᠢᠵᠤ᠂ ᠠᠷᠠᠳ ᠤᠨ ᠭᠡᠷᠡᠭᠯᠡᠭᠡᠨ ᠤ ᠵᠠᠷᠢᠮ ᠮᠡᠷᠭᠡᠵᠢᠯ ᠢᠶᠠᠨ ᠪᠢᠳᠡᠨ ᠳᠤ ᠰᠢᠯᠵᠢᠭᠦᠯᠦᠨ ᠦᠭᠴᠦ ᠮᠡᠳᠡᠨ᠎ᠡ᠃ ᠠᠷᠪᠠ᠂ ᠬᠦᠮᠦᠨ ᠠᠴᠢᠬᠰᠠᠨ ᠨᠢᠰᠭᠦ ᠬᠦᠯᠭᠡ ᠶᠢ ᠲᠤᠬᠢᠷᠠᠮᠵᠢᠳᠠᠢ ᠭᠡᠮᠵᠢᠶ᠎ᠡ ᠪᠠᠷ ᠬᠠᠷᠪᠤᠪᠠᠯ ᠠᠵᠤ ᠠᠬᠤᠢ ᠶᠢ ᠠᠬᠢᠭᠤᠯᠵᠤ᠂ ᠰᠢᠨᠵᠢᠯᠡᠭᠦ ᠤᠬᠠᠭᠠᠨ ᠮᠡᠷᠭᠡᠵᠢᠯ ᠤᠨ ᠲᠠᠪᠰᠢᠯᠳᠠ ᠶᠢ ᠠᠬᠢᠭᠤᠯᠵᠤ ᠴᠢᠳᠠᠨ᠎ᠠ᠃ ᠭᠡᠪᠡᠴᠦ ᠤᠤᠯ ᠤᠨ ᠵᠦᠪᠯᠡᠯᠳᠦ ᠰᠢᠭ ᠲᠡᠶᠢᠮᠦ ᠠᠷᠪᠢᠨ ᠬᠠᠷᠪᠤᠵᠤ ᠡᠴᠦᠰ ᠲᠡᠭᠡᠨ ᠶᠡᠭᠡ ᠲᠠᠷᠤᠭᠠᠰᠤ ᠪᠤᠯᠬᠤ ᠰᠤᠷᠭᠠᠮᠵᠢ ᠶᠢ ᠠᠩᠬᠠᠷᠪᠠᠯ ᠵᠤᠬᠢᠨ᠎ᠠ᠃ ᠲᠤᠮᠳᠠᠳᠤ ᠤᠯᠤᠰ ᠤᠨ ᠬᠦᠮᠦᠨ ᠠᠴᠢᠬᠰᠠᠨ ᠰᠠᠨᠰᠠᠷ ᠤᠨ ᠨᠢᠰᠭᠦ ᠬᠦᠯᠭᠡ ᠭᠡᠵᠢᠶ᠎ᠡ ᠨᠢᠰᠦᠨ ᠭᠠᠷᠬᠤ ᠪᠤᠯ︖ ᠲᠡᠷᠡ ᠡᠳᠦᠷ ᠤᠨ ᠲᠡᠷᠡ ᠶᠠᠪᠤᠳᠠᠯ ᠲᠡᠯᠡᠭᠡᠢ ᠶᠢ ᠯᠠᠪ ᠶᠡᠭᠡᠳᠡ ᠲᠤᠩᠰᠤᠯᠭᠠᠨᠠ︕ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|