ᠮᠠᠨ ᠤ ᠤᠯᠤᠰ ᠤᠨ ᠠᠩᠬᠠᠳᠠᠬᠴᠢ ᠬᠦᠮᠦᠨᠴᠢ ᠮᠠᠰᠢᠨ ᠬᠥᠮᠥᠨ ᠮᠡᠨᠳᠦᠯᠡᠪᠡ
ᠨᠡᠶᠢᠲᠡᠯᠡᠭᠰᠡᠨ ᠴᠠᠭ᠄
2018/11/30

       2000 ᠤᠨ ᠤ 11 ᠰᠠᠷ᠎ᠠ ᠶᠢᠨ 29 ᠤ ᠡᠳᠦᠷ᠂ ᠮᠠᠨ ᠤ ᠤᠯᠤᠰ ᠤᠨ ᠪᠡᠶ᠎ᠡ ᠪᠠᠨ ᠲᠠᠭᠠᠭᠠᠵᠤ ᠦᠢᠯᠡᠳᠦᠭᠰᠡᠨ ᠬᠦᠮᠦᠨ ᠤ ᠭᠠᠳᠠᠷ ᠲᠦᠷᠰᠦ ᠶᠢᠨ ᠤᠨᠴᠠᠯᠢᠬ ᠲᠠᠢ᠂ ᠬᠦᠮᠦᠨ ᠤ ᠠᠯᠬᠤᠬᠤ ᠪᠠ ᠦᠨᠳᠦᠰᠦᠨ ᠠᠵᠢᠯᠯᠠᠭ᠎ᠠ ᠶᠢ ᠲᠠᠭᠤᠷᠢᠶᠠᠳᠠᠬ ᠠᠩᠬᠠᠳᠠᠬᠴᠢ ᠬᠦᠮᠦᠨᠴᠢ ︵类人型︶ ᠮᠠᠰᠢᠨ ᠬᠦᠮᠦᠨ ᠴᠠᠩᠱᠠ ᠳᠠᠬᠢ ᠤᠯᠤᠰ ᠤᠨ ᠪᠠᠳᠤᠯᠠᠨ ᠬᠠᠮᠠᠭᠠᠯᠠᠯᠳᠠ ᠶᠢᠨ ᠰᠢᠨᠵᠢᠯᠡᠭᠦ ᠤᠬᠠᠭᠠᠨ ᠮᠡᠷᠭᠡᠵᠢᠯ ᠤᠨ ᠶᠡᠭᠡ ᠰᠤᠷᠭᠠᠭᠤᠯᠢ ᠳᠤ ᠮᠡᠨᠳᠦᠯᠡᠪᠡ᠃ ᠡᠨᠡ ᠨᠢ ᠮᠠᠨ ᠤ ᠤᠯᠤᠰ ᠤᠨ ᠮᠠᠰᠢᠨ ᠬᠦᠮᠦᠨ ᠦᠯᠡᠳᠭᠦ ᠮᠡᠷᠭᠡᠵᠢᠯ ᠨᠢᠭᠡᠨᠳᠡ ᠲᠡᠯᠡᠭᠡᠢ ᠶᠢᠨ ᠲᠡᠷᠢᠭᠦᠨ ᠤ ᠡᠩᠨᠡᠭᠡᠨ ᠳᠤ ᠤᠷᠤᠬᠰᠠᠨ ᠤ ᠪᠡᠯᠭᠡ ᠲᠡᠮᠳᠡᠭ ᠪᠤᠯᠪᠠ᠃
       ︽ᠬᠤᠰᠢᠭᠤᠴᠢ︾ ︵先行者︶ ᠨᠠᠷᠠᠮᠵᠢᠳᠤ ᠡᠨᠡ ᠬᠦᠮᠦᠨᠴᠢᠷ ᠮᠠᠰᠢᠨ ᠬᠦᠮᠦᠨ ᠤ ᠦᠨᠳᠦᠷ ᠨᠢ 1.4 ᠮᠧᠲᠷ᠂ ᠬᠦᠨᠳᠦ ᠨᠢ 20 ᠺᠢᠯᠦᠭᠷᠠᠮ᠂ ᠬᠦᠮᠦᠨ ᠤ ᠠᠳᠠᠯᠢ ᠲᠤᠯᠤᠭᠠᠢ᠂ ᠨᠢᠳᠦ᠂ ᠬᠦᠵᠦᠭᠦᠦ᠂ ᠪᠡᠶ᠎ᠡ᠂ ᠬᠤᠶᠠᠷ ᠭᠠᠷ ᠪᠠ ᠬᠤᠶᠠᠷ ᠬᠦᠯ ᠲᠠᠢ ᠪᠠᠶᠢᠬᠤ ᠪᠠᠷ ᠪᠠᠷᠠᠬᠤ ᠦᠭᠡᠢ᠂ ᠪᠠᠰᠠ ᠵᠤᠬᠢᠬᠤ ᠭᠡᠮᠵᠢᠶᠡᠨ ᠤ ᠭᠡᠯᠡᠨ ᠤ ᠶᠠᠷᠢᠶᠠᠨ ᠤ ᠴᠢᠳᠠᠪᠤᠷᠢ ᠲᠠᠢ᠃ ᠲᠤᠰ ᠰᠤᠷᠭᠠᠭᠤᠯᠢ ᠶᠢᠨ 1990 ᠤᠨ ᠳᠤ ᠦᠢᠯᠡᠳᠦᠭᠰᠡᠨ ᠮᠠᠰᠢᠨ ᠬᠦᠮᠦᠨ ᠲᠠᠢ ᠬᠠᠷᠢᠴᠠᠭᠤᠯᠪᠠᠯ ᠡᠨᠡ ᠬᠦᠮᠦᠨᠴᠢ ᠮᠠᠰᠢᠨ ᠬᠦᠮᠦᠨ ᠤᠯᠠᠨ ᠵᠦᠢᠯ ᠤᠨ ᠵᠠᠩᠬᠢᠯᠠᠭ᠎ᠠ ᠶᠢᠨ ᠴᠢᠨᠠᠷ ᠲᠠᠢ ᠮᠡᠷᠭᠡᠵᠢᠯ ᠤᠨ ᠰᠢᠪᠳᠤᠯᠤᠯᠳᠠ ᠲᠠᠢ ᠪᠤᠯᠪᠠ᠄ ᠵᠦᠪᠭᠡᠨ ᠲᠡᠭᠰᠢ ᠭᠠᠵᠠᠷ ᠬᠦᠳᠡᠯᠦᠩᠭᠦᠢ ᠪᠤᠰᠤ ᠠᠯᠬᠤᠵᠤ ᠪᠠᠶᠢᠬᠰᠠᠨ ᠠᠴᠠ ᠪᠠᠨ ᠬᠦᠳᠡᠯᠦᠩᠭᠦᠢ ᠪᠠᠷ ᠤᠶᠠᠨ ᠬᠠᠳᠠᠨ ᠠᠯᠬᠤᠵᠤ ᠴᠢᠳᠠᠬᠤ ᠪᠤᠯᠪᠠ︔ ᠲᠤᠬᠳᠠᠬᠰᠠᠨ ᠤᠷᠴᠢᠨ ᠲᠤᠭᠤᠷᠢᠨ ᠳᠤ ᠯᠠ ᠠᠯᠬᠤᠵᠤ ᠪᠠᠶᠢᠬᠰᠠᠨ ᠠᠴᠠ ᠪᠠᠨ ᠵᠠᠷᠢᠮ ᠲᠤᠷᠤᠭᠠᠰᠤ ᠲᠠᠢ᠂ ᠦᠯᠦ ᠲᠤᠬᠳᠠᠬᠰᠠᠨ ᠤᠷᠴᠢᠨ ᠲᠤᠭᠤᠷᠢᠨ ᠳᠤ ᠠᠯᠬᠤᠵᠤ ᠴᠢᠳᠠᠬᠤ ᠪᠤᠯᠪᠠ᠃ ᠠᠯᠬᠤᠯᠳᠠ ᠶᠢᠨ ᠲᠠᠪᠳᠠᠮᠵᠢ ᠨᠢ ᠦᠡᠭᠭᠡᠷᠡᠭᠰᠡᠨ ᠤ 6 ᠰᠧᠺᠦ᠋ᠨᠳ᠋ ᠲᠤ ᠨᠢᠭᠡ ᠠᠯᠬᠤᠵᠤ ᠪᠠᠶᠢᠬᠰᠠᠨ ᠠᠴᠠ ᠪᠠᠨ ᠤᠳᠤ ᠰᠧᠺᠦ᠋ᠨᠳ᠋ ᠪᠦᠷᠢ 2 ᠠᠯᠬᠤᠬᠤ ᠪᠤᠯᠪᠠ᠃
       ᠲᠤᠰᠬᠠᠢ ᠮᠡᠷᠭᠡᠵᠢᠯᠳᠡᠳ ᠤᠨ ᠲᠠᠨᠢᠯᠴᠠᠭᠤᠯᠤᠬᠰᠠᠨ ᠢᠶᠠᠷ᠂ ᠬᠦᠮᠦᠨᠴᠢ ᠮᠠᠰᠢᠨ ᠬᠦᠮᠦᠨ ᠦᠷᠭᠡᠨ ᠭᠡᠷᠡᠭᠴᠡᠭᠡ ᠲᠠᠢ᠂ ᠰᠠᠴᠤᠷᠠᠬ ︵辐射︶ ᠲᠠᠢ᠂ ᠲᠤᠭᠤᠰᠤ ᠲᠠᠢ᠂ ᠬᠤᠤᠷᠠᠳᠠᠢ ᠵᠡᠷᠭᠡ ᠤᠷᠴᠢᠨ ᠲᠤᠭᠤᠷᠢᠨ ᠳᠤ ᠬᠦᠮᠦᠨ ᠢ ᠤᠷᠤᠯᠠᠨ ᠠᠵᠢᠯᠯᠠᠵᠤ ᠴᠢᠳᠠᠬᠤ ᠪᠠᠷ ᠦᠯᠦ ᠪᠠᠷᠠᠮ᠂ ᠪᠠᠰᠠ ᠡᠷᠡᠭᠦᠯᠵᠢᠯ ᠤᠨ ᠠᠨᠠᠭᠠᠬᠤ ᠤᠬᠠᠭᠠᠨ ︵康复医学︶ ᠳᠤ ᠬᠦᠳᠡᠯᠭᠡᠭᠦᠷᠳᠦ ᠮᠠᠶ᠋ᠢᠬ ᠤᠨ ᠬᠢᠮᠡᠯ ᠮᠦᠴᠡ ᠶᠢᠨ ᠬᠤᠪᠢ ᠪᠠᠷ ᠵᠠᠮᠳᠡᠭ ᠬᠦᠮᠦᠨ ᠢ ᠲᠤᠰᠠᠯᠠᠵᠤ ᠠᠯᠬᠤᠨ ᠶᠠᠪᠤᠵᠤ ᠴᠢᠳᠠᠬᠤ ᠪᠤᠯᠤᠮᠵᠢ ᠲᠠᠢ ᠪᠤᠯᠭᠠᠨ᠎ᠠ᠃
       ᠨᠢᠭᠡ ᠤᠯᠤᠰ ᠤᠨ ᠲᠡᠭᠡᠳᠦ ᠰᠢᠨᠵᠢᠯᠡᠭᠦ ᠤᠬᠠᠭᠠᠨ ᠮᠡᠷᠭᠡᠵᠢᠯ ᠤᠨ ᠪᠤᠳᠠᠳᠤ ᠬᠦᠴᠦᠨ ᠤ ᠴᠢᠬᠤᠯᠠ ᠪᠡᠯᠭᠡ ᠲᠡᠮᠳᠡᠭ ᠪᠤᠯᠤᠬᠰᠠᠨ ᠤ ᠬᠤᠪᠢ ᠳᠤ᠂ ᠬᠦᠮᠦᠨᠴᠢᠷ ᠮᠠᠰᠢᠨ ᠬᠦᠮᠦᠨ ᠨᠢ ᠮᠠᠰᠢᠨ᠂ ᠴᠠᠬᠢᠯᠭᠠᠨ᠂ ᠺᠤᠮᠫᠢᠦ᠋ᠲ᠋ᠧᠷ᠂ ᠮᠠᠲ᠋ᠧᠷᠢᠶᠠᠯ᠂ ᠰᠡᠷᠡᠯ ᠲᠡᠮᠵᠢᠭᠤᠯᠤᠬᠴᠢ ︵传感器︶᠂ ᠡᠵᠡᠮᠰᠢᠯ ᠤᠨ ᠮᠡᠷᠭᠡᠵᠢᠯ ᠵᠡᠷᠭᠡ ᠤᠯᠠᠨ ᠰᠢᠨᠵᠢᠯᠡᠭᠡᠨ ᠤ ᠰᠠᠯᠠᠭ᠎ᠠ ᠶᠢ ᠨᠢᠭᠡ ᠯᠡ ᠴᠤᠬᠴᠠᠰ ᠲᠤ ᠰᠢᠩᠭᠡᠭᠡᠭᠡᠳ ᠢᠮᠠᠬᠳᠠ ᠭᠦᠭᠵᠢᠭᠰᠡᠨ ᠤᠯᠤᠰ ᠤᠳ ᠤᠨ ᠭᠤᠤᠯᠳᠠᠯᠭ᠎ᠠ ᠲᠠᠢ ᠰᠤᠳᠤᠯᠤᠨ ᠬᠦᠭᠵᠢᠭᠦᠯᠭᠦ ᠮᠡᠷᠭᠡᠵᠢᠯ ᠤᠨ ᠨᠢᠭᠡ ᠨᠢ ᠪᠤᠯᠤᠬᠰᠠᠭᠠᠷ ᠢᠷᠡᠪᠡ᠃ ᠤᠯᠤᠰ ᠤᠨ ᠪᠠᠳᠤᠯᠠᠨ ᠬᠠᠮᠠᠭᠠᠯᠠᠯᠳᠠ ᠶᠢᠨ ᠰᠢᠨᠵᠢᠯᠡᠭᠦ ᠤᠬᠠᠭᠠᠨ ᠮᠡᠷᠭᠡᠵᠢᠯ ᠤᠨ ᠶᠡᠭᠡ ᠰᠤᠷᠭᠠᠭᠤᠯᠢ ᠶᠢᠨ ᠬᠢᠨ 10 ᠵᠢᠯ ᠤᠨ ᠪᠤᠭᠤᠮᠳᠠ ᠰᠢᠪᠳᠤᠯᠬᠤ ᠰᠤᠳᠤᠯᠤᠯ ᠢ ᠲᠠᠮᠵᠢᠭᠠᠳ ᠮᠠᠰᠢᠨ ᠬᠦᠮᠦᠨ ᠤ ᠮᠡᠳᠡᠷᠡᠯ ᠤᠨ ᠰᠦᠯᠵᠢᠶ᠎ᠡ ᠶᠢᠨ ᠰᠢᠰᠲ᠋ᠧᠮ᠂ ᠬᠠᠷᠠᠭᠠᠨ ᠤ ᠰᠢᠰᠲ᠋ᠧᠮ᠂ ᠬᠤᠶᠠᠷ ᠭᠠᠷ ᠤᠨ ᠵᠤᠬᠢᠴᠠᠯ ᠤᠨ ᠰᠢᠰᠲ᠋ᠧᠮ᠂ ᠭᠠᠷ ᠤᠨ ᠬᠤᠷᠤᠭᠤᠨ ᠤ ᠡᠵᠡᠮᠰᠢᠯ ᠤᠨ ᠰᠢᠰᠲ᠋ᠧᠮ ᠵᠡᠷᠭᠡ ᠤᠯᠠᠨ ᠵᠦᠢᠯ ᠤᠨ ᠰᠤᠳᠤᠯᠭᠠᠨ ᠤ ᠦᠷ᠎ᠡ ᠪᠦᠳᠦᠭᠡᠯ ᠤᠯᠵᠤ᠂ ᠮᠠᠨ ᠤ ᠤᠯᠤᠰ ᠤᠨ ᠮᠠᠰᠢᠨ ᠬᠦᠮᠦᠨ ᠤ ᠮᠡᠷᠭᠡᠵᠢᠯ ᠤᠨ ᠰᠤᠳᠤᠯᠤᠯ ᠢ ᠰᠢᠨ᠎ᠡ ᠦᠨᠳᠦᠷᠴᠨ ᠳᠤ ᠬᠦᠷᠭᠡᠭᠰᠡᠨ ᠪᠠᠶᠢᠨ᠎ᠡ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ