ᠲᠠᠤᠯᠠᠢ ᠶᠢᠨ ᠨᠣᠣᠰᠣ ᠶᠢ ᠨᠡᠮᠡᠭᠳᠡᠭᠦᠯᠬᠦ ᠠᠷᠪᠠᠨ ᠳᠤᠯᠤᠭᠠᠨ ᠠᠷᠭ᠎ᠠ
ᠨᠡᠶᠢᠲᠡᠯᠡᠭᠰᠡᠨ ᠴᠠᠭ᠄
2018/12/6

     1. ᠲᠠᠤᠯᠠᠢ ᠪᠦᠷᠢ ᠳᠤ ᠡᠳᠦᠷ ᠲᠤ 0.5 ᠭᠷᠡᠮ ᠬᠦᠬᠦᠷ᠂ 1 ᠭᠷᠡᠮ ᠬᠦᠷᠢ ᠶᠢᠨ ᠪᠠᠭᠠᠰᠤ᠂ 1 ᠭᠷᠡᠮ ᠬᠢᠯᠦᠭᠡᠷ ᠪᠡᠴᠢ ︵土茯苓︶᠂ 0.1 ᠭᠷᠡᠮ ᠪᠢᠴᠢᠯ ᠡᠯᠧᠮᠧᠨ᠋ᠲ ᠢ ᠬᠤᠯᠢᠵᠦ ᠬᠡᠮᠬᠡᠯᠦᠭᠰᠡᠨ ᠤ ᠰᠡᠭᠦᠯᠡᠷ ᠪᠤᠷᠳᠤᠭ᠎ᠠ ᠲᠠᠢ ᠵᠢᠭᠳᠡ ᠬᠤᠯᠢᠵᠦ ᠲᠡᠵᠢᠭᠡᠪᠡᠯ ᠶᠡᠷᠦ ᠳᠡᠭᠡᠨ ᠤᠷᠢᠳᠴᠢᠯᠡᠨ 7~10 ᠡᠳᠦᠷ ᠨᠤᠤᠰᠤ ᠶᠢ ᠬᠠᠶᠢᠴᠢᠯᠠᠵᠤ ᠳᠡᠶᠢᠯᠦᠨ᠎ᠡ᠃
     2. ᠤᠷᠲᠦ ᠦᠰᠦᠲᠦ ᠲᠠᠤᠯᠠᠢ ᠶᠢᠨ ᠨᠤᠤᠰᠣ ᠶᠢ ᠬᠠᠶᠢᠴᠢᠯᠠᠭᠠᠳ 1~2 ᠡᠳᠦᠷ ᠪᠤᠯᠪᠠᠯ᠂ ᠲᠠᠤᠯᠠᠢ ᠪᠦᠷᠢ ᠶᠢᠨ ᠪᠤᠯᠴᠢᠩ ᠳᠤ ᠸᠢᠲ᠋ᠠᠮᠢᠨ B12 ᠢ ᠡᠳᠦᠷ ᠲᠤ 250 ᠮᠢᠯᠢᠯᠢᠲᠷ ᠲᠠᠷᠢᠵᠦ᠂ ᠦᠷᠭᠦᠯᠵᠢᠯᠡᠨ 2~3 ᠡᠳᠦᠷ ᠲᠠᠷᠢᠨ᠎ᠠ︔ ᠡᠰᠡᠭᠦᠯ᠎ᠡ ᠨᠡᠶᠢᠯᠡᠮᠡᠯ ᠸᠢᠲ᠋ᠠᠮᠢᠨ B2 ᠶᠢᠨ ᠬᠠᠪᠲᠠᠭᠠᠢ ᠡᠮ ᠢ ᠲᠠᠥᠯᠠᠢ ᠪᠦᠷᠢ ᠳᠤ ᠡᠳᠦᠷ ᠲᠤ 1/4 ᠦᠷᠢᠯ ᠤᠤᠭᠤᠯᠭᠠᠵᠦ᠂ ᠮᠠᠯ ᠵᠢᠭᠦᠷᠲᠡᠨ ᠳᠤ ᠬᠡᠷᠡᠭᠯᠡᠬᠦ ᠵᠢᠭᠠᠰᠤᠨ ᠤ ᠲᠤᠰᠤ ᠶᠢ 0.6~1.2 ᠮᠢᠯᠢᠭᠷᠡᠮ ᠤᠤᠭᠤᠯᠭᠠᠪᠠᠯ᠂ ᠦᠰᠦᠯᠲᠠ ᠶᠢᠨ ᠦᠶᠡᠯᠡᠯ ᠨᠢ ᠪᠤᠭᠤᠨᠢᠰᠴᠦ᠂ ᠤᠷᠢᠳᠴᠢᠯᠡᠨ 10 ᠡᠳᠦᠷ ᠨᠤᠤᠰᠤ ᠶᠢ ᠬᠠᠶᠢᠴᠢᠯᠠᠵᠦ᠂ ᠲᠠᠤᠯᠠᠢ ᠪᠦᠷᠢ ᠶᠢᠨ ᠨᠤᠤᠰᠤᠨ ᠤ ᠭᠠᠷᠤᠯᠲᠠ ᠨᠢ 25 ᠭᠷᠡᠮ ᠤᠷᠴᠢᠮ ᠨᠡᠮᠡᠭᠳᠡᠬᠦ ᠪᠤᠯᠤᠨ᠎ᠠ᠃
     3. ᠤᠷᠲᠦ ᠦᠰᠦᠲᠦ ᠲᠠᠤᠯᠠᠢ ᠶᠢᠨ ᠨᠤᠤᠰᠤ ᠶᠢ ᠬᠠᠶᠢᠴᠢᠯᠠᠭᠰᠠᠨ ᠤ ᠰᠡᠭᠦᠯᠡᠷ᠂ 50 ᠭᠷᠠᠳᠦ᠋ᠰ ᠤᠨ ᠬᠠᠷ᠎ᠠ ᠠᠷᠢᠬᠢᠨ ᠳᠡᠭᠡᠷ᠎ᠡ ᠵᠢᠭᠠᠬᠠᠨ ᠭᠠ ᠶᠢᠨ ᠰᠢᠭᠦᠰᠦ ᠶᠢ ᠨᠡᠮᠡᠵᠦ᠂ ᠡᠮ ᠤᠨ ᠬᠦᠪᠦᠩ ᠢ ᠳᠤᠲᠤᠷ᠎ᠠ ᠨᠢ ᠳᠦᠷᠤᠵᠦ ᠲᠠᠤᠯᠠᠢ ᠶᠢᠨ ᠪᠦᠬᠦ ᠪᠡᠶ᠎ᠡ ᠳᠡᠭᠡᠷ᠎ᠡ ᠲᠦᠷᠬᠢᠵᠦ ᠴᠢᠰᠤᠨ ᠤ ᠰᠤᠯᠢᠯᠴᠠᠭ᠎ᠠ ᠶᠢ ᠠᠬᠢᠭᠤᠯᠤᠨ᠎ᠠ᠂ ᠡᠳᠦᠷ ᠪᠦᠷᠢ 1 ᠤᠳᠠᠭ᠎ᠠ᠂ ᠦᠷᠭᠦᠯᠵᠢᠯᠡᠨ 2~3 ᠡᠳᠦᠷ ᠬᠡᠷᠡᠭᠯᠡᠵᠦ᠂ 3~4 ᠡᠳᠦᠷ ᠪᠤᠯᠪᠠᠯ ᠲᠠᠤᠯᠠᠢ ᠶᠢᠨ ᠪᠡᠶ᠎ᠡ ᠳᠡᠭᠡᠷ᠎ᠡ ᠳᠠᠷᠤᠢ ᠣᠬᠤᠷ ᠨᠤᠤᠰᠤ ᠤᠷᠭᠤᠭᠠᠳ᠂ ᠤᠷᠢᠳᠴᠢᠯᠡᠨ 5~7 ᠡᠳᠦᠷ ᠨᠤᠤᠰᠤ ᠶᠢ ᠬᠠᠶᠢᠴᠢᠯᠠᠬᠤ ᠪᠤᠯᠵᠦ᠂ ᠲᠠᠤᠯᠠᠢ ᠪᠦᠷᠢ ᠶᠢᠨ ᠨᠤᠤᠰᠤᠨ ᠤ ᠭᠠᠷᠤᠯᠲᠠ ᠨᠢ 25 ᠭᠷᠡᠮ ᠤᠷᠴᠢᠮ ᠨᠡᠮᠡᠭᠳᠡᠬᠦ ᠪᠤᠯᠣᠨ᠎ᠠ᠃
     4. ᠡᠮ᠎ᠡ ᠲᠠᠤᠯᠠᠢ ᠪᠦᠷᠢ ᠳᠤ ᠡᠳᠦᠷ ᠲᠤ 7 ᠭᠷᠡᠮ ᠴᠢᠬᠢᠭ ᠤᠨ ᠤᠯᠠᠭᠠᠨ ᠬᠤᠷᠤᠬᠠᠢ ᠶᠢᠨ ᠲᠠᠯᠬ᠎ᠠ ᠶᠢ ᠨᠡᠮᠡᠵᠦ ᠲᠡᠵᠢᠭᠡᠪᠡᠯ ᠨᠤᠤᠰᠤᠠ ᠤ ᠭᠠᠷᠤᠯᠲᠠ ᠨᠢ 10% ᠳᠡᠭᠡᠭᠰᠢᠯᠡᠵᠦ᠂ ᠰᠠᠶᠢᠨ ᠴᠢᠨᠠᠷ ᠤᠨ ᠨᠤᠤᠰᠤᠨ ᠤ ᠭᠠᠷᠤᠯᠲᠠ ᠨᠢ 17% ᠳᠡᠭᠡᠭᠰᠢᠯᠡᠬᠦ ᠪᠤᠯᠤᠨ᠎ᠠ᠃
     5. ᠨᠤᠤᠰᠤ ᠶᠢ ᠬᠠᠶᠢᠴᠢᠯᠠᠭᠰᠠᠨ ᠤ ᠰᠡᠭᠦᠯᠡᠷ ᠭᠤᠭᠤᠳ ᠪᠤᠯᠤᠨ ᠰᠢᠷ᠎ᠠ ᠪᠤᠷᠴᠠᠭ ᠢᠶᠠᠷ ᠵᠤᠬᠢᠰᠲᠠᠢ ᠲᠡᠵᠢᠭᠡᠪᠡᠯ ᠲᠠᠤᠯᠠᠢ ᠶᠢᠨ ᠨᠤᠤᠰᠤ ᠨᠢ ᠨᠡᠮᠡᠭᠳᠡᠬᠦ ᠪᠦᠭᠡᠳ ᠬᠢᠯᠦᠭᠡᠷ ᠪᠤᠯᠵᠦ᠂ ᠡᠷᠲᠡ ᠤᠷᠭᠤᠵᠤ ᠲᠦᠷᠭᠡᠨ ᠤᠷᠭᠤᠭᠠᠳ᠂ ᠬᠤᠶᠠᠳᠤᠭᠠᠷ ᠤᠳᠠᠭ᠎ᠠ ᠬᠠᠶᠢᠴᠢᠯᠠᠬᠤ ᠴᠠᠭ ᠨᠢ 7 ᠡᠳᠦᠷ ᠪᠤᠭᠤᠨᠢᠰᠴᠦ ᠳᠡᠶᠢᠯᠦᠨ᠎ᠡ᠃ ᠲᠠᠤᠯᠠᠢ ᠪᠦᠷᠢ ᠶᠢ ᠡᠳᠦᠷ ᠲᠤ 1 ᠤᠳᠠᠭ᠎ᠠ 5 ᠭᠷᠡᠮ ᠭᠤᠭᠤᠳ ᠢᠶᠠᠷ ᠲᠡᠵᠢᠭᠡᠵᠦ᠂ 7~8 ᠮᠥᠬᠦᠯᠢᠭ ᠳᠡᠪᠲᠦᠭᠡᠭᠰᠡᠨ ᠰᠢᠷ᠎ᠠ ᠪᠤᠷᠴᠠᠭ ᠢᠶᠠᠷ ᠲᠡᠵᠢᠭᠡᠨ᠎ᠡ᠃
     6. ᠡᠮᠲᠦ ᠤᠬᠢᠶᠠᠯ ᠬᠢᠨ᠎ᠡ᠃ ︵1︶ 150~200 ᠭᠷᠡᠮ ᠳ᠋ᠢ ᠪᠠᠢ ᠴᠦᠩ ᠢ 50 ᠺᠢᠯᠣᠭ᠍ᠷᠠᠮ ᠤᠰᠤ ᠲᠠᠢ ᠬᠤᠯᠢᠵᠦ 0.37~0.5% ᠶᠢᠨ ᠳ᠋ᠢ ᠪᠠᠢ ᠴᠦᠩ ᠤᠨ ᠠᠭᠤᠰᠤᠮᠠᠯ ᠪᠤᠯᠭᠠᠵᠦ ᠨᠠᠶᠢᠷᠠᠭᠤᠯᠤᠭᠰᠠᠨ ᠤ ᠰᠡᠭᠦᠯᠡᠷ ᠳᠡᠭᠡᠷ᠎ᠡ ᠨᠢ ᠳᠠᠬᠢᠨ 150 ᠭᠷᠡᠮ ᠬᠦᠬᠦᠷ ᠤᠨ ᠲᠠᠯᠬ᠎ᠠ ᠨᠡᠮᠡᠵᠦ ᠵᠢᠭᠳᠡ ᠵᠢᠭᠤᠷᠠᠵᠦ ᠠᠭᠤᠰᠬᠠᠭᠠᠳ ᠪᠡᠯᠡᠳᠭᠡᠨ᠎ᠡ᠃ ︵2︶ 100 ᠭᠷᠡᠮ ᠠᠯᠳᠠᠨ ᠨᠠᠷᠠᠰᠤᠨ ᠤ ᠬᠠᠯᠢᠰᠤ ︵土槿皮︶᠂ 100 ᠭᠷᠡᠮ ᠲᠤᠭᠤᠯ ᠡᠪᠡᠰᠦᠨ ︵苦参︶ ᠳᠡᠭᠡᠷ᠎ᠡ 2.5 ᠺᠢᠯᠣᠭ᠍ᠷᠠᠮ ᠤᠰᠤ ᠨᠡᠮᠡᠵᠦ ᠴᠢᠨᠠᠭᠠᠳ ᠰᠢᠭᠠᠷᠤ ᠶᠢ ᠨᠢ ᠬᠠᠶᠠᠵᠤ ᠳᠡᠭᠡᠷ᠎ᠡ ᠨᠢ 100 ᠭᠷᠡᠮ ᠬᠦᠬᠦᠷ ᠤᠨ ᠲᠠᠯᠬ᠎ᠠ᠂ 5 ᠺᠢᠯᠣᠭ᠍ᠷᠠᠮ ᠤᠰᠤ ᠨᠡᠮᠡᠵᠦ ᠵᠢᠭᠳᠡ ᠵᠢᠭᠤᠷᠠᠨ᠎ᠠ᠂ ᠤᠬᠢᠶᠠᠯ ᠬᠢᠬᠦ ᠦᠶᠡᠰ ᠨᠢᠭᠡ ᠭᠠᠷ ᠢᠶᠠᠷ ᠲᠠᠤᠯᠠᠢ ᠶᠢᠨ ᠴᠢᠬᠢᠨ ᠠᠴᠠ ᠪᠠᠷᠢᠵᠦ ᠣᠬᠢᠶᠠᠯ ᠤᠨ ᠫᠧᠩᠰᠡᠨ ᠳᠤ ᠬᠢᠵᠦ᠂ ᠨᠦᠬᠦᠭᠡ ᠭᠠᠷ ᠢᠶᠠᠷ ᠢᠶᠠᠨ ᠳᠡᠭᠡᠷ᠎ᠡ ᠠᠴᠠ ᠳᠤᠷᠤᠭᠰᠢ ᠲᠠᠤᠯᠠᠢ ᠶᠢᠨ ᠪᠦᠬᠦ ᠪᠡᠶ᠎ᠡ ᠶᠢ ᠤᠬᠢᠶᠠᠨ᠎ᠠ᠂ ᠬᠠᠮᠤᠭ ᠰᠡᠭᠦᠯ ᠳᠤ ᠲᠤᠯᠤᠭᠠᠢ ᠶᠢᠨ ᠬᠡᠰᠡᠭ ᠬᠢᠭᠡᠳ ᠴᠢᠬᠢᠨ ᠤ ᠤᠭ ᠢ ᠤᠬᠢᠶᠠᠨ᠎ᠠ᠃ ᠤᠬᠢᠶᠠᠯ ᠬᠢᠬᠦ ᠳᠤ ᠨᠤᠤᠰᠤ ᠶᠢ ᠬᠠᠶᠢᠴᠢᠯᠠᠭᠰᠠᠨ ᠤ ᠰᠡᠭᠦᠯᠡᠷ 10 ᠡᠳᠦᠷ ᠤᠨ ᠳᠤᠲᠤᠷ᠎ᠠ ᠳᠤᠯᠠᠭᠠᠨ ᠡᠳᠦᠷ ᠢ ᠰᠤᠩᠭᠤᠵᠦ ᠬᠢᠬᠦ ᠶᠢ ᠠᠩᠬᠠᠷᠤᠨ᠎ᠠ᠂ ᠲᠠᠤᠯᠠᠢ ᠶᠢ ᠠᠶᠤᠯᠭᠠᠵᠦ ᠰᠤᠴᠢᠭᠠᠬᠤ ᠠᠴᠠ ᠰᠠᠷᠭᠡᠶᠢᠯᠡᠬᠦ ᠶᠢᠨ ᠲᠦᠯᠤᠭᠡ᠂ ᠤᠬᠢᠶᠠᠯ ᠬᠢᠬᠦ ᠠᠴᠠ ᠡᠮᠦᠨ᠎ᠡ ᠲᠠᠤᠯᠠᠢ ᠶᠢ ᠴᠠᠳᠲᠠᠯ᠎ᠠ ᠢᠳᠡᠭᠦᠯᠦᠨ᠎ᠡ᠃ ᠡᠨᠡᠬᠦ ᠠᠷᠭ᠎ᠠ ᠨᠢ ᠲᠠᠤᠯᠠᠢ ᠶᠢᠨ ᠨᠤᠤᠰᠤᠨ ᠤ ᠭᠠᠷᠤᠯᠲᠠ ᠶᠢ 20% ᠠᠴᠠ ᠳᠡᠭᠡᠭᠰᠢ ᠳᠡᠭᠡᠭᠰᠢᠯᠡᠭᠦᠯᠬᠦ ᠮᠦᠷᠲᠡᠭᠡᠨ ᠬᠠᠮᠠᠭᠤ ᠬᠠᠴᠢᠭ ᠵᠡᠷᠭᠡ ᠭᠡᠮ ᠠᠴᠠ ᠰᠡᠷᠭᠡᠶᠢᠯᠡᠵᠦ ᠴᠢᠳᠠᠨ᠎ᠠ᠃
     7. ᠲᠠᠬᠢᠶᠠᠨ ᠦᠨᠳᠡᠭᠡᠨ ᠳᠤ ᠼᠢᠰᠲ᠋ᠢᠨ ︵胱氨酸︶ ᠵᠡᠷᠭᠡ ᠬᠦᠬᠦᠷ ᠤᠨ ᠰᠢᠪᠲᠦᠷᠲᠦ ᠬᠦᠴᠢᠯ ᠡᠯᠪᠡᠭ ᠠᠭᠤᠯᠵᠦ᠂ ᠨᠤᠤᠰᠤᠠ ᠤ ᠤᠷᠭᠤᠯᠲᠠ ᠶᠢ ᠢᠯᠡᠷᠭᠡᠢ ᠰᠡᠲᠡᠬᠦ ᠦᠢᠯᠡᠳᠦᠯ ᠲᠠᠢ ᠪᠠᠶᠢᠳᠠᠭ᠂ 5~10 ᠲᠠᠤᠯᠠᠢ ᠪᠦᠷᠢ ᠳᠤ ᠡᠳᠦᠷ ᠲᠤ 1 ᠲᠠᠬᠢᠶᠠᠨ ᠦᠨᠳᠡᠭᠡ ᠶᠢ ᠨᠡᠮᠡᠵᠦ ᠲᠡᠵᠢᠭᠡᠪᠡᠯ ᠨᠣᠣᠰᠣᠨ ᠤ ᠤᠷᠭᠤᠯᠲᠠ ᠶᠢ ᠠᠬᠢᠭᠤᠯᠵᠦ ᠴᠢᠳᠠᠨ᠎ᠠ᠃
     8. ᠡᠷ᠎ᠡ ᠲᠠᠤᠯᠠᠢ ᠶᠢ ᠬᠦᠩᠭᠡᠯᠡᠭᠰᠡᠨ ᠤ ᠰᠡᠭᠦᠯᠡᠷ ᠪᠡᠶ᠎ᠡ ᠳᠠᠬᠢ ᠡᠷ᠎ᠡ ᠬᠤᠷᠮᠤᠨ ᠨᠢ ᠳᠤᠷᠤᠭᠰᠢᠯᠠᠭᠠᠳ ᠵᠠᠩ ᠠᠭᠠᠯᠢ ᠨᠢ ᠨᠤᠮᠤᠬᠠᠨ ᠪᠤᠯᠵᠦ᠂ ᠪᠡᠶ᠎ᠡ ᠨᠢ ᠪᠦᠳᠦᠭᠦᠷᠡᠵᠦ᠂ ᠦᠰᠤᠯᠲᠠ ᠨᠢ ᠬᠤᠷᠳᠤᠨ ᠪᠣᠯᠬᠤ ᠪᠦᠭᠡᠳ ᠨᠤᠤᠰᠤᠠ ᠤ ᠤᠷᠭᠤᠯᠲᠠ ᠨᠢ ᠬᠦᠩᠭᠡᠯᠡᠬᠦ ᠠᠴᠠ ᠡᠮᠦᠨ᠎ᠡ ᠠᠴᠠ 1 ᠳᠠᠬᠢᠨ ᠢᠯᠡᠭᠦᠦ ᠨᠡᠮᠡᠭᠳᠡᠵᠦ᠂ ᠨᠤᠤᠰᠤᠠ ᠤ ᠴᠢᠨᠠᠷ ᠨᠢ ᠴᠦ ᠰᠠᠶᠢᠵᠢᠷᠠᠳᠠᠭ᠃
     9. ᠭᠤᠷᠪᠠᠨ ᠡᠳᠦᠷ ᠤᠷᠴᠢᠮ ᠪᠣᠯᠬᠤ ᠪᠦᠷᠢ ᠨᠢᠭᠡ ᠤᠳᠠᠭ᠎ᠠ ᠰᠠᠮ ᠢᠶᠠᠷ ᠲᠠᠤᠯᠠᠢ ᠶᠢᠨ ᠨᠤᠤᠰᠤ ᠶᠢ ᠰᠠᠮᠨᠠᠪᠠᠯ ᠠᠷᠠᠰᠤᠨ ᠤ ᠴᠢᠰᠤᠨ ᠤ ᠰᠤᠯᠢᠯᠴᠠᠭ᠎ᠠ ᠪᠠ ᠦᠰᠦᠨ ᠤᠭᠤᠲᠠᠨ ᠤ ᠡᠰ ᠤᠨ ᠠᠮᠢᠳᠤᠷᠠᠬᠤ ᠬᠦᠴᠦᠨ ᠢ ᠠᠬᠢᠭᠤᠯᠵᠦ᠂ ᠠᠷᠠᠰᠤᠨ ᠤ ᠳᠠᠪᠬᠤᠷᠭ᠎ᠠ ᠶᠢ ᠰᠡᠲᠡᠬᠦ ᠪᠠ ᠰᠢᠨ᠎ᠡ ᠬᠠᠭᠤᠴᠢᠨ ᠤ ᠰᠤᠯᠢᠯᠴᠠᠭ᠎ᠠ ᠶᠢ ᠲᠦᠷᠭᠡᠳᠭᠡᠭᠡᠳ᠂ ᠲᠠᠤᠯᠠᠢ ᠶᠢᠨ ᠨᠣᠣᠰᠣᠨ ᠤ ᠤᠷᠭᠤᠯᠲᠠ ᠶᠢ ᠰᠠᠶᠢᠵᠢᠷᠠᠭᠤᠯᠵᠤ᠂ ᠨᠤᠤᠰᠤᠠ ᠤ ᠴᠢᠨᠠᠷ ᠢ ᠳᠡᠭᠡᠭᠰᠢᠯᠡᠭᠦᠯᠵᠦ ᠴᠢᠳᠠᠨ᠎ᠠ᠃
     10. ᠲᠠᠤᠯᠠᠢ ᠶᠢᠨ ᠨᠤᠤᠰᠤ ᠶᠢ ᠬᠠᠶᠢᠴᠢᠯᠠᠭᠰᠠᠨ ᠤ ᠰᠡᠭᠦᠯᠡᠷ 50 ᠭᠷᠡᠮ ᠸᠢᠲ᠋ᠠᠮᠢᠨ B2 ᠶᠢ ᠪᠦᠭᠰᠡᠨ ᠬᠡᠰᠡᠭ ᠤᠨ ᠪᠤᠯᠴᠢᠩ ᠳᠤ ᠲᠠᠷᠢᠪᠠᠯ ᠨᠤᠤᠰᠤᠠ ᠤ ᠤᠷᠭᠤᠯᠲᠠ ᠶᠢ ᠠᠬᠢᠭᠤᠯᠬᠤ ᠢᠯᠡᠷᠭᠡᠢ ᠦᠢᠯᠡᠳᠦᠯ ᠲᠠᠢ ᠪᠠᠶᠢᠵᠦ᠂ ᠶᠡᠷᠦ ᠳᠡᠭᠡᠨ ᠨᠤᠤᠰᠤ ᠶᠢ ᠤᠷᠢᠳᠴᠢᠯᠡᠨ 10 ᠡᠳᠦᠷ ᠤᠷᠴᠢᠮ ᠬᠠᠶᠢᠴᠢᠯᠠᠵᠦ ᠳᠡᠶᠢᠯᠦᠨ᠎ᠡ᠃
     11. ᠬᠤᠨᠤᠭ ᠤᠨ ᠲᠡᠵᠢᠭᠡᠯ ᠳᠤ 0.57~0.7% ᠬᠦᠬᠦᠷ ᠤᠨ ᠰᠢᠪᠲᠦᠷᠲᠦ ᠬᠦᠴᠢᠯ ︵硫胺酸︶ ᠢ ᠨᠡᠮᠡᠪᠡᠯ ᠨᠤᠤᠰᠤᠠ ᠤ ᠭᠠᠷᠤᠯᠲᠠ ᠶᠢ 12~27% ᠳᠡᠭᠡᠭᠰᠢᠯᠡᠭᠦᠯᠵᠦ ᠴᠢᠳᠠᠨ᠎ᠠ᠂ ᠬᠠᠮᠲᠦ ᠳᠤᠨᠢ ᠪᠢᠴᠢᠯ ᠡᠯᠧᠮᠧᠨ᠋ᠲ ᠢ ᠨᠡᠮᠡᠵᠦ᠂ ᠺᠢᠯᠣᠭ᠍ᠷᠠᠮ ᠪᠦᠷᠢ ᠬᠤᠯᠢᠮᠠᠭ ᠪᠤᠷᠳᠤᠭᠠᠨ ᠳᠤ 2~4 ᠮᠢᠯᠢᠭᠷᠡᠮ ᠵᠠᠰ᠂ 20 ᠮᠢᠯᠢᠭᠷᠡᠮ ᠲᠠᠮᠣᠷ᠂ 11~16 ᠮᠢᠯᠢᠭᠷᠡᠮ ᠮᠠᠩᠭᠠᠨ᠂ 2 ᠮᠢᠯᠢᠭᠷᠡᠮ ᠺᠤᠪᠠᠯᠲ᠂ 8~15 ᠮᠢᠯᠢᠭᠷᠡᠮ ᠴᠠᠶᠢᠷ ᠢ ᠨᠡᠮᠡᠪᠡᠯ ᠨᠣᠣᠰᠣᠨ ᠤ ᠴᠢᠨᠠᠷ ᠢ ᠳᠡᠭᠡᠭᠰᠢᠯᠡᠭᠦᠯᠵᠦ ᠴᠢᠳᠠᠨ᠎ᠠ᠃
     12. ᠬᠤᠨᠤᠭ ᠤᠨ ᠲᠡᠵᠢᠭᠡᠯ ᠳᠤ ᠮᠧᠲ᠋ᠢᠤᠨᠢᠨ ᠬᠦᠴᠢᠯ ︵蛋氨酸︶ ᠪᠤᠯᠤᠨ ᠤᠯᠠᠨ ᠵᠦᠢᠯ ᠤᠨ ᠪᠢᠴᠢᠯ ᠡᠯᠧᠮᠧᠨ᠋ᠲ ᠢ ᠨᠡᠮᠡᠪᠡᠯ ᠨᠤᠤᠰᠤᠠ ᠤ ᠭᠠᠷᠤᠯᠲᠠ ᠶᠢ 19.85% ᠳᠡᠭᠡᠭᠰᠢᠯᠡᠭᠦᠯᠵᠦ᠂ ᠬᠦᠨᠳᠦ ᠶᠢᠨ ᠨᠡᠮᠡᠭᠳᠡᠯ ᠨᠢ 19.74% ᠳᠤ ᠬᠦᠷᠴᠦ᠂ ᠲᠠᠤᠯᠠᠢ ᠶᠢᠨ ᠨᠤᠤᠰᠤᠠ ᠤ ᠳᠠᠭᠠᠭᠠᠴᠠ ᠨᠢ 12.07% ᠨᠡᠮᠡᠭᠳᠡᠵᠦ᠂ ᠦᠰᠦᠨ ᠤᠭᠤᠲᠠᠨ ᠤ ᠤᠷᠲᠦ ᠨᠢ 13.71% ᠨᠡᠮᠡᠭᠳᠡᠵᠦ᠂ ᠨᠢᠭᠲᠠᠴᠠ ᠨᠢ 9.31% ᠳᠡᠭᠡᠭᠰᠢᠯᠡᠵᠦ ᠴᠢᠳᠠᠨ᠎ᠠ᠃
     13. ᠲᠠᠤᠯᠠᠢ ᠪᠦᠷᠢ ᠳᠤ ᠡᠳᠦᠷ ᠲᠤ 50 ᠮᠢᠯᠢᠭᠷᠡᠮ ᠯᠠᠶᠢᠰᠢᠨ ᠬᠦᠴᠢᠯ᠂ ᠮᠧᠲ᠋ᠢᠤᠨᠢᠨ ᠬᠦᠴᠢᠯ ᠪᠤᠯᠤᠨ ᠼᠢᠰᠲ᠋ᠢᠨ ᠢ ᠲᠤᠰ ᠲᠤᠰ 25 ᠮᠢᠯᠢᠭᠷᠡᠮ ᠨᠡᠮᠡᠪᠡᠯ ᠨᠤᠤᠰᠤᠠ ᠤ ᠤᠷᠭᠤᠯᠲᠠ ᠶᠢ ᠠᠬᠢᠭᠤᠯᠵᠦ᠂ ᠨᠣᠣᠰᠣᠨ ᠤ ᠭᠠᠷᠤᠯᠲᠠ ᠶᠢ ᠨᠡᠮᠡᠭᠳᠡᠭᠦᠯᠵᠦ ᠴᠢᠳᠠᠨ᠎ᠠ᠃
     14. ᠬᠤᠨᠤᠭ ᠤᠨ ᠲᠡᠵᠢᠭᠡᠯ ᠳᠤ ᠪᠠᠮᠪᠠᠢ ᠪᠤᠯᠴᠢᠷᠬᠠᠢ ᠶᠢᠨ ᠡᠳ᠋ ︵甲状腺素︶ ᠢ ᠡᠬᠢᠯᠡᠭᠡᠳ ᠲᠠᠤᠯᠠᠢ ᠪᠦᠷᠢ ᠳᠤ ᠡᠳᠦᠷ ᠲᠤ 10 ᠮᠢᠯᠢᠭᠷᠡᠮ ᠨᠡᠮᠡᠵᠦ ᠲᠡᠵᠢᠭᠡᠨ᠂ ᠦᠷᠭᠦᠯᠵᠢᠯᠡᠨ 7 ᠡᠳᠦᠷ ᠲᠡᠵᠢᠭᠡᠵᠦ᠂ ᠰᠡᠭᠦᠯᠡᠷ ᠨᠢ ᠲᠠᠤᠯᠠᠢ ᠪᠦᠷᠢ ᠳᠤ ᠨᠡᠮᠡᠭᠡᠳ 20 ᠮᠢᠯᠢᠭᠷᠡᠮ ᠬᠦᠷᠭᠡᠵᠦ ᠦᠷᠭᠦᠯᠵᠢᠯᠡᠨ 14 ᠡᠳᠦᠷ ᠲᠡᠵᠢᠭᠡᠵᠦ᠂ 30 ᠮᠢᠯᠢᠭᠷᠡᠮ ᠢᠶᠠᠷ ᠦᠷᠭᠦᠯᠵᠢᠯᠡᠨ 24 ᠡᠳᠦᠷ ᠲᠡᠵᠢᠭᠡᠵᠦ᠂ 40 ᠮᠢᠯᠢᠭᠷᠡᠮ ᠢᠶᠠᠷ ᠦᠷᠬᠦᠯᠵᠢᠯᠡᠨ 10 ᠡᠳᠦᠷ ᠲᠡᠵᠢᠭᠡᠵᠦ᠂ 30 ᠮᠢᠯᠢᠭᠷᠡᠮ ᠢᠶᠠᠷ 11 ᠡᠳᠦᠷ ᠲᠡᠵᠢᠭᠡᠵᠦ᠂ 20 ᠮᠢᠯᠢᠭᠷᠡᠮ ᠢᠶᠠᠷ 10 ᠡᠳᠦᠷ ᠲᠠᠵᠢᠭᠡᠵᠦ᠂ 10 ᠮᠢᠯᠢᠭᠷᠡᠮ ᠢᠶᠠᠷ 8 ᠡᠳᠦᠷ ᠲᠡᠵᠢᠭᠡᠪᠡᠯ ᠨᠣᠣᠰᠣᠨ ᠤ ᠭᠠᠷᠤᠯᠲᠠ ᠶᠢ 15.38% ᠳᠡᠭᠡᠭᠰᠢᠯᠡᠭᠦᠯᠵᠦ ᠴᠢᠳᠠᠨ᠎ᠠ᠃
     15. ᠲᠠᠤᠯᠠᠢ ᠪᠦᠷᠢ ᠳᠤ ᠡᠳᠦᠷ ᠲᠤ 0.1% ᠬᠦᠬᠦᠷ ᠬᠦᠴᠢᠯ ᠤᠨ ᠾᠷᠤᠮ ᠤᠨ ᠨᠠᠶᠢᠷᠠᠯᠭ᠎ᠠ ᠶᠢ 10 ᠮᠢᠯᠢᠭᠷᠡᠮ ᠨᠡᠮᠡᠵᠦ ᠲᠡᠵᠢᠭᠡᠭᠰᠡᠨ ᠳᠤ ᠨᠢᠭᠡ ᠰᠠᠷ᠎ᠠ ᠶᠢᠨ ᠳᠠᠷᠠᠭ᠎ᠠ ᠨᠣᠣᠰᠣᠨ ᠤ ᠭᠠᠷᠤᠯᠲᠠ ᠨᠢ ᠬᠠᠷᠢᠴᠠᠭᠤᠯᠬᠤ ᠳᠤᠭᠤᠶᠢᠯᠠᠩ ᠠᠴᠠ 19 ᠭᠷᠡᠮ ᠢᠯᠡᠭᠦᠦ ᠨᠡᠮᠡᠭᠳᠡᠭᠰᠡᠨ ᠪᠠᠶᠢᠨ᠎ᠠ᠂ ᠲᠠᠤᠯᠠᠢ ᠪᠦᠷᠢ ᠶᠢᠨ ᠺᠢᠯᠣᠭ᠍ᠷᠠᠮ ᠪᠡᠶ᠎ᠡ ᠶᠢᠨ ᠬᠦᠨᠳᠦ ᠳᠤ ᠡᠳᠦᠷ ᠪᠦᠷᠢ ᠬᠦᠬᠦᠷ ᠬᠦᠴᠢᠯ ᠤᠨ ᠮᠠᠩᠭᠠᠨ ᠢ 0.4 ᠮᠢᠯᠢᠭᠷᠡᠮ᠂ ᠴᠠᠶᠢᠷ ᠤᠨ ᠢᠰᠦᠯ ᠢ 0.15 ᠮᠢᠯᠢᠭᠷᠡᠮ᠂ ᠾᠯᠤᠷᠲᠦ ᠺᠤᠪᠠᠯᠲ ᠢ 0.1 ᠮᠢᠯᠢᠭᠷᠡᠮ ᠨᠡᠮᠡᠵᠦ ᠲᠡᠵᠢᠭᠡᠪᠡᠯ ᠨᠣᠣᠰᠣᠨ ᠤ ᠭᠠᠷᠤᠯᠲᠠ ᠶᠢ 11.3% ᠳᠡᠭᠡᠭᠰᠢᠯᠡᠭᠦᠯᠵᠦ᠂ ᠨᠣᠣᠰᠣᠨ ᠤ ᠤᠷᠭᠤᠬᠤ ᠬᠤᠷᠳᠤᠴᠠ ᠶᠢ 6.8% ᠳᠡᠭᠡᠭᠰᠢᠯᠡᠭᠦᠯᠵᠦ ᠴᠢᠳᠠᠨ᠎ᠠ᠃
     16. 0.3 ᠭᠷᠡᠮ ᠬᠦᠬᠦᠷ ᠬᠦᠴᠢᠯ ᠤᠨ ᠴᠠᠶᠢᠷ᠂ 0.4 ᠭᠷᠡᠮ ᠬᠦᠬᠦᠷ ᠬᠦᠴᠢᠯ ᠤᠨ ᠵᠡᠰ᠂ 0.07 ᠭᠷᠡᠮ ᠾᠯᠤᠷᠲᠦ ᠺᠤᠪᠠᠯᠲ᠂ 100 ᠭᠷᠡᠮ ᠬᠤᠯᠢᠮᠠᠭ ᠨᠠᠷᠢᠯᠢᠭ ᠪᠤᠷᠳᠤᠭ᠎ᠠ ᠶᠢ ᠵᠢᠭᠳᠡ ᠬᠤᠯᠢᠭᠠᠳ ᠲᠠᠤᠯᠠᠢ ᠪᠦᠷᠢ ᠳᠤ ᠡᠳᠦᠷ ᠲᠤ 1 ᠭᠷᠡᠮ ᠨᠡᠮᠡᠵᠦ ᠲᠡᠵᠢᠭᠡᠨ᠂ ᠦᠷᠭᠦᠯᠵᠢᠯᠡᠨ 2~3 ᠰᠠᠷ᠎ᠠ ᠲᠡᠵᠢᠭᠡᠪᠡᠯ ᠨᠤᠤᠰᠤᠠ ᠤ ᠭᠠᠷᠤᠯᠲᠠ ᠨᠢ ᠢᠯᠡᠷᠭᠡᠢ ᠨᠡᠮᠡᠭᠳᠡᠵᠦ ᠴᠢᠳᠠᠨ᠎ᠠ᠃
     17. ᠤᠷᠲᠦ ᠦᠰᠤᠳᠤ ᠲᠠᠤᠯᠠᠢ ᠶᠢᠨ ᠬᠤᠨᠤᠭ ᠤᠨ ᠲᠡᠵᠢᠭᠡᠯ ᠳᠤ 0.03~0.15% ᠬᠤᠪᠤᠷ ᠰᠢᠷᠤᠢ ᠨᠡᠮᠡᠵᠦ ᠲᠡᠵᠢᠭᠡᠪᠡᠯ ᠨᠣᠣᠰᠣᠨ ᠤ ᠭᠠᠷᠤᠯᠲᠠ ᠶᠢ ᠨᠡᠮᠡᠭᠳᠡᠭᠦᠯᠬᠦ ᠪᠠᠷ ᠪᠠᠷᠠᠬᠤ ᠦᠭᠡᠢ ᠨᠣᠣᠰᠣᠨ ᠤ ᠰᠠᠶᠢᠨ ᠴᠢᠨᠠᠷ ᠤᠨ ᠬᠠᠷᠢᠴᠠᠯ ᠨᠢ ᠪᠠᠰᠠ 43.44~51.45% ᠳᠡᠭᠡᠭᠰᠢᠯᠡᠵᠦ ᠳᠡᠶᠢᠯᠦᠨ᠎ᠡ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ