ᠮᠠᠰᠢᠨ  ᠬᠦᠮᠦᠨ ᠮᠠᠨ ᠤ ᠦᠭᠡᠳᠡ ᠠᠴᠠ ᠠᠯᠬᠤᠭᠠᠳ ᠢᠷᠡᠯ᠎ᠡ
ᠨᠡᠶᠢᠲᠡᠯᠡᠭᠰᠡᠨ ᠴᠠᠭ᠄
2018/11/30

       ᠮᠤᠷᠢ ᠤᠨᠤᠵᠤ ᠮᠠᠯ ᠬᠠᠷᠢᠭᠤᠯᠵᠤ ᠪᠠᠶᠢᠬᠰᠠᠨ ᠠᠴᠠ ᠪᠠᠨ ᠮᠤᠲ᠋ᠤᠷ ᠤᠨᠤᠵᠤ ᠮᠠᠯ ᠬᠠᠷᠢᠭᠤᠯᠬᠤ ᠪᠤᠯᠤᠬᠰᠠᠨ ᠨᠢ ᠮᠠᠯᠵᠢᠬᠤ ᠤᠷᠤᠨ ᠤ ᠨᠢᠭᠡ ᠲᠠᠪᠰᠢᠯᠳᠠ᠂ ᠮᠠᠯᠴᠢᠨ ᠲᠦᠮᠡᠨ ᠤ ᠠᠮᠢᠳᠤᠷᠠᠯ ᠤᠨ ᠲᠡᠭᠡᠭᠰᠢᠯᠡᠯᠳᠡ ᠶᠢ ᠬᠠᠷᠠᠭᠤᠯᠵᠤ ᠪᠠᠶᠢᠭ᠎ᠠ ᠨᠢ ᠶᠠᠷᠢᠶᠠᠨ ᠦᠭᠡᠢ᠃ ᠭᠡᠳᠡᠯ᠎ᠡ ᠬᠤᠵᠢᠮ ᠮᠤᠲ᠋ᠤᠷ ᠤᠨᠤᠵᠤ ᠶᠠᠪᠤᠬᠤ ᠴᠤ ᠭᠡᠷᠡᠭ ᠦᠭᠡᠢ᠂ ᠬᠠᠷᠢᠨ ᠮᠠᠰᠢᠨ ᠨᠤᠬᠠᠢ᠂ ᠮᠠᠰᠢᠨ ᠬᠦᠮᠦᠨ ᠭᠠᠷᠴᠤ ᠢᠷᠡᠭᠡᠳ ᠮᠠᠯ ᠢ ᠴᠢᠨᠢ ᠬᠠᠷᠢᠭᠤᠯᠵᠤ ᠦᠭᠭᠦᠨ᠎ᠡ ᠭᠡᠳᠡᠭ ᠢ ᠲᠠ ᠢᠳᠡᠭᠡᠨ᠎ᠡ ᠤᠤ︖
       ᠮᠠᠰᠢᠨ ᠬᠤᠳᠠᠴᠢ ᠨᠤᠬᠠᠢ ᠶᠢ ᠤᠳᠤ ᠨᠢᠭᠡᠨᠳᠡ ᠡᠭᠦᠳᠦᠨ ᠭᠠᠷᠭᠠᠪᠠ᠃ ᠰᠤᠨᠢᠨ ᠳᠤ ᠮᠡᠳᠡᠭᠡᠯᠡᠭᠰᠡᠨ ᠢᠶᠠᠷ᠂ ᠠᠩᠭ᠍ᠯᠢ ᠶᠢᠨ ᠤᠺᠠᠰᠹᠤᠷᠳ᠋ ᠶᠡᠭᠡ ᠰᠤᠷᠭᠠᠭᠤᠯᠢ ᠶᠢᠨ ᠠᠮᠢᠳᠠᠨ ᠤ ᠰᠤᠳᠤᠯᠤᠯ ᠤᠨ ᠡᠷᠳᠡᠮᠳᠡᠨ᠂ ᠺᠤᠮᠫᠢᠦ᠋ᠲ᠋ᠧᠷ ᠤᠨ ᠲᠤᠰᠬᠠᠢ ᠮᠡᠷᠭᠡᠵᠢᠯᠳᠡᠨ ᠢᠶᠠᠷ ᠪᠦᠷᠢᠯᠳᠦᠭᠰᠡᠨ ᠰᠤᠳᠤᠯᠬᠤ ᠲᠤᠭᠤᠢᠢᠯᠠᠩ ᠨᠢ ᠭᠠᠳᠠᠷ ᠲᠦᠷᠰᠦ ᠨᠢ ᠨᠤᠬᠠᠢ ᠰᠢᠬ᠂ ᠲᠦᠷᠪᠡᠨ ᠬᠦᠯ ᠢᠶᠠᠷ ᠡᠩᠭᠦᠯ ᠲᠤᠩᠬᠤᠯ ᠭᠠᠵᠠᠷ ᠲᠡᠭᠡᠷ᠎ᠡ ᠶᠠᠪᠤᠵᠤ ᠴᠢᠳᠠᠬᠤ᠂ ᠪᠠᠰᠠ ᠨᠤᠬᠠᠢ ᠰᠢᠬ ᠬᠤᠴᠠᠳᠠᠬ ᠮᠠᠰᠢᠨ ᠨᠤᠬᠠᠢ ᠶᠢ ᠰᠤᠳᠤᠯᠤᠨ ᠭᠠᠷᠭᠠᠵᠠᠢ᠃ ᠲᠡᠷᠡ ᠨᠢ ᠭᠠᠵᠠᠷ ᠲᠡᠭᠡᠷᠡᠬᠢ ᠲᠡᠮᠳᠡᠭᠳᠦ ᠶᠠᠭᠤᠮᠠᠰ ᠪᠠ ᠠᠮᠢᠳᠠᠨ ᠢ ᠢᠯᠭᠠᠨ ᠲᠠᠨᠢᠵᠤ ᠴᠢᠳᠠᠳᠠᠬ ᠪᠦᠭᠡᠳ ᠬᠤᠨᠢᠨ ᠰᠦᠷᠦᠭ ᠢ ᠲᠠᠭᠤᠵᠤ ᠪᠡᠯᠴᠢᠭᠡᠷ ᠲᠤᠨᠢ ᠬᠦᠷᠭᠡᠵᠦ ᠴᠢᠳᠠᠨ᠎ᠠ᠃ ᠡ᠊ᠨᠳᠡᠬᠢ ᠰᠢᠨᠵᠢᠯᠡᠭᠦ ᠤᠬᠠᠭᠠᠨᠳᠠᠳ ᠡᠨᠡ ᠬᠦ ᠮᠠᠰᠢᠨ ᠨᠤᠬᠠᠢ ᠶᠢ 3 ᠵᠢᠯ ᠭᠡᠷᠡᠭᠰᠡᠵᠦ ᠰᠤᠳᠤᠯᠤᠨ ᠪᠦᠳᠦᠭᠡᠭᠡᠳ ᠤᠳᠤ ᠭᠡᠭᠡᠷ᠎ᠡ ᠪᠢᠰᠢ᠂ ᠭᠡᠷ ᠲᠤᠳᠤᠷ᠎ᠠ᠂ ᠬᠤᠨᠢ ᠪᠢᠰᠢ᠂ ᠬᠠᠷᠢᠨ ᠨᠤᠭᠤᠰᠤ ᠬᠠᠷᠢᠭᠤᠯᠬᠤ ᠠᠵᠢᠯ ᠬᠢᠯᠭᠡᠵᠦ᠂ ᠦᠷᠭᠦᠯᠵᠢᠯᠡᠨ ᠲᠤᠷᠰᠢᠵᠤ᠂ ᠬᠤᠵᠢᠮ ᠬᠦᠮᠦᠨ ᠤ ᠤᠶᠤᠨᠳᠤ ᠮᠠᠰᠢᠨ ᠨᠤᠬᠠᠢ ᠶᠢ ᠡᠭᠦᠳᠦᠨ ᠭᠠᠷᠭᠠᠭᠠᠳ ᠦᠨᠡᠨᠭᠦ ᠠᠳᠤᠭᠤ ᠮᠠᠯ ᠳᠤ ᠶᠠᠪᠤᠭᠤᠯᠬᠤ ᠪᠠᠷ ᠱᠠᠯᠠᠪᠳᠠᠨ ᠲᠤᠷᠰᠢᠵᠤ ᠪᠠᠶᠢᠨ᠎ᠠ᠃
       ᠮᠠᠰᠢᠨ ᠬᠦᠮᠦᠨ ᠪᠤᠯ ᠲᠤᠰ ᠵᠠᠭᠤᠨ ᠤ ᠵᠢᠷᠠᠭᠠᠳ ᠤᠨ ᠳᠤ ᠮᠡᠨᠳᠦᠯᠡᠭᠰᠡᠨ ᠶᠤᠮ᠂ ᠤᠳᠤ ᠬᠦᠭᠵᠢᠭᠡᠳ ᠭᠤᠷᠪᠠᠳᠤᠭᠠᠷ ᠦᠶ᠎ᠡ ᠶᠢᠨ ᠮᠠᠰᠢᠨ ᠬᠦᠮᠦᠨ — ᠤᠶᠤᠨᠳᠤ ᠮᠠᠰᠢᠨ ᠬᠦᠮᠦᠨ ᠪᠤᠢ ᠪᠤᠯᠪᠠ᠃ ᠤᠳᠤ ᠪᠦᠭᠦ ᠲᠡᠯᠡᠭᠡᠢ ᠲᠡᠭᠡᠷ᠎ᠡ ᠮᠠᠰᠢᠨ ᠬᠦᠮᠦᠨ 70 ᠲᠦᠮᠡ ᠬᠦᠷᠴᠦ᠂ ᠦᠢᠯᠡᠳᠪᠦᠷᠢ ᠳᠤ ᠯᠠ ᠭᠡᠷᠡᠭᠯᠡᠵᠦ ᠪᠠᠶᠢᠬᠰᠠᠨ ᠠᠴᠠ ᠡᠮᠨᠡᠯᠭᠡ ᠶᠢᠨ ᠬᠤᠷᠢᠶ᠎ᠠ᠂ ᠬᠦᠳᠡᠭᠡ ᠲᠤᠰᠬᠤᠨ᠂ ᠦᠢᠯᠡᠴᠢᠯᠡᠭᠡᠨ ᠤ ᠦᠢᠯᠡᠰ᠂ ᠰᠤᠶᠤᠯ ᠴᠡᠩᠭᠡᠯ ᠴᠢᠨᠠᠬᠰᠢᠯᠠᠪᠠᠯ ᠴᠡᠷᠢᠭ ᠲᠠᠶᠢᠨ᠂ ᠰᠠᠨᠰᠠᠷ ᠤᠨ ᠬᠠᠶᠢᠯᠳᠠ ᠵᠡᠷᠭᠡ ᠳᠤ ᠮᠠᠰᠢᠨ ᠬᠦᠮᠦᠨ ᠢ ᠭᠡᠷᠡᠭᠯᠡᠭᠦ ᠪᠤᠯᠪᠠ᠃ ᠵᠢᠱᠢᠶᠡᠯᠡᠪᠡᠯ ᠭᠠᠳᠠᠭᠠᠳᠤ ᠤᠯᠤᠰ ᠲᠤ ᠭᠡᠷ ᠴᠡᠪᠡᠷᠯᠡᠭᠴᠢ ᠮᠠᠰᠢᠨ ᠬᠦᠮᠦᠨ᠂ ᠲᠦᠭᠦᠮ ᠦᠭᠡ ᠲᠠᠢ ᠮᠠᠰᠢᠨ ᠬᠠᠷᠠᠭᠤᠯᠴᠢ᠂ ᠮᠠᠰᠢᠨ ᠰᠤᠪᠢᠯᠠᠬᠴᠢ᠂ ᠨᠢᠰᠦᠭᠴᠢ ᠮᠠᠰᠢᠨ ᠬᠦᠮᠦᠨ ᠵᠡᠷᠭᠡ ᠪᠤᠢ ᠪᠤᠯᠪᠠ᠃ ᠨᠡᠩ ᠰᠤᠨᠢᠷᠬᠠᠯᠳᠠᠢ ᠨᠢ ᠤᠷᠴᠢᠮ ᠳᠤ ᠮᠠᠰᠢᠨ ᠬᠦᠮᠦᠨ ᠤ ᠬᠦᠯ ᠪᠦᠮᠪᠦᠭᠡ ᠶᠢᠨ ᠤᠷᠤᠯᠳᠤᠭᠠᠨ ᠪᠠ ᠪᠦᠭᠡ ᠶᠢᠨ ᠤᠷᠤᠯᠳᠤᠭᠠᠨ ᠢ ᠶᠠᠫᠤᠨ ᠳᠤ ᠶᠠᠪᠤᠭᠤᠯᠵᠠᠢ᠃
       100 ᠮᠠᠰᠢᠨ ᠪᠦᠭᠡ ᠤᠷᠤᠯᠴᠠᠬᠰᠠᠨ 2 ᠡᠳᠦᠷ ᠤᠨ ᠤᠷᠤᠯᠳᠤᠭᠠᠨ ᠡᠨᠡ ᠵᠢᠯ ᠤᠨ 8 ᠰᠠᠷ᠎ᠠ ᠶᠢᠨ ᠬᠤᠷᠢᠳ ᠢᠶᠠᠷ ᠶᠠᠫᠤᠨ ᠤ ᠺᠠᠸᠠᠰᠠᠺᠢ ᠳᠤ ᠶᠠᠪᠤᠬᠳᠠᠵᠠᠢ᠃ ᠤᠷᠤᠯᠳᠤᠭᠠᠨ ᠨᠢ ᠲᠡᠰ ᠬᠤᠪᠢᠶᠠᠬᠰᠠᠨ ᠦᠭᠡᠢ᠂ ᠭᠡᠪᠡᠴᠦ ᠮᠠᠰᠢᠨ ᠪᠦᠭᠡ ᠶᠢᠨ ᠵᠤᠵᠠᠭᠠᠨ ᠨᠢ 35 ᠰᠠᠨᠲ᠋ᠢᠮᠧᠲᠷ᠂ ᠦᠷᠭᠡᠨ ᠨᠢ 25 ᠰᠠᠨᠲ᠋ᠢᠮᠧᠲᠷ ᠠᠴᠠ ᠲᠠᠪᠠᠵᠤ ᠪᠤᠯᠬᠤ ᠦᠭᠡᠢ ᠭᠡᠵᠦ ᠲᠤᠬᠳᠠᠭᠠᠪᠠ᠃ ᠮᠠᠰᠢᠨ ᠵᠢᠯᠤᠭᠤᠳᠤᠬᠴᠢ ᠮᠠᠰᠢᠨ ᠬᠦᠮᠦᠨ ᠢᠶᠠᠨ ᠶᠠᠭᠠᠷᠠᠯᠳᠠᠢ ᠵᠢᠯᠤᠭᠤᠳᠴᠤ᠂ ᠰᠤᠷᠭᠠᠭᠴᠢᠳ ᠲᠠᠯᠠᠪᠠᠢ ᠶᠢᠨ ᠭᠠᠳᠠᠨ᠎ᠠ ᠠᠴᠠ ᠴᠢᠨᠡᠭᠡ ᠮᠡᠳᠡᠨ ᠬᠠᠰᠬᠢᠷᠴᠤ ᠪᠠᠶᠢᠬᠤ ᠳᠤ ᠦᠵᠡᠭᠴᠢᠳ ᠬᠠᠷᠢᠨ ᠢᠨᠢᠶᠡᠯᠴᠡᠵᠦ ᠪᠠᠶᠢᠪᠠ᠃ ᠵᠠᠷᠢᠮ ᠮᠠᠰᠢᠨ ᠪᠦᠭᠡ ᠨᠢ ᠨᠤᠭᠤᠭᠠᠨ ᠰᠢᠷ᠎ᠠ ᠵᠤᠬᠢᠶᠠᠮᠠᠯ ᠭᠡᠵᠢᠭᠡ ᠵᠡᠭᠦᠵᠦ ᠭᠤᠶᠤᠯᠠᠬᠰᠠᠨ ᠪᠠᠶᠢᠳᠠᠯ᠎ᠠ ᠵᠠᠷᠢᠮ ᠮᠠᠰᠢᠨ ᠪᠦᠭᠡ ᠨᠢ ᠬᠠᠪᠴᠢᠭᠤᠷ ᠰᠢᠬ ᠭᠠᠷ ᠢᠶᠠᠷ ᠴᠢᠨᠠᠳᠤ ᠡᠳᠡᠭᠡᠳ ᠢᠶᠠᠨ ᠦᠡᠭᠭᠦᠷᠢᠳᠡᠯ᠎ᠡ ᠴᠤᠬᠢᠵᠤ ᠤᠨᠠᠭᠠᠵᠤ ᠪᠠᠶᠢᠪᠠ᠃ ᠮᠠᠰᠢᠨ ᠬᠦᠮᠦᠨ ᠤ ᠮᠧᠬᠠᠨᠢᠬ ᠲᠤᠨᠢ ᠦᠷᠭᠦᠯᠵᠢ ᠰᠠᠭᠠᠳ ᠬᠠᠷᠰᠢ ᠭᠠᠷᠤᠭᠠᠳ ᠬᠦᠮᠦᠰ ᠢ ᠲᠦᠷᠬᠢᠳᠡᠯ᠎ᠡ ᠢᠨᠢᠶᠡᠯᠭᠡᠵᠦ ᠪᠠᠶᠢᠪᠠ᠃ ᠨᠡᠯᠢᠶᠡᠳ ᠠᠷᠪᠢᠨ ᠮᠠᠰᠢᠨ ᠬᠦᠮᠦᠨ ᠨᠢ ᠪᠤᠯᠤᠩ ᠲᠤᠳᠤᠷ᠎ᠠ ᠪᠤᠬᠴᠦ᠋ᠢᠭᠠᠳ ᠤᠷᠤᠬᠰᠢᠯᠠᠬᠤ ᠦᠭᠡᠢ ᠪᠠᠶᠢᠯ᠎ᠠ᠃ ᠭᠡᠪᠡᠴᠦ ᠬᠤᠶᠠᠷ ᠮᠠᠰᠢᠨ ᠬᠦᠮᠦᠨ ᠭᠡᠷᠪᠡ ᠰᠢᠭᠤᠳ ᠤᠢᠢᠷᠠᠳᠤᠬᠤ ᠦᠭᠡᠢ ᠪᠤᠯ ᠠᠯᠢ ᠨᠢᠭᠡ ᠨᠢ ᠲᠡᠯᠡᠭᠡᠢ ᠶᠢᠨ ᠲᠦᠪ ᠠᠴᠠ ᠬᠠᠮᠤᠬ ᠤᠢᠢᠷ᠎ᠠ ᠬᠦᠷᠴᠦ ᠤᠴᠢᠬᠰᠠᠨ ᠢᠶᠠᠷ ᠨᠢ ᠢᠯᠠᠬᠰᠠᠨ ᠳᠤ ᠲᠤᠭᠠᠴᠠᠨ᠎ᠠ᠃ ᠮᠠᠰᠢᠨ ᠬᠦᠮᠦᠨ ᠤ ᠬᠦᠯ ᠪᠦᠮᠪᠦᠭᠡ ᠶᠢᠨ ᠤᠷᠤᠯᠳᠤᠭᠠᠨ ᠨᠢ ᠨᠡᠩ ᠴᠤ ᠱᠤᠬ ᠲᠠᠢ᠃ 8 ᠰᠠᠷ᠎ᠠ ᠶᠢᠨ 25 ᠤ ᠡᠳᠦᠷ ᠠᠴᠠ ᠶᠠᠫᠤᠨ ᠤ ᠨᠠᠭᠤᠶᠠ ᠳᠤ 4 ᠡᠳᠦᠷ ᠶᠠᠪᠤᠬᠳᠠᠬᠰᠠᠨ ᠮᠠᠰᠢᠨ ᠬᠦᠮᠦᠨ ᠤ ᠬᠦᠯ ᠪᠦᠮᠪᠦᠭᠡ ᠶᠢᠨ ᠤᠷᠤᠯᠳᠤᠭᠠᠨ ᠳᠤ ᠡᠸᠦ᠋ᠷᠦᠫᠡ ᠶᠢᠨ ᠡᠯ᠎ᠡ ᠤᠯᠤᠰ ᠠᠴᠠ ᠢᠷᠡᠭᠰᠡᠨ 40 ᠠᠩᠬᠢ ᠤᠷᠤᠯᠳᠤᠭᠠᠨ ᠳᠤ ᠤᠷᠤᠯᠴᠠᠪᠠ᠃ 25 ᠤ ᠡᠳᠦᠷ ᠤᠨ ᠤᠷᠤᠯᠳᠤᠭᠠᠨ ᠳᠤ ᠠᠮᠧᠷᠢᠺᠠ ᠶᠢᠨ ᠨᠢᠭᠡ ᠠᠩᠬᠢ ᠨᠢ 5᠄ 0 ᠢᠶᠠᠷ ᠶᠠᠫᠤᠨ ᠤ ᠠᠩᠬᠢ ᠶᠢ ᠲᠠᠶᠢᠯᠪᠠ᠂ ᠤᠴᠢᠷ ᠨᠢ ᠠᠮᠧᠷᠢᠺᠠ ᠶᠢᠨ ᠮᠠᠰᠢᠨ ᠬᠦᠮᠦᠨ ᠤ ᠵᠢᠯᠤᠭᠤᠳᠬᠤ ᠲᠡᠰ ᠲᠠᠷᠠᠭ᠎ᠠ ᠶᠢ ᠴᠦᠮ ᠪᠡᠶ᠎ᠡ ᠲᠡᠭᠡᠷ᠎ᠡ ᠨᠢ ᠤᠬᠰᠠᠷᠠᠵᠠᠢ᠃ ᠡᠳᠡᠭᠡᠷ ᠮᠠᠰᠢᠨ ᠪᠦᠮᠪᠦᠭᠡᠴᠢᠨ ᠨᠢ ᠲᠤᠩ ᠴᠤ ᠵᠢᠵᠢᠭ᠂ ᠰᠠᠶ᠋ᠢ 15 ᠰᠠᠨᠲ᠋ᠢᠮᠧᠲᠷ ᠦᠨᠳᠦᠷ᠂ ᠳ᠋ᠢᠶᠠᠮᠧᠲᠷ ᠨᠢ ᠠᠷᠠᠢ ᠭᠡᠵᠦ 6 ᠰᠠᠨᠲ᠋ᠢᠮᠧᠲᠷ᠂ ᠪᠠᠭᠠᠨ᠎ᠠ ᠭᠡᠯᠪᠡᠷᠢ ᠲᠠᠢ᠂ ᠬᠦᠯ ᠪᠦᠮᠪᠦᠭᠡ ᠶᠢᠨ ᠤᠷᠤᠯᠳᠤᠭᠠᠨ ᠤ ᠲᠠᠯᠠᠪᠠᠢ ᠨᠢ 105 ᠰᠠᠨᠲ᠋ᠢᠮᠧᠲᠷ ᠤᠷᠳᠤ᠂ 68 ᠰᠠᠨᠲ᠋ᠢᠮᠧᠲᠷ ᠦᠷᠭᠡᠨ᠂ ᠬᠠᠷ᠎ᠠ ᠦᠡᠭᠭᠡᠳᠡᠢ᠃ ᠪᠦᠮᠪᠦᠭᠡ ᠶᠢᠨ ᠡᠭᠦᠳᠡ ᠨᠢ 30 ᠰᠠᠨᠲ᠋ᠢᠮᠧᠲᠷ ᠤᠷᠳᠤ᠂ 20 ᠰᠠᠨᠲ᠋ᠢᠮᠧᠲᠷ ᠦᠨᠳᠦᠷ᠂ ᠮᠠᠰᠢᠨ ᠪᠦᠮᠪᠦᠭᠡᠴᠢᠨ ᠢ ᠲᠠᠯᠠᠪᠠᠢ ᠠᠴᠠ ᠭᠠᠷᠬᠤ ᠶᠢ ᠰᠠᠷᠭᠡᠶᠢᠯᠡᠵᠦ ᠲᠦᠷᠪᠡᠨ ᠲᠠᠯ᠎ᠠ ᠪᠠᠷ ᠨᠢ 40 ᠰᠠᠨᠲ᠋ᠢᠮᠧᠲᠷ ᠦᠨᠳᠦᠷ ᠬᠠᠷ᠎ᠠ ᠮᠤᠳᠤᠨ ᠬᠠᠪᠳᠠᠰᠤ ᠪᠠᠷ ᠬᠠᠰᠢᠪᠠ᠃ ᠤᠷᠤᠯᠳᠤᠭᠠᠨ ᠳᠤ ᠬᠤᠶᠠᠷ ᠲᠠᠯ᠎ᠠ ᠠᠴᠠ ᠨᠢᠭᠡ ᠨᠢᠭᠡ ᠲᠠᠮᠢᠷᠴᠢᠨ ᠤᠷᠤᠯᠴᠠᠵᠤ᠂ ᠨᠡᠶᠢᠳᠡ 7 ᠲᠠᠯᠠᠪᠠᠢ ᠤᠷᠤᠯᠳᠤᠵᠤ᠂ ᠲᠠᠯᠠᠪᠠᠢ ᠪᠦᠷᠢ 5 ᠮᠢᠨᠦ᠋ᠲ ᠤᠷᠤᠯᠳᠤᠨ᠎ᠠ᠃ ᠭᠡᠨ ᠤ ᠤᠷᠤᠭᠤᠯᠤᠬᠰᠠᠨ ᠲᠤᠭ᠎ᠠ ᠨᠢ ᠢᠯᠡᠭᠦᠦ ᠪᠤᠯ ᠲᠡᠷᠡ ᠲᠡᠶᠢᠯᠤᠨ᠎ᠠ᠃ ᠡᠶᠢᠮᠦ ᠵᠢᠵᠢᠭᠭᠡᠨ ᠮᠠᠰᠢᠨ ᠬᠦᠮᠦᠨ ᠤ ᠬᠦᠯ ᠪᠦᠮᠪᠦᠭᠡ ᠶᠢᠨ ᠤᠷᠤᠯᠳᠤᠭᠠᠨ ᠳᠤ ᠮᠠᠰᠢᠨ ᠬᠦᠮᠦᠨ ᠨᠢ ᠬᠦᠯ ᠢᠶᠠᠷ ︽ᠢᠰᠭᠦᠯᠵᠦ︾ ᠪᠠᠶᠢᠨ᠎ᠠ ᠭᠡᠭᠦ ᠶᠢᠨ ᠤᠷᠤᠨ ᠳᠤ ᠪᠡᠶ᠎ᠡ ᠪᠠᠷ ᠢᠶᠠᠨ ︽ᠲᠦᠯᠬᠢᠵᠦ︾ ᠪᠠᠶᠢᠨ᠎ᠠ ᠭᠡᠪᠡᠯ ᠤᠨᠤᠪᠴᠢᠳᠠᠢ ᠪᠢᠯᠡ᠃ ᠡᠶᠢᠮᠦ ᠠᠴᠠ ᠦᠵᠡᠭᠴᠢᠳ ᠪᠠᠶᠢᠨ ᠪᠠᠶᠢᠨ ᠲᠦᠷᠬᠢᠳᠡᠯ᠎ᠡ ᠢᠨᠢᠶᠡᠯᠴᠡᠵᠦ ᠯᠠ ᠪᠠᠶᠢᠪᠠ᠃ ᠮᠠᠰᠢᠨ ᠬᠦᠮᠦᠨ ᠬᠦᠯ ᠪᠦᠮᠪᠦᠭᠡ ᠢᠰᠭᠦᠯᠭᠦ ᠨᠢ ᠲᠤᠩ ᠬᠦᠴᠢᠷ ᠲᠠᠢ᠃ ᠶᠠᠭᠤᠨ ᠤ ᠡᠮᠦᠨ᠎ᠡ ᠬᠡᠷᠡᠯ ᠲᠡᠮᠵᠢᠭᠤᠯᠤᠬᠴᠢ ᠪᠠᠷ ᠤᠷᠴᠢᠨ ᠲᠤᠭᠤᠷᠢᠨ ᠤ ᠪᠤᠳᠠᠰ ᠪᠦᠭᠦᠨ ᠢ ᠵᠢᠷᠤᠬᠯᠠᠨ ᠠᠪᠴᠤ᠂ ᠺᠤᠮᠫᠢᠦ᠋ᠲ᠋ᠧᠷ ᠲᠡᠭᠡᠨ ᠬᠦᠷᠭᠡᠵᠦ᠂ ᠺᠤᠮᠫᠢᠦ᠋ᠲ᠋ᠧᠷ ᠨᠢ ᠠᠯᠢ ᠨᠢᠭᠡ ᠶᠠᠭᠤᠮ᠎ᠠ ᠨᠢ ︽ᠬᠦᠯ ᠪᠦᠮᠪᠦᠭᠡ︾ ᠪᠤᠯᠬᠤ᠂ ᠠᠯᠢ ᠨᠢᠭᠡ ᠶᠠᠭᠤᠮ᠎ᠠ ᠨᠢ ᠴᠢᠨᠠᠳᠤ ᠡᠳᠡᠭᠡᠳ ᠤᠨ ᠪᠦᠮᠪᠦᠭᠡ ᠶᠢᠨ ᠡᠭᠦᠳᠡ ᠪᠤᠯᠬᠤ᠂ ᠠᠯᠢ ᠨᠢᠭᠡ ᠶᠠᠭᠤᠮ᠎ᠠ ᠨᠢ ᠴᠢᠨᠠᠳᠤ ᠡᠳᠡᠭᠡᠳ ᠪᠤᠯᠬᠤ ᠶᠢ ᠲᠤᠳᠤᠯᠠᠵᠤ᠂ ᠡᠴᠦᠰ ᠲᠤ ᠶᠠᠮᠠᠷ ᠬᠤᠷᠳᠤᠴᠠ ᠪᠠᠷ ᠠᠯᠢ ᠵᠦᠭ ᠲᠤ ︽ᠬᠦᠯ ᠪᠦᠮᠪᠦᠭᠡ︾ ᠪᠠᠨ ᠴᠢᠨᠠᠳᠤᠬᠢ ᠡᠭᠦᠳᠡᠨ ᠳᠤ ᠲᠦᠯᠬᠢᠵᠦ ᠤᠷᠤᠭᠤᠯᠬᠤ ᠪᠠᠨ ᠲᠤᠬᠳᠠᠭᠠᠳᠠᠬ ᠪᠠᠶᠢᠨ᠎ᠠ᠃ ︽ᠬᠦᠯ ᠪᠦᠮᠪᠦᠭᠡ︾ ᠪᠠ ᠴᠢᠨᠠᠳᠤ ᠡᠳᠡᠭᠡᠳ ᠨᠢ ᠦᠷᠭᠦᠯᠵᠢ ᠬᠦᠳᠡᠯᠵᠦ ᠰᠢᠯᠵᠢᠵᠦ ᠪᠠᠶᠢᠳᠠᠬ ᠪᠤᠯᠬᠤᠷ ᠮᠠᠰᠢᠨ ᠬᠦᠮᠦᠨ ᠨᠢ ᠪᠠᠰᠠ ᠲᠠᠭᠠᠭᠠᠳ ᠲᠠᠰᠤᠷᠠᠯᠳᠠ ᠦᠭᠡᠢ ᠵᠢᠷᠤᠭᠠᠯᠠᠵᠤ᠂ ᠰᠤᠷᠠᠬ ᠲᠤᠬᠢᠶ᠎ᠠ ᠶᠢ ᠰᠢᠢᠳᠪᠦᠷᠢᠯᠡᠵᠦ᠂ ᠮᠠᠭᠠᠳᠯᠠᠯᠳᠠ ᠬᠢᠭᠦ ᠭᠡᠷᠡᠭᠳᠡᠢ ᠶᠤᠮ᠂ ᠡᠶᠢᠮᠦ ᠠᠴᠠ ᠤᠷᠤᠯᠳᠤᠭᠠᠨ ᠤ ᠲᠤᠮᠳᠠ ᠮᠠᠰᠢᠨ ᠬᠦᠮᠦᠨ ᠦᠷᠭᠦᠯᠵᠢ ᠠᠯᠳᠠᠭ᠎ᠠ ᠭᠠᠷᠭᠠᠬᠤ ᠨᠢ ᠰᠤᠨᠢᠨ ᠭᠡᠷᠡᠭ ᠪᠢᠰᠢ ᠪᠢᠯᠡ᠃ ᠲᠤᠰ ᠡᠳᠦᠷ ᠤᠨ ᠤᠷᠤᠯᠳᠤᠭᠠᠨ ᠳᠤ ᠰᠸᠢᠰ ᠤᠨ ︽ᠺᠠᠶᠢᠫᠤᠯᠠ︾ ᠭᠡᠮᠡᠭᠴᠢ ᠮᠠᠰᠢᠨ ᠬᠦᠮᠦᠨ ᠮᠠᠩᠯᠠᠶᠢᠯᠠᠵᠤ᠂ ᠲᠡᠭᠦᠨ ᠤ ᠡᠵᠡᠨ ᠨᠢ 1000 ᠳ᠋ᠤᠯᠯᠠᠷ ᠤᠨ ᠱᠠᠩᠨᠠᠯ ᠬᠦᠷᠳᠡᠪᠡ᠃
       ᠮᠠᠨ ᠤ ᠤᠯᠤᠰ ᠤᠨ ᠮᠠᠰᠢᠨ ᠬᠦᠮᠦᠨ ᠤ ᠲᠤᠬᠠᠢ ᠰᠤᠳᠤᠯᠤᠯ ᠲᠠᠯᠠᠭᠠᠳ ᠤᠨ ᠠᠴᠠ ᠡᠬᠢᠯᠡᠵᠡᠢ᠃ 6000 ᠮᠧᠲᠷ ᠬᠦᠨ ᠤᠰᠤᠨ ᠲᠤᠤᠷᠠᠬᠢ ᠮᠠᠰᠢᠨ ᠬᠦᠮᠦᠨ ᠲᠠᠯᠠᠢ ᠶᠢᠨ ᠢᠷᠤᠭᠠᠷ ᠲᠤ ᠠᠮᠵᠢᠯᠳᠠ ᠲᠠᠢ ᠬᠠᠶᠢᠯᠳᠠ ᠬᠢᠪᠡ ᠭᠡᠰᠡᠨ ᠮᠡᠳᠡᠭᠡ ᠶᠢ ᠰᠢᠨᠬᠤᠸᠠ ᠬᠤᠷᠢᠶ᠎ᠠ 9 ᠰᠠᠷ᠎ᠠ ᠶᠢᠨ 3 ᠤ ᠡᠳᠦᠷ ᠮᠡᠳᠡᠭᠡᠯᠡᠵᠡᠢ᠃ ᠡᠨᠡ ᠪᠤᠯ ᠤᠳᠤᠬᠢ ᠲᠡᠯᠡᠭᠡᠢ ᠲᠡᠭᠡᠷᠡᠬᠢ ᠬᠠᠮᠤᠬ ᠤᠨ ᠲᠡᠷᠢᠭᠦᠨ ᠤ ᠲᠠᠯᠠᠢ ᠶᠢᠨ ᠢᠷᠤᠭᠠᠷ ᠤᠨ ᠬᠠᠶᠢᠯᠳᠠ ᠶᠢᠨ ᠲᠤᠨᠤᠬ ᠲᠦᠭᠦᠭᠡᠷᠦᠮᠵᠢ ᠪᠤᠯᠤᠨ᠎ᠠ᠃ ᠲᠠᠯᠠᠢ ᠶᠢᠨ ᠢᠷᠤᠭᠠᠷ ᠤᠨ ᠬᠠᠶᠢᠯᠳᠠ ᠨᠢ ᠰᠠᠨᠰᠠᠷ ᠤᠨ ᠬᠠᠶᠢᠯᠳᠠ ᠲᠠᠢ ᠠᠳᠠᠯᠢ ᠪᠠᠷ ᠡᠷᠳᠡᠮᠳᠡᠳ ᠤᠨ ᠠᠩᠬᠠᠷᠤᠯ ᠢ ᠲᠠᠳᠠᠵᠤ ᠪᠠᠶᠢᠬᠤ ᠪᠦᠭᠡᠳ ᠦᠷᠢᠰᠦᠯᠳᠦᠭᠡᠨ ᠲᠠᠢ ᠪᠠᠶᠢᠨ᠎ᠠ᠃ ᠭᠡᠪᠡᠴᠦ ᠲᠠᠯᠠᠢ ᠶᠢᠨ ᠢᠷᠤᠭᠠᠷ ᠤᠨ ᠬᠠᠶᠢᠯᠳᠠ ᠨᠢ ᠶᠡᠭᠡ ᠬᠦᠴᠢᠷᠳᠡᠢ ᠶᠤᠮ᠃ 6000 ᠮᠧᠲᠷ ᠬᠦᠨ ᠲᠠᠯᠠᠢ ᠶᠢᠨ ᠲᠠᠷᠤᠯᠳᠠ ᠨᠢ 600 ᠠᠭᠠᠷ ᠮᠠᠨᠳᠠᠯ ᠤᠨ ᠲᠠᠷᠤᠴᠠ ᠳᠤ ᠬᠦᠷᠳᠡᠭ᠂ ᠤᠰᠤᠨ ᠲᠤᠳᠤᠷ᠎ᠠ ᠴᠠᠬᠢᠯᠭᠠᠨ ᠰᠤᠷᠢᠨᠵᠢᠨ ᠲᠤᠯᠬᠢᠶᠠᠨ ᠨᠢ ᠲᠠᠮᠵᠢᠬᠤ ᠳᠤ ᠬᠦᠴᠢᠷᠳᠡᠢ᠂ ᠡᠭᠡ ᠤᠡᠭᠭᠤᠴᠠ ᠬᠢᠭᠡᠳ ᠤᠰᠤᠨ ᠲᠤᠤᠷᠠᠬᠢ ᠮᠠᠰᠢᠨ ᠬᠦᠮᠦᠨ ᠬᠠᠷᠢᠴᠠᠬᠤ ᠳᠤ ᠲᠤᠩ ᠬᠦᠴᠢᠷᠳᠡᠢ᠂ ᠲᠠᠯᠠᠢ ᠶᠢᠨ ᠢᠷᠤᠭᠠᠷ ᠤᠨ ᠬᠤᠪᠢᠷᠠᠯᠳᠠ ᠴᠤ ᠲᠦᠷᠭᠡᠨ ᠪᠦᠭᠡᠳ ᠪᠤᠳᠤᠯᠢᠶᠠᠨᠳᠠᠢ ᠪᠢᠯᠡ᠃ ᠮᠠᠨ ᠤ ᠤᠯᠤᠰ ᠤᠨ ᠡᠭᠦᠳᠦᠭᠰᠡᠨ ᠡᠨᠡ ᠬᠦ ᠮᠠᠰᠢᠨ ᠬᠦᠮᠦᠨ ᠨᠢ ᠡᠳᠡᠭᠡᠷ ᠵᠦᠢᠯᠡᠰ ᠢ ᠴᠦᠮ ᠦᠪᠡᠰᠦᠪᠡᠨ ᠰᠢᠢᠳᠪᠦᠷᠢᠯᠡᠵᠦ᠂ ᠬᠦᠨ ᠱᠤᠩᠪᠠᠭ᠋ᠤ᠂ ᠠᠯᠤᠰ ᠡᠵᠡᠮᠰᠢᠯ᠂ ᠦᠪᠡᠰᠦᠪᠠᠨ ᠠᠶᠠᠯᠠᠬᠤ ᠠᠴᠠ ᠠᠪᠤᠭᠠᠳ ᠢᠷᠤᠭᠠᠷ ᠲᠤ ᠬᠦᠷᠴᠦ ᠭᠡᠮᠵᠢᠭᠦ᠂ ᠬᠠᠵᠠᠭᠤ ᠲᠡᠰᠢ ᠰᠢᠷᠪᠢᠵᠤ ᠭᠡᠮᠵᠢᠭᠦ᠂ ᠲᠦᠷᠰᠦ ᠰᠢᠩᠭᠡᠭᠡᠭᠦ᠂ ᠭᠡᠷᠡᠯ ᠵᠢᠷᠤᠬ ᠠᠪᠬᠤ ᠵᠡᠷᠭᠡ ᠲᠠᠯ᠎ᠠ ᠪᠠᠷ ᠴᠦᠮ ᠵᠢᠷᠤᠵᠤ ᠲᠦᠯᠦᠪᠯᠡᠭᠰᠡᠨ ᠱᠠᠭᠠᠷᠳᠠᠯᠭ᠎ᠠ ᠳᠤ ᠬᠦᠷᠦᠭᠰᠡᠨ ᠪᠠᠶᠢᠪᠠ᠃ ᠡᠨᠡ ᠨᠢ ᠮᠠᠨ ᠤ ᠤᠯᠤᠰ ᠤᠨ ᠮᠠᠰᠢᠨ ᠬᠦᠮᠦᠨ ᠦᠢᠯᠡᠳᠭᠦ ᠦᠨᠳᠦᠷ ᠲᠦᠪᠰᠢᠨ ᠢ ᠬᠦᠢᠴᠡᠳ ᠬᠠᠷᠠᠭᠤᠯᠪᠠ᠃ ᠲᠡᠭᠦᠨᠴᠢᠯᠡᠨ ᠮᠠᠨ ᠤ ᠤᠯᠤᠰ ᠡᠳᠦᠭᠡ ᠪᠤᠯᠳᠠᠯ᠎ᠠ ᠮᠠᠰᠢᠨ ᠬᠦᠮᠦᠨ ᠤ ᠲᠤᠬᠠᠢ ᠰᠤᠳᠤᠯᠤᠯ ᠳᠤ 60 ᠵᠦᠢᠯ ᠤᠨ ᠦᠷ᠎ᠡ ᠪᠦᠳᠦᠭᠡᠯ ᠤᠯᠵᠤ᠂ 2 ᠮᠢᠯᠯᠢᠮᠧᠲᠷ ᠪᠢᠴᠢᠯ ᠴᠠᠬᠢᠯᠭᠠᠨ ᠮᠠᠰᠢᠨ᠂ ᠬᠤᠶᠠᠷ ᠬᠦᠯᠳᠦ ᠮᠠᠰᠢᠨ ᠬᠦᠮᠦᠨ᠂ ᠤᠷᠠᠨ ᠭᠠᠷ ᠪᠠ ᠬᠤᠭᠤᠯᠠᠢ ᠳᠤ ᠠᠵᠢᠯᠯᠠᠬᠴᠢ ᠮᠠᠰᠢᠨ ᠬᠦᠮᠦᠨ ᠵᠡᠷᠭᠡ ᠨᠢ ᠴᠦᠮ ᠲᠡᠯᠡᠭᠡᠢ ᠶᠢᠨ ᠲᠦᠪᠰᠢᠨ ᠳᠤ ᠬᠦᠷᠪᠡ᠃ ᠤᠳᠤ ᠰᠢᠷ ᠪᠤᠳᠤᠬ ᠰᠠᠭᠤᠯᠭᠠᠬᠤ᠂ ᠮᠠᠰᠢᠨ ᠲᠤᠨᠤᠬ ᠭᠠᠨᠭ᠍ᠨᠠᠬᠤ᠂ ᠪᠠᠷᠠᠭ᠎ᠠ ᠤᠪᠤᠭᠠᠯᠠᠵᠤ ᠪᠤᠭᠤᠯᠳᠠ ᠬᠢᠭᠦ᠂ ᠵᠤᠤᠬ᠎ᠠ ᠠᠭᠤᠳᠠᠯᠬᠤ᠂ ᠪᠤᠯᠤᠳ ᠭᠡᠪᠰᠢᠭᠦᠯᠭᠦ᠂ ᠮᠠᠰᠢᠨ ᠤᠬᠰᠠᠷᠠᠭᠤᠯᠬᠤ ᠵᠡᠷᠭᠡ ᠠᠵᠢᠯ ᠳᠤ ᠴᠦᠮ ᠮᠠᠰᠢᠨ ᠬᠦᠮᠦᠨ ᠠᠵᠢᠯᠯᠠᠬᠤ ᠪᠤᠯᠵᠤ ᠪᠠᠶᠢᠨ᠎ᠠ᠃ ᠬᠡᠪᠡᠴᠦ ᠮᠠᠨ ᠤ ᠤᠯᠤᠰ ᠤᠨ ᠤᠶᠤᠨᠳᠤ ᠮᠠᠰᠢᠨ ᠬᠦᠮᠦᠨ ᠬᠢᠭᠦ ᠮᠡᠷᠭᠡᠵᠢᠯ ᠨᠢ ᠲᠡᠯᠡᠭᠡᠢ ᠶᠢᠨ ᠲᠡᠷᠢᠭᠦᠨ ᠤ ᠭᠡᠮᠵᠢᠶᠡᠨ ᠠᠴᠠ ᠨᠡᠯᠢᠶᠡᠳ ᠵᠦᠷᠢᠶ᠎ᠡ ᠲᠠᠢ ᠪᠠᠶᠢᠨ᠎ᠠ᠂ ᠮᠠᠰᠢᠨ ᠬᠦᠮᠦᠨ ᠢ ᠭᠡᠷᠡᠭᠯᠡᠭᠦ ᠲᠠᠯ᠎ᠠ ᠪᠠᠷ ᠲᠡᠶᠢᠮᠦ ᠦᠷᠭᠡᠨ ᠭᠡᠪᠴᠢᠶ᠎ᠡ ᠲᠠᠢ ᠪᠤᠯᠤᠭᠠᠳᠤᠢ᠂ ᠢᠯᠠᠩᠭᠤᠶ᠎ᠠ ᠡᠳᠦᠭᠡ ᠪᠤᠯᠳᠠᠯ᠎ᠠ ᠮᠠᠰᠢᠨ ᠬᠦᠮᠦᠨ ᠦᠯᠡᠳᠭᠦ ᠺᠤᠮᠫᠠᠨᠢ ᠮᠠᠨ ᠤ ᠤᠯᠤᠰ ᠲᠤ ᠪᠠᠰᠠ ᠪᠠᠶᠢᠭᠤᠯᠤᠬᠳᠠᠭ᠎ᠠ ᠦᠭᠡᠢ᠂ ᠮᠠᠰᠢᠨ ᠬᠦᠮᠦᠨ ᠨᠢ ᠠᠵᠤ ᠦᠢᠯᠡᠰ ᠪᠤᠯᠵᠤ ᠴᠢᠳᠠᠭᠠᠳᠤᠢ ᠪᠠᠶᠢᠨ᠎ᠠ᠃ ᠤᠯᠤᠰ ᠠᠴᠠ ᠨᠢᠭᠡᠨᠳᠡ ᠲᠦᠯᠦᠪᠯᠡᠭᠡ ᠲᠤᠬᠳᠠᠭᠠᠵᠤ᠂ ᠮᠠᠰᠢᠨ ᠬᠦᠮᠦᠨ ᠤ ᠰᠤᠳᠤᠯᠤᠯ ᠳᠤ ᠰᠠᠶᠢᠨ ᠠᠮᠵᠢᠯᠳᠠ ᠭᠠᠷᠭᠠᠬᠤ ᠪᠠᠷ ᠠᠵᠢᠯᠯᠠᠵᠤ ᠪᠠᠶᠢᠨ᠎ᠠ᠃
       ᠤᠳᠤ᠂ ᠲᠠᠪᠰᠢᠬᠰᠠᠨ ᠤᠯᠤᠰ ᠤᠨ ᠮᠠᠰᠢᠨ ᠬᠦᠮᠦᠨ ᠤ ᠲᠤᠬᠠᠢ ᠰᠤᠳᠤᠯᠤᠯ ᠮᠠᠰᠢ ᠲᠦᠷᠭᠡᠨ ᠬᠦᠭᠵᠢᠵᠦ ᠪᠠᠶᠢᠨ᠎ᠠ᠃ ᠶᠠᠫᠤᠨ 100 ᠳ᠋ᠦᠡᠭᠰᠢᠭᠤᠷ ᠶᠠᠫᠤᠨ ᠵᠤᠭᠤᠰ ᠭᠠᠷᠭᠠᠵᠤ᠂ 5 ᠵᠢᠯ ᠤᠨ ᠲᠤᠳᠤᠷ᠎ᠠ ︽ᠬᠦᠮᠦᠨᠴᠢᠷ ᠮᠠᠰᠢᠨ ᠬᠦᠮᠦᠨ︾ ᠢ ᠦᠢᠯᠡᠳᠭᠦ ᠭᠡᠵᠦ ᠪᠤᠢ᠂ ᠡᠶᠢᠮᠦ ᠮᠠᠰᠢᠨ ᠬᠦᠮᠦᠨ ᠨᠢ ᠲᠤᠯᠤᠭᠠᠢ ᠲᠠᠢ᠂ ᠲᠦᠷᠪᠡᠨ ᠮᠦᠴᠡ ᠲᠠᠢ᠂ ᠲᠠᠮᠳᠡᠷᠢᠵᠦ ᠮᠡᠳᠡᠭᠦ ᠴᠢᠳᠠᠪᠤᠷᠢ ᠲᠠᠢ᠂ ᠬᠤᠷᠤᠭᠤ ᠪᠠᠷ ᠢᠶᠠᠨ ᠨᠠᠷᠢᠨ ᠬᠦᠳᠡᠯᠭᠡᠭᠡᠨ ᠬᠢᠭᠦ᠂ ᠤᠷᠤᠬᠰᠢ ᠬᠤᠶᠢᠰᠢ ᠶᠠᠪᠤᠵᠤ᠂ ᠴᠢᠯᠦᠭᠡᠳᠡᠢ ᠪᠠᠷ ᠪᠡᠶ᠎ᠡ ᠪᠠᠨ ᠡᠷᠬᠢᠭᠦᠯᠭᠦ᠂ ᠠᠰᠠᠷ ᠤᠨ ᠱᠠᠳᠤ ᠪᠠᠷ ᠭᠠᠷᠴᠤ ᠪᠠᠭᠤᠬᠤ᠂ ᠬᠠᠷᠠᠴᠠ ᠲᠠᠢ᠂ ᠰᠤᠨᠤᠷ ᠲᠠᠢ᠂ ᠠᠯᠤᠰ ᠭᠠᠵᠠᠷ ᠦᠪᠡᠰᠦᠪᠠᠨ ᠠᠵᠢᠯᠯᠠᠵᠤ ᠴᠢᠳᠠᠬᠤ ᠴᠢᠳᠠᠪᠤᠷᠢ ᠲᠠᠢ ᠭᠡᠨ᠎ᠡ᠃ ︽ᠬᠦᠮᠦᠨᠴᠢᠷ ᠮᠠᠰᠢᠨ ᠬᠦᠮᠦᠨ︾ ᠢ ᠡᠮᠨᠡᠯᠭᠡ᠂ ᠦᠢᠯᠡᠳᠪᠦᠷᠢ᠂ ᠪᠠᠷᠢᠯᠭ᠎ᠠ᠂ ᠴᠠᠬᠢᠯᠭᠠᠨ ᠦᠢᠯᠡᠳᠪᠦᠷᠢ ᠶᠢᠨ ᠲᠤᠨᠤᠬ ᠲᠦᠭᠦᠭᠡᠷᠦᠮᠵᠢ ᠶᠢ ᠰᠠᠯᠪᠢᠨ ᠵᠠᠰᠠᠬᠤ ᠳᠤ ᠦᠷᠭᠡᠨ ᠢᠶᠠᠷ ᠭᠡᠷᠡᠭᠯᠡᠭᠦ ᠭᠡᠵᠦ ᠵᠢᠱᠢᠵᠦ ᠪᠠᠶᠢᠨ᠎ᠠ᠃
       ᠢᠷᠡᠭᠡᠳᠦᠢ ᠶᠢᠨ ᠰᠤᠳᠤᠯᠤᠯ ᠤᠨ ᠡᠷᠳᠡᠮᠳᠡᠨ ᠲᠦᠹᠯᠧ ᠶᠢᠨ ᠵᠢᠱᠢᠭᠰᠡᠨ ᠢᠶᠠᠷ᠂ 20 ᠵᠢᠯ ᠤᠨ ᠲᠤᠳᠤᠷ᠎ᠠ ᠬᠦᠮᠦᠨ ᠯᠦᠭᠡ ᠴᠢᠯᠤᠭᠡᠳᠡᠢ ᠵᠤᠭᠤᠬᠳᠠᠬᠤ ᠮᠠᠰᠢᠨ ᠬᠦᠮᠦᠨ ᠪᠤᠢ ᠪᠤᠯᠤᠨ᠎ᠠ᠂ ᠭᠦᠭᠵᠢᠭᠰᠡᠨ ᠤᠯᠤᠰ ᠤᠨ 1/3 ᠠᠴᠠ ᠲᠡᠭᠡᠭᠰᠢᠬᠢ ᠬᠦᠨᠳᠦ ᠬᠦᠳᠡᠯᠮᠦᠷᠢ ᠶᠢ ᠮᠠᠰᠢᠨ ᠬᠦᠮᠦᠨ ᠬᠦᠢᠴᠡᠳᠭᠡᠭᠦ ᠪᠤᠯᠤᠨ᠎ᠠ᠂ ᠡᠶᠢᠮᠦ ᠮᠠᠰᠢᠨ ᠬᠦᠮᠦᠨ ᠢ ᠲᠡᠭᠡᠳᠦ ᠤᠶᠤᠨᠳᠤ ᠮᠠᠰᠢᠨ ᠬᠦᠮᠦᠨ ᠭᠡᠳᠡᠭ᠃ ᠭᠡᠪᠡᠴᠦ ᠵᠠᠷᠢᠮ ᠬᠦᠮᠦᠨ ᠡᠶᠢᠮᠦ ᠮᠠᠰᠢᠨ ᠬᠦᠮᠦᠨ ᠢ ᠠᠰᠢᠬᠯᠠᠵᠤ ᠶᠠᠯᠠᠳᠤ ᠠᠵᠢᠯᠯᠠᠭ᠎ᠠ ᠭᠢᠵᠦ ᠮᠡᠳᠡᠨ᠎ᠡ ᠭᠡᠵᠦ ᠡᠷᠳᠡᠮᠳᠡᠳ ᠪᠠᠰᠠ ᠵᠤᠪᠠᠵᠤ ᠪᠠᠶᠢᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ