ᠲᠡᠭᠷᠢ ᠭᠠᠵᠠᠷ ᠢ ᠲᠤᠩᠰᠤᠯᠭᠠᠬᠰᠠᠨ ᠰᠢᠨᠵᠢᠯᠡᠭᠦ ᠤᠬᠠᠭᠠᠨ ᠤ ᠰᠤᠨᠢᠨ ᠵᠢᠱᠢᠯᠳᠡ
ᠨᠡᠶᠢᠲᠡᠯᠡᠭᠰᠡᠨ ᠴᠠᠭ᠄
2018/11/30

       ᠲᠤᠭᠤᠷᠢᠬ ᠬᠤᠭᠤᠯᠠᠢ ᠲᠤᠳᠤᠷ᠎ᠠ ᠭᠠᠯ ᠲᠡᠷᠭᠡ ᠶᠢ ᠨᠢᠰᠭᠡᠨ᠎ᠡ᠃ ᠬᠤᠭᠤᠯᠠᠢ ᠲᠤᠳᠤᠷᠠᠬᠢ ᠭᠠᠯ ᠲᠡᠷᠭᠡ ᠪᠤᠯ 21 ᠳ᠋ᠤᠭᠡᠷ ᠵᠠᠭᠤᠨ ᠤ ᠭᠠᠯ ᠲᠡᠷᠭᠡ ᠶᠢᠨ ᠬᠦᠭᠵᠢᠯᠳᠡ ᠶᠢᠨ ᠬᠠᠨᠳᠤᠰᠢ ᠮᠦᠨ ᠭᠡᠵᠦ ᠰᠢᠨᠵᠢᠯᠡᠭᠦ ᠤᠬᠠᠭᠠᠨ ᠵᠢᠱᠢᠵᠦ ᠪᠠᠶᠢᠨ᠎ᠠ᠃ ᠬᠤᠭᠤᠯᠠᠢ ᠲᠤᠳᠤᠷᠠᠬᠢ ᠭᠠᠯ ᠲᠡᠷᠭᠡ ᠭᠡᠳᠡᠭ ᠨᠢ ᠠᠮᠠᠰᠠᠷ ᠤᠨ ᠳ᠋ᠢᠶᠠᠮᠧᠲᠷ ᠨᠢ ᠲᠤᠮᠤ ᠶᠡᠭᠡ ᠲᠡᠮᠦᠷ ᠬᠤᠭᠤᠯᠠᠢ ᠶᠢ ᠭᠠᠵᠠᠷ ᠲᠤᠤᠷ᠎ᠠ ᠪᠤᠯᠠᠵᠤ᠂ ᠬᠤᠭᠤᠯᠠᠢ ᠭᠡᠯᠪᠡᠷᠢᠳᠦ ᠭᠠᠯ ᠲᠡᠷᠭᠡ ᠶᠢ ᠲᠤᠭᠤᠷᠢᠬ ᠬᠤᠭᠤᠯᠠᠢ ᠲᠤᠳᠤᠷ᠎ᠠ ᠲᠠᠪᠬᠢᠭᠤᠯᠬᠤ ᠢ ᠵᠢᠭᠠᠵᠤ ᠪᠠᠶᠢᠨ᠎ᠠ᠃ ᠡᠶᠢᠮᠦᠷᠭᠦ ᠭᠠᠯ ᠲᠡᠷᠭᠡᠨ ᠳᠤ ᠬᠦᠳᠡᠯᠭᠡᠭᠦᠷ ᠭᠡᠷᠡᠭᠯᠡᠭᠦ ᠦᠭᠡᠢ᠂ ᠭᠡᠢ ᠠᠭᠠᠷ ᠢᠶᠠᠷ ᠲᠦᠯᠬᠢᠨ ᠶᠠᠪᠤᠭᠤᠯᠤᠨ᠎ᠠ᠃ ᠲᠤᠰᠬᠠᠢ ᠮᠡᠷᠭᠡᠵᠢᠯᠳᠡᠳ ᠤᠨ ᠵᠢᠱᠢᠯᠳᠡ ᠪᠠᠷ᠂ ᠴᠠᠬᠢᠯᠭᠠᠨ ᠬᠦᠳᠡᠯᠭᠡᠭᠦᠷᠢᠳᠦ ᠬᠤᠭᠤᠰᠤᠨ ᠨᠡᠭᠡᠯᠡᠭᠡᠢ ᠪᠠᠷ ᠬᠤᠭᠤᠯᠠᠢ ᠶᠢ ᠭᠡᠰᠡᠭ ᠭᠡᠰᠡᠭ ᠢᠶᠠᠷ ᠠᠯᠤᠰᠯᠠᠭᠤᠯᠵᠤ᠂ ᠭᠡᠰᠡᠭ ᠪᠦᠷᠢ ᠳᠤ ᠬᠤᠭᠤᠰᠤᠨᠳᠤ ᠬᠦᠭᠡᠷᠭᠡ ᠪᠠ ᠭᠡᠢ ᠠᠭᠠᠷ ᠤᠷᠤᠬᠤ ᠨᠦᠭᠡ ᠵᠤᠬᠢᠶᠠᠨ᠎ᠠ᠂ ᠭᠠᠯ ᠲᠡᠷᠭᠡ ᠶᠢᠨ ᠡᠮᠦᠨ᠎ᠡ ᠭᠡᠰᠡᠭ ᠲᠠᠬᠢ ᠬᠤᠭᠤᠯᠠᠢ ᠶᠢᠨ ᠭᠡᠢ ᠶᠢ ᠲᠠᠳᠠᠨ ᠭᠠᠷᠭᠠᠵᠤ ᠬᠤᠭᠤᠰᠤᠨ ᠪᠤᠯᠤᠬᠰᠠᠨ ᠤ ᠲᠠᠷᠠᠭ᠎ᠠ᠂ ᠭᠠᠯ ᠲᠡᠷᠭᠡ ᠶᠢᠨ ᠬᠤᠶᠢᠳᠤ ᠭᠡᠰᠡᠭ ᠨᠢ ᠮᠦᠨ ᠯᠡ ᠭᠡᠢ ᠠᠭᠠᠷ ᠲᠤᠳᠤᠷ᠎ᠠ ᠪᠠᠶᠢᠳᠠᠬ ᠲᠤᠯᠠ ᠭᠡᠢ ᠠᠭᠠᠷ ᠨᠢ ᠭᠠᠯ ᠲᠡᠷᠭᠡ ᠶᠢ ᠲᠦᠯᠬᠢᠨ ᠤᠷᠤᠬᠰᠢᠯᠠᠭᠤᠯᠳᠠᠬ ᠶᠤᠮ᠃ ᠭᠡᠷᠪᠡ ᠭᠠᠯ ᠲᠡᠷᠭᠡ ᠶᠢᠨ ᠬᠤᠶᠢᠳᠤ ᠭᠡᠰᠡᠭ ᠲᠤ ᠬᠡᠢ ᠠᠭᠠᠷ ᠢ ᠲᠠᠰᠤᠷᠠᠯᠳᠠ ᠦᠭᠡᠢ ᠨᠦᠭᠦᠪᠦᠷᠢᠯᠡᠵᠦ ᠲᠦᠯᠬᠢᠴᠡ ᠬᠦᠴᠦᠨ ᠢ ᠨᠡᠮᠡᠭᠳᠡᠭᠦᠯᠵᠦ ᠯᠠ ᠪᠠᠶᠢᠪᠠᠯ ᠭᠠᠯ ᠲᠡᠷᠭᠡ ᠲᠦᠷᠭᠡᠨ ᠤᠷᠤᠬᠰᠢᠯᠠᠵᠤ ᠪᠠᠶᠢᠳᠠᠬ᠃ ᠭᠠᠯ ᠲᠡᠷᠭᠡ ᠶᠢᠨ ᠬᠤᠶᠢᠳᠤ ᠭᠡᠰᠡᠭ ᠤᠨ ᠬᠤᠭᠤᠯᠠᠢ ᠳᠤ ᠬᠤᠭᠤᠰᠤᠨ ᠪᠤᠯᠬᠤ ᠲᠤᠳᠤᠮ ᠭᠠᠯ ᠲᠡᠷᠭᠡ ᠮᠠᠰᠢ ᠲᠦᠷᠭᠡᠨ ᠬᠦᠶᠦᠳᠡᠭ᠂ ᠭᠡᠷᠪᠡ ᠬᠤᠭᠤᠯᠠᠢ ᠶᠢᠨ ᠬᠤᠭᠤᠰᠤᠨ ᠤ ᠨᠦᠭᠦᠴᠡᠯ ᠨᠢ ᠰᠠᠶᠢᠨ᠂ ᠭᠠᠯ ᠲᠡᠷᠭᠡ ᠨᠢ ᠬᠦᠡᠭᠭᠡᠨ᠂ ᠲᠡᠷᠢᠭᠦᠨ ᠤ ᠲᠡᠩᠭᠡᠯᠢᠭ ᠢ ᠭᠡᠷᠡᠭᠯᠡᠪᠡᠯ ᠴᠠᠬ ᠤᠨ ᠬᠤᠷᠳᠤᠴᠠ ᠨᠢ 1200 ᠺᠢᠯᠤᠮᠧᠲᠷ ᠬᠦᠷᠴᠦ ᠴᠢᠳᠠᠨ᠎ᠠ᠃ ᠬᠤᠭᠤᠰᠤᠨ ᠤ ᠨᠦᠭᠦᠴᠡᠯ ᠨᠢ ᠪᠠᠷᠤᠬᠳᠠᠢ᠂ ᠭᠠᠯ ᠲᠡᠷᠭᠡ ᠨᠢ ᠬᠦᠨᠳᠦ ᠰᠢᠭ ᠪᠠᠶᠢᠯ᠎ᠠ ᠭᠡᠳ ᠴᠠᠬ ᠤᠨ ᠬᠤᠷᠳᠤᠴᠠ ᠨᠢ ᠮᠦᠨ ᠴᠤ 350 ᠺᠢᠯᠤᠮᠧᠲᠷ ᠬᠦᠷᠴᠦ ᠴᠢᠳᠠᠨ᠎ᠠ᠃ ᠡᠶᠢᠮᠦᠷᠭᠦ ᠭᠠᠯ ᠲᠡᠷᠭᠡ ᠨᠢ ᠠᠶᠤᠯ ᠦᠭᠡᠢ᠂ ᠲᠡᠷᠢᠶᠠᠨ ᠭᠠᠵᠠᠷ ᠡᠵᠡᠯᠡᠭᠦ ᠦᠭᠡᠢ᠂ ᠭᠡᠢ ᠠᠭᠠᠷ ᠤᠨ ᠪᠤᠬᠢᠷᠳᠤᠯ ᠪᠠ ᠱᠤᠤᠬᠢᠶᠠᠨ ᠤ ᠪᠤᠬᠢᠷᠳᠦᠯ ᠭᠡᠵᠦ ᠦᠭᠡᠢ᠂ ᠦᠢᠯᠡᠳᠭᠦ ᠦᠨ᠎ᠡ ᠨᠢ ᠲᠡᠭᠡᠳᠦ ᠬᠤᠷᠳᠤᠴᠠᠳᠤ ᠵᠠᠰᠠᠮᠠᠯ ᠵᠠᠮ ᠪᠠ ᠲᠡᠭᠡᠳᠦ ᠬᠤᠷᠳᠤᠴᠠᠳᠤ ᠲᠡᠮᠦᠷ ᠵᠠᠮ ᠠᠴᠠ ᠬᠢᠮᠳᠠ᠂ ᠡᠨᠧᠷᠬᠢ ᠶᠢᠨ ᠬᠤᠷᠤᠬᠳᠠᠯ ᠨᠢ ᠴᠤ ᠪᠠᠭ᠎ᠠ ᠪᠠᠶᠢᠳᠠᠬ ᠲᠤᠯᠠ ᠦᠨᠡᠭᠡᠷ ᠰᠠᠨᠠᠭᠠᠨ ᠳᠤ ᠨᠡᠶᠢᠴᠡᠭᠰᠡᠨ ᠵᠠᠮ ᠨᠠᠪᠳᠡᠷᠯᠡᠭᠡ ᠶᠢᠨ ᠪᠠᠭᠠᠵᠢ ᠪᠤᠯᠤᠨ᠎ᠠ᠃
       ᠲᠠᠯᠠᠢ ᠲᠠᠪᠠᠨ ᠤᠰᠤ ᠲᠠᠳᠠᠵᠤ ᠰᠠᠬᠠᠷ᠎ᠠ ᠡᠯᠡᠰᠦ ᠶᠢ ᠦᠭᠡᠷᠡᠴᠢᠯᠡᠨ᠎ᠡ᠃ ᠡᠮᠦᠨᠡᠳᠦ ᠠᠮᠧᠷᠢᠺᠠ ᠶᠢᠨ ᠴᠡᠩᠭᠡᠭ ᠤᠰᠤ ᠦᠯᠡᠭᠦᠦ ᠭᠠᠷᠴᠤ ᠪᠠᠶᠢᠳᠠᠬ ᠢ ᠠᠹᠷᠢᠺᠠ ᠤᠨ ᠤᠯᠤᠰ ᠤᠳ ᠶᠡᠭᠡ ᠪᠠᠭ᠋ᠠᠷᠬᠠᠳᠠᠬ᠃ ᠭᠡᠮᠵᠢᠯᠳᠡ ᠪᠠᠷ ᠪᠷᠠᠽᠢᠯ ᠤᠨ ᠶᠠᠮᠠᠰᠤᠨ ᠭᠤᠤᠯ ᠤᠨ ᠴᠡᠩᠭᠡᠭ ᠤᠰᠤ ᠨᠢ ᠰᠧᠺᠦ᠋ᠨᠳ᠋ ᠪᠦᠷᠢ ᠳᠤ 3.5 ᠲᠦᠮᠡᠨ ᠺᠦᠪ ᠮᠧᠲᠷ ᠤᠨ ᠭᠡᠮᠵᠢᠶ᠎ᠡ ᠪᠠᠷ ᠠᠲᠯᠠᠨᠲ ᠲᠠᠯᠠᠢ ᠳᠤ ᠴᠢᠳᠬᠤᠵᠤ᠂ ᠬᠠᠮᠤᠬ ᠠᠷᠪᠢᠨ ᠳᠠᠭᠠᠨ 12 ᠲᠦᠮᠡᠨ ᠺᠦᠪ ᠮᠧᠲᠷ ᠬᠦᠷᠳᠡᠭ᠃ ᠭᠡᠳᠡᠯ᠎ᠡ ᠠᠲᠯᠠᠨᠲ ᠲᠠᠯᠠᠢ ᠶᠢᠨ ᠴᠢᠨᠠᠳᠤ ᠬᠦᠪᠡᠭᠡᠨ ᠳᠠᠬᠢ ᠰᠠᠬᠠᠷ᠎ᠠ ᠡᠯᠡᠰᠦᠨ ᠳᠤ ᠭᠠᠩ ᠬᠠᠭᠰᠠᠷᠭᠠᠨ ᠠᠴᠠ ᠪᠤᠯᠤᠭᠠᠳ ᠡᠯᠡᠰᠦ ᠮᠠᠩᠬ᠎ᠠ ᠬᠦᠮᠦᠨ ᠲᠦᠷᠦᠯᠬᠢᠳᠡᠨ ᠤ ᠨᠤᠳᠤᠬ ᠤᠰᠤ ᠶᠢ ᠲᠠᠰᠤᠷᠠᠯᠳᠠ ᠦᠭᠡᠢ ᠵᠠᠯᠬᠢᠵᠤ ᠪᠠᠶᠢᠨ᠎ᠠ᠃ ᠰᠢᠨᠵᠢᠯᠡᠭᠦ ᠤᠬᠠᠭᠠᠨᠳᠠᠳ ᠢᠡᠭᠬᠢᠵᠦ ᠵᠢᠱᠢᠵᠦ ᠪᠠᠶᠢᠨ᠎ᠠ᠂ ᠴᠡᠩᠭᠡᠭ ᠤᠰᠤᠨ ᠤ ᠡᠬᠢ ᠪᠠᠶᠠᠯᠢᠬ ᠢᠶᠠᠷ ᠶᠡᠭᠡ ᠵᠦᠷᠢᠶ᠎ᠡ ᠲᠠᠢ ᠬᠤᠶᠠᠷ ᠡᠭᠡ ᠬᠠᠭᠤᠷᠠᠢ ᠶᠢᠨ ᠬᠤᠭᠤᠷᠤᠨᠳᠤ ᠲᠠᠯᠠᠢ ᠶᠢ ᠲᠠᠪᠠᠭᠰᠠᠨ ᠬᠤᠭᠤᠯᠠᠢ ᠵᠤᠬᠢᠶᠠᠵᠤ᠂ ᠶᠠᠮᠠᠰᠤᠨ ᠭᠤᠤᠯ ᠤᠨ ᠦᠯᠡᠭᠦᠦ ᠴᠡᠩᠭᠡᠭ ᠤᠰᠤ ᠶᠢ ᠲᠤᠰᠤᠯ ᠤᠰᠤ ᠲᠤᠰᠤ ᠮᠡᠳᠦ ᠬᠤᠪᠤᠷ ᠪᠠᠶᠢᠳᠠᠬ ᠤᠮᠠᠷᠠᠳᠤ ᠠᠹᠷᠢᠺᠠ ᠶᠢᠨ ᠡᠯᠡᠰᠦᠨ ᠳᠤ ᠲᠡᠳᠡᠨ ᠤᠷᠤᠭᠤᠯᠵᠤ᠂ ᠡᠯᠡᠰᠦᠨ ᠲᠠᠯᠠᠢ ᠶᠢ ᠨᠤᠭᠤᠭᠠᠨ ᠪᠦᠷᠢᠳᠦ ᠪᠤᠶᠤ ᠲᠠᠷᠢᠶᠠᠨ ᠭᠠᠵᠠᠷ ᠪᠤᠯᠭᠠᠨ ᠦᠭᠡᠷᠡᠴᠢᠯᠡᠨ᠎ᠡ᠃ ᠵᠢᠱᠢᠵᠦ ᠪᠠᠶᠢᠭ᠎ᠠ ᠬᠤᠭᠤᠯᠠᠢ ᠶᠢᠨ ᠳ᠋ᠢᠶᠠᠮᠧᠲᠷ ᠨᠢ 80 ᠮᠧᠲᠷ᠂ ᠵᠤᠵᠠᠭᠠᠨ ᠨᠢ 3 ᠰᠠᠨᠲ᠋ᠢᠮᠧᠲᠷ᠂ ᠤᠷᠳᠤ ᠨᠢ 4300 ᠺᠢᠯᠤᠮᠧᠲᠷ᠂ ᠪᠦᠭᠦ ᠬᠦᠨᠳᠦ ᠨᠢ 1.8 ᠳ᠋ᠦᠡᠭᠰᠢᠭᠤᠷ ᠲᠤᠨ ᠬᠦᠷᠦᠨ᠎ᠡ᠃ ᠤᠰᠤ ᠲᠠᠳᠠᠬᠤ ᠬᠤᠭᠤᠯᠠᠢ ᠶᠢ ᠠᠲᠯᠠᠨᠲ ᠲᠠᠯᠠᠢ ᠶᠢᠨ ᠤᠰᠤᠨ ᠭᠠᠳᠠᠷᠭᠤ ᠠᠴᠠ ᠲᠤᠷᠤᠬᠰᠢ ᠵᠤᠬᠢᠬᠤ ᠭᠡᠮᠵᠢᠶᠡᠨ ᠳᠤ ᠪᠠᠶᠢᠯᠭᠠᠵᠤ᠂ ᠲᠡᠭᠡᠭᠦᠷ ᠨᠢ ᠤᠡᠭᠭᠤᠴᠠ ᠶᠠᠪᠤᠬᠤ ᠶᠢ ᠨᠦᠯᠦᠭᠡᠯᠡᠭᠦ ᠦᠭᠡᠢ ᠮᠦᠷᠳᠡᠭᠡᠨ ᠮᠡᠷᠭᠡᠵᠢᠯᠳᠡᠳ ᠤᠨ ᠤᠰᠤᠨ ᠳᠤ ᠱᠤᠮᠪᠠᠵᠤ᠂ ᠰᠠᠯᠪᠢᠨ ᠵᠠᠰᠠᠬᠤ ᠳᠤ ᠴᠤ ᠲᠦᠭᠦᠮ ᠪᠠᠶᠢᠯᠭᠠᠨ᠎ᠠ᠃ ᠬᠤᠭᠤᠯᠠᠢ ᠶᠢ ᠵᠤᠬᠢᠶᠠᠵᠤ ᠲᠠᠯᠪᠢᠬᠰᠠᠨ ᠤ ᠲᠠᠷᠠᠭ᠎ᠠ᠂ ᠰᠧᠺᠦ᠋ᠨᠳ᠋ ᠪᠦᠷᠢ ᠳᠤ 1 ᠲᠦᠮᠡᠨ ᠺᠦᠪ ᠮᠧᠲᠷ ᠴᠡᠩᠭᠡᠭ ᠤᠰᠤ ᠬᠠᠨᠭ᠍ᠭᠠᠵᠤ᠂ ᠪᠠᠷᠤᠬ 31 ᠲᠦᠮᠡᠨ ᠺᠦᠸᠡᠳ᠋ ᠺᠢᠯᠤᠮᠧᠲᠷ ᠡᠯᠡᠰᠦ ᠶᠢ ᠬᠠᠨᠭ᠍ᠭᠠᠮᠵᠢᠳᠠᠢ ᠤᠰᠤᠯᠠᠵᠤ ᠴᠢᠳᠠᠨ᠎ᠠ᠂ ᠲᠠᠬᠢᠨ ᠤᠢ ᠮᠤᠳᠤ ᠲᠠᠷᠢᠵᠤ ᠤᠢᠢᠵᠢᠭᠤᠯᠬᠤ ᠲᠠᠢ ᠤᠶᠠᠯᠳᠤᠭᠤᠯᠪᠠᠯ 100 ᠲᠦᠮᠡᠨ ᠺᠦᠸᠠᠳ᠋ ᠺᠢᠯᠤᠮᠧᠲᠷ ᠠᠮᠢᠳᠤᠷᠠᠵᠤ ᠪᠤᠯᠬᠤ ᠨᠤᠭᠤᠭᠠᠨ ᠪᠦᠷᠢᠳᠦ ᠪᠤᠯᠭᠠᠵᠤ ᠴᠢᠳᠠᠨ᠎ᠠ᠃
       ᠠᠪᠤᠷᠭᠤ ᠬᠦᠷᠪᠡᠯ ᠢ ᠲᠠᠬᠢᠨ ᠡᠳᠡᠭᠡᠷᠡᠭᠦᠯᠭᠦ᠃ ᠲᠡᠯᠡᠭᠡᠢ ᠶᠢᠨ ᠤᠯᠠᠨ ᠭᠠᠵᠠᠷ ᠤᠨ ᠲᠤᠷᠰᠢᠯᠳᠠ ᠶᠢᠨ ᠲᠠᠰᠤᠬ ᠲᠠᠬᠢ ᠤᠳᠤᠮᠯᠠᠯ ᠤᠨ ᠡᠷᠳᠡᠮᠳᠡᠳ ᠪᠠᠯᠠᠷ ᠡᠷᠳᠡᠨ ᠤ ᠠᠮᠢᠳᠠᠨ ᠠᠪᠤᠷᠭᠤ ᠬᠦᠷᠪᠡᠯ ᠢ ᠲᠠᠬᠢᠨ ᠡᠳᠡᠭᠡᠷᠡᠭᠦᠯᠭᠦ ᠪᠠᠷ ᠶᠠᠭᠠᠷᠠᠯᠳᠤᠵᠤ ᠪᠠᠶᠢᠨ᠎ᠠ᠃ ᠨᠢᠭᠡ ᠰᠤᠳᠤᠯᠭᠠᠳᠠᠨ ᠴᠢᠯᠠᠭᠤᠨ ᠵᠡᠪᠰᠡᠭ ᠤᠨ ᠦᠶ᠎ᠡ ᠳᠠᠬᠢ ᠪᠠᠳᠠᠭᠠᠨ᠎ᠠ ︵蚋︶ ᠶᠢᠨ ᠭᠡᠳᠡᠰᠦᠨ ᠲᠤᠳᠤᠷ᠎ᠡ ᠠᠴᠠ ᠠᠪᠤᠷᠭᠤ ᠬᠦᠷᠪᠡᠯ ᠤᠨ ᠴᠢᠰᠤᠨ ᠤ ᠦᠯᠢᠭᠡᠷ ᠢ ᠤᠯᠵᠠᠢ᠃ ᠪᠠᠳᠠᠭᠠᠨ᠎ᠠ ᠪᠤᠯ ᠲᠠᠯᠠᠪᠴᠢ ᠲᠠᠢ ᠰᠢᠪᠠᠵᠢ ᠮᠦᠨ᠂ 7000 — 8000 ᠲᠦᠮᠡᠨ ᠵᠢᠯ ᠤᠨ ᠡᠮᠦᠨ᠎ᠡ ᠠᠮᠢᠳᠤᠷᠠᠵᠤ ᠪᠠᠶᠢᠬᠰᠠᠨ ᠡᠨᠡ ᠬᠦ ᠪᠠᠳᠠᠭᠠᠨ᠎ᠠ ᠨᠢ ᠵᠠᠪᠠᠯ ᠠᠪᠤᠷᠭᠤ ᠬᠦᠷᠪᠡᠯ ᠢ ᠬᠠᠵᠠᠵᠤ ᠴᠢᠰᠤ ᠶᠢ ᠨᠢ ᠰᠤᠷᠤᠳᠠᠬ ᠭᠡᠨ᠎ᠡ᠃ ᠬᠦᠴᠢᠯᠳᠦ᠋ᠷᠦᠭᠴᠢ ᠦᠭᠡᠶᠢᠳᠡᠭᠰᠡᠨ ᠪᠦᠭᠡᠮ ᠰᠢᠬᠢᠷ ᠪᠦᠭᠡᠮ ᠬᠦᠴᠢᠯ ᠨᠢ ᠮᠢᠩᠭᠠᠨ ᠲᠦᠮᠡᠨ ᠵᠢᠯ ᠬᠠᠳᠠᠭᠠᠯᠠᠬᠳᠠᠬᠰᠠᠨ ᠴᠤ ᠢᠳᠡᠪᠬᠢ ᠴᠢᠨᠠᠷ ᠲᠠᠢ ᠪᠠᠶᠢᠳᠠᠬ ᠢ ᠰᠢᠨᠵᠢᠯᠡᠭᠦ ᠤᠬᠠᠭᠠᠨᠳᠠᠳ ᠤᠯᠵᠤ ᠮᠡᠳᠡᠵᠡᠢ᠂ ᠡᠶᠢᠮᠦ ᠠᠴᠠ ᠪᠦᠷᠢᠨ ᠰᠠᠶᠢᠬᠠᠨ ᠬᠠᠳᠠᠭᠠᠯᠠᠬᠳᠠᠬᠰᠠᠨ ᠬᠤᠷᠤᠬᠠᠢ ᠶᠢᠨ ᠦᠭᠦᠳᠡᠯ ᠲᠤᠳᠤᠷ᠎ᠠ ᠠᠴᠠ ᠤᠳᠤᠮᠯᠠᠯ ᠤᠨ ᠪᠤᠳᠠᠰ ᠢ ᠡᠷᠢᠨ ᠤᠯᠵᠤ᠂ ᠠᠯᠤᠰ ᠡᠷᠳᠡᠨ ᠤ ᠮᠦᠯᠭᠦᠭᠴᠢ ᠠᠮᠢᠳᠠᠨ ᠪᠤᠯᠤᠬᠴᠢ ᠠᠪᠤᠷᠭᠤ ᠬᠦᠷᠪᠡᠯ ᠢ ᠲᠠᠬᠢᠨ ᠡᠳᠡᠭᠡᠷᠡᠭᠦᠯᠭᠦ ᠪᠠᠷ ᠰᠢᠨᠵᠢᠯᠡᠭᠦ ᠤᠬᠠᠭᠠᠨᠳᠠᠳ ᠤᠷᠤᠯᠳᠤᠵᠤ ᠪᠠᠶᠢᠨ᠎ᠠ᠃
       ᠯᠠᠶᠢᠰᠧᠷ ︵ᠬᠤᠷᠴᠠ ᠬᠡᠷᠡᠯ︶ ᠢᠶᠠᠷ ᠰᠠᠨᠰᠠᠷ ᠤᠨ ᠨᠢᠰᠭᠦ ᠤᠡᠭᠭᠤᠴᠠ ᠶᠢ ᠬᠠᠷᠪᠤᠨ ᠭᠠᠷᠭᠠᠨ᠎ᠠ᠃ ᠠᠮᠧᠷᠢᠺᠠ ᠶᠢᠨ ᠠᠭᠠᠷ ᠤᠨ ᠠᠶᠠᠯᠠᠯ ᠪᠠ ᠰᠠᠨᠰᠠᠷ ᠤᠨ ᠠᠶᠠᠯᠠᠯ ᠤᠨ ᠬᠠᠮᠢᠶᠠᠷᠤᠯᠳᠠ ᠶᠢᠨ ᠲᠤᠪᠴᠢᠶᠠᠨ ᠤ ᠬᠢᠨ ᠪᠠᠶᠢᠯᠳᠤᠬᠤ ᠪᠤᠳᠤᠯᠭ᠎ᠠ ᠶᠢᠨ ᠪᠠᠶᠢᠭᠤᠯᠤᠮᠵᠢ ᠪᠤᠯᠤᠬᠴᠢ SD ᠲᠠᠢ ᠬᠠᠮᠵᠢᠵᠤ᠂ ᠭᠠᠵᠠᠷ ᠲᠡᠭᠡᠷᠡᠬᠢ ᠬᠢᠵᠠᠭᠠᠷᠯᠠᠰᠢ ᠦᠭᠡᠢ ᠯᠤᠳᠤ ᠶᠡᠭᠡ ᠬᠦᠴᠦᠨ ᠲᠠᠢ ᠯᠠᠶᠢᠰᠧᠷ ᠰᠢᠰᠲ᠋ᠧᠮ ᠢ ᠰᠤᠳᠤᠯᠵᠤ᠂ ᠰᠠᠨᠰᠠᠷ ᠤᠨ ᠨᠢᠰᠭᠦ ᠤᠡᠭᠭᠤᠴᠠ ᠶᠢ ᠲᠤᠬᠳᠠᠬᠰᠠᠨ ᠲᠤᠭᠤᠷᠢᠯᠳᠠ ᠶᠢᠨ ᠵᠠᠮ ᠳᠤ ᠬᠠᠷᠪᠤᠨ ᠭᠠᠷᠭᠠᠬᠤ ᠪᠠᠷ ᠪᠤᠳᠤᠯᠬᠢᠯᠠᠵᠤ ᠪᠠᠶᠢᠨ᠎ᠠ᠃ ᠬᠠᠷᠪᠤᠬᠤ ᠦᠶ᠎ᠡ ᠳᠤ ᠭᠡᠢ ᠠᠭᠠᠷ ᠨᠢᠰᠭᠦ ᠤᠡᠭᠭᠤᠴᠠ ᠶᠢᠨ ᠱᠤᠷᠤᠯᠵᠢᠨ ᠭᠡᠯᠪᠡᠷᠢᠳᠦ ᠡᠮᠦᠨᠡᠳᠦ ᠭᠡᠰᠡᠭ ᠢ ᠰᠢᠬᠠᠨ ᠲᠠᠷᠤᠬᠰᠠᠭᠠᠷ ᠰᠢᠳᠠᠭᠠᠯᠳᠠ ᠶᠢᠨ ᠦᠷᠦᠭᠡᠨ ᠳᠤᠨᠢ ᠤᠷᠤᠨ᠎ᠠ᠃ ᠰᠢᠳᠠᠭᠠᠯᠳᠠ ᠶᠢᠨ ᠦᠷᠦᠭᠡᠨ ᠳᠤ ᠭᠡᠢ ᠠᠭᠠᠷ ᠨᠢ ᠯᠠᠶᠢᠰᠧᠷ ᠤᠨ ᠬᠦᠴᠦᠨ ᠳᠤ ᠢᠶᠤᠨ ᠴᠤᠬᠴᠠᠰ ᠪᠤᠯᠵᠤ ᠲᠡᠯᠪᠡᠷᠡᠭᠡᠳ ᠡᠨᠧᠷᠬᠢ ᠶᠢᠨ ᠬᠦᠴᠦᠨ ᠪᠤᠯᠵᠤ ᠬᠤᠪᠢᠷᠠᠳᠠᠬ᠂ ᠡᠭᠦᠨ ᠳᠤ ᠭᠠᠵᠠᠷ ᠲᠡᠭᠡᠷ᠎ᠡ ᠠᠴᠠ ᠬᠠᠷᠪᠤᠬᠰᠠᠨ ᠯᠠᠶᠢᠰᠧᠷ ᠨᠢ ᠨᠢᠰᠭᠡᠯ ᠤᠨ ᠰᠡᠭᠦᠯ ᠲᠡᠭᠡᠷ᠎ᠡ ᠵᠤᠬᠢᠶᠠᠬᠰᠠᠨ ᠬᠠᠶᠠᠯᠳᠠ ᠶᠢᠨ ᠪᠠᠭᠠᠨᠠᠨ ᠭᠠᠳᠠᠭᠤᠷᠳᠤ ᠤᠢᠢᠯᠠᠭᠠᠬᠤ ᠲᠤᠯᠢ ︵抛物柱面反射镜︶ ᠳᠤ ᠲᠦᠪᠯᠡᠷᠡᠭᠰᠡᠨ ᠤ ᠲᠠᠷᠠᠭ᠎ᠠ ᠰᠢᠳᠠᠭᠠᠯᠳᠠ ᠶᠢᠨ ᠦᠷᠦᠭᠡ ᠳᠤ ᠤᠷᠤᠳᠠᠬ ᠶᠤᠮ᠃ ᠨᠢᠰᠭᠦ ᠤᠡᠭᠭᠤᠴᠠ ᠨᠢ ᠯᠠᠶᠢᠰᠧᠷ ᠤᠨ ᠬᠦᠷᠢᠶᠡᠨ ᠳᠤ ᠲᠡᠯᠪᠡᠷᠡᠨ ᠰᠢᠳᠠᠬᠰᠠᠨ ᠭᠡᠢ ᠠᠭᠠᠷ ᠤᠨ ᠬᠦᠴᠦᠨ ᠢᠶᠠᠷ ᠲᠡᠭᠡᠭᠰᠢ ᠲᠡᠭᠳᠡᠨ ᠭᠠᠷᠬᠤ ᠪᠤᠯᠤᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ