ᠴᠦᠮ᠎ᠡ ᠶᠢᠨ ᠰᠠᠴᠤᠷᠠᠬ ᠬᠢᠭᠡᠳ ᠴᠦᠮ᠎ᠡ ᠶᠢᠨ ᠰᠠᠴᠤᠷᠠᠬ ᠤᠨ  ᠰᠡᠷᠭᠡᠶᠢᠯᠡᠯᠳᠡ ᠶᠢ ᠰᠢᠨᠵᠢᠯᠡᠭᠦ ᠤᠬᠠᠭᠠᠨᠴᠢ ᠪᠠᠷ ᠲᠠᠨᠢᠬᠤᠢ
ᠨᠡᠶᠢᠲᠡᠯᠡᠭᠰᠡᠨ ᠴᠠᠭ᠄
2018/11/30

       ᠴᠦᠮ᠎ᠡ ᠶᠢᠨ ᠴᠠᠬᠢᠯᠭᠠᠨ ᠦᠷᠳᠡᠭᠡᠨ ᠤ ᠲᠡᠯᠪᠡᠷᠡᠯᠳᠡ ≠ ᠴᠦᠮ᠎ᠡ ᠶᠢᠨ ᠲᠡᠯᠪᠡᠷᠡᠯᠳᠡ
       ᠶᠠᠫᠤᠨ ᠤ ᠭᠠᠵᠠᠷ ᠬᠦᠳᠡᠯᠦᠯᠳᠡ ᠳᠤ ᠶᠠᠫᠤᠨ ᠤ ᠹᠦᠺᠤᠰᠢᠮᠠ ᠶᠢᠨ ᠨᠢᠭᠡᠳᠦᠭᠡᠷ ᠴᠦᠮ᠎ᠡ ᠶᠢᠨ ᠴᠠᠬᠢᠯᠭᠠᠨ ᠦᠷᠳᠡᠭᠡ ᠤᠳᠠᠭ᠎ᠠ ᠲᠠᠷᠠᠭ᠎ᠠ ᠪᠠᠷ ᠲᠡᠯᠪᠡᠷᠡᠭᠰᠡᠨ ᠳᠤ ᠮᠠᠰᠢ ᠤᠯᠠᠨ ᠬᠦᠮᠦᠰ ᠡᠨᠡ ᠨᠢ ︽ᠴᠦᠮ᠎ᠡ ᠶᠢᠨ ᠲᠡᠯᠪᠡᠷᠡᠯᠳᠡ︾ ᠪᠤᠯᠪᠠᠤ ᠭᠡᠵᠦ ᠠᠶᠤᠳᠠᠰᠤ ᠬᠦᠷᠦᠭᠰᠡᠨ ᠪᠠᠶᠢᠨ᠎ᠠ᠃ ᠦᠨᠡᠨᠳᠡᠭᠡᠨ ᠭᠡᠳᠦᠨ ᠤᠳᠠᠭᠠᠨ ᠤ ᠲᠡᠯᠪᠡᠷᠡᠯᠳᠡ ᠨᠢ ᠪᠦᠷ ᠴᠤ ᠤᠰᠤᠳᠦ᠋ᠷᠦᠭᠴᠢ ᠶᠢᠨ ᠲᠡᠯᠪᠡᠷᠡᠯᠳᠡ ᠪᠤᠯᠤᠨ᠎ᠠ᠃ ᠲᠡᠭᠡᠪᠡᠯ ᠡᠨᠡ ᠬᠦ ᠰᠢᠰᠲ᠋ᠧᠮ ᠳᠤ ᠶᠠᠭᠠᠬᠢᠬᠰᠠᠨ ᠪᠠᠰᠠ ᠤᠰᠤᠳᠦ᠋ᠷᠦᠭᠴᠢ ᠪᠠᠶᠢᠳᠠᠬ ᠪᠤᠢ︖ ᠭᠡᠪᠡᠯ᠂ ᠴᠦᠮ᠎ᠡ ᠶᠢᠨ ᠰᠢᠳᠠᠭᠠᠯᠭ᠎ᠠ ᠶᠢᠨ ᠲᠤᠨᠤᠬ ᠤᠨ ᠪᠤᠭᠤᠯᠳᠠ ᠪᠤᠯᠬᠤ zr ︵ᠲᠡᠮᠦᠷᠯᠢᠭ ᠼᠢᠷᠺᠤᠨ︶ ᠨᠢ ᠤᠰᠤ ᠲᠠᠢ ᠤᠷᠪᠠᠯ ᠡᠭᠦᠰᠴᠦ ᠤᠰᠤᠳᠦ᠋ᠷᠦᠭᠴᠢ ᠨᠢ ᠠᠶᠤᠯᠭᠦᠢ ᠪᠦᠷᠭᠦᠭᠦᠯ ᠳᠤ ᠤᠷᠤᠵᠤ ᠤᠰᠤᠨ ᠠᠭᠤᠷ ᠲᠠᠢ ᠨᠡᠶᠢᠯᠡᠵᠦ ᠦᠨᠳᠦᠷ ᠲᠠᠷᠤᠯᠳᠠ ᠡᠭᠦᠰᠭᠡᠳᠡᠭ᠃ ᠡᠨᠡ ᠦᠶ᠎ᠡ ᠳᠤ ᠦᠨᠳᠦᠷ ᠲᠠᠷᠤᠯᠳᠠ ᠨᠢ ᠠᠶᠤᠯᠭᠦᠢ ᠪᠦᠷᠭᠦᠭᠦᠯ ᠤᠨ ᠵᠢᠷᠤᠵᠤ ᠲᠦᠯᠦᠪᠯᠡᠭᠰᠡᠨ ᠲᠠᠷᠤᠯᠳᠠ ᠶᠢᠨ 1.5 ᠲᠠᠬᠢᠨ ᠳᠤ ᠬᠦᠷᠦᠭᠰᠡᠨ ᠲᠤᠯᠠ ᠭᠡᠰᠡᠭ ᠭᠡᠶᠢᠳᠦ ᠪᠡᠶ᠎ᠡ ᠶᠢ ᠲᠠᠯᠪᠢᠨ ᠭᠠᠷᠭᠠᠵᠤ ᠲᠠᠷᠤᠯᠳᠠ ᠶᠢ ᠪᠠᠭᠠᠰᠬᠠᠨ ᠲᠠᠷᠤᠯᠳᠠ ᠶᠢ ᠲᠡᠩᠴᠡᠭᠦᠯᠳᠡᠭ᠃ ᠲᠠᠯᠪᠢᠨ ᠭᠠᠷᠭᠠᠬᠰᠠᠨ ᠤᠰᠤᠳᠦ᠋ᠷᠦᠭᠴᠢ ᠨᠢ ᠠᠶᠤᠯᠭᠦᠢ ᠪᠦᠷᠭᠦᠭᠦᠯ ᠪᠤᠯᠤᠨ ᠴᠦᠮ᠎ᠡ ᠶᠢᠨ ᠴᠠᠬᠢᠯᠭᠠᠨ ᠤ ᠦᠢᠯᠡᠳᠪᠦᠷᠢ ᠶᠢᠨ ᠲᠠᠰᠤᠬ ᠤᠨ ᠬᠤᠭᠤᠷᠤᠨᠳᠤᠬᠢ ᠬᠤᠭᠤᠰᠤᠨ ᠵᠠᠢ ᠳᠤ ᠤᠷᠤᠵᠤ ᠬᠦᠴᠢᠯᠳᠦ᠋ᠷᠦᠭᠴᠢ ᠲᠠᠢ ᠨᠡᠶᠢᠯᠡᠳᠡᠭ᠃ ᠴᠦᠮ᠎ᠡ ᠶᠢᠨ ᠴᠠᠬᠢᠯᠭᠠᠨ ᠤ ᠦᠢᠯᠡᠳᠪᠦᠷᠢ ᠶᠢᠨ ᠲᠠᠰᠤᠬ ᠨᠢ ᠨᠢᠬᠳᠠ ᠪᠢᠳᠡᠭᠦᠮᠵᠢ ᠲᠠᠢ ᠲᠤᠯᠠ ᠭᠡᠷ ᠤᠨ ᠭᠠᠳᠠᠨᠠᠬᠢ ᠤᠰᠤᠳᠦ᠋ᠷᠦᠭᠴᠢ ᠨᠢ ᠠᠷᠪᠢᠳᠤᠭᠠᠳ ᠭᠡᠮᠵᠢᠶᠡᠨ ᠠᠴᠠ ᠪᠠᠨ ᠭᠡᠳᠦᠷᠡᠪᠡᠯ ᠲᠠᠷᠤᠢ ᠲᠠᠯᠪᠠᠷᠠᠳᠡᠭ ᠪᠠᠶᠢᠨ᠎ᠠ᠃
       ︽ᠴᠦᠮ᠎ᠡ ᠶᠢᠨ ᠲᠠᠯᠪᠠᠷᠠᠯᠳᠠ︾ ᠪᠤᠯ ᠦᠨᠳᠦᠷ ᠴᠠᠪᠠᠷᠴᠡᠳᠦ ᠦᠷᠡᠨ ᠲᠠᠬᠢᠨ ᠢᠶᠠᠷ ᠨᠡᠮᠡᠭᠳᠡᠭᠰᠡᠨ ᠤ ᠲᠠᠷᠠᠭ᠎ᠠ ᠡᠭᠦᠰᠳᠡᠭ ᠤᠷᠪᠠᠯ ᠮᠦᠨ᠃ ᠨᠧᠲᠷᠤᠨ ︵中子︶ ᠤ ᠲᠠᠬᠢᠨ ᠢᠶᠠᠷ ᠨᠡᠮᠡᠭᠳᠡᠭᠦ ᠪᠠᠷ ᠲᠡᠮᠵᠢᠵᠦ ᠪᠦᠭᠦ᠋ᠢᠯᠡ ᠴᠦᠮ᠎ᠡ ᠶᠢᠨ ᠬᠠᠭᠠᠷᠠᠯᠳᠠ ᠶᠢ ᠭᠱᠠᠨ ᠵᠠᠭᠤᠷ᠎ᠠ ᠡᠭᠦᠰᠭᠡᠳᠡᠭ᠂ ᠭᠡᠳᠡᠯ᠎ᠡ ᠴᠦᠮ᠎ᠡ ᠶᠢᠨ ᠴᠠᠬᠢᠯᠭᠠᠨ ᠦᠷᠳᠡᠭᠡ ᠶᠢᠨ ᠤᠷᠪᠠᠯ ᠤᠨ ᠵᠤᠬ᠎ᠠ ᠨᠢ ᠡᠭᠦᠨ ᠲᠠᠢ ᠦᠰᠦᠳ ᠦᠭᠡᠷ᠎ᠡ ᠪᠠᠶᠢᠳᠠᠬ᠃ ᠤᠷᠪᠠᠯ ᠤᠨ ᠵᠤᠤᠬ᠎ᠠ ᠳᠤ ᠭᠡᠯᠬᠢᠶᠡᠵᠢᠭᠰᠡᠨ ᠤᠷᠪᠠᠯ ᠠᠯᠭᠤᠷ ᠢᠶᠠᠷ ᠡᠭᠦᠰᠳᠡᠭ ᠠᠴᠠ ᠪᠢᠰᠢ ᠭᠱᠠᠨ ᠵᠠᠭᠤᠷ᠎ᠠ ᠤᠷᠪᠠᠯ ᠡᠭᠦᠰᠳᠡᠭ ᠦᠭᠡᠢ᠂ ᠤᠷᠪᠠᠯ ᠤᠨ ᠬᠤᠷᠳᠤᠴᠠ ᠨᠢ ᠴᠤ ᠭᠡᠳᠦᠨ ᠮᠢᠩᠭᠠᠨ ᠲᠦᠮᠡᠨ ᠲᠠᠬᠢᠨ ᠤ ᠵᠦᠷᠢᠶ᠎ᠡ ᠲᠠᠢ᠃ ᠤᠷᠪᠠᠯ ᠤᠨ ᠵᠤᠤᠬ᠎ᠠ ᠳᠤ ᠵᠦᠪᠭᠡᠨ 3% ᠤᠷᠴᠢᠮ ᠴᠡᠪᠡᠷᠴᠡ ᠲᠠᠢ ᠦᠷᠡᠨ -235 ᠶᠢ ᠭᠡᠷᠡᠭᠯᠡᠵᠦ᠂ ᠠᠲ᠋ᠤᠮ ᠤᠨ ᠪᠦᠮᠪᠦᠭᠡ ᠳᠤ ᠬᠠᠷᠢᠨ ᠴᠡᠪᠡᠷᠴᠡ ᠨᠢ 90% ᠠᠴᠠ ᠲᠡᠭᠡᠭᠰᠢ ᠪᠠᠶᠢᠳᠠᠬ ᠦᠷᠡᠨ -235 ᠶᠢ ᠭᠡᠷᠡᠭᠯᠡᠳᠡᠭ ᠶᠤᠮ᠃ ᠡᠶᠢᠮᠦ ᠠᠴᠠ ᠴᠦᠮ᠎ᠡ ᠵᠨ ᠴᠠᠬᠢᠯᠭᠠᠨ ᠤ ᠤᠷᠪᠠᠯ ᠤᠨ ᠵᠤᠤᠬ᠎ᠠ ᠨᠢ ᠶᠠᠭᠠᠬᠢᠬᠰᠠᠨ ᠴᠤ ︽ᠴᠦᠮ᠎ᠡ ᠶᠢᠨ ᠲᠡᠯᠪᠡᠷᠡᠯᠳᠡ︾ ᠪᠤᠯᠵᠤ ᠴᠢᠳᠠᠬᠤ ᠦᠭᠡᠢ᠃ ᠡᠨᠡ ᠨᠢ ᠶᠠᠬ ᠯᠠ ᠬᠠᠷ᠎ᠠ ᠠᠷᠢᠬᠢ ᠨᠤᠴᠤᠵᠤ ᠪᠠᠶᠢᠳᠠᠯ᠎ᠠ ᠪᠠᠨ ᠫᠢᠸᠤ᠋ ᠨᠤᠴᠤᠳᠠᠬ ᠦᠭᠡᠢ ᠪᠠᠶᠢᠳᠠᠬ ᠤᠨ ᠶᠤᠰᠤ ᠲᠠᠢ ᠠᠳᠠᠯᠢ ᠶᠤᠮ᠃

       ᠴᠦᠮ᠎ᠡ ᠶᠢᠨ ᠰᠠᠴᠤᠷᠠᠬ ᠪᠤᠳᠠᠰ ᠭᠡᠭᠴᠢ ᠶᠠᠭᠤ ᠪᠤᠢ︖
       ᠴᠦᠮ᠎ᠡ ᠶᠢᠨ ᠯᠠᠪᠠᠷᠠᠯᠳᠠ ᠳᠠᠬᠢ ᠲᠦᠷᠪᠡᠨ ᠵᠦᠢᠯ ᠤᠨ ᠰᠠᠴᠤᠷᠠᠬ ᠴᠢᠨᠠᠷᠳᠠᠢ ᠢᠵᠢᠯ ᠪᠠᠶᠢᠷᠢᠳᠤ ᠡᠯᠧᠮᠧᠨ᠋ᠲ ᠬᠦᠮᠦᠨ ᠤ ᠪᠡᠶ᠎ᠡ ᠳᠤ ᠬᠤᠤᠷᠠᠳᠠᠢ ᠪᠠᠶᠢᠳᠠᠬ᠄ ᠢᠤᠳ᠋ -131᠂ ᠼᠧᠽᠢ -137 ︵铯︶᠂ ᠰᠲᠷᠤᠨ᠋ᠲ -90 ︵锶︶᠂ ᠵᠢᠴᠢ ᠫᠯᠦ᠋ᠲ᠋ᠤᠨ -139 ︵钚︶᠃ ᠡᠳᠡᠭᠡᠷ ᠰᠠᠴᠤᠷᠠᠬ ᠴᠢᠨᠠᠷᠳᠠᠢ ᠡᠯᠧᠮᠧᠨ᠋ᠲ ᠨᠢ ᠭᠤᠤᠯᠳᠠᠭᠤ a᠂βr ᠵᠡᠷᠭᠡ ᠰᠠᠴᠤᠷᠠᠬ ᠭᠡᠯᠪᠡᠷᠢ ᠪᠠᠷ ᠰᠠᠴᠤᠷᠠᠳᠠᠬ᠃ a ᠰᠠᠴᠤᠷᠠᠬ ᠨᠢ ᠨᠢᠭᠡ ᠯᠡ ᠬᠠᠭᠤᠳᠠᠰᠤ ᠴᠠᠭᠠᠰᠤ ᠪᠠᠷ ᠴᠤ ᠬᠠᠯᠬᠠᠯᠠᠵᠤ ᠴᠢᠳᠠᠳᠠᠬ᠂ ᠭᠡᠪᠡᠴᠦ ᠬᠦᠮᠦᠨ ᠤ ᠪᠡᠶ᠎ᠡ ᠳᠤ ᠤᠷᠤᠪᠠᠯ ᠶᠡᠭᠡ ᠬᠤᠤᠷᠠᠳᠠᠢ᠃  ᠰᠠᠴᠤᠷᠠᠬ ᠪᠤᠯ ᠲᠡᠭᠡᠳᠦ ᠬᠤᠷᠳᠤᠴᠠᠳᠤ ᠡᠯᠧᠺᠲᠷᠤᠨ ᠮᠦᠨ᠂ ᠡᠩ ᠤᠨ ᠲᠡᠮᠦᠷᠯᠢᠭ ᠢᠶᠠᠷ ᠬᠠᠯᠬᠠᠯᠠᠵᠤ ᠴᠢᠳᠠᠨ᠎ᠠ᠂ ᠬᠦᠮᠦᠨ ᠤ ᠠᠷᠠᠰᠤᠨ ᠲᠡᠭᠡᠷ᠎ᠡ ᠬᠦᠷᠪᠡᠯ ᠬᠠᠯᠠᠭᠠᠵᠤ ᠤᠯᠠᠶᠢᠯᠭᠠᠳᠠᠬ᠃ r ᠰᠠᠴᠤᠷᠠᠬ ᠨᠢ x ᠰᠠᠴᠤᠷᠠᠬ ᠲᠦᠯᠦᠪᠳᠡᠢ᠂ ᠬᠦᠮᠦᠨ ᠤ ᠪᠡᠶ᠎ᠡ ᠪᠠ ᠭᠡᠷᠡᠮ ᠢ ᠨᠡᠪᠳᠡᠯᠳᠡᠭ ᠲᠤᠯᠠ ᠰᠢᠷᠬᠠᠳᠠᠭᠤᠯᠬᠤ ᠬᠦᠴᠦᠨ ᠨᠢ ᠶᠡᠭᠡ᠂ ᠬᠦᠮᠦᠨ ᠤᠢᠢᠷ᠎ᠠ ᠪᠠᠶᠢᠭᠠᠳ ᠤᠨᠤᠬᠳᠠᠪᠠᠯ ᠡᠪᠡᠳᠴᠢᠨ ᠲᠠᠷᠢᠵᠤ᠂ ᠴᠢᠨᠠᠬᠰᠢᠯᠠᠪᠠᠯ ᠬᠤᠶᠢᠴᠢ ᠦᠶ᠎ᠡ ᠶᠢ ᠨᠢ ᠴᠤ ᠨᠦᠯᠦᠭᠡᠯᠡᠨ᠎ᠡ᠃
       ᠢᠤᠳ᠋ -131 ᠬᠠᠮᠤᠬ ᠤᠨ ᠠᠶᠤᠯᠳᠠᠢ᠂ ᠤᠬᠤᠷᠬᠠᠨ ᠬᠤᠭᠤᠴᠠᠭᠠᠨ ᠤ ᠲᠤᠳᠤᠷ᠎ᠠ ᠬᠦᠮᠦᠨ ᠤ ᠪᠡᠶ᠎ᠡ ᠶᠢᠨ ᠡᠰ ᠢ ᠦᠮᠡᠨᠵᠢᠭᠦᠯᠳᠡᠭ᠃ ᠢᠤᠳ᠋ -131 ᠶᠢᠨ ᠬᠠᠭᠠᠰ ᠴᠤᠴᠠᠷᠠᠯᠳᠠ ᠶᠢᠨ ᠬᠤᠭᠤᠴᠠᠭ᠎ᠠ ᠨᠢ 8.3 ᠡᠳᠦᠷ᠂ 3 ᠰᠠᠷ᠎ᠠ ᠶᠢᠨ ᠲᠤᠳᠤᠷ᠎ᠠ ᠴᠦᠮ ᠴᠤᠴᠠᠷᠠᠵᠤ ᠠᠷᠢᠯᠳᠠᠬ᠃
ᠼᠧᠽᠢ -137 ᠶᠢᠨ ᠬᠤᠤᠷ᠎ᠠ ᠨᠢ ᠢᠤᠳ᠋ -131 ᠶᠢᠨ ᠲᠠᠷᠠᠭ᠎ᠠ ᠤᠷᠤᠵᠤ᠂ ᠡᠯᠢᠭᠡᠨ ᠤ ᠦᠮᠡᠨ ᠪᠠ ᠪᠦᠭᠡᠷ᠎ᠡ ᠶᠢᠨ ᠦᠮᠠᠨ ᠡᠭᠦᠰᠭᠡᠳᠡᠭ᠃ ᠲᠡᠷᠡ ᠨᠢ ᠬᠦᠮᠦᠨ ᠤ ᠶᠠᠰᠤᠨ ᠳᠤ ᠤᠳᠠᠭᠠᠨ ᠨᠢᠭᠤᠬᠳᠠᠨ᠎ᠠ᠂ ᠬᠠᠭᠠᠰ ᠴᠤᠴᠠᠷᠠᠯᠳᠠ ᠶᠢᠨ ᠬᠤᠭᠤᠴᠠᠭ᠎ᠠ ᠨᠢ 30 ᠵᠢᠯ᠃
       ᠰᠲᠷᠤᠨ᠋ᠲ -90 ᠶᠢᠨ ᠬᠠᠭᠠᠰ ᠴᠤᠴᠠᠷᠠᠯᠳᠠ ᠶᠢᠨ ᠬᠤᠭᠤᠴᠠᠭ᠎ᠠ ᠨᠢ 29.1 ᠵᠢᠯ ᠪᠠᠶᠢᠵᠤ᠂ ᠬᠦᠮᠦᠨ ᠤ ᠶᠠᠰᠤ᠂ ᠰᠢᠳᠦᠨ ᠳᠤ ᠠᠮᠠᠷᠬᠠᠨ ᠤᠷᠤᠳᠠᠬ᠃ ᠢᠳᠡᠭᠡᠨ ᠤᠮᠳᠠᠭᠠᠨ ᠵᠢᠷ ᠬᠦᠮᠦᠨ ᠤ ᠪᠡᠶ᠎ᠡ ᠳᠤ ᠤᠷᠤᠨ᠎ᠠ᠂ ᠭᠡᠮᠵᠢᠶ᠎ᠡ ᠨᠢ ᠠᠷᠪᠢᠳᠪᠠᠯ ᠶᠠᠰᠤᠨ ᠤ ᠦᠮᠡᠨ ᠪᠠ ᠴᠢᠰᠤ ᠴᠠᠶᠢᠬᠤ ᠡᠪᠡᠳᠴᠢᠨ ᠡᠭᠦᠰᠭᠡᠳᠡᠭ᠃ ᠭᠡᠪᠡᠴᠦ ᠴᠦᠮ᠎ᠡ ᠶᠢᠨ ᠴᠠᠬᠢᠯᠭᠠᠨ ᠦᠷᠳᠡᠭᠡᠨ ᠤ ᠭᠡᠷᠡᠭ ᠲᠤ ᠶᠡᠭᠡ ᠭᠡᠮᠵᠢᠶᠡᠨ ᠤ ᠰᠲᠷᠤᠨ᠋ᠲ -90 ᠶᠢ ᠭᠠᠷᠭᠠᠳᠠᠬ ᠦᠭᠡᠢ ᠶᠤᠮ᠃
       ᠫᠯᠦ᠋ᠲ᠋ᠤᠨ -139 ᠶᠡᠭᠡ ᠠᠶᠤᠯᠳᠠᠢ᠂ ᠫᠯᠦ᠋ᠲ᠋ᠤᠨ ᠪᠤᠯ ᠲᠦᠯᠡᠰᠢ ᠶᠢᠨ ᠰᠢᠰᠲ᠋ᠧᠮ ᠤᠨ ᠭᠤᠤᠯ ᠪᠦᠷᠢᠯᠳᠦᠭᠦᠨ ᠪᠤᠳᠠᠰ ᠮᠦᠨ᠂ ᠬᠤᠤᠷ᠎ᠠ ᠨᠢ ᠲᠤᠩ ᠶᠡᠭᠡ᠂ ᠠᠮᠢᠰᠬᠤᠯ ᠢᠶᠠᠷ ᠲᠠᠮᠵᠢᠳᠠᠬ ᠲᠤᠯᠠ ᠠᠭᠤᠰᠬᠢᠨ ᠦᠮᠡᠨ ᠠᠮᠠᠷᠬᠠᠨ ᠡᠭᠦᠰᠭᠡᠳᠡᠭ᠃

       ᠲᠡᠤᠭᠡᠨ ᠲᠡᠭᠡᠷᠡᠬᠢ 10 ᠶᠡᠭᠡ ᠴᠦᠮ᠎ᠡ ᠶᠢᠨ ᠯᠠᠪᠠᠷᠠᠯᠳᠠ ᠶᠢᠨ ᠭᠡᠷᠡᠭ
       1. 1957 ᠤᠨ ᠤ 10 ᠰᠠᠷ᠎ᠠ ᠶᠢᠨ 10 ᠤ ᠡᠳᠦᠷ ᠤᠨ ᠠᠩᠭ᠍ᠯᠢ ᠶᠢᠨ ᠸᠧᠨᠳᠠᠷᠰᠭᠧᠯ ᠤᠨ ᠴᠦᠮ᠎ᠡ ᠶᠢᠨ ᠭᠠᠯ ᠤᠨ ᠠᠶᠤᠯ᠃ ᠴᠦᠮ᠎ᠡ ᠶᠢᠨ ᠤᠷᠪᠠᠯ ᠤᠨ ᠵᠤᠤᠬ᠎ᠠ ᠶᠢᠨ ᠪᠠᠯ ᠴᠢᠯᠠᠭᠤ ᠶᠢᠨ ᠵᠤᠤᠬ᠎ᠠ ᠶᠢᠨ ᠭᠤᠤᠯ ᠨᠢ ᠭᠡᠳᠦ ᠬᠠᠯᠠᠭᠤᠷᠠᠵᠤ᠂ ᠲᠤᠯᠠᠭᠠᠨ ᠤ ᠭᠡᠮᠵᠢᠭᠦᠷᠯᠢᠭ ᠨᠢ ᠲᠦᠭᠵᠢᠷᠡᠨ᠂ ᠪᠦᠭᠦ ᠰᠢᠰᠲ᠋ᠧᠮ ᠨᠢ ᠡᠵᠡᠮᠰᠢᠯ ᠢᠶᠠᠨ ᠠᠯᠳᠠᠵᠤ᠂ ᠲᠦᠯᠡᠰᠢ ᠨᠢ ᠰᠢᠳᠠᠵᠤ᠂ ᠪᠠᠯ ᠴᠢᠯᠠᠭᠤ ᠨᠢ ᠴᠤ ᠰᠢᠳᠠᠭᠠᠳ᠂ ᠤᠷᠪᠠᠯ ᠤᠨ ᠵᠤᠤᠬ᠎ᠠ ᠶᠢᠨ ᠭᠤᠤᠯ ᠨᠢ ᠭᠠᠯ ᠭᠠᠷᠴᠤ᠂ ᠦᠯᠡᠮᠵᠢᠭᠡᠨ ᠰᠠᠴᠤᠷᠠᠬ ᠪᠤᠳᠠᠰ ᠢ ᠭᠠᠳᠠᠬᠰᠢ ᠭᠠᠷᠭᠠᠪᠠ᠃ ᠵᠤᠯ ᠢᠶᠠᠷ 120 ᠮᠧᠲᠷ ᠦᠨᠳᠦᠷ ᠬᠤᠯᠠᠩ ᠢᠶᠠᠷ ᠭᠠᠳᠠᠬᠰᠢᠯᠠᠬᠰᠠᠨ ᠲᠤᠯᠠ ᠬᠦᠮᠦᠨ ᠤ ᠪᠡᠶ᠎ᠡ ᠳᠤ ᠴᠦᠭᠡᠨ ᠬᠦᠷᠦᠯᠴᠡᠵᠡᠢ᠃
       2. 1966 ᠤᠨ ᠤ 1 ᠰᠠᠷ᠎ᠠ ᠶᠢᠨ 15 ᠤ ᠡᠳᠦᠷ ᠤᠨ ᠢᠰᠫᠠᠨᠢ ᠶᠢᠨ ᠫᠠᠯᠦ᠋ᠮᠡᠯᠧᠰ ᠤᠨ ᠤᠰᠤᠳᠦ᠋ᠷᠦᠭᠴᠢ ᠪᠦᠮᠪᠦᠭᠡ ᠶᠢᠨ ᠭᠡᠷᠡᠭ᠃ ᠢᠰᠫᠠᠨᠢ ᠶᠢᠨ ᠲᠠᠯᠠᠢ ᠲᠠᠭᠤ ᠤᠷᠤᠨ ᠤ ᠠᠭᠠᠷ ᠲᠡᠭᠡᠷ᠎ᠡ ᠠᠮᠧᠷᠢᠺᠠ ᠶᠢᠨ B-52 ᠲᠡᠯᠪᠡᠴᠡᠭᠦ ᠨᠢᠰᠭᠡᠯ ᠪᠠ KC -135 ᠠᠭᠠᠷ ᠲᠡᠭᠡᠷ᠎ᠡ ᠲᠤᠰᠤ ᠨᠠᠮᠠᠭᠦ ᠨᠢᠰᠭᠡᠯ ᠲᠤᠰᠤ ᠨᠡᠮᠡᠭᠦ ᠪᠤᠯᠪᠠᠰᠤᠷᠠᠯ ᠤᠨ ᠲᠤᠮᠳᠠ 3100 ᠮᠧᠲᠷ ᠦᠨᠳᠦᠷ ᠲᠡᠭᠡᠷ᠎ᠡ ᠮᠦᠷᠭᠦᠯᠳᠦᠭᠡᠳ ᠲᠡᠯᠪᠡᠷᠡᠪᠡ᠃ ᠰᠢᠭᠦᠷ ᠤᠨ ᠲᠤᠤᠷ᠎ᠠ ᠵᠢᠯᠤᠭᠤᠳᠤᠬᠴᠢ ᠠᠴᠠ ᠭᠠᠳᠠᠨ᠎ᠠ ᠪᠠᠰᠠ ᠠᠶᠤᠮᠠᠷ ᠶᠡᠭᠡ ᠬᠦᠴᠦᠨ ᠲᠠᠢ 4 ᠤᠰᠤᠳᠦ᠋ᠷᠦᠭᠴᠢ ᠪᠦᠮᠪᠦᠭᠡ ᠪᠠᠶᠢᠪᠠ᠃ ᠬᠤᠶᠠᠷ ᠨᠢ ᠭᠠᠵᠠᠷ ᠤᠨᠠᠵᠤ ᠲᠡᠯᠪᠡᠷᠡᠭᠡᠳ ᠤᠢᠢᠷ᠎ᠠ ᠬᠠᠪᠢ ᠶᠢᠨ 2 ᠺᠢᠯᠤᠮᠧᠲᠷ ᠤᠨ ᠤᠷᠤᠨ ᠢ ᠬᠦᠨᠳᠦ ᠨᠤᠴᠢᠳᠠᠢ ᠰᠠᠴᠤᠷᠠᠬ ᠢᠶᠠᠷ ᠪᠤᠬᠢᠷᠳᠤᠭᠤᠯᠪᠠ᠃ ᠠᠮᠧᠷᠢᠺᠠ ᠶᠢᠨ ᠴᠡᠷᠢᠭ 3000 ᠬᠦᠮᠦᠨ ᠢ ᠬᠦᠳᠡᠯᠭᠡᠵᠦ᠂ ᠲᠠᠯᠠᠢ ᠶᠢᠨ ᠢᠷᠤᠭᠠᠷ ᠠᠴᠠ 3 ᠰᠠᠷ᠎ᠠ ᠡᠷᠢᠵᠦ ᠪᠠᠶᠢᠭᠠᠳ 4 ᠰᠠᠷ᠎ᠠ ᠶᠢᠨ 7 ᠤ ᠡᠳᠦᠷ ᠨᠢᠭᠡ ᠤᠰᠤᠳᠦ᠋ᠷᠦᠭᠴᠢ ᠪᠦᠮᠪᠦᠭᠡ ᠶᠢ ᠨᠢ ᠱᠦᠭᠦᠵᠦ ᠭᠠᠷᠭᠠᠪᠠ᠃
       3. 1968 ᠤᠨ ᠤ 1 ᠰᠠᠷ᠎ᠠ ᠶᠢᠨ 21 ᠤ ᠡᠳᠦᠷ ᠤᠨ ᠭᠷᠢᠨᠯᠠᠨᠳ᠋ ᠤᠨ ᠲᠦᠯᠧ ᠶᠢᠨ ᠠᠲ᠋ᠤᠮ ᠤᠨ ᠪᠦᠮᠪᠦᠭᠡ ᠶᠢᠨ ᠯᠠᠪᠠᠷᠠᠯᠳᠠ᠃ ᠲᠦᠯᠧ ᠶᠢᠨ ᠠᠭᠠᠷ ᠤᠨ ᠴᠡᠷᠢᠭ ᠤᠨ ᠰᠠᠭᠤᠷᠢᠨ ᠭᠠᠵᠠᠷ ᠲᠤ ᠠᠮᠧᠷᠢᠺᠠ ᠶᠢᠨ B-52 ᠲᠡᠯᠪᠡᠴᠡᠭᠦ ᠨᠢᠰᠭᠡᠯ ᠤᠨ ᠮᠠᠰᠢᠨ ᠤ ᠦᠷᠦᠭᠡᠨ ᠳᠤ ᠭᠠᠯ ᠭᠠᠷᠴᠤ᠂ ᠨᠢᠰᠭᠡᠯ ᠤᠨ ᠬᠦᠮᠦᠰ ᠨᠢ ᠨᠢᠰᠭᠡᠯ ᠢᠶᠠᠨ ᠤᠷᠬᠢᠵᠤ ᠠᠮᠢ ᠵᠢᠭᠤᠳᠠᠪᠠ᠃ ᠲᠡᠯᠪᠡᠴᠡᠭᠦ ᠨᠢᠰᠭᠡᠯ ᠨᠢ ᠤᠢᠢᠷ᠎ᠠ ᠬᠠᠪᠢ ᠶᠢᠨ ᠮᠦᠰᠦᠨ ᠲᠡᠭᠡᠷ᠎ᠡ ᠤᠨᠠᠵᠤ ᠰᠦᠢᠷᠡᠭᠡᠳ᠂ ᠨᠢᠰᠭᠡᠯ ᠲᠡᠭᠡᠷᠡᠬᠢ ᠠᠲ᠋ᠤᠮ ᠤᠨ ᠪᠦᠮᠪᠦᠭᠡ ᠨᠢ ᠬᠠᠭᠠᠷᠠᠵᠤ᠂ ᠶᠡᠭᠡ ᠭᠡᠪᠴᠢᠶᠡᠨ ᠤ ᠭᠠᠵᠠᠷ ᠲᠤ ᠰᠠᠴᠤᠷᠠᠬ ᠤᠨ ᠪᠤᠬᠢᠷᠳᠤᠯ ᠢ ᠪᠤᠢ ᠪᠤᠯᠭᠠᠪᠠ᠃
       4. 1970 ᠤᠨ ᠤ 12 ᠰᠠᠷ᠎ᠠ ᠶᠢᠨ 18 ᠤ ᠡᠳᠦᠷ ᠤᠨ ᠠᠮᠧᠷᠢᠺᠠ ᠶᠢᠨ ᠨᠸᠧᠨᠳᠡ ᠵᠸᠦ ᠶᠢᠨ ᠰᠯᠠᠨ ᠠᠭᠤᠯᠠ ᠶᠢᠨ ᠴᠦᠮ᠎ᠡ ᠶᠢᠨ ᠲᠡᠯᠪᠡᠷᠡᠯᠳᠡ ᠶᠢᠨ ᠭᠡᠷᠡᠭ᠃ ᠲᠤᠬᠠᠢ ᠶᠢᠨ ᠦᠶ᠎ᠡ ᠳᠤ ︽ᠪᠢᠨᠪᠠᠯᠠᠢ︾ ᠨᠠᠷᠠᠮᠵᠢᠳᠦ ᠲᠦᠮᠡᠨ ᠲᠤᠨ ᠤ ᠲᠠᠩᠴᠡᠯ ᠤᠨ ᠴᠦᠮ᠎ᠡ ᠶᠢᠨ ᠪᠦᠮᠪᠦᠭᠡ ᠲᠡᠯᠪᠡᠷᠡᠪᠡ᠃ ᠡᠨᠡ ᠴᠦᠮ᠎ᠡ ᠶᠢᠨ ᠪᠦᠮᠪᠦᠭᠡ ᠶᠢ 900 ᠠᠩᠭ᠍ᠯᠢ ᠲᠤᠬᠤᠢ ᠬᠦᠨ ᠪᠤᠰᠤᠭ᠎ᠠ ᠬᠤᠳᠳᠤᠬ ᠲᠤ ᠲᠤᠬᠢᠷᠠᠭᠤᠯᠵᠠᠢ᠃ ᠪᠢᠳᠡᠭᠦᠮᠵᠢᠯᠡᠯᠳᠡ ᠨᠢ ᠰᠤᠯᠠ ᠪᠤᠯᠤᠬᠰᠠᠨ ᠠᠴᠠ 300 ᠲᠦᠮᠡᠨ ᠺᠶᠤᠷᠢ ︵居里︶ ᠰᠠᠴᠤᠷᠠᠬ ᠪᠤᠳᠠᠰ ᠢ 8000 ᠠᠩᠭ᠍ᠯᠢ ᠲᠤᠬᠤᠢ ᠦᠨᠳᠦᠷ ᠠᠭᠠᠷ ᠮᠠᠨᠳᠠᠯ ᠳᠤ ᠰᠦᠷᠴᠢᠨ ᠭᠠᠷᠭᠠᠭᠠᠳ ᠰᠠᠴᠤᠷᠠᠬᠰᠠᠨ ᠬᠤᠬ ᠲᠤᠭᠤᠰᠤ ᠨᠢ ᠤᠮᠠᠷᠠᠳᠤ ᠳ᠋ᠡᠺᠦᠳᠡ ᠵᠸᠦ ᠬᠦᠷᠳᠡᠯ᠎ᠡ ᠰᠠᠷᠨᠢᠪᠠ᠃
       5. 1979 ᠤᠨ ᠤ 3 ᠰᠠᠷ᠎ᠠ ᠶᠢᠨ 28 ᠤ ᠡᠳᠦᠷ ᠤᠨ ᠠᠮᠧᠷᠢᠺᠠ ᠶᠢᠨ ᠰᠠᠯᠠᠢ ᠲᠤᠤ ᠠᠷᠠᠯ ᠤᠨ ᠴᠦᠮ᠎ᠡ ᠶᠢᠨ ᠴᠠᠬᠢᠯᠭᠠᠨ ᠦᠷᠳᠡᠭᠡ ᠶᠢᠨ ᠭᠡᠷᠡᠭ᠃ ᠲᠤᠰ ᠦᠷᠳᠡᠭᠡᠨ ᠤ 2 ᠳ᠋ᠤᠭᠠᠷ ᠤᠷᠪᠠᠯ ᠤᠨ ᠵᠤᠤᠬ᠎ᠠ ᠶᠢᠨ ᠤᠰᠤ ᠬᠠᠨᠭ᠍ᠭᠠᠬᠤ ᠭᠦᠭᠡᠷᠭᠡ ᠨᠢ ᠭᠡᠨᠡᠳᠳᠡ ᠵᠤᠬᠰᠤᠬᠰᠠᠨ ᠠᠴᠠ ᠵᠤᠤᠬ᠎ᠠ ᠶᠢᠨ ᠭᠤᠤᠯ ᠤᠨ ᠲᠦᠯᠡᠰᠢ ᠶᠢᠨ 47% ᠨᠢ ᠠᠭᠤᠰᠴᠤ ᠭᠠᠳᠠᠬᠰᠢ ᠯᠠᠪᠠᠷᠠᠪᠠ᠃ ᠡᠨᠡ ᠪᠤᠯ ᠠᠮᠧᠷᠢᠺᠠ ᠶᠢᠨ ᠲᠡᠤᠭᠡᠨ ᠳᠠᠬᠢ ᠬᠠᠮᠤᠬ ᠤᠨ ᠬᠦᠨᠳᠦ ᠨᠤᠴᠢᠳᠠᠢ ᠴᠦᠮ᠎ᠡ ᠶᠢᠨ ᠴᠠᠬᠢᠯᠭᠠᠨ ᠦᠷᠳᠡᠭᠡᠨ ᠤ ᠭᠡᠷᠡᠭ ᠪᠤᠯᠤᠨ᠎ᠠ᠃
       6. 1985 ᠤᠨ ᠤ 8 ᠰᠠᠷ᠎ᠠ ᠶᠢᠨ 10 ᠤ ᠡᠳᠦᠷ ᠤᠨ ᠵᠦᠪᠯᠡᠯᠳᠦ ᠶᠢᠨ K-431 ᠴᠦᠮ᠎ᠡ ᠶᠢᠨ ᠱᠤᠩᠭᠤᠯ ᠤᠡᠭᠭᠤᠴᠠ ᠶᠢᠨ ᠭᠡᠷᠡᠭ᠃ ᠲᠤᠰ ᠤᠡᠭᠭᠤᠴᠠ ᠸᠯᠠᠳᠢᠸᠤᠰᠲ᠋ᠤᠺ ᠭᠠᠷᠠᠮ ᠳᠤ ᠲᠤᠰᠤ ᠨᠠᠮᠡᠭᠦ ᠭᠡᠳ ᠬᠠᠷᠰᠢᠯᠠᠯ ᠢ ᠠᠷᠢᠯᠭᠠᠬᠤ ᠦᠶ᠎ᠡ ᠳᠡᠭᠡᠨ ᠪᠤᠷᠤᠭᠤ ᠠᠵᠢᠯᠯᠠᠬᠰᠠᠨ ᠠᠴᠠ ᠤᠷᠪᠠᠯ ᠤᠨ ᠵᠤᠤᠬ᠎ᠠ ᠨᠢ ᠲᠡᠯᠪᠡᠷᠡᠵᠦ 10 ᠭᠠᠷᠤᠢ ᠬᠦᠮᠦᠨ ᠦᠭᠦᠵᠦ᠂ 49 ᠬᠦᠮᠦᠨ ᠴᠦᠮ᠎ᠡ ᠶᠢᠨ ᠰᠠᠴᠤᠷᠠᠬ ᠲᠤ ᠰᠢᠷᠬᠠᠳᠤᠪᠠ᠃
       7. 1986 ᠤᠨ ᠤ 4 ᠰᠠᠷ᠎ᠠ ᠶᠢᠨ 28 ᠤ ᠡᠳᠦᠷ ᠤᠨ ᠵᠦᠪᠯᠡᠯᠳᠦ ᠶᠢᠨ ᠴᠧᠷᠨᠤᠪᠢᠯᠢ ᠶᠢᠨ ᠴᠦᠮ᠎ᠡ ᠶᠢᠨ ᠲᠡᠯᠪᠡᠷᠡᠯᠳᠡ ᠶᠢᠨ ᠭᠡᠷᠡᠭ᠃ ᠴᠦᠮ᠎ᠡ ᠶᠢᠨ ᠴᠠᠬᠢᠯᠭᠠᠨ ᠦᠷᠳᠡᠭᠡᠨ ᠤ 4 ᠳ᠋ᠤᠭᠡᠷ ᠤᠷᠪᠠᠯ ᠤᠨ ᠵᠤᠤᠬ᠎ᠠ ᠲᠡᠯᠪᠡᠷᠡᠵᠦ᠂ 8 ᠲᠤᠨ ᠬᠠᠯᠠᠭᠤᠨ ᠴᠢᠯᠠᠭᠤᠨ ᠪᠠᠯ ᠤᠨ ᠭᠡᠮᠭᠡᠷᠭᠡᠢ ᠪᠠ ᠴᠦᠮ᠎ᠡ ᠶᠢᠨ ᠲᠦᠯᠡᠰᠢ ᠪᠤᠷᠬᠢᠯᠤᠨ ᠭᠠᠷᠪᠠ᠃ ᠤᠢᠢᠷ᠎ᠠ ᠬᠠᠪᠢ ᠶᠢᠨ 30 ᠺᠢᠯᠤᠮᠧᠲᠷ ᠵᠠᠶᠢᠳᠠᠢ ᠭᠠᠵᠠᠷ ᠢ ᠴᠦᠮ ᠲᠤᠰᠭᠠᠷᠯᠠᠨ ᠵᠠᠶᠢᠳᠠᠭᠤᠯᠬᠤ ᠤᠷᠤᠨ ᠪᠤᠯᠭᠠᠵᠤ᠂ ᠲᠤᠰ ᠤᠷᠤᠨ ᠢ ᠬᠦᠮᠦᠰ ︽ᠦᠭᠦᠯ ᠤᠨ ᠤᠷᠤᠨ︾ ᠭᠡᠵᠡᠭᠡᠪᠡ᠃
       8. 1978 ᠤᠨ ᠤ 9 ᠰᠠᠷ᠎ᠠ ᠶᠢᠨ 13 ᠤ ᠡᠳᠦᠷ ᠤᠨ ᠪᠷᠠᠽᠢᠯ ᠤᠨ ᠭᠸᠡᠨᠢᠶ᠎ᠠ ᠶᠢᠨ ᠼᠧᠽᠢ -137 ᠶᠢᠨ ᠭᠡᠷᠡᠭ᠃ ᠬᠤᠪᠢ ᠬᠦᠮᠦᠨ ᠤ ᠰᠠᠴᠤᠷᠠᠬ ᠢᠶᠠᠷ ᠵᠠᠰᠠᠯ ᠬᠢᠭᠦ ᠶᠢ ᠰᠤᠳᠤᠯᠬᠤ ᠭᠠᠵᠠᠷ ᠨᠢ ᠨᠡᠭᠦᠭᠦ ᠳᠡᠭᠡᠨ ᠼᠧᠽᠢ -137 ᠶᠢᠨ ᠠᠯᠤᠰ ᠵᠠᠰᠠᠯᠳᠠ ᠶᠢᠨ ᠲᠤᠨᠤᠬᠯᠠᠯ ᠢᠶᠠᠨ ᠤᠬ ᠭᠠᠵᠠᠷ ᠲᠠᠭᠠᠨ ᠤᠷᠬᠢᠪᠠ᠃ ᠬᠤᠶᠠᠷ ᠴᠡᠪᠡᠷᠯᠡᠭᠴᠢ ᠲᠤᠨᠤᠬᠯᠠᠯ ᠢ ᠭᠡᠷ ᠲᠡᠭᠡᠨ ᠠᠪᠠᠴᠢᠵᠤ ᠵᠠᠳᠠᠯᠬᠤ ᠭᠡᠳ ᠬᠠᠶᠢᠷᠴᠠᠬ ᠨᠢ ᠬᠠᠭᠠᠷᠠᠵᠤ ᠰᠠᠴᠤᠷᠠᠬ ᠨᠢ ᠰᠠᠷᠨᠢᠪᠠ᠃ 14 ᠬᠦᠮᠦᠨ ᠰᠠᠴᠤᠷᠠᠬ ᠲᠤ ᠬᠤᠤᠷᠠᠳᠠᠵᠤ᠂ 4 ᠬᠦᠮᠦᠨ ᠨᠢ ᠤᠳᠠᠯ ᠦᠭᠡᠢ ᠦᠭᠦᠵᠦ᠂ ᠭᠡᠷ ᠪᠠᠶᠢᠰᠢᠩ ᠨᠢ ᠴᠦᠮ ᠡᠪᠳᠡᠭᠳᠡᠪᠡ᠃
       9. 1993 ᠤᠨ ᠤ 4 ᠰᠠᠷ᠎ᠠ ᠶᠢᠨ 6 ᠤ ᠡᠳᠦᠷ ᠤᠨ ᠤᠷᠤᠰ ᠤᠨ ᠲᠤᠮᠰᠺ ᠤᠨ -7 ᠶᠢᠨ ᠴᠦᠮ᠎ᠡ ᠶᠢᠨ ᠲᠡᠯᠪᠡᠷᠡᠯᠳᠡ ᠶᠢᠨ ᠭᠡᠷᠡᠭ᠃ ᠰᠢᠪᠧᠷᠢᠶ᠎ᠠ ᠶᠢᠨ ᠬᠢᠮᠢ ᠶᠢᠨ ᠠᠵᠤ ᠠᠬᠤᠢᠢᠯᠠᠯ ᠤᠨ ᠭᠡᠷᠡᠭ᠃ ᠰᠢᠪᠧᠷᠢᠶ᠎ᠠ ᠶᠢᠨ ᠬᠢᠮᠢ ᠶᠢᠨ ᠠᠵᠤ ᠠᠬᠤᠢᠢᠯᠠᠯ ᠤᠨ ᠺᠤᠮᠫᠠᠨᠢ ᠠᠽᠤᠲ ᠬᠦᠴᠢᠯ ᠢᠶᠠᠷ ᠰᠠᠪᠠ ᠪᠠᠭᠠᠵᠢ ᠶᠢ ᠤᠬᠢᠶᠠᠨ ᠴᠡᠪᠡᠷᠯᠡᠵᠦ ᠪᠠᠶᠢᠭᠠᠳ ᠲᠡᠯᠪᠡᠷᠡᠯᠳᠡ ᠭᠠᠷᠴᠤ ᠲᠤᠮᠰᠤᠺ -7 ᠶᠢᠨ ᠬᠤᠷᠢᠶᠠᠨ ᠠᠪᠴᠤ ᠰᠢᠢᠳᠪᠦᠷᠢᠯᠡᠭᠦ ᠲᠦᠭᠦᠭᠡᠷᠦᠮᠵᠢ ᠠᠴᠠ ᠰᠠᠴᠤᠷᠠᠬ ᠴᠢᠨᠠᠷᠳᠠᠢ ᠭᠡᠶᠢᠳᠦ ᠡᠭᠦᠯᠡ ᠮᠡᠨᠳᠦᠪᠠ᠃
       10. 1999 ᠤᠨ ᠤ 9 ᠰᠠᠷ᠎ᠠ ᠶᠢᠨ 30 ᠤ ᠡᠳᠦᠷ ᠤᠨ ᠶᠠᠫᠤᠨ ᠤ ᠵᠡᠭᠦᠨ ᠲᠠᠯᠠᠢ ᠲᠤᠰᠬᠤᠨ ᠤ ᠴᠦᠮ᠎ᠡ ᠶᠢᠨ ᠬᠢᠵᠠᠭᠠᠷ ᠤᠨ ᠭᠡᠷᠡᠭ᠃ ᠲᠤᠰᠬᠤᠨ ᠤ jco ᠺᠤᠮᠫᠠᠨᠢ ᠶᠢᠨ ᠨᠢᠭᠡ ᠰᠠᠭᠤᠷᠢ ᠦᠷᠡᠨ ᠰᠢᠯᠵᠢᠭᠦᠯᠭᠦ ᠦᠢᠯᠡᠳᠪᠦᠷᠢ ᠶᠢᠨ ᠠᠵᠢᠯᠴᠢᠨ ᠠᠵᠢᠯᠯᠠᠬᠤ ᠲᠦᠷᠢᠮ ᠠᠴᠠ ᠵᠦᠷᠢᠴᠡᠵᠦ᠂ ᠦᠳᠭᠡᠴᠡ ᠨᠢ 18.8% ᠶᠢᠨ ᠦᠷᠡᠨ ᠤ ᠠᠭᠤᠰᠤᠮᠠᠯ ︵16 ᠺᠢᠯᠦᠭᠷᠡᠮ ᠦᠷᠡᠨ ᠲᠠᠢ ᠲᠡᠩᠴᠡᠨ᠎ᠡ︶ ᠢ ᠰᠢᠭᠤᠳ ᠲᠤᠩᠭᠠᠬᠤ ᠤᠡᠭᠭᠤᠴᠠᠨ ᠳᠤ ᠴᠢᠳᠬᠤᠪᠠ᠃ ᠦᠷᠡᠨ ᠨᠢ ᠬᠢᠵᠠᠭᠠᠷ ᠮᠡᠰ ᠤᠨ 2.9 ᠲᠠᠬᠢᠨ ᠠᠴᠠ ᠲᠠᠪᠠᠭᠰᠠᠨ ᠲᠤᠯᠠ ᠲᠡᠷᠡ ᠲᠤᠤᠷ᠎ᠠ ᠨᠢ r ᠪᠠ ᠨᠧᠲᠷᠤᠨ ᠤ ᠰᠠᠴᠤᠷᠠᠬ ᠡᠭᠦᠰᠪᠡ᠃ ᠢᠡᠭᠬᠢᠭᠰᠡᠨ ᠠᠴᠠ 350 ᠮᠧᠲᠷ ᠤᠨ ᠤᠷᠴᠢᠨ ᠲᠤᠭᠤᠷᠢᠨ ᠤ ᠰᠠᠭᠤᠭᠠᠯᠢ ᠠᠷᠠᠳ ᠢ ᠴᠦᠮ ᠵᠠᠶᠢᠯᠠᠭᠤᠯᠵᠤ᠂ 10 ᠺᠢᠯᠤᠮᠧᠲᠷ ᠤᠢᠢᠷ᠎ᠠ ᠬᠠᠪᠢ ᠶᠢᠨ ᠬᠦᠮᠦᠰ ᠢ ᠭᠡᠷ ᠠᠴᠠ ᠪᠠᠨ ᠭᠠᠷᠬᠤ ᠶᠢ ᠨᠢ ᠬᠤᠷᠢᠬᠯᠠᠪᠠ᠃

       ᠲᠡᠯᠡᠭᠡᠢ ᠳᠠᠬᠢ ᠴᠦᠮ᠎ᠡ ᠶᠢᠨ ᠴᠠᠬᠢᠯᠭᠠᠨ ᠦᠷᠳᠡᠭᠡ ᠶᠢᠨ ᠲᠠᠷᠬᠠᠯᠳᠠ
       ᠤᠯᠠᠨ ᠤᠯᠤᠰ ᠤᠨ ᠴᠦᠮ᠎ᠡ ᠶᠢᠨ ᠡᠨᠧᠷᠬᠢ ᠶᠢᠨ ᠪᠠᠶᠢᠭᠤᠯᠤᠮᠵᠢ ᠶᠢᠨ 2011 ᠤᠨ ᠤ 1 ᠰᠠᠷ᠎ᠠ ᠳᠤ ᠨᠡᠶᠢᠳᠡᠯᠡᠭᠰᠡᠨ ᠬᠠᠮᠤᠬ ᠤᠨ ᠰᠢᠨ᠎ᠡ ᠲᠤᠭ᠎ᠠ ᠪᠦᠷᠢᠳᠭᠡᠯ ᠢ ᠦᠨᠳᠦᠰᠦᠯᠡᠪᠡᠯ᠂ ᠤᠳᠤ ᠲᠡᠯᠡᠭᠡᠢ ᠲᠡᠭᠡᠷ᠎ᠡ ᠠᠵᠢᠯᠯᠠᠵᠤ ᠪᠠᠶᠢᠭ᠎ᠠ ᠴᠦᠮ᠎ᠡ ᠶᠢᠨ ᠴᠠᠬᠢᠯᠭᠠᠨ ᠤ ᠮᠠᠰᠢᠨ ᠴᠤᠬᠴᠠᠯᠠᠪᠤᠷᠢ ᠨᠡᠶᠢᠳᠡ 442 ᠪᠤᠢ᠂ ᠴᠦᠮ᠎ᠡ ᠶᠢᠨ ᠴᠠᠬᠢᠯᠭᠠᠨ ᠤ ᠦᠷᠳᠡᠭᠡᠨ ᠤ ᠴᠠᠬᠢᠯᠭᠠᠨ ᠭᠠᠷᠭᠠᠬᠤ ᠭᠡᠮᠵᠢᠶ᠎ᠡ ᠨᠢ ᠴᠠᠬᠢᠯᠭᠠᠨ ᠤ ᠶᠡᠷᠦᠩᠭᠡᠢ ᠭᠡᠮᠵᠢᠶᠡᠨ ᠤ 16% ᠶᠢ ᠡᠵᠡᠯᠡᠨ᠎ᠡ᠂ ᠶᠠᠬ ᠪᠠᠶᠢᠭᠤᠯᠵᠤ ᠪᠠᠶᠢᠭ᠎ᠠ ᠴᠦᠮ᠎ᠡ ᠶᠢᠨ ᠴᠠᠬᠢᠯᠭᠠᠨ ᠤ ᠮᠠᠰᠢᠨ ᠴᠤᠬᠴᠠᠯᠠᠪᠤᠷᠢ 65 ᠪᠠᠶᠢᠨ᠎ᠠ᠃
       ᠴᠦᠮ᠎ᠡ ᠶᠢᠨ ᠴᠠᠬᠢᠯᠭᠠᠨ ᠤ ᠮᠠᠰᠢᠨ ᠴᠤᠬᠴᠠᠯᠠᠪᠤᠷᠢ ᠲᠠᠢ ᠤᠯᠤᠰ ᠢ ᠠᠷᠪᠢᠨ ᠠᠴᠠ ᠴᠦᠭᠡᠨ ᠲᠡᠰᠢ ᠵᠢᠬᠰᠠᠭᠠᠪᠠᠯ᠂ ᠠᠮᠧᠷᠢᠺᠠ 104᠂ ᠹᠷᠠᠨᠼᠢ 58᠂ ᠶᠠᠫᠤᠨ 54᠂ ᠤᠷᠤᠰ 32᠂ ᠺᠤᠷᠢᠶᠠ ᠤᠯᠤᠰ 21᠂ ᠡᠨᠡᠳᠭᠡᠭ 20᠂ ᠠᠩᠭ᠍ᠯᠢ 19᠂ ᠺᠠᠨᠠᠳᠠ 18᠂ ᠭᠧᠷᠮᠠᠨ 17᠂ ᠦᠺᠷᠡᠶᠢᠨ 15᠂ ᠲᠤᠮᠳᠠᠳᠤ ᠤᠯᠤᠰ 13᠃
       ᠤᠳᠤᠬᠠᠨ ᠳᠤ ᠪᠦᠭᠦ ᠲᠡᠯᠡᠭᠡᠢ ᠶᠢᠨ 60 ᠭᠠᠷᠤᠢ ᠤᠯᠤᠰ ᠴᠦᠮ᠎ᠡ ᠶᠢᠨ ᠡᠨᠧᠷᠬᠢ ᠪᠠᠷ ᠴᠠᠬᠢᠯᠭᠠᠨ ᠭᠠᠷᠭᠠᠬᠤ ᠶᠢ ᠪᠤᠳᠤᠯᠬᠢᠯᠠᠵᠤ ᠪᠠᠶᠢᠨ᠎ᠠ᠃ ᠤᠯᠠᠨ ᠤᠯᠤᠰ ᠤᠨ ᠴᠦᠮ᠎ᠡ ᠶᠢᠨ ᠡᠨᠧᠷᠬᠢ ᠶᠢᠨ ᠪᠠᠶᠢᠭᠤᠯᠤᠮᠵᠢ ᠶᠢᠨ ᠲᠦᠰᠦᠭᠡᠯᠡᠯ ᠢᠶᠠᠷ᠂ 2030 ᠤᠨ ᠪᠤᠯᠬᠤ ᠳᠤ ᠴᠦᠮ᠎ᠡ ᠶᠢᠨ ᠴᠠᠬᠢᠯᠭᠠᠨ ᠦᠷᠳᠡᠭᠡ ᠤᠳᠤᠬᠢ ᠰᠠᠭᠤᠷᠢᠨ ᠲᠡᠭᠡᠷ᠎ᠡ ᠪᠠᠨ ᠪᠠᠰᠠ 300 ᠨᠡᠮᠡᠭᠳᠡᠭᠦ ᠪᠤᠯᠤᠨ᠎ᠠ᠃

       ᠴᠦᠮ᠎ᠡ ᠶᠢᠨ ᠴᠠᠬᠢᠯᠭᠠᠨ ᠦᠷᠳᠡᠭᠡᠨ ᠤ ᠭᠦᠭᠵᠢᠯᠳᠡ ᠶᠢᠨ ᠶᠠᠪᠤᠴᠠ
       ᠪᠦᠭᠦ ᠲᠡᠯᠡᠭᠡᠢ ᠶᠢᠨ ᠴᠦᠮ᠎ᠡ ᠶᠢᠨ ᠴᠠᠬᠢᠯᠭᠠᠨ ᠤ ᠭᠦᠭᠵᠢᠯᠳᠡ ᠶᠢ 4 ᠱᠠᠳᠤ ᠬᠤᠪᠢᠶᠠᠵᠤ ᠪᠤᠯᠤᠨ᠎ᠠ᠄
       ᠲᠤᠷᠰᠢᠯᠳᠠ ᠬᠢᠵᠦ ᠵᠢᠱᠢᠶ᠎ᠡ ᠦᠵᠡᠭᠦᠯᠭᠦ ᠱᠠᠳᠤ ᠦᠶ᠎ᠡ᠄ ᠲᠡᠭᠡᠷ᠎ᠡ ᠵᠠᠭᠤᠨ ᠤ ᠲᠠᠪᠢᠭᠠᠳ ᠤᠨ ᠤ ᠲᠤᠮᠳᠠᠴᠢ ᠠᠴᠠ ᠵᠢᠷᠠᠭᠠᠳ ᠤᠨ ᠤ ᠡᠬᠢᠨ ᠬᠦᠷᠳᠡᠯ᠎ᠡ᠃ ᠡᠨᠡ ᠬᠤᠭᠤᠴᠠᠭᠠᠨ ᠳᠤ ᠲᠡᠯᠡᠭᠡᠢ ᠲᠡᠭᠡᠷ᠎ᠡ ᠨᠡᠶᠢᠳᠡ 38 ᠮᠠᠰᠢᠨ ᠴᠤᠬᠴᠠᠯᠠᠪᠤᠷᠢ ᠠᠵᠢᠯᠯᠠᠵᠤ ᠪᠠᠶᠢᠪᠠ᠃ ᠡᠷᠳᠡ ᠦᠶ᠎ᠡ ᠶᠢᠨ ᠤᠵᠤᠭᠤᠷ ᠮᠠᠶ᠋ᠢᠬ ᠤᠨ ᠤᠷᠪᠠᠯ ᠤᠨ ᠵᠤᠤᠬ᠎ᠠ᠂ ᠲᠠᠷᠤᠢ ︽ᠨᠢᠭᠡᠳᠦᠭᠡᠷ ᠦᠶ᠎ᠡ︾ ᠶᠢᠨ ᠴᠦᠮ᠎ᠡ ᠶᠢᠨ ᠴᠠᠬᠢᠯᠭᠠᠨ ᠦᠷᠳᠡᠭᠡ ᠪᠤᠯᠤᠨ᠎ᠠ᠃ 1954 ᠤᠨ ᠳᠤ ᠵᠦᠪᠯᠡᠯᠳᠦ ᠬᠤᠯᠪᠤᠭᠠᠳᠤ ᠤᠯᠤᠰ ᠤᠨ ᠠᠩᠬᠠᠳᠠᠬᠴᠢ ᠰᠠᠭᠤᠷᠢ ᠴᠦᠮ᠎ᠡ ᠶᠢᠨ ᠴᠠᠬᠢᠯᠭᠠᠨ ᠦᠷᠳᠡᠭᠡ ᠪᠠᠶᠢᠭᠤᠯᠤᠬᠳᠠᠪᠠ᠃
       ᠲᠡᠭᠡᠳᠦ ᠬᠤᠷᠳᠤᠴᠠ ᠪᠠᠷ ᠬᠦᠭᠵᠢᠭᠰᠡᠨ ᠱᠠᠳᠤ ᠦᠶ᠎ᠡ᠄ ᠲᠡᠭᠡᠷ᠎ᠡ ᠵᠠᠭᠤᠨ ᠤ ᠵᠢᠷᠠᠭᠠᠳ ᠤᠨ ᠤ ᠲᠤᠮᠳᠠᠴᠢ ᠠᠴᠠ ᠨᠠᠶᠠᠭᠠᠳ ᠤᠨ ᠤ ᠡᠬᠢᠨ ᠬᠦᠷᠳᠡᠯ᠎ᠡ᠃ ᠡᠨᠡ ᠬᠤᠭᠤᠴᠠᠭᠠ ᠳᠤ ᠲᠡᠯᠡᠭᠡᠢ ᠲᠡᠭᠡᠷ᠎ᠡ ᠨᠡᠶᠢᠳᠡ 242 ᠮᠠᠰᠢᠨ ᠴᠤᠬᠴᠠᠯᠠᠪᠤᠷᠢ ᠠᠵᠢᠯᠯᠠᠵᠤ ᠪᠠᠶᠢᠪᠠ᠂ ᠲᠡᠷᠤᠢ ︽ᠬᠤᠶᠠᠳᠤᠭᠠᠷ ᠦᠶ᠎ᠡ︾ ᠶᠢᠨ ᠴᠦᠮ᠎ᠡ ᠶᠢᠨ ᠴᠠᠬᠢᠯᠭᠠᠨ ᠦᠷᠳᠡᠭᠡ ᠪᠤᠯᠤᠨ᠎ᠠ᠃ ᠶᠡᠭᠡ ᠭᠦᠭᠵᠢᠯᠳᠡ ᠶᠢᠨ ᠦᠶ᠎ᠡ ᠳᠤ ᠲᠤᠮᠳᠠᠴᠢ ᠪᠠᠷ 17 ᠡᠳᠦᠷ ᠲᠤ ᠨᠢᠭᠡ ᠦᠷᠳᠡᠭᠡ ᠠᠰᠢᠬᠯᠠᠯᠳᠠ ᠳᠤ ᠤᠷᠤᠵᠤ ᠪᠠᠶᠢᠪᠠ᠃
       ᠬᠦᠭᠵᠢᠯ ᠤᠳᠠᠭᠠᠰᠢᠷᠠᠬᠰᠠᠨ ᠱᠠᠳᠤ ᠦᠶ᠎ᠡ᠄ ᠲᠡᠭᠡᠷ᠎ᠡ ᠵᠠᠭᠤᠨ ᠤ ᠨᠠᠶᠠᠭᠠᠳ ᠤᠨ ᠤ ᠡᠬᠢᠨ ᠠᠴᠠ ᠲᠤᠰ ᠵᠠᠭᠤᠨ ᠤ ᠡᠬᠢᠨ ᠬᠦᠷᠳᠡᠯ᠎ᠡ᠃ ᠤᠳᠠᠭ᠎ᠠ ᠲᠠᠷᠠᠭ᠎ᠠ ᠪᠠᠷ ᠴᠦᠮ᠎ᠡ ᠶᠢᠨ ᠲᠠᠯᠪᠡᠷᠡᠯᠳᠡ ᠡᠭᠦᠰᠦᠭᠰᠡᠨ ᠠᠴᠠ ᠪᠤᠯᠵᠤ ᠤᠯᠠᠨ ᠤᠯᠤᠰ ᠨᠢ ᠴᠦᠮ᠎ᠡ ᠶᠢᠨ ᠴᠠᠬᠢᠯᠭᠠᠨ ᠤ ᠠᠮᠤᠷ ᠲᠦᠪᠰᠢᠨ ᠢ ᠪᠤᠳᠤᠯᠬᠢᠯᠠᠬᠤ ᠪᠤᠯᠪᠠ᠃ 1990 ᠤᠨ ᠠᠴᠠ 2004 ᠤᠨ ᠬᠦᠷᠳᠡᠯ᠎ᠡ ᠪᠦᠭᠦ ᠲᠡᠯᠡᠭᠡᠢ ᠶᠢᠨ ᠴᠦᠮ᠎ᠡ ᠶᠢᠨ ᠴᠠᠬᠢᠯᠭᠠᠨ ᠤ ᠶᠡᠷᠦᠩᠭᠡᠢ ᠦᠰᠦᠯᠳᠡ ᠨᠢ 17% ᠪᠠᠶᠢᠬᠰᠠᠨ ᠠᠴᠠ ᠪᠠᠨ 4% ᠪᠤᠯᠵᠤ ᠪᠠᠭᠤᠷᠠᠪᠠ᠃
       ᠰᠡᠷᠭᠦᠨ ᠡᠬᠢᠯᠡᠭᠰᠡᠨ ᠱᠠᠳᠤ ᠦᠶ᠎ᠡ᠄ 21 ᠳ᠋ᠤᠭᠡᠷ ᠵᠠᠭᠤᠨ ᠪᠤᠯᠤᠮᠠᠬᠴᠠ ᠡᠨᠧᠷᠬᠢ ᠶᠢᠨ ᠬᠢᠮᠦᠷᠡᠯ ᠠᠴᠠ ᠪᠤᠯᠵᠤ ᠴᠦᠮ᠎ᠡ ᠶᠢᠨ ᠴᠠᠬᠢᠯᠭᠠᠨ ᠢ ᠬᠦᠮᠦᠰ ᠤᠯᠠᠮ ᠢᠶᠠᠷ ᠴᠢᠬᠤᠯᠠᠴᠢᠯᠠᠬᠤ ᠪᠤᠯᠪᠠ᠃ ᠤᠯᠠᠨ ᠵᠢᠯ ᠤᠨ ᠮᠡᠷᠭᠡᠵᠢᠯ ᠤᠨ ᠲᠡᠪᠰᠢᠯᠳᠠ ᠪᠠᠷ ᠲᠠᠮᠵᠢᠨ ᠴᠦᠮ᠎ᠡ ᠶᠢᠨ ᠴᠠᠬᠢᠯᠭᠠᠨ ᠴᠤ ᠨᠡᠯᠢᠶᠡᠳ ᠠᠮᠤᠷ ᠲᠦᠪᠰᠢᠨ ᠪᠤᠯᠵᠤ᠂ ᠠᠮᠧᠷᠢᠺᠠ᠂ ᠡᠸᠦ᠋ᠷᠦᠫᠡ᠂ ᠶᠠᠫᠤᠨ ᠵᠡᠷᠭᠡ ᠤᠯᠤᠰ ᠬᠦᠡᠭᠭᠡᠨ ᠤᠰᠤᠳᠤ ᠴᠦᠮ᠎ᠡ ᠶᠢᠨ ᠴᠠᠬᠢᠯᠭᠠᠨ ᠢ ᠨᠡᠭᠡᠭᠡᠨ ᠬᠦᠭᠵᠢᠭᠦᠯᠪᠡ᠃ ᠡᠭᠦᠨ ᠢ ︽ᠭᠤᠷᠪᠠᠳᠤᠭᠠᠷ ᠦᠶ᠎ᠡ︾ ᠶᠢᠨ ᠴᠦᠮ᠎ᠡ ᠶᠢᠨ ᠴᠠᠬᠢᠯᠭᠠᠨ ᠭᠡᠳᠡᠭ᠃

       ᠮᠠᠨ ᠤ ᠤᠯᠤᠰ ᠤᠨ ᠴᠦᠮ᠎ᠡ ᠶᠢᠨ ᠴᠠᠬᠢᠯᠭᠠᠨ ᠤ ᠲᠦᠢᠮᠤ
       ᠴᠦᠮ᠎ᠡ ᠶᠢᠨ ᠴᠠᠬᠢᠯᠭᠠᠨ ᠦᠷᠳᠡᠭᠡ ᠪᠤᠯ ᠴᠦᠮ᠎ᠡ ᠶᠢᠨ ᠡᠨᠧᠷᠬᠢ ︵ᠴᠦᠮ᠎ᠡ ᠶᠢᠨ ᠬᠤᠪᠢᠷᠠᠯᠳᠠ ᠠᠴᠠ ᠡᠭᠦᠰᠦᠭᠰᠡᠨ ᠡᠨᠧᠷᠬᠢ︶ ᠶᠢ ᠠᠰᠢᠬᠯᠠᠨ ᠴᠠᠬᠢᠯᠭᠠᠨ ᠭᠠᠷᠭᠠᠳᠠᠬ᠂ ᠲᠡᠭᠦᠨ ᠤ ᠭᠤᠤᠯ ᠲᠤᠨᠤᠬ ᠲᠦᠭᠦᠭᠡᠷᠦᠮᠵᠢ ᠪᠤᠯ ᠤᠷᠪᠠᠯ ᠤᠨ ᠵᠤᠤᠬ᠎ᠠ ᠪᠤᠯᠤᠨ᠎ᠠ᠃ ᠵᠤᠤᠬ᠎ᠠ ᠶᠢᠨ ᠬᠦᠷᠦᠭᠡᠭᠴᠢ ᠡᠳ᠋ ᠨᠢ ᠬᠠᠭᠠᠷᠠᠯᠳᠠ ᠶᠢᠨ ᠡᠨᠧᠷᠬᠢ ︵ᠢᠯᠴᠢ ᠶᠢᠨ ᠡᠨᠧᠷᠬᠢ︶ ᠶᠢ ᠠᠪᠴᠤ ᠭᠠᠷᠭᠠᠨ᠂ ᠮᠤᠨᠳᠠᠬ ᠶᠡᠭᠡ ᠠᠭᠤᠷ ᠡᠭᠦᠰᠭᠡᠭᠦᠷ ᠲᠤ ᠢᠯᠴᠢ ᠶᠢᠨ ᠡᠨᠧᠷᠬᠢ ᠶᠢ ᠤᠰᠤᠨ ᠳᠤ ᠬᠠᠨᠭ᠍ᠭᠠᠪᠠᠯ ᠲᠤᠩ ᠦᠨᠳᠦᠷ ᠬᠠᠯᠠᠭᠤᠨ ᠠᠭᠤᠷ ᠢ ᠪᠤᠢ ᠪᠤᠯᠭᠠᠨ᠎ᠠ᠃ ᠡᠨᠡ ᠬᠦ ᠢᠯᠴᠢ ᠨᠢ ᠲᠠᠬᠢᠭᠠᠳ ᠤᠷᠪᠠᠯ ᠤᠨ ᠵᠤᠤᠬ᠎ᠠ ᠳᠠᠭᠠᠨ ᠪᠤᠴᠠᠳᠠᠬ᠃ ᠡᠭᠦᠨ ᠢ ᠨᠢᠭᠡᠳᠦᠭᠡᠷ ᠪᠤᠴᠠᠯᠳᠠ ᠶᠢᠨ ᠰᠢᠰᠲ᠋ᠧᠮ᠂ ᠪᠠᠰᠠ ᠴᠦᠮ᠎ᠡ ᠶᠢᠨ ᠠᠭᠤᠷ ᠬᠠᠨᠭ᠍ᠭᠠᠬᠤ ᠰᠢᠰᠲ᠋ᠧᠮ ᠴᠤ ᠭᠡᠳᠡᠭ᠃ ᠠᠭᠤᠷ ᠡᠭᠦᠰᠭᠡᠭᠦᠷ ᠤᠨ ᠪᠤᠢ ᠪᠤᠯᠭᠠᠬᠰᠠᠨ ᠦᠨᠳᠦᠷ ᠬᠠᠯᠠᠭᠤᠨ ᠲᠠᠷᠤᠯᠳᠠᠳᠤ ᠠᠭᠤᠷ ᠨᠢ ᠠᠭᠤᠷ ᠤᠨ ᠮᠠᠰᠢᠨ ᠢ ᠬᠦᠳᠡᠯᠭᠡᠵᠦ ᠴᠠᠬᠢᠯᠭᠠᠨ ᠭᠠᠷᠭᠠᠳᠠᠬ᠂ ᠡᠭᠦᠨ ᠢ ᠬᠤᠶᠠᠳᠤᠭᠠᠷ ᠪᠤᠴᠠᠯᠳᠠ ᠶᠢᠨ ᠰᠢᠰᠲ᠋ᠧᠮ᠂ ᠪᠠᠰᠠ ᠴᠠᠬᠢᠯᠭᠠᠨ ᠭᠠᠷᠭᠠᠬᠤ ᠮᠠᠰᠢᠨ ᠤ ᠰᠢᠰᠲ᠋ᠧᠮ ᠴᠤ ᠭᠡᠳᠡᠭ᠃
       ᠮᠠᠨ ᠤ ᠤᠯᠤᠰ ᠤᠨ ᠠᠩᠬᠠᠳᠠᠬᠴᠢ ᠴᠦᠮ᠎ᠡ ᠶᠢᠨ ᠴᠠᠬᠢᠯᠭᠠᠨ ᠦᠷᠳᠡᠭᠡ ᠪᠤᠯ ᠵᠧᠵᠢᠶᠠᠩ ᠮᠤᠵᠢ ᠳᠠᠬᠢ ᠴᠢᠨᠱᠠᠨ ᠴᠦᠮ᠎ᠡ ᠶᠢᠨ ᠴᠠᠬᠢᠯᠭᠠᠨ ᠦᠷᠳᠡᠭᠡ ᠪᠤᠯᠤᠨ᠎ᠠ᠃ ᠲᠤᠰ ᠦᠷᠳᠡᠭᠡ ᠶᠢ 1985 ᠤᠨ ᠤ 3 ᠰᠠᠷ᠎ᠠ ᠳᠤ ᠡᠬᠢᠯᠡᠨ ᠪᠠᠶᠢᠭᠤᠯᠤᠭᠠᠳ 1991 ᠤᠨ ᠤ 6 ᠰᠠᠷ᠎ᠠ ᠳᠤ ᠴᠠᠬᠢᠯᠭᠠᠨ ᠭᠠᠷᠭᠠᠵᠤ ᠡᠬᠢᠯᠡᠪᠡ᠃ ᠨᠢᠭᠡᠳᠦᠭᠡᠷ ᠬᠤᠭᠤᠴᠠᠭᠠᠨ ᠤ ᠪᠠᠷᠢᠯᠭ᠎ᠠ ᠶᠢᠨ ᠴᠠᠬᠢᠯᠭᠠᠨ ᠭᠠᠷᠭᠠᠬᠤ ᠴᠢᠳᠠᠪᠤᠷᠢ ᠨᠢ 30 ᠲᠦᠮᠡᠨ ᠺᠢᠯᠤᠸᠠᠲ ᠪᠠᠶᠢᠳᠠᠬ᠃ ᠢᠡᠭᠬᠢᠭᠰᠡᠨ ᠠᠴᠠ ᠮᠠᠨ ᠤ ᠤᠯᠤᠰ ᠤᠨ ᠡᠭᠡ ᠬᠠᠭᠤᠷᠠᠢ ᠳᠤ ᠴᠦᠮ᠎ᠡ ᠶᠢᠨ ᠴᠠᠬᠢᠯᠭᠠᠨ ᠦᠭᠡᠢ ᠲᠡᠤᠭᠡ ᠶᠢ ᠡᠴᠦᠰᠯᠡᠭᠦᠯᠪᠡ᠃
       ᠤᠳᠤ ᠮᠠᠨ ᠤ ᠤᠯᠤᠰ ᠲᠤ ᠵᠧᠵᠢᠶᠠᠩ ᠤᠨ ᠴᠢᠨᠱᠠᠨ ᠴᠦᠮ᠎ᠡ ᠶᠢᠨ ᠴᠠᠬᠢᠯᠭᠠᠨ ᠦᠷᠳᠡᠭᠡ᠂ ᠭᠤᠸᠠᠩᠳᠦ᠋ᠩ ᠤᠨ ᠳ᠋ᠠ ᠶᠠ ᠸᠠᠨ ᠪᠠ ᠯᠢᠩ ᠤ᠊ ᠤ ᠴᠦᠮ᠎ᠡ ᠶᠢᠨ ᠴᠠᠬᠢᠯᠭᠠᠨ ᠦᠷᠳᠡᠭᠡ ᠵᠢᠴᠢ ᠵᠢᠶᠠᠩᠰᠦ ᠶᠢᠨ ᠲᠢᠶᠠᠨ ᠸᠠᠨ ᠵᠡᠷᠭᠡ ᠴᠦᠮ᠎ᠡ ᠶᠢᠨ ᠴᠠᠬᠢᠯᠭᠠᠨ ᠦᠷᠳᠡᠭᠡ ᠳᠤ ᠨᠡᠶᠢᠳᠡ 13 ᠮᠠᠰᠢᠨ ᠴᠤᠬᠴᠠᠯᠠᠪᠤᠷᠢ ᠡᠭᠡᠯᠵᠢᠯᠡᠨ ᠠᠵᠢᠯᠯᠠᠵᠤ ᠪᠠᠶᠢᠨ᠎ᠠ᠃
       ᠴᠦᠮ᠎ᠡ ᠶᠢᠨ ᠡᠨᠧᠷᠬᠢ ᠶᠢ ᠬᠦᠮᠦᠰ ᠬᠠᠮᠤᠬ ᠤᠨ ᠠᠶᠤᠯᠭᠦᠢ ᠪᠦᠭᠡᠳ ᠴᠡᠪᠡᠷ ᠡᠨᠧᠷᠬᠢ ᠶᠢᠨ ᠡᠬᠢ ᠰᠤᠷᠪᠤᠯᠵᠢ ᠪᠠᠷ ᠦᠵᠡᠵᠦ ᠪᠠᠶᠢᠪᠠ᠃ ᠤᠳᠤ ᠶᠠᠫᠤᠨ ᠤ ᠴᠦᠮ᠎ᠡ ᠶᠢᠨ ᠭᠡᠷᠡᠭ ᠭᠠᠷᠤᠬᠰᠠᠨ ᠠᠴᠠ ᠬᠤᠶᠢᠰᠢ ᠲᠡᠯᠡᠭᠡᠢ ᠲᠠᠶᠠᠭᠠᠷ ᠡᠭᠦᠨ ᠢ ᠰᠠᠨᠠᠭᠠᠰᠢᠷᠠᠬᠤ ᠪᠤᠯᠪᠠ᠃ ᠮᠠᠨ ᠤ ᠤᠯᠤᠰ ᠤᠨ ᠪᠤᠢ ᠪᠦᠭᠦᠢ ᠴᠦᠮ᠎ᠡ ᠶᠢᠨ ᠴᠠᠬᠢᠯᠭᠠᠨ ᠤ ᠲᠦᠯᠦᠪᠯᠡᠭᠡ ᠶᠢ ᠰᠠᠶᠢᠳᠤᠷ ᠬᠢᠨᠠᠵᠤ᠂ ᠤᠳᠤ ᠪᠠᠷ ᠠᠵᠢᠯᠯᠠᠵᠤ ᠪᠠᠶᠢᠭ᠎ᠠ᠂ ᠪᠠᠶᠢᠭᠤᠯᠵᠤ ᠪᠠᠶᠢᠭ᠎ᠠ ᠪᠠ ᠪᠠᠶᠢᠭᠤᠯᠬᠤ ᠪᠠᠷ ᠪᠡᠯᠡᠳᠭᠡᠵᠦ ᠪᠠᠶᠢᠭ᠎ᠠ ᠪᠤᠢ ᠪᠦᠭᠦᠢ ᠴᠦᠮ᠎ᠡ ᠶᠢᠨ ᠴᠠᠬᠢᠯᠭᠠᠨ ᠤ ᠦᠷᠳᠡᠭᠡ ᠳᠤ ᠨᠢᠭᠡ ᠤᠳᠠᠭ᠎ᠠ ᠶᠢᠨ ᠲᠦᠢᠯᠪᠤᠷᠢᠳᠠᠢ ᠠᠶᠤᠯᠭᠦᠢ ᠶᠢᠨ ᠪᠠᠶᠢᠴᠠᠭᠠᠯᠳᠠ ᠬᠢᠵᠦ ᠪᠠᠶᠢᠨ᠎ᠠ᠃ ᠤᠳᠤ ᠮᠠᠨ ᠤ ᠤᠯᠤᠰ ᠲᠤ ᠠᠵᠢᠯᠯᠠᠵᠤ ᠪᠠᠶᠢᠭ᠎ᠠ ᠴᠦᠮ᠎ᠡ ᠶᠢᠨ ᠴᠠᠬᠢᠯᠭᠠᠨ ᠤ ᠮᠠᠰᠢᠨ ᠴᠤᠬᠴᠠᠯᠠᠪᠤᠷᠢ 13᠂ ᠪᠠᠶᠢᠭᠤᠯᠵᠤ ᠪᠠᠶᠢᠭ᠎ᠠ ᠨᠢ 30᠂ ᠪᠠᠶᠢᠭᠤᠯᠬᠤ ᠪᠠᠷ ᠪᠠᠶᠢᠭ᠎ᠠ ᠨᠢ 90 ᠪᠤᠢ᠃ ᠪᠠᠶᠢᠴᠠᠭᠠᠯᠳᠠ ᠪᠠᠷ ᠲᠠᠮᠵᠢᠵᠤ ᠠᠵᠢᠯᠯᠠᠵᠤ ᠪᠦᠭᠦᠢ ᠮᠠᠰᠢᠨ ᠴᠤᠬᠴᠠᠯᠠᠪᠤᠷᠢ ᠶᠢᠨ ᠠᠶᠤᠯᠭᠦᠢ ᠬᠠᠮᠢᠶᠠᠷᠤᠯᠳᠠ ᠶᠢ ᠴᠢᠩᠭᠠᠳᠬᠠᠵᠤ᠂ ᠪᠠᠶᠢᠭᠤᠯᠵᠤ ᠪᠦᠭᠦᠢ ᠨᠢ ᠠᠶᠤᠯᠭᠦᠢ ᠶᠢᠨ ᠪᠡᠷᠢᠮᠵᠢᠶ᠎ᠠ ᠳᠤ ᠬᠦᠷᠭᠦ ᠦᠭᠡᠢ ᠪᠤᠯ ᠪᠠᠶᠢᠭᠤᠯᠬᠤ ᠶᠢ ᠵᠤᠬᠰᠤᠭᠠᠨ᠎ᠠ᠂ ᠰᠢᠨ᠎ᠡ ᠪᠠᠷ ᠪᠠᠶᠢᠭᠤᠯᠬᠤ ᠲᠦᠷᠦᠯ ᠵᠦᠢᠯ ᠳᠤ ᠴᠢᠩᠭ᠎ᠠ ᠬᠢᠨᠠᠯᠳᠠ ᠬᠢᠵᠦ᠂ ᠠᠶᠤᠯᠭᠦᠢ ᠶᠢ ᠪᠠᠳᠤᠯᠠᠵᠤ ᠴᠢᠳᠠᠬᠤ ᠦᠭᠡᠢ ᠪᠤᠯ ᠪᠠᠶᠢᠭᠤᠯᠬᠤ ᠶᠢ ᠦᠯᠦ ᠵᠦᠪᠰᠢᠶᠡᠷᠡᠭᠦ ᠪᠠᠷ ᠲᠤᠬᠳᠠᠪᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ