|
ᠬᠦᠮᠦᠨ ᠲᠦᠷᠦᠯᠬᠢᠳᠡᠨ ᠤ ︽ᠨᠢᠳᠦ︾ ᠱᠦᠭᠦᠷ ᠤᠳᠤᠨ ᠤ ᠴᠦᠮ᠎ᠡ ᠶᠢ ᠠᠩᠬ᠎ᠠ ᠤᠳᠠᠭ᠎ᠠ ᠨᠠᠷᠢᠨ ᠠᠵᠢᠭᠯᠠᠯ᠎ᠠ |
|
|
ᠨᠡᠶᠢᠲᠡᠯᠡᠭᠰᠡᠨ ᠴᠠᠭ᠄
2018/11/30
|
|
ᠠᠮᠧᠷᠢᠺᠠ ᠶᠢᠨ ᠰᠠᠨᠰᠠᠷ ᠤᠨ ᠠᠶᠠᠯᠠᠯ ᠤᠨ ᠲᠤᠪᠴᠢᠶᠠᠨ ᠤ 1998 ᠤᠨ ᠤ 10 ᠰᠠᠷ᠎ᠠ ᠳᠤ ᠬᠠᠷᠪᠤᠬᠰᠠᠨ ︽ᠬᠦᠨ ᠤᠬᠳᠠᠷᠭᠤᠢ ᠨᠢᠭᠡᠳᠦᠭᠡᠷ ᠨᠤᠮᠧᠷᠳᠦ︾ ᠬᠠᠶᠢᠭᠤᠷ ᠨᠢ 1999 ᠤᠨ ᠤ 9 ᠰᠠᠷ᠎ᠠ ᠳᠤ ᠰᠠᠨᠰᠠᠷ ᠢ ᠬᠠᠶᠢᠬᠤ ᠡᠭᠦᠷᠭᠡ ᠪᠠᠨ ᠪᠡᠶᠡᠯᠡᠭᠦᠯᠦᠭᠡᠳ ᠰᠠᠨᠰᠠᠷ ᠢᠶᠠᠷ ᠲᠡᠨᠦᠭᠦᠴᠢᠯᠡᠨ ᠲᠤᠭᠤᠷᠢᠵᠤ ᠪᠠᠷᠤᠬ ᠬᠠᠶᠠᠬᠳᠠᠮᠠᠷ ᠪᠠᠶᠢᠬᠰᠠᠨ ᠶᠤᠮ᠃ ᠲᠤᠰ ᠬᠠᠶᠢᠭᠤᠷ ᠰᠠᠨᠰᠠᠷ ᠢᠶᠠᠷ ᠲᠡᠨᠦᠭᠦᠴᠢᠯᠡᠨ ᠶᠠᠪᠤᠵᠤ ᠪᠠᠶᠢᠳᠠᠯ᠎ᠠ ᠭᠡᠨᠡᠳᠳᠡ ᠪᠦᠯᠧᠯᠢ ᠭᠡᠮᠡᠭᠦ ᠱᠦᠭᠦᠷ ᠤᠳᠤᠨ ᠲᠤᠰ ᠬᠠᠶᠢᠭᠤᠷ ᠤᠨ ᠤᠢᠢᠷᠠᠯᠴᠠᠭᠠᠭᠤᠷ ᠦᠡᠭᠭᠡᠷᠡᠭᠦ ᠶᠢ ᠤᠯᠵᠤ ᠮᠡᠳᠡᠭᠡᠳ ᠰᠢᠨᠵᠢᠯᠡᠭᠦ ᠤᠬᠠᠭᠠᠨᠳᠠᠳ ᠬᠠᠶᠢᠭᠤᠷ ᠤᠨ ᠰᠢᠰᠲ᠋ᠧᠮ ᠤᠳ ᠢ ᠲᠠᠬᠢᠨ ᠰᠡᠷᠭᠦᠭᠡᠵᠦ ᠲᠤᠰ ᠱᠦᠭᠦᠷ ᠤᠳᠤᠨ ᠢ ᠠᠵᠢᠬᠯᠠᠪᠠ᠃ ᠬᠠᠶᠢᠭᠤᠷ ᠨᠢ ᠱᠦᠭᠦᠷ ᠤᠳᠤᠨ ᠤ ᠴᠢᠯᠠᠭᠤᠯᠢᠬ ᠴᠦᠮ᠎ᠡ ᠶᠢ ᠠᠵᠢᠬᠠᠯᠠᠵᠤ᠂ 9 ᠰᠠᠷ᠎ᠠ ᠶᠢᠨ 25 ᠤ ᠡᠳᠦᠷ ᠲᠡᠯᠡᠭᠡᠢ ᠶᠢᠨ ᠪᠦᠮᠪᠦᠷᠴᠡᠭ ᠲᠡᠭᠡᠷ᠎ᠡ ᠭᠡᠷᠡᠯ ᠵᠢᠷᠤᠬ ᠤᠯᠠᠮᠵᠢᠯᠠᠨ ᠢᠷᠡᠭᠦᠯᠵᠡᠢ᠃ ᠡᠨᠡ ᠬᠦ ᠴᠦᠮ᠎ᠡ ᠨᠢ ᠨᠠᠷᠠᠨ ᠤ ᠠᠶᠢᠮᠠᠬ ᠯᠤᠭ᠎ᠠ ᠰᠠᠴᠠᠭᠤ ᠨᠠᠰᠤ ᠲᠠᠢ ᠮᠦᠰᠦᠯᠢᠭ ᠬᠤᠬ ᠲᠤᠭᠤᠰᠤ ᠪᠠ ᠭᠡᠶᠢᠳᠦ ᠪᠡᠶ᠎ᠡ ᠮᠦᠨ ᠭᠡᠵᠦ ᠰᠢᠨᠵᠢᠯᠡᠭᠦ ᠤᠬᠠᠭᠠᠨᠳᠠᠳ ᠦᠵᠡᠪᠡ᠃ ᠬᠠᠶᠢᠭᠤᠷ ᠨᠢ ᠠᠶᠤᠮᠰᠢᠬ ᠦᠭᠡᠢ ᠱᠦᠭᠦᠷ ᠤᠳᠤᠨ ᠤ ᠲᠦᠪ ᠲᠤ ᠤᠷᠤᠵᠤ ᠬᠦᠮᠦᠨ ᠢ ᠰᠤᠴᠢᠭᠠᠮ᠎ᠠ ᠠᠵᠢᠬᠯᠠᠯᠳᠠ ᠬᠢᠵᠦ ᠨᠠᠷᠢᠨ ᠪᠠᠶᠢᠳᠠᠯ ᠢ ᠵᠢᠷᠤᠬᠯᠠᠬᠰᠠᠨ ᠪᠠᠶᠢᠨ᠎ᠠ᠃ ᠪᠦᠯᠧᠯᠢ ᠱᠦᠭᠦᠷ ᠤᠳᠤᠨ ᠨᠢ 10 ᠺᠢᠯᠤᠮᠧᠲᠷ ᠤᠷᠳᠤ᠂ ᠵᠤᠤᠪᠠᠩ ᠭᠡᠯᠪᠡᠷᠢᠳᠡᠢ᠃ ᠡᠨᠡ ᠤᠳᠠᠭ᠎ᠠ ᠶᠢᠨ ᠠᠵᠢᠬᠠᠯᠠᠯᠳᠠ ᠨᠢ ᠬᠤᠶᠢᠰᠢᠳᠠ ᠶᠢᠨ ᠱᠦᠭᠦᠷ ᠤᠳᠤᠨ ᠤ ᠰᠢᠨᠵᠢᠯᠡᠭᠡ ᠳᠤ ᠲᠤᠰᠠᠳᠠᠢ ᠶᠤᠮ᠃ ᠱᠦᠭᠦᠷ ᠤᠳᠤ ᠨᠢ ᠬᠤᠵᠢᠮ ᠨᠠᠷᠠᠨ ᠤ ᠠᠶᠢᠮᠠᠬ ᠤᠨ ᠲᠤᠳᠤᠷ᠎ᠠ ᠬᠦᠮᠦᠨ ᠲᠦᠷᠦᠯᠬᠢᠳᠡᠨ ᠤ ᠠᠮᠢᠳᠤᠷᠠᠵᠤ ᠪᠤᠯᠬᠤ ᠤᠳᠤᠨ ᠴᠤᠬᠴᠠᠰ ᠢ ᠨᠡᠭᠡᠭᠡᠨ ᠠᠰᠢᠬᠯᠠᠬᠤ ᠳᠤ ᠤᠰᠤ ᠪᠠ ᠲᠠᠶᠢᠷᠤᠯᠳᠤ ᠰᠤᠮᠤ ᠶᠢᠨ ᠰᠢᠳᠠᠭᠠᠯᠭ᠎ᠠ ᠶᠢᠨ ᠢᠷᠡᠯᠳᠡ ᠪᠤᠯᠵᠤ ᠮᠡᠳᠡᠨ᠎ᠡ ᠭᠡᠵᠦ ᠰᠢᠨᠵᠢᠯᠡᠭᠦ ᠤᠬᠠᠭᠠᠨᠳᠠᠳ ᠦᠵᠡᠪᠡ᠃ ᠠᠵᠢᠬᠯᠠᠬᠰᠠᠨ ᠤ ᠳ᠋ᠦᠩ ᠳᠤ᠂ ᠱᠦᠭᠦᠷ ᠤᠳᠤᠨ ᠤ ᠴᠦᠮ᠎ᠡ ᠨᠢ ᠮᠠᠨ ᠤ ᠪᠤᠳᠤᠬᠰᠠᠨ ᠠᠴᠠ ᠬᠤᠯᠠ ᠪᠤᠳᠤᠯᠢᠶᠠᠨᠳᠠᠢ᠂ ᠲᠡᠨᠳᠡ ᠦᠨᠳᠦᠷ ᠪᠤᠭᠤᠨᠢ ᠨᠢ ᠠᠳᠠᠯᠢ ᠦᠭᠡᠢ ᠴᠢᠯᠠᠭᠤᠯᠢᠬ ᠲᠠᠪᠬᠤᠷᠭ᠎ᠠ ᠲᠠᠢ᠂ ᠬᠦᠨ ᠭᠠᠨᠭ᠍ᠭ᠎ᠠ ᠪᠠ ᠶᠡᠷᠦ ᠪᠤᠰᠤ ᠶᠢᠨ ᠬᠠᠷᠠᠩᠭᠤᠢ ᠪᠤᠳᠠᠰ ᠲᠠᠢ᠃ ᠪᠦᠯᠧᠯᠢ ᠱᠦᠭᠦᠷ ᠤᠳᠤᠨ ᠨᠢ ᠬᠠᠯᠸᠢ ᠱᠦᠭᠦᠷ ᠤᠳᠤᠨ ᠯᠤᠭ᠎ᠠ ᠠᠳᠠᠯᠢ ᠦᠭᠡᠢ᠂ ᠠᠳᠠᠯᠢ ᠪᠤᠰᠤ ᠪᠤᠳᠠᠰ ᠢᠶᠠᠷ ᠪᠦᠷᠢᠯᠳᠦᠵᠡᠢ᠃ ᠲᠡᠷᠡ ᠨᠢ 38 ᠳ᠋ᠦᠡᠭᠰᠢᠭᠤᠷ ᠵᠢᠯ ᠤᠨ ᠡᠮᠦᠨᠡᠬᠢ ᠠᠩᠬᠠᠨ ᠤ ᠨᠠᠷᠠᠨ ᠤ ᠠᠶᠢᠮᠠᠬ ᠤᠨ ᠠᠳᠠᠯᠢ ᠪᠤᠰᠤ ᠤᠷᠤᠨ ᠠᠴᠠ ᠢᠷᠡᠯᠳᠡᠢ ᠪᠠᠶᠢᠵᠤ ᠮᠡᠳᠡᠨ᠎ᠡ ᠭᠡᠵᠦ ᠰᠢᠨᠵᠢᠯᠡᠭᠦ ᠤᠬᠠᠭᠠᠨᠳᠠᠳ ᠦᠵᠡᠪᠡ᠃ ᠪᠦᠯᠧᠯᠢ ᠱᠦᠭᠦᠷ ᠤᠳᠤᠨ ᠤ ᠴᠦᠮ᠎ᠡ ᠠᠴᠠ ᠬᠤᠬ ᠲᠤᠭᠤᠰᠤ ᠰᠦᠷᠴᠢᠵᠦ ᠪᠠᠶᠢᠭ᠎ᠠ ᠪᠠᠶᠢᠳᠠᠯ ᠢ ᠴᠤ ᠠᠵᠢᠬᠯᠠᠵᠤ ᠮᠡᠳᠡᠪᠡ᠃ ᠬᠤᠷᠴᠠᠳᠬᠠᠨ ᠰᠢᠢᠳᠪᠦᠷᠢᠯᠡᠭᠰᠡᠨ ᠭᠡᠷᠡᠯ ᠵᠢᠷᠤᠬ ᠠᠴᠠ ᠦᠵᠡᠭᠦᠯ᠎ᠡ᠂ ᠡᠨᠡᠬᠦ ᠱᠦᠭᠦᠷ ᠤᠳᠤᠨ ᠤ ᠴᠦᠮ᠎ᠡ ᠨᠢ ᠬᠤᠷᠴᠠ ᠴᠠᠭᠠᠨ ᠦᠡᠭᠭᠡ ᠲᠠᠢ᠂ ᠭᠤᠷᠪᠠᠨ ᠲᠠᠰᠢ ᠬᠤᠬ ᠲᠤᠭᠤᠰᠤ ᠰᠦᠷᠴᠢᠨ᠂ ᠬᠠᠮᠤᠬ ᠪᠠᠭ᠎ᠠ ᠳᠠᠭᠠᠨ 3 ᠺᠢᠯᠤᠮᠧᠲᠷ ᠤᠷᠳᠤ ᠤᠷᠤᠨ ᠳᠤ ᠰᠦᠷᠴᠢᠵᠦ ᠪᠠᠶᠢᠨ᠎ᠠ᠃ ᠭᠡᠶᠢᠳᠦ ᠪᠡᠶ᠎ᠡ ᠪᠠ ᠬᠤᠬ ᠲᠤᠭᠤᠰᠤ ᠶᠢᠨ ᠬᠤᠯᠢᠮᠠᠬ ᠡᠳ᠋ ᠨᠢ ᠱᠦᠭᠦᠷ ᠤᠳᠤᠨ ᠤ ᠴᠦᠮ᠎ᠡ ᠶᠢᠨ ᠲᠤᠭᠤᠷᠢᠨ ᠳᠠᠬᠢ ᠪᠤᠳᠠᠰ ᠢ ᠬᠤᠯᠠ ᠵᠠᠶᠢᠯᠠᠭᠤᠯᠵᠤ ᠪᠠᠶᠢᠨ᠎ᠠ᠃ ᠡᠳᠡᠭᠡᠷ ᠬᠤᠬ ᠲᠤᠭᠤᠰᠤ ᠨᠢ ᠴᠦᠮ᠎ᠡ ᠶᠢᠨ ᠬᠤᠳᠤᠭᠤᠷ ᠭᠠᠵᠠᠷ ᠤᠨ ᠮᠠᠰᠢ ᠬᠦᠨ ᠬᠤᠳᠳᠤᠬ ᠤᠨ ᠭᠡᠯᠪᠡᠷᠢᠳᠦ ᠪᠦᠳᠦᠴᠡ ᠠᠴᠠ ᠭᠠᠳᠠᠬᠰᠢ ᠦᠯᠢᠶᠡᠵᠦ ᠪᠠᠶᠢᠭ᠎ᠠ ᠪᠤᠯᠤᠯᠳᠠᠢ ᠭᠡᠵᠦ ᠡᠷᠳᠡᠮᠳᠡᠨ ᠦᠵᠡᠪᠡ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|