|
ᠶᠡᠭᠡ ᠴᠠᠰᠤᠨ ᠤ ᠳᠠᠷᠠᠭ᠎ᠠ ᠳᠠᠭᠢᠶ᠎ᠠ ᠶᠢᠨ ᠡᠭᠦᠷ ᠢ ᠶᠠᠭᠠᠬᠢᠵᠦ ᠳᠤᠯᠠᠭᠠᠯᠠᠬᠤ ᠪᠤᠢ |
|
|
ᠨᠡᠶᠢᠲᠡᠯᠡᠭᠰᠡᠨ ᠴᠠᠭ᠄
2018/12/6
|
|
ᠶᠡᠭᠡ ᠴᠠᠰᠤ ᠤᠷᠤᠭᠰᠠᠠ ᠤ ᠳᠠᠷᠠᠭ᠎ᠠ ᠳᠠᠭᠢᠶ᠎ᠠ ᠨᠢ ᠳᠤᠩ ᠠᠮᠠᠷᠬᠠᠨ ᠳᠠᠭᠠᠷᠠᠵᠤ᠂ ᠭᠦᠢᠳᠡᠡ ᠤ ᠰᠡᠷᠡᠯᠵᠢᠯ ᠠᠴᠠ ᠳᠠᠭᠢᠶᠠᠨ ᠤ ᠦᠨᠳᠡᠭᠡᠯᠡᠯᠲᠡ ᠳᠤᠷᠤᠭᠰᠢᠯᠠᠵᠤ᠂ ᠪᠤᠷᠳᠤᠭᠠᠨ ᠤ ᠬᠤᠪᠢᠷᠠᠭᠠᠯᠲᠠ ᠪᠠᠭᠤᠷᠠᠭᠠᠳ᠂ ᠴᠢᠨᠠᠭᠰᠢᠯᠠᠪᠠᠯ ᠠᠮᠢᠰᠬᠤᠯ ᠤᠨ ᠰᠢᠰᠲ᠋ᠧᠮ ᠤᠨ ᠭᠡᠮ ᠭᠢᠵᠢᠭ ᠲᠤ ᠨᠡᠷᠪᠡᠭᠳᠡᠬᠦ ᠪᠤᠯᠤᠨ᠎ᠠ᠃ ᠭᠡᠷᠪᠡ ᠡᠭᠦᠷ ᠤᠨ ᠳᠤᠯᠠᠭᠠᠨ ᠨᠢ ᠬᠡᠲᠦᠷᠭᠡᠢ ᠳᠤᠤᠷ᠎ᠠ ᠪᠤᠯ ᠳᠠᠭᠢᠶᠠᠨ ᠤ ᠰᠡᠴᠢᠭ᠂ ᠮᠤᠯᠴᠤᠭ᠂ ᠳᠠᠭᠢᠶᠠᠨ ᠤ ᠭᠦᠯ ᠨᠢ ᠭᠦᠯᠳᠡᠵᠦ ᠰᠢᠷᠬᠠᠳᠤᠬᠤ ᠪᠤᠯᠤᠨ᠎ᠠ᠃ ᠡᠶᠢᠮᠦ ᠠᠴᠠ᠂ ᠳᠠᠭᠢᠶᠠᠨ ᠤ ᠡᠭᠦᠷ ᠤᠨ ᠭᠦᠢᠳᠡᠡ ᠠᠴᠠ ᠰᠡᠷᠭᠡᠶᠢᠯᠡᠵᠦ ᠳᠤᠯᠠᠭᠠᠯᠠᠬᠤ ᠠᠵᠢᠯ ᠢ ᠰᠠᠶᠢᠳᠤᠷ ᠭᠢᠭᠦ ᠪᠤᠯ ᠡᠪᠦᠯ ᠬᠠᠪᠤᠷ ᠤᠨ ᠲᠠᠬᠢᠶ᠎ᠠ ᠲᠡᠵᠢᠭᠡᠬᠦ ᠠᠵᠢᠯ ᠤᠨ ᠳᠡᠷᠢᠭᠦᠨ ᠴᠢᠬᠤᠯᠨ ᠠᠵᠢᠯ ᠪᠤᠯᠬᠤ ᠲᠤᠯᠨ ᠳᠠᠭᠢᠶᠠᠨ ᠤ ᠡᠭᠦᠷ ᠤᠨ ᠭᠦᠢᠳᠡᠡ ᠠᠴᠠ ᠰᠡᠷᠭᠡᠶᠢᠯᠡᠵᠦ ᠳᠤᠯᠠᠭᠠᠯᠠᠬᠤ ᠶᠢ ᠰᠠᠶᠢᠳᠤᠷ ᠬᠢᠬᠦ ᠬᠡᠷᠡᠭᠲᠠᠢ᠃ ᠭᠡᠷᠪᠡ ᠳᠠᠭᠢᠶᠠᠨ ᠤ ᠡᠭᠦᠷ ᠤᠨ ᠤᠷᠤᠢ ᠪᠤᠯᠤᠨ ᠠᠷᠤ ᠭᠡᠷᠡᠮ ᠳᠡᠭᠡᠷ᠎ᠡ ᠴᠠᠩᠳᠠᠭᠰᠠᠠ ᠪᠠᠶᠢᠳᠠᠯ ᠭᠠᠷᠪᠠᠯ ᠳᠤᠯᠠᠭᠠᠯᠠᠬᠤ ᠤᠷᠤᠢ ᠨᠡᠮᠡᠵᠦ ᠲᠠᠭᠠᠷᠠᠭᠤᠯᠤᠨ᠂ ᠰᠦᠯᠢᠶᠤᠤ ᠪᠦᠰ ᠪᠤᠶᠤ ᠳᠤᠰᠤᠨ ᠢᠰᠡᠭᠡᠶᠢᠨᠴᠢᠷ ᠢᠶᠠᠷ ᠳᠤᠯᠠᠭᠠᠨ ᠤ ᠳᠠᠰᠤᠯᠤᠪᠴᠢ ᠭᠢᠵᠦ᠂ ᠠᠷᠤ ᠶᠢᠨ ᠴᠤᠩᠬᠤ ᠶᠢ ᠴᠢᠩᠭ᠎ᠠ ᠪᠦᠭᠯᠡᠨ᠎ᠡ᠃ ᠪᠠᠰᠠ ᠰᠠᠯᠭᠢᠨ ᠬᠠᠯᠬᠠᠯᠠᠪᠴᠢ ᠲᠠᠭᠠᠷᠠᠭᠤᠯᠵᠦ ᠭᠦᠢᠳᠡᠡ ᠰᠠᠯᠬᠢᠨ ᠠᠴᠠ ᠰᠡᠷᠭᠡᠶᠢᠯᠡᠵᠦ ᠪᠤᠯᠤᠨ᠎ᠠ᠃ ᠳᠠᠭᠢᠶᠠᠨ ᠤ ᠡᠭᠦᠷ ᠤᠨ ᠬᠠᠮᠤᠭ ᠤᠨ ᠳᠤᠭᠢᠷᠠᠮᠵᠢᠳᠠᠢ ᠦᠨᠳᠡᠭᠡᠯᠡᠭᠦ ᠳᠤᠯᠠᠭᠠᠨ ᠨᠢ 18~23℃ ᠪᠠᠶᠢᠵᠦ᠂ ᠬᠠᠮᠤᠭ ᠤᠨ ᠬᠠᠨᠤᠮᠵᠢᠲᠠᠢ ᠳᠤᠯᠠᠭᠠᠨ ᠨᠢ 21℃ ᠪᠤᠯᠬᠤ ᠶᠤᠮ᠃ ᠭᠡᠷᠪᠡ 13℃ ᠠᠴᠠ ᠳᠤᠤᠷ᠎ᠠ ᠪᠤᠯᠪᠠᠯ ᠳᠠᠭᠢᠶ᠎ᠠ ᠶᠢᠨ ᠦᠨᠳᠡᠭᠡᠯᠡᠯᠲᠡ ᠳᠠᠷᠤᠢ ᠳᠤᠷᠤᠭᠰᠢᠯᠠᠬᠤ ᠪᠤᠯᠤᠨ᠎ᠠ︔ 12℃ ᠠᠴᠠ ᠳᠤᠤᠷ᠎ᠠ ᠪᠤᠯ ᠢᠳᠡᠰᠢᠨ ᠳᠠᠭᠢᠶ᠎ᠠ ᠶᠢᠨ ᠦᠰᠦᠨ ᠪᠤᠶᠢᠵᠢᠯᠳᠠ ᠶᠢ ᠭᠦᠨᠳᠦ ᠨᠤᠴᠢᠳᠠᠢ ᠬᠠᠷᠰᠢᠯᠠᠨ᠎ᠠ᠃ ᠳᠤᠯᠠᠭᠠᠨ ᠳᠤᠤᠷ᠎ᠠ ᠦᠶᠡᠰ ᠰᠠᠯᠭᠢᠨ ᠰᠠᠩᠰᠠ ᠶᠢᠨ ᠡᠷᠭᠢᠯᠳᠡ ᠶᠢ ᠤᠳᠠᠭᠠᠰᠢᠷᠠᠭᠤᠯᠵᠤ᠂ ᠠᠭᠠᠷ ᠤᠨ ᠡᠷᠭᠢᠯᠳᠡ ᠶᠢ ᠪᠠᠭᠠᠰᠬᠠᠨ᠎ᠠ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|