ᠤᠯᠠᠨ ᠤᠯᠤᠰ ᠤᠨ ᠰᠠᠨᠰᠠᠷ ᠤᠨ ᠦᠷᠳᠡᠭᠡ ᠤᠬᠰᠠᠷᠠᠭᠤᠯᠤᠬᠳᠠᠵᠤ ᠡᠬᠢᠯᠡᠯ᠎ᠡ
ᠨᠡᠶᠢᠲᠡᠯᠡᠭᠰᠡᠨ ᠴᠠᠭ᠄
2018/11/30

       ᠬᠦᠮᠦᠨ ᠲᠦᠷᠦᠯᠬᠢᠳᠡᠨ ᠬᠢᠵᠠᠭᠠᠷ ᠦᠭᠡᠢ ᠬᠦᠨ ᠶᠡᠭᠡ ᠰᠠᠨᠰᠠᠷ ᠢ ᠨᠠᠷᠢᠪᠴᠢᠯᠠᠨ ᠰᠤᠳᠤᠯᠬᠤ ᠳᠤ ᠲᠡᠯᠡᠭᠡᠢ ᠶᠢᠨ ᠪᠦᠮᠪᠦᠷᠴᠡᠭ ᠤᠨ ᠭᠠᠳᠠᠷᠭᠤ ᠶᠢ ᠪᠦᠷᠭᠦᠭᠰᠡᠨ ᠵᠤᠵᠠᠭᠠᠨ ᠪᠤᠳᠤᠩᠭᠤᠢ ᠠᠭᠠᠷ ᠮᠠᠨᠳᠠᠯ ᠠᠴᠠ ᠰᠠᠯᠤᠬᠰᠠᠨ ᠰᠠᠨᠰᠠᠷ ᠤᠨ ᠦᠷᠳᠡᠭᠡ ᠪᠠᠶᠢᠬᠤ ᠴᠢᠬᠤᠯᠠ ᠲᠠᠢ ᠶᠤᠮ᠃ ᠰᠠᠷᠠᠨ ᠪᠦᠮᠪᠦᠷᠴᠡᠭ ᠨᠢ ᠬᠦᠮᠦᠨ ᠤ ᠰᠠᠨᠠᠭᠠᠨ ᠳᠤ ᠰᠠᠶᠢᠨ ᠨᠡᠶᠢᠴᠡᠭᠰᠡᠨ ᠰᠠᠨᠰᠠᠷ ᠤᠨ ᠦᠷᠳᠡᠭᠡ ᠮᠦᠨ᠂ ᠭᠡᠳᠡᠯ᠎ᠡ ᠬᠦᠮᠦᠨ ᠲᠦᠷᠦᠯᠬᠢᠳᠡᠨ ᠤ ᠮᠡᠷᠭᠡᠵᠢᠯ ᠤᠨ ᠬᠢᠵᠠᠭᠠᠷᠯᠠᠯ ᠠᠴᠠ ᠪᠤᠯᠤᠭᠠᠳ ᠰᠠᠷᠠᠨ ᠪᠦᠮᠪᠦᠷᠴᠡᠭ ᠢ ᠰᠠᠨᠰᠠᠷ ᠤᠨ ᠦᠷᠳᠡᠭᠡ ᠪᠤᠯᠭᠠᠨ ᠠᠰᠢᠬᠯᠠᠵᠤ ᠴᠢᠳᠠᠭᠠᠳᠤᠢ ᠪᠠᠶᠢᠬᠰᠠᠭᠠᠷ᠃ ᠡᠶᠢᠮᠦ ᠠᠴᠠ ᠠᠷᠪᠠᠭᠠᠳ ᠵᠢᠯ ᠤᠨ ᠡᠮᠦᠨ᠎ᠡ ᠤᠤᠯ ᠤᠨ ᠵᠦᠪᠯᠡᠯᠳᠦ ᠬᠤᠯᠪᠤᠭᠠᠳᠤ ᠤᠯᠤᠰ ᠤᠨ ᠬᠢᠨ ︽ᠨᠠᠶᠢᠷᠠᠮᠳᠠᠯ ᠨᠠᠷᠠᠮᠵᠢᠳᠤ︾ ᠰᠠᠨᠰᠠᠷ ᠤᠨ ᠦᠷᠳᠡᠭᠡ ᠶᠢ ᠬᠠᠷᠪᠤᠵᠤ ᠭᠠᠷᠭᠠᠭᠠᠳ ᠤᠷᠤᠰ ᠪᠠ ᠠᠮᠧᠷᠢᠺᠠ ᠶᠢᠨ ᠰᠢᠨᠵᠢᠯᠡᠭᠦ ᠤᠬᠠᠭᠠᠨᠳᠠᠳ ᠬᠠᠮᠳᠤᠷᠠᠨ ᠤᠯᠠᠨ ᠵᠦᠢᠯ ᠤᠨ ᠰᠤᠳᠤᠯᠤᠯ ᠢ ᠬᠦᠢᠴᠡᠳᠭᠡᠪᠡ᠃ ᠭᠡᠳᠡᠯ᠎ᠡ ︽ᠨᠠᠶᠢᠷᠠᠮᠳᠠᠯ ᠨᠠᠷᠠᠮᠵᠢᠳᠤ︾ ᠰᠠᠨᠰᠠᠷ ᠤᠨ ᠦᠷᠳᠡᠭᠡ ᠠᠷᠪᠠᠨ ᠭᠡᠳᠦᠨ ᠵᠢᠯ ᠦᠢᠯᠡᠴᠢᠯᠡᠵᠦ ᠪᠠᠶᠢᠭ᠎ᠠ ᠲᠤᠯᠠ ᠭᠡᠷᠡᠭᠯᠡᠭᠦ ᠬᠤᠭᠤᠴᠠᠭ᠎ᠠ ᠠᠴᠠ ᠪᠠᠨ ᠭᠡᠳᠦᠷᠡᠵᠦ ︽ᠨᠠᠰᠤᠨ ᠤ ᠠᠮᠠᠷᠠᠯᠳᠠ ᠪᠠᠨ ᠠᠪᠬᠤ︾ ᠴᠠᠬ ᠪᠤᠯᠵᠠᠢ᠃ ᠡᠶᠢᠮᠦ ᠪᠠᠶᠢᠳᠠᠯ ᠲᠤᠤᠷ᠎ᠠ ︽ᠤᠯᠠᠨ ᠤᠯᠤᠰ ᠤᠨ ᠰᠠᠨᠰᠠᠷ ᠤᠨ ᠦᠷᠳᠡᠭᠡ︾ ᠶᠢ ᠬᠠᠷᠪᠤᠨ ᠭᠠᠷᠭᠠᠬᠤ ᠲᠦᠯᠦᠪᠯᠡᠭᠡ ᠵᠤᠬᠢᠶᠠᠵᠤ᠂ ᠤᠢᠢᠷ᠎ᠠ ᠳᠤ ᠭᠡᠷᠡᠭᠵᠢᠭᠦᠯᠵᠦ ᠡᠬᠢᠯᠡᠪᠡ᠃
       ᠤᠯᠠᠨ ᠤᠯᠤᠰ ᠤᠨ ᠰᠠᠨᠰᠠᠷ ᠤᠨ ᠦᠷᠳᠡᠭᠡᠨ ᠤ ᠦᠭᠡᠷ᠎ᠡ ᠨᠡᠷ᠎ᠡ ᠨᠢ ᠠᠷᠹᠠ ᠰᠠᠨᠰᠠᠷ ᠤᠨ ᠦᠷᠳᠡᠭᠡ ᠭᠡᠳᠡᠭ᠂ ᠠᠮᠧᠷᠢᠺᠠ᠂ ᠤᠷᠤᠰ᠂ ᠶᠠᠫᠤᠨ᠂ ᠺᠠᠨᠠᠳᠠ ᠪᠤᠯᠤᠨ ᠡᠸᠦ᠋ᠷᠦᠫᠡ ᠶᠢᠨ ᠰᠠᠨᠰᠠᠷ ᠠᠶᠠᠯᠠᠯ ᠤᠨ ᠲᠤᠪᠴᠢᠶᠠᠨ ᠤ 12 ᠪᠦᠷᠢᠯᠳᠦᠭᠦᠨ ᠤᠯᠤᠰ ᠬᠠᠮᠳᠤ ᠪᠠᠷ ᠤᠢᠢᠯᠡᠳᠪᠡ᠂ ᠡᠨᠡ ᠪᠤᠯ ᠲᠡᠯᠡᠭᠡᠢ ᠶᠢᠨ ᠰᠠᠨᠰᠠᠷ ᠠᠶᠠᠯᠠᠯ ᠤᠨ ᠲᠡᠤᠭᠡᠨ ᠲᠡᠭᠡᠷ᠎ᠡ ᠠᠩᠬᠠᠳᠠᠬᠴᠢ ᠤᠳᠠᠭ᠎ᠠ ᠬᠠᠮᠳᠤᠷᠠᠨ ᠦᠢᠯᠡᠳᠦᠭᠰᠡᠨ ᠬᠠᠮᠤᠬ ᠤᠨ ᠲᠤᠮᠤ ᠰᠠᠨᠰᠠᠷ ᠤᠨ ᠢᠨᠵᠧᠨᠧᠷᠢᠩ ᠮᠦᠨ᠃ ᠲᠡᠭᠦᠨ ᠤ ᠪᠦᠳᠦᠴᠡ ᠨᠢ ᠨᠠᠷᠢᠨ᠂ ᠪᠡᠶ᠎ᠡ ᠨᠢ ᠲᠤᠮᠤ᠂ ᠪᠠᠷᠤᠬ 630 ᠳ᠋ᠦᠡᠭᠰᠢᠭᠤᠷ ᠳ᠋ᠤᠯᠯᠠᠷ ᠵᠤᠭᠤᠰ ᠭᠡᠷᠡᠭᠰᠡᠨ᠎ᠡ᠃
       1998 ᠤᠨ ᠤ 11 ᠰᠠᠷ᠎ᠠ ᠶᠢᠨ 20 ᠤ ᠡᠳᠦᠷ᠂ ᠤᠯᠠᠨ ᠤᠯᠤᠰ ᠤᠨ ᠰᠠᠨᠰᠠᠷ ᠤᠨ ᠦᠷᠳᠡᠭᠡᠨ ᠤ ᠠᠩᠬᠠᠨ ᠤ ᠲᠤᠨᠤᠬ — ᠤᠷᠤᠰ ᠤᠨ ᠦᠢᠯᠡᠳᠦᠭᠰᠡᠨ ︽ᠦᠷ ᠤᠨ ᠲᠤᠶᠠᠭ᠎ᠠ︾ ᠨᠠᠷᠠᠮᠵᠢᠳᠤ ᠪᠠᠷᠠᠭ᠎ᠠ ᠶᠢᠨ ᠴᠢᠳᠠᠪᠤᠷᠢᠳᠤ ᠦᠷᠦᠭᠡ ᠶᠢ ᠬᠠᠰᠠᠬᠠᠰᠲ᠋ᠠᠨ ᠤ ᠪᠠᠶᠢᠺᠨᠤᠤᠷ ᠬᠠᠷᠪᠤᠯᠳᠠ ᠶᠢᠨ ᠲᠠᠯᠠᠪᠠᠢ ᠠᠴᠠ ᠬᠠᠷᠪᠤᠨ ᠭᠠᠷᠭᠠᠭᠠᠳ᠂ ᠭᠡᠳᠦ ᠤᠳᠠᠭ᠎ᠠ ᠬᠤᠶᠢᠰᠢᠯᠠᠭᠤᠯᠤᠬᠰᠠᠨ ᠤᠯᠠᠨ ᠤᠯᠤᠰ ᠤᠨ ᠰᠠᠨᠰᠠᠷ ᠤᠨ ᠦᠷᠳᠡᠭᠡ ᠶᠢ ᠪᠠᠶᠢᠭᠤᠯᠬᠤ ᠠᠵᠢᠯ ᠡᠬᠢᠯᠡᠯᠳᠡ ᠶᠢᠨ ᠬᠤᠭᠤᠴᠠᠭᠠᠨ ᠳᠠᠭᠠᠨ ᠤᠷᠤᠯ᠎ᠠ᠃
       ᠤᠯᠠᠨ ᠤᠯᠤᠰ ᠤᠨ ᠰᠠᠨᠰᠠᠷ ᠤᠨ ᠦᠷᠳᠡᠭᠡ ᠪᠠᠶᠢᠭᠤᠯᠬᠤ ᠠᠵᠢᠯ ᠢ ᠭᠤᠷᠪᠠᠨ ᠱᠠᠳᠤ ᠬᠤᠪᠢᠶᠠᠨ ᠭᠡᠷᠡᠭᠵᠢᠭᠦᠯᠦᠨ᠎ᠡ᠃ ᠨᠢᠭᠡᠳᠦᠭᠡᠷ ᠱᠠᠳᠤ ᠪᠤᠯ 1994 ᠤᠨ ᠠᠴᠠ 1998 ᠤᠨ ᠬᠦᠷᠭᠦ ᠪᠡᠯᠡᠳᠭᠡᠯ ᠤᠨ ᠱᠠᠳᠤ ᠮᠦᠨ᠂ ᠡᠨᠡ ᠱᠠᠳᠤᠨ ᠳᠤ ᠠᠮᠧᠷᠢᠺᠠ ᠶᠢᠨ ᠰᠠᠨᠰᠠᠷ ᠤᠨ ᠦᠷᠳᠡᠭᠡ 9 ᠤᠳᠠᠭ᠎ᠠ ᠵᠠᠯᠭᠠᠯᠳᠠ ᠬᠢᠵᠦ᠂ ᠠᠯᠢ ᠤᠯᠠᠨ ᠰᠢᠨᠵᠢᠯᠡᠭᠦ ᠤᠬᠠᠭᠠᠨ ᠤ ᠲᠤᠷᠰᠢᠯᠳᠠ ᠬᠢᠵᠦ᠂ ᠲᠤᠷᠰᠢᠯᠭ᠎ᠠ ᠬᠤᠷᠠᠮᠳᠤᠭᠤᠯᠤᠨ᠂ ᠤᠯᠠᠨ ᠤᠯᠤᠰ ᠤᠨ ᠰᠠᠨᠰᠠᠷ ᠤᠨ ᠦᠷᠳᠡᠭᠡ ᠤᠬᠰᠠᠷᠠᠭᠤᠯᠬᠤ ᠳᠤ ᠪᠡᠯᠡᠳᠭᠡᠯ ᠬᠢᠪᠡ᠃
       ᠬᠤᠶᠠᠳᠤᠭᠠᠷ ᠱᠠᠳᠤ ᠨᠢ 1988 ᠤᠨ ᠤ 11 ᠰᠠᠷ᠎ᠠ ᠠᠴᠠ ᠡᠬᠢᠯᠡᠪᠡ᠃ ᠤᠷᠤᠰ ᠤᠨ ᠬᠠᠷᠪᠤᠨ ᠭᠠᠷᠭᠠᠬᠰᠠᠨ ᠪᠠᠷᠠᠭ᠎ᠠ ᠶᠢᠨ ᠴᠢᠳᠠᠪᠤᠷᠢᠳᠤ ᠦᠷᠦᠭᠡ ᠨᠢ 20 ᠲᠤᠨ ᠬᠦᠨᠳᠦ᠂ 13 ᠮᠧᠲᠷ ᠡᠵᠡᠯᠡᠭᠦᠨ ᠲᠠᠢ᠂ ᠲᠡᠭᠦᠨ ᠢ ᠰᠠᠨᠰᠠᠷ ᠤᠨ ᠦᠷᠳᠡᠭᠡᠨ ᠤ ᠡᠯ᠎ᠡ ᠲᠤᠷᠰᠢᠯᠳᠠ ᠶᠢᠨ ᠲᠠᠰᠤᠬ ᠪᠠ ᠰᠠᠨᠰᠠᠷ ᠤᠨ ᠨᠢᠰᠭᠡᠭᠴᠢᠳ ᠤᠨ ᠠᠮᠢᠳᠤᠷᠠᠯ ᠤᠨ ᠦᠷᠦᠭᠡ ᠲᠠᠢ ᠬᠤᠯᠪᠤᠨ᠎ᠠ᠃ ᠡᠭᠦᠨ ᠳᠤ ᠠᠶᠠᠯᠠᠨ ᠵᠢᠯᠤᠭᠤᠳᠬᠤ᠂ ᠴᠢᠮᠡᠭᠡ ᠬᠤᠯᠪᠤᠭ᠎ᠠ ᠠᠪᠬᠤ᠂ ᠬᠦᠳᠡᠯᠦᠯ ᠪᠠᠶᠢᠳᠠᠯ ᠢ ᠵᠠᠬᠢᠷᠬᠤ᠂ ᠲᠤᠯᠠᠭᠠᠨ ᠪᠠ ᠠᠭᠤᠷ ᠠᠮᠢᠰᠬᠤᠯ ᠢ ᠲᠤᠬᠢᠷᠠᠭᠤᠯᠬᠤ ᠵᠡᠷᠭᠡ ᠤᠯᠠᠨ ᠲᠤᠨᠤᠬᠯᠠᠯ ᠲᠠᠢ᠂ ᠦᠷᠳᠡᠭᠡ ᠪᠠᠶᠢᠭᠤᠯᠬᠤ ᠡᠬᠢᠨ ᠤ ᠦᠶ᠎ᠡ ᠳᠤ ᠴᠠᠬᠢᠯᠭᠠᠨ ᠪᠠ ᠲᠦᠯᠬᠢᠭᠦ ᠬᠦᠴᠦᠨ ᠢ ᠬᠠᠨᠭ᠍ᠭᠠᠨ᠎ᠠ᠃ ᠡᠭᠦᠨ ᠤ ᠲᠠᠷᠠᠭ᠎ᠠ᠂ ᠠᠮᠧᠷᠢᠺᠠ ᠶᠢᠨ ᠵᠠᠯᠭᠠᠯᠳᠠ ᠶᠢᠨ ᠦᠷᠦᠭᠡ᠂ ᠲᠤᠷᠰᠢᠯᠳᠠ ᠶᠢᠨ ᠦᠷᠦᠭᠡ ᠪᠠ ᠤᠷᠤᠰ ᠤᠨ ᠦᠢᠯᠡᠴᠢᠯᠡᠭᠡᠨ ᠤ ᠦᠷᠦᠭᠡ᠂ ︽ᠬᠤᠯᠪᠤᠭᠠᠳᠤ︾ ᠨᠠᠷᠠᠮᠵᠢᠳᠦ ᠨᠢᠰᠭᠦ ᠤᠡᠭᠭᠤᠴᠠ ᠵᠡᠷᠭᠡ ᠶᠢ ᠵᠠᠯᠭᠠᠯᠳᠤᠭ᠎ᠠ ᠪᠠᠷ ᠬᠠᠷᠪᠤᠨ ᠭᠠᠷᠭᠠᠨ᠎ᠠ᠃ ᠲᠤᠷᠰᠢᠯᠳᠠ ᠶᠢᠨ ᠦᠷᠦᠭᠡ ᠳᠤ ᠪᠢᠴᠢᠯ ᠬᠦᠨᠳᠦ ᠶᠢᠨ ᠬᠦᠴᠦᠨ ᠤ ᠤᠷᠴᠢᠨ ᠲᠤᠭᠤᠷᠢᠨ ᠤ ᠲᠤᠷᠰᠢᠯᠳᠠ ᠬᠢᠨ᠎ᠡ᠂ ᠡᠭᠦᠨ ᠳᠤ ᠮᠠᠲ᠋ᠧᠷᠢᠶᠠᠯ ᠪᠤᠯᠪᠠᠰᠤᠷᠠᠭᠤᠯᠬᠤ ᠪᠠ ᠨᠡᠶᠢᠯᠡᠭᠦᠯᠭᠦ᠂ ᠠᠮᠢ ᠨᠠᠰᠤᠨ ᠤ ᠰᠢᠨᠵᠢᠯᠡᠭᠦ ᠤᠬᠠᠭᠠᠨ᠂ ᠠᠮᠢᠳᠤ ᠪᠤᠳᠠᠰ ᠤᠨ ᠠᠨᠠᠭᠠᠬᠤ ᠤᠬᠠᠭᠠᠨ ᠤ ᠲᠤᠷᠰᠢᠯᠳᠠ ᠪᠠ ᠤᠷᠤᠰᠤᠮᠠᠯ ᠪᠡᠶᠡᠳᠦ ᠶᠢᠨ ᠲᠤᠷᠰᠢᠯᠳᠠ ᠵᠡᠷᠭᠡ ᠪᠠᠭᠳᠠᠨ᠎ᠠ᠃ ᠡᠭᠦᠨ ᠤ ᠲᠤᠳᠤᠷ᠎ᠠ ᠪᠠᠰᠠ ᠴᠡᠷᠢᠭ ᠲᠠᠶᠢᠨ ᠤ ᠲᠤᠬᠠᠢ ᠲᠤᠷᠰᠢᠯᠳᠠ ᠪᠠᠭᠳᠠᠬᠳᠠᠵᠤ ᠪᠠᠶᠢᠬᠤ ᠲᠤᠯᠠ ᠲᠤᠰ ᠦᠷᠦᠭᠡ ᠶᠢ ᠠᠮᠧᠷᠢᠺᠠ ᠶᠢᠨ ᠰᠠᠨᠰᠠᠷ ᠤᠨ ᠨᠢᠰᠭᠡᠭᠴᠢᠳ ᠯᠠ ᠭᠡᠷᠡᠭᠯᠡᠨ᠎ᠡ᠃ ᠢᠡᠭᠬᠢᠪᠡᠯ ᠤᠯᠠᠨ ᠤᠯᠤᠰ ᠤᠨ ᠰᠠᠨᠰᠠᠷ ᠤᠨ ᠦᠷᠳᠡᠭᠡ ᠶᠢᠨ ᠠᠩᠬᠠᠨ ᠤ ᠲᠦᠯᠦᠪ ᠪᠦᠷᠢᠳᠴᠦ᠂ 3 ᠰᠠᠨᠰᠠᠷ ᠤᠨ ᠨᠢᠰᠭᠡᠭᠴᠢ ᠤᠷᠳᠤ ᠬᠤᠭᠤᠴᠠᠭ᠎ᠠ ᠠᠵᠢᠯᠯᠠᠵᠤ ᠪᠤᠯᠤᠨ᠎ᠠ᠃
       ᠭᠤᠷᠪᠠᠳᠤᠭᠠᠷ ᠱᠠᠳᠤᠨ ᠳᠤ ᠠᠮᠧᠷᠢᠺᠠ ᠶᠢᠨ ᠰᠠᠭᠤᠬᠤ ᠦᠷᠦᠭᠡ᠂ ᠡᠸᠦ᠋ᠷᠦᠫᠡ ᠶᠢᠨ ᠰᠠᠨᠰᠠᠷ ᠤᠨ ᠠᠶᠠᠯᠠᠯ ᠤᠨ ᠲᠤᠪᠴᠢᠶ᠎ᠠ ᠪᠠ ᠶᠠᠫᠤᠨ ᠤ ᠦᠢᠯᠡᠳᠦᠭᠰᠡᠨ ᠲᠤᠷᠰᠢᠯᠳᠠ ᠶᠢᠨ ᠦᠷᠦᠭᠡ ᠬᠢᠭᠡᠳ ᠺᠠᠨᠠᠳᠠ ᠶᠢᠨ ᠨᠡᠭᠦᠳᠡᠯ ᠦᠢᠯᠡᠴᠢᠯᠡᠭᠡᠨ ᠤ ᠰᠢᠰᠲ᠋ᠧᠮ ᠵᠡᠷᠭᠡ ᠶᠢ ᠬᠠᠷᠪᠤᠨ ᠭᠠᠷᠭᠠᠨ᠎ᠠ᠃ ᠢᠡᠭᠬᠢᠪᠡᠯ ᠤᠯᠠᠨ ᠤᠯᠤᠰ ᠤᠨ ᠰᠠᠨᠰᠠᠷ ᠤᠨ ᠦᠷᠳᠡᠭᠡ ᠶᠢ ᠤᠬᠰᠠᠷᠠᠭᠤᠯᠬᠤ ᠠᠵᠢᠯ ᠲᠡᠭᠦᠰᠦᠨ᠎ᠡ᠂ ᠦᠷᠳᠡᠭᠡᠨ ᠲᠡᠭᠡᠷ᠎ᠡ 7 ᠬᠦᠮᠦᠨ ᠠᠵᠢᠯᠯᠠᠵᠤ ᠪᠤᠯᠤᠨ᠎ᠠ᠃
       ᠤᠯᠠᠨ ᠤᠯᠤᠰ ᠤᠨ ᠰᠠᠨᠰᠠᠷ ᠤᠨ ᠦᠷᠳᠡᠭᠡ ᠶᠢ 2004 ᠤᠨ ᠳᠤ ᠤᠬᠰᠠᠷᠠᠭᠤᠯᠵᠤ ᠲᠠᠭᠤᠰᠬᠠᠬᠤ ᠪᠠᠷ ᠲᠦᠯᠦᠪᠯᠡᠵᠦ ᠪᠤᠢ᠂ ᠲᠠᠭᠤᠰᠤᠬᠰᠠᠨ ᠤ ᠲᠠᠷᠠᠭ᠎ᠠ 6 ᠲᠤᠷᠰᠢᠯᠳᠠ ᠶᠢᠨ ᠦᠷᠦᠭᠡ᠂ 1 ᠰᠠᠭᠤᠬᠤ ᠦᠷᠦᠭᠡ᠂ 2 ᠵᠠᠯᠭᠠᠬᠤ ᠦᠷᠦᠭᠡ᠂ ᠦᠢᠯᠡᠴᠢᠯᠡᠭᠡᠨ ᠤ ᠰᠢᠰᠲ᠋ᠧᠮ ᠪᠠ ᠵᠦᠭᠡᠭᠡᠪᠦᠷᠢ ᠶᠢᠨ ᠰᠢᠰᠲ᠋ᠧᠮ ᠲᠠᠢ ᠪᠤᠯᠤᠨ᠎ᠠ᠃ ᠲᠤᠰ ᠦᠷᠳᠡᠭᠡ ᠶᠢᠨ ᠤᠷᠳᠤ ᠨᠢ 88 ᠮᠧᠲᠷ᠂ ᠬᠦᠨᠳᠦ ᠨᠢ 430 ᠲᠤᠨ᠂ ᠲᠤᠮᠳᠠᠴᠢ ᠪᠠᠷ 397 ᠺᠢᠯᠤᠮᠧᠲᠷ ᠦᠨᠳᠦᠷ ᠲᠡᠭᠡᠭᠦᠷ ᠨᠢᠰᠦᠨ ᠡᠷᠬᠢᠯᠳᠦᠨ᠎ᠡ᠃ ᠲᠡᠭᠦᠨ ᠳᠤ ᠲᠤᠰ ᠪᠦᠷᠢ ᠳᠡᠭᠡᠨ 108 ᠮᠧᠲᠷ ᠤᠷᠳᠤ 4 ᠨᠠᠷᠠᠨ ᠡᠨᠧᠷᠬᠢ ᠶᠢᠨ ᠳ᠋ᠢᠶᠠᠨ ᠊ᠤᠤᠢ ᠶᠢᠨ ᠬᠠᠪᠳᠠᠭᠠᠢ ᠠᠴᠠ 110 ᠺᠢᠯᠤᠸᠠᠲ ᠴᠠᠬᠢᠯᠭᠠᠨ ᠬᠠᠨᠭ᠍ᠭᠠᠨ᠎ᠠ᠃ ᠤᠯᠠᠨ ᠤᠯᠤᠰ ᠤᠨ ᠰᠠᠨᠰᠠᠷ ᠤᠨ ᠦᠷᠳᠡᠭᠡ 15 ᠵᠢᠯ ᠠᠵᠢᠯᠯᠠᠬᠤ ᠴᠢᠳᠠᠪᠤᠷᠢᠳᠠᠢ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ