ᠰᠢᠨᠵᠢᠯᠡᠬᠦ ᠤᠬᠠᠭᠠᠨᠴᠢ ᠪᠠᠷ ᠡᠮ ᠬᠡᠷᠡᠭᠯᠡᠬᠦ
ᠨᠡᠶᠢᠲᠡᠯᠡᠭᠰᠡᠨ ᠴᠠᠭ᠄
2018/12/6

       ᠨᠢᠭᠡ᠂ ᠡᠮ ᠤᠨ ᠬᠡᠮᠵᠢᠶ᠎ᠡ ᠶᠢ ᠵᠤᠬᠢᠰᠲᠠᠢ ᠬᠡᠷᠡᠭᠯᠡᠬᠦ ᠶᠢ ᠠᠩᠬᠠᠷᠬᠤ
       ᠡᠮ ᠤᠨ ᠬᠡᠮᠵᠢᠶ᠎ᠡ ᠨᠢ ᠬᠡᠳᠤᠢ ᠶᠡᠭᠡ ᠪᠤᠯ ᠦᠢᠯᠡᠳᠦᠯ ᠨᠢ ᠲᠡᠳᠦᠢ ᠰᠠᠶᠢᠨ ᠭᠡᠰᠡᠨ ᠶᠠᠪᠤᠳᠠᠯ ᠪᠢᠰᠢ᠂ ᠤᠯᠠᠩᠬᠢ ᠡᠮ ᠢ ᠬᠡᠮᠵᠢᠶ᠎ᠡ ᠠᠴᠠ ᠬᠡᠲᠦᠷᠡᠭᠦᠯᠵᠦ ᠬᠡᠷᠡᠭᠯᠡᠪᠡᠯ ᠡᠮ ᠤᠨ ᠦᠯᠡᠳᠡᠭᠳᠡᠯ ᠡᠭᠦᠰᠬᠦ ᠪᠠᠷ ᠪᠠᠷᠠᠬᠤ ᠦᠬᠡᠢ ᠪᠠᠰᠠ ᠮᠠᠯ ᠵᠢᠭᠦᠷᠳᠡᠨ ᠤ ᠬᠤᠤᠷᠳᠠᠯ ᠢ ᠡᠭᠦᠰᠭᠡᠨ᠎ᠡ᠃ ᠪᠤᠳᠠᠳᠠᠢ ᠦᠢᠯᠡᠳᠪᠤᠷᠢᠯᠡᠯ ᠲᠤᠮᠳᠠ᠂ ᠪᠠᠺᠲ᠋ᠧᠷᠢ ᠡᠰᠡᠷᠭᠦᠴᠡᠬᠦ ᠡᠮ ᠢ ᠠᠩᠬ᠎ᠠ ᠤᠳᠠᠭ᠎ᠠ ᠬᠡᠷᠡᠭᠯᠡᠬᠦ ᠦᠶᠡᠰ ᠡᠮ ᠤᠨ ᠬᠡᠮᠵᠢᠶ᠎ᠡ ᠶᠢ ᠵᠣᠬᠢᠰᠲᠠᠢ ᠨᠡᠮᠡᠵᠦ ᠬᠡᠷᠡᠭᠯᠡᠵᠦ ᠪᠣᠯᠬᠤ ᠠᠴᠠ ᠭᠠᠳᠠᠨ᠎ᠠ᠂ ᠪᠤᠰᠤᠳ ᠡᠮ ᠢ ᠪᠣᠯ ᠬᠡᠮᠵᠢᠶ᠎ᠡ ᠠᠴᠠ ᠬᠡᠲᠦᠷᠡᠭᠦᠯᠵᠦ ᠬᠡᠷᠡᠭᠯᠡᠵᠦ ᠲᠣᠬᠢᠷᠠᠬᠤ ᠦᠬᠡᠢ ᠶᠤᠮ᠃
       ᠬᠤᠶᠠᠷ᠂  ᠡᠮ ᠤᠨ ᠠᠭᠤᠰᠴᠠ ᠪᠠ ᠤᠤᠭᠤᠬᠤ ᠤᠰᠤᠨ ᠤ ᠬᠡᠮᠵᠢᠶ᠎ᠡ ᠶᠢ ᠠᠩᠬᠠᠷᠬᠤ
       ᠡᠮ ᠢ ᠤᠰᠤᠨ ᠳᠤ ᠠᠭᠤᠰᠬᠠᠵᠤ ᠤᠤᠭᠤᠯᠭᠠᠬᠤ ᠦᠶᠡᠰ ᠡᠮ ᠤᠨ ᠠᠭᠤᠰᠴᠠ ᠪᠠ ᠮᠠᠯ ᠵᠢᠭᠦᠷᠳᠡᠨ ᠤ ᠤᠤᠭᠤᠬᠤ ᠤᠰᠤᠨ ᠤ ᠬᠡᠮᠵᠢᠶ᠎ᠡ ᠶᠢ ᠪᠤᠳᠤᠯᠬᠢᠯᠠᠵᠤ᠂ ᠮᠠᠯ ᠵᠢᠭᠦᠷᠲᠡᠨ ᠤ ᠬᠦᠢᠴᠡᠳ ᠬᠡᠮᠵᠢᠶᠡᠨ ᠤ ᠡᠮ ᠤᠯᠵᠤ ᠤᠤᠭᠤᠬᠤ ᠶᠢ ᠪᠠᠳᠤᠯᠠᠨ᠎ᠠ᠃ ᠬᠠᠮᠤᠭ ᠰᠠᠶᠢᠨ ᠨᠢ ᠤᠰᠤ ᠢᠯᠡᠭᠦᠦ ᠤᠤᠭᠤᠬᠤ ᠪᠠ ᠤᠰᠤ ᠪᠠᠭ᠎ᠠ ᠤᠤᠭᠤᠬᠤ ᠠᠮᠢᠳᠠᠨ ᠢ ᠰᠠᠯᠭᠠᠵᠤ ᠡᠮ ᠥᠭᠭᠦᠨ᠂ ᠤᠰᠤ ᠪᠠᠭ᠎ᠠ ᠤᠤᠭᠤᠬᠤ ᠠᠮᠢᠳᠠᠨ ᠤ ᠤᠰᠤ ᠤᠤᠭᠤᠬᠤ ᠴᠠᠭ ᠢ ᠵᠤᠬᠢᠰᠲᠠᠢ ᠤᠷᠳᠤᠳᠬᠠᠨ᠎ᠠ᠃
       ᠭᠤᠷᠪᠠ᠂ ᠵᠢᠭᠳᠡ ᠬᠤᠯᠢᠬᠤ ᠶᠢ ᠠᠩᠬᠠᠷᠬᠤ
       ᠪᠤᠷᠳᠤᠭᠠᠨ ᠳᠤ ᠡᠮ ᠬᠤᠯᠢᠵᠤ ᠦᠭᠬᠦ ᠦᠶᠡᠰ᠂ ᠡᠷᠬᠡᠪᠰᠢ ᠵᠢᠭᠳᠡ ᠬᠤᠯᠢᠭᠰᠠᠨ ᠪᠠᠶᠢᠵᠤ᠂ ᠮᠠᠯ ᠵᠢᠭᠦᠷᠳᠡᠨ ᠢᠳᠡᠰᠢᠯᠡᠬᠦ ᠦᠶᠡᠰ ᠡᠮ ᠤᠨ ᠬᠡᠮᠵᠢᠶ᠎ᠡ ᠠᠳᠠᠯᠢ ᠪᠤᠰᠤ ᠪᠣᠯᠬᠤ ᠠᠴᠠ ᠰᠡᠷᠭᠡᠶᠢᠯᠡᠨ᠎ᠡ᠃ ᠠᠷᠪᠢᠨ ᠢᠳᠡᠰᠢᠯᠡᠬᠦ ᠠᠮᠢᠳᠠᠨ ᠪᠠ ᠪᠠᠭ᠎ᠠ ᠢᠳᠡᠰᠢᠯᠡᠬᠦ ᠠᠮᠢᠳᠠᠨ ᠢ ᠰᠠᠯᠭᠠᠵᠤ ᠲᠡᠵᠢᠭᠡᠨ᠂ ᠢᠳᠡᠰᠢᠯᠡᠬᠦ ᠬᠡᠮᠵᠢᠶ᠎ᠡ ᠪᠠᠷ ᠪᠠᠭ᠎ᠠ ᠠᠮᠢᠳᠠᠨ ᠤ ᠢᠳᠡᠰᠢᠯᠡᠬᠦ ᠴᠠᠭ ᠢ ᠵᠤᠬᠢᠰᠲᠠᠢ ᠤᠷᠳᠤᠳᠬᠠᠨ᠎ᠠ᠃
       ᠲᠦᠷᠪᠡ᠂ ᠡᠮ ᠤᠨ ᠥᠳᠬᠡᠴᠡ ᠪᠠ ᠲᠠᠷᠢᠬᠤ
       ᠬᠤᠷᠳᠤᠴᠠ ᠶᠢ ᠠᠩᠬᠠᠷᠬᠤ᠄ ᠪᠤᠯᠴᠢᠩ ᠳᠤ ᠲᠠᠷᠢᠬᠤ ᠡᠮ ᠤᠨ ᠥᠳᠬᠡᠴᠡ ᠶᠢ ᠠᠩᠬᠠᠷᠤᠨ᠎ᠠ᠃ ᠥᠳᠬᠡᠴᠡ ᠨᠢ ᠶᠡᠭᠡ ᠡᠮ ᠤᠨ ᠰᠢᠩᠭᠡᠨ ᠢ ᠰᠤᠷᠤᠵᠤ ᠠᠪᠬᠤ ᠦᠶᠡᠰ ᠡᠷᠬᠡᠪᠰᠢ ᠲᠤᠭᠳᠠᠭᠰᠠᠨ ᠬᠡᠮᠵᠢᠶᠡᠨ ᠠᠴᠠ ᠵᠢᠭᠠᠬᠠᠨ ᠢᠯᠡᠬᠦᠦ ᠪᠠᠶᠢᠯᠭᠠᠬᠤ ᠮᠦᠷᠳᠡᠭᠡᠨ ᠤᠳᠠᠭᠠᠨ ᠰᠢᠭ ᠲᠠᠷᠢᠨ᠎ᠠ᠃
       ᠲᠠᠪᠤ᠂ ᠡᠮᠴᠢᠯᠡᠭᠡᠨ ᠤ ᠬᠤᠭᠤᠴᠠᠭᠠᠨ ᠳᠤ ᠡᠮ ᠬᠡᠷᠡᠭᠯᠡᠬᠦ  ᠴᠠᠭ ᠲᠠᠢ ᠪᠠᠶᠢᠬᠤ ᠶᠢ ᠪᠠᠳᠤᠯᠠᠬᠤ
       ᠡᠮ ᠤᠨ ᠦᠷᠭᠦᠯᠵᠢᠯᠡᠨ ᠬᠡᠷᠡᠭᠯᠡᠬᠦ ᠬᠤᠭᠤᠴᠠᠭ᠎ᠠ ᠶᠢ ᠡᠷᠬᠡᠪᠰᠢ ᠨᠢᠭᠡ ᠡᠮᠴᠢᠯᠡᠭᠡᠨ ᠤ ᠬᠤᠭᠤᠴᠠᠭ᠎ᠠ ᠠᠴᠠ ᠢᠯᠡᠭᠦᠦ ᠪᠠᠶᠢᠬᠤ ᠶᠢ ᠪᠠᠲᠤᠯᠠᠨ᠎ᠠ᠃ 1~2 ᠤᠳᠠᠭ᠎ᠠ ᠬᠡᠷᠡᠭᠯᠡᠪᠡᠯ ᠳᠠᠷᠤᠢ ᠡᠮ ᠢ ᠬᠡᠷᠡᠭᠯᠡᠬᠦ ᠪᠠᠨ ᠵᠤᠭᠰᠤᠬᠤ ᠪᠤᠶᠤ ᠡᠮ ᠤᠨ ᠲᠦᠷᠦᠯ ᠵᠦᠢᠯ ᠢ ᠰᠣᠯᠢᠬᠤ ᠶᠢ ᠰᠠᠨᠳᠤᠷᠴᠤ ᠪᠤᠯᠬᠤ ᠦᠬᠡᠢ᠂ ᠤᠴᠢᠷ ᠨᠢ ᠤᠯᠠᠩᠬᠢ ᠡᠮ ᠨᠢ ᠨᠢᠭᠡ ᠡᠮᠴᠢᠯᠡᠭᠡᠨ ᠤ ᠬᠤᠭᠤᠴᠠᠭ᠎ᠠ ᠶᠢ ᠦᠩᠭᠡᠷᠡᠪᠡᠯ ᠰᠠᠶ᠋ᠢ ᠦᠢᠯᠡᠳᠤᠯ ᠭᠠᠷᠳᠠᠭ᠃
       ᠵᠢᠷᠭᠤᠭ᠎ᠠ᠂ ᠠᠶᠦᠯᠭᠦᠢ ᠡᠮ ᠵᠣᠭᠰᠣᠭᠠᠬᠤ  ᠬᠤᠭᠤᠴᠠᠭ᠎ᠠ ᠶᠢ ᠠᠩᠬᠠᠷᠬᠤ   
       ᠡᠮ ᠢ ᠵᠤᠭᠰᠤᠭᠠᠬᠤ ᠬᠤᠭᠤᠴᠠᠭ᠎ᠠ ᠨᠢ ᠤᠷᠳᠤ᠂  ᠭᠠᠵᠢᠭᠤ ᠦᠢᠯᠡᠳᠦᠯ ᠨᠢ ᠶᠡᠭᠡ ︵ᠵᠢᠱᠢᠶᠡᠯᠡᠪᠡᠯ ᠬᠦᠬᠦᠷᠯᠢᠭ ᠠᠮᠢᠨ ᠤ ᠲᠦᠷᠦᠯ︶ ᠵᠡᠷᠭᠡ ᠡᠮ ᠢ ᠪᠣᠯ ᠡᠮ ᠤᠨ ᠬᠡᠮᠵᠢᠶ᠎ᠡ ᠶᠢ ᠴᠢᠩᠭ᠎ᠠ ᠡᠵᠡᠮᠰᠢᠬᠦ ᠶᠢᠨ ᠬᠠᠮᠳᠤ ᠠᠶᠦᠯᠭᠦᠢ ᠡᠮ ᠵᠤᠭᠰᠤᠭᠠᠬᠤ ᠬᠤᠭᠤᠴᠠᠭ᠎ᠠ ︵安全停药期︶ ᠶᠢ ᠴᠢᠩᠭ᠎ᠠ ᠬᠡᠷᠡᠭᠵᠢᠭᠦᠯᠦᠨ᠎ᠡ᠃
       ᠯᠤᠤᠪᠠᠩ ᠳᠤ ᠬᠠᠷᠠᠯᠠᠨ ᠢᠯᠵᠠᠷᠠᠬᠤ ᠭᠡᠮ ᠡᠭᠦᠰᠬᠦ ᠠᠴᠠ ᠲᠠᠷᠢᠮᠠᠯ ᠤᠨ ᠡᠷᠦᠭᠡ ᠬᠠᠮᠤᠭ ᠠᠴᠠ ᠠᠶᠤᠳᠠᠭ᠃ ᠳᠣᠣᠷ᠎ᠠ ᠬᠠᠷᠠᠯᠠᠨ ᠢᠯᠵᠠᠷᠠᠬᠤ ᠭᠡᠮ ᠡᠭᠦᠰᠬᠦ ᠬᠤᠭᠤᠴᠠᠭᠠᠨ ᠳᠤ ᠶᠠᠮᠠᠷ ᠰᠢᠨᠵᠢ ᠲᠡᠮᠳᠡᠭ ᠢᠯᠡᠷᠡᠬᠦ᠂ ᠰᠡᠷᠭᠡᠶᠢᠯᠡᠨ ᠵᠠᠰᠠᠬᠤ ᠳᠤ ᠶᠠᠮᠠᠷ ᠪᠣᠳᠠᠳᠠᠢ ᠠᠷᠭ᠎ᠠ ᠭᠡᠮᠵᠢᠶ᠎ᠠ ᠠᠪᠬᠤ ᠲᠤᠬᠠᠢ ᠳᠦᠭᠦᠮ ᠳᠠᠨᠢᠯᠴᠠᠭᠤᠯᠤᠶ᠎ᠠ᠃
       ᠭᠡᠮ ᠤᠨ ᠰᠢᠯᠳᠠᠭᠠᠨ
       ᠬᠠᠷᠠᠯᠠᠨ ᠢᠯᠵᠠᠷᠠᠬᠤ ᠭᠡᠮ ᠢ ᠪᠠᠰᠠ ᠭᠤᠣᠯ ᠨᠢ ᠬᠠᠷᠠᠯᠠᠬᠤ ᠭᠡᠮ ᠭᠡᠵᠦ᠂ ᠨᠢᠭᠡ ᠵᠦᠢᠯ ᠤᠨ ᠰᠦᠷᠡᠯ ᠬᠡᠯᠪᠡᠷᠢᠲᠦ ᠪᠠᠺᠲ᠋ᠧᠷᠢ ᠠᠴᠠ ᠡᠭᠦᠰᠳᠡᠭ᠃ ᠭᠡᠮ ᠤᠨ ᠪᠠᠺᠲ᠋ᠧᠷᠢ ᠨᠢ 2~3 ᠵᠢᠯ ᠠᠮᠢᠳᠤᠷᠠᠵᠤ᠂ ᠦᠷ᠎ᠡ ᠶᠢᠨ ᠳᠤᠳᠤᠷ᠎ᠠ ᠪᠤᠶᠤ ᠭᠡᠮ ᠲᠠᠢ ᠦᠯᠡᠳᠡᠭᠳᠡᠯ ᠪᠡᠶ᠎ᠡ ᠶᠢ ᠳᠠᠭᠠᠵᠤ ᠬᠦᠷᠦᠰᠦ ᠰᠢᠷᠤᠢ ᠳᠤ ᠡᠪᠦᠯᠵᠢᠳᠡᠭ᠂ ᠡᠰᠡᠭᠦᠯ᠎ᠡ ᠦᠷ᠎ᠡ ᠳᠤ ᠦᠯᠡᠳᠡᠭᠡᠭᠰᠡᠨ ᠰᠠᠭᠤᠷᠢ ᠶᠢ ᠳᠠᠭᠠᠵᠤ ᠡᠪᠦᠯᠵᠢᠳᠡᠭ᠃ ᠤᠯᠠᠩᠬᠢ ᠳᠠᠭᠠᠨ ᠬᠤᠷᠣᠬᠠᠶᠢᠲᠤᠭᠰᠠᠨ ᠬᠡᠰᠡᠭ ᠢᠶᠠᠷ ᠬᠠᠯᠳᠠᠪᠤᠷᠢᠯᠠᠨ ᠤᠷᠤᠵᠤ᠂ ᠨᠢᠯᠬ᠎ᠠ ᠴᠢᠬᠢ ᠰᠤᠶᠤᠭᠠᠯᠠᠭᠰᠠᠨ ᠤ ᠲᠠᠷᠠᠭ᠎ᠠ ᠤᠷᠢᠳᠠᠪᠠᠷ ᠨᠢᠯᠬ᠎ᠠ ᠨᠠᠪᠴᠢᠨ ᠳᠤ ᠬᠠᠯᠳᠠᠪᠤᠷᠢᠯᠠᠵᠤ᠂ ᠳᠠᠷᠠᠭ᠎ᠠ ᠨᠢ ᠳᠠᠮᠵᠢᠭᠤᠯᠤᠭᠴᠢ ᠴᠣᠷᠭᠤ ᠪᠠᠷ ᠳᠠᠮᠵᠢᠵᠤ ᠳᠡᠭᠡᠷ᠎ᠡ ᠲᠠᠯ᠎ᠠ ᠶᠢᠨ ᠨᠠᠪᠴᠢ ᠪᠣᠯᠣᠨ ᠦᠨᠳᠦᠰᠦᠨ ᠤ ᠬᠡᠰᠡᠭ ᠲᠤ ᠬᠠᠯᠳᠠᠪᠤᠷᠢᠯᠠᠨ᠎ᠠ᠃ ᠭᠡᠮ ᠤᠨ ᠪᠠᠺᠲ᠋ᠧᠷᠢ ᠨᠢ ᠪᠣᠷᠣᠭᠠᠨ ᠤ ᠤᠰᠤ᠂ ᠤᠰᠤᠯᠠᠬᠤ ᠤᠰᠤ᠂ ᠰᠢᠪᠡᠵᠢ᠂ ᠭᠡᠮ ᠲᠠᠢ ᠤᠷᠭᠤᠮᠠᠯ ᠵᠡᠷᠭᠡ ᠲᠠᠢ ᠬᠦᠷᠦᠯᠴᠡᠬᠦ ᠪᠠᠷ ᠳᠠᠮᠵᠢᠵᠤ ᠲᠠᠷᠬᠠᠳᠠᠭ᠃ ᠦᠨᠳᠦᠷ ᠳᠤᠯᠠᠭᠠᠨ᠂ ᠪᠤᠷᠤᠭᠠᠨ ᠠᠷᠪᠢᠨ᠂ ᠴᠢᠬᠢᠭ ᠶᠡᠭᠡ ᠮᠦᠷᠳᠡᠭᠡᠨ ᠬᠤᠷᠤᠬᠠᠢ ᠶᠢᠨ ᠬᠦᠨᠦᠭᠡᠯ ᠤᠯᠠᠨ ᠡᠭᠦᠰᠬᠦ ᠭᠠᠵᠠᠷ ᠲᠤ ᠲᠤᠰ ᠬᠡᠮ ᠬᠦᠨᠳᠦ ᠨᠣᠴᠢᠲᠠᠢ ᠡᠭᠦᠰᠳᠡᠭ᠃ ᠡᠭᠦᠨ ᠠᠴᠠ ᠭᠠᠳᠠᠨ᠎ᠠ᠂ ᠵᠠᠯᠭᠠᠵᠤ ᠲᠠᠷᠢᠭᠰᠠᠨ ᠭᠠᠵᠠᠷ ᠪᠤᠶᠤ ᠠᠽᠣᠲ ᠪᠣᠷᠳᠣᠭᠤᠷ ᠠᠷᠪᠢᠨ ᠣᠷᠣᠭᠤᠯᠤᠭᠰᠠᠨ ᠭᠠᠵᠠᠷ ᠲᠤ ᠬᠦᠨᠳᠦ ᠡᠭᠦᠰᠳᠡᠭ᠃ ᠭᠤᠤᠯᠳᠠᠭᠤ ᠯᠤᠤᠪᠠᠩ᠂ ᠪᠥᠭᠡᠷᠡᠩᠬᠡᠢ ᠡᠰᠢᠲᠦ ᠨᠤᠭᠤᠭ᠎ᠠ᠂ ᠴᠣᠬᠤᠷ ᠨᠤᠭᠤᠭ᠎ᠠ᠂ ᠴᠠᠭᠠᠨ ᠨᠤᠭᠤᠭ᠎ᠠ᠂ ᠭᠠᠶᠢᠮᠤ ᠵᠡᠷᠭᠡ ᠲᠤᠨᠤᠯᠵᠢᠨ ᠴᠡᠴᠡᠭ ᠤᠨ ᠢᠵᠠᠭᠤᠷᠲᠤ ᠨᠤᠭᠤᠭ᠎ᠠ ᠶᠢ ᠬᠥᠨᠥᠭᠡᠳᠡᠭ ᠶᠤᠮ᠃
       ᠰᠢᠨᠵᠢ ᠲᠡᠮᠳᠡᠭ
       ᠯᠤᠤᠪᠠᠩ ᠤᠨ ᠬᠠᠷᠠᠯᠠᠨ ᠢᠯᠵᠠᠷᠠᠬᠤ ᠭᠡᠮ ᠨᠢ ᠤᠯᠠᠩᠬᠢ ᠳᠠᠭᠠᠨ ᠨᠠᠪᠴᠢ ᠶᠢ ᠬᠥᠨᠥᠭᠡᠵᠦ᠂ ᠭᠡᠮ ᠤᠨ ᠪᠠᠺᠲ᠋ᠧᠷᠢ ᠨᠢ ᠦᠷ᠎ᠡ ᠶᠢᠨ ᠲᠠᠯ᠎ᠠ ᠪᠤᠶᠤ ᠵᠢᠩᠬᠢᠨᠢ ᠨᠠᠪᠴᠢᠨ ᠤ ᠬᠥᠪᠡᠭᠡ ᠶᠢᠨ ᠤᠰᠤᠨ ᠰᠦᠪᠡ ᠪᠤᠶᠤ ᠨᠠᠪᠴᠢᠨ ᠤ ᠰᠢᠷᠬᠠᠳᠤᠭᠰᠠᠨ ᠭᠡᠰᠡᠭ ᠢᠶᠠᠷ ᠳᠠᠮᠵᠢᠨ ᠬᠠᠯᠳᠠᠪᠤᠷᠢᠯᠠᠨ ᠣᠷᠣᠵᠤ᠂ ᠨᠠᠪᠴᠢᠨ ᠤ ᠬᠥᠪᠡᠭᠡ ᠶᠢ ᠭᠡᠮᠨᠡᠭᠦᠯᠵᠦ᠂ ︽V︾ ᠦᠰᠦᠭ ᠤᠨ ᠬᠡᠯᠪᠡᠷᠢᠲᠠᠢ ᠭᠡᠮᠨᠡᠭᠰᠡᠨ ᠳᠤᠯᠪᠤ ᠢᠯᠡᠷᠡᠵᠦ᠂ ᠬᠡᠮᠨᠡᠭᠰᠡᠨ ᠲᠣᠯᠪᠤ ᠨᠢ ᠦᠨᠡᠰᠦᠨ ᠥᠩᠭᠡ ᠠᠴᠠ ᠴᠠᠶᠢᠪᠤᠷ ᠬᠦᠷᠠᠩ ᠥᠩᠭᠡ ᠲᠠᠢ ᠪᠤᠯᠵᠤ᠂ ᠬᠥᠪᠡᠭᠡ ᠪᠠᠷ ᠦᠷᠭᠦᠯᠵᠢ ᠰᠢᠷ᠎ᠠ ᠥᠩᠭᠡ ᠶᠢᠨ ᠬᠥᠷᠢᠶ᠎ᠡ ᠢᠯᠡᠷᠡᠵᠦ᠂ ᠭᠡᠮᠨᠡᠭᠰᠡᠨ ᠲᠣᠯᠪᠤ ᠲᠠᠢ ᠭᠡᠰᠡᠭ ᠤᠨ ᠨᠠᠪᠴᠢᠨ ᠤ ᠰᠤᠳᠠᠯ ᠨᠢ ᠦᠬᠦᠵᠢᠵᠦ ᠬᠠᠷᠠᠯᠠᠳᠠᠭ᠃ ᠭᠡᠮᠨᠡᠭᠰᠡᠨ ᠲᠣᠯᠪᠤ ᠨᠢ ᠬᠤᠶᠠᠷ ᠬᠠᠵᠠᠭᠤ ᠪᠤᠶᠤ ᠳᠣᠲᠣᠭᠰᠢ ᠪᠠᠨ ᠲᠠᠷᠬᠠᠵᠤ᠂ ᠡᠷᠭᠢᠨ ᠲᠤᠭᠤᠷᠢᠨ ᠤ ᠨᠠᠪᠴᠢ ᠶᠢ ᠰᠢᠷᠠᠯᠠᠭᠤᠯᠬᠤ ᠪᠤᠶᠤ ᠬᠤᠪᠠᠭ᠋ᠠᠶᠢᠷᠠᠵᠤ ᠦᠬᠦᠭᠦᠯᠳᠡᠭ᠃ ᠭᠡᠮ ᠤᠨ ᠪᠠᠺᠲ᠋ᠧᠷᠢ ᠨᠢ ᠨᠠᠪᠴᠢᠨ ᠤ ᠰᠤᠳᠠᠯ᠂ ᠨᠠᠪᠴᠢᠨ ᠤ ᠡᠰᠢ ᠠᠴᠠ ᠬᠥᠭᠵᠢᠭᠡᠳ ᠦᠨᠳᠦᠰᠦᠨ ᠤ ᠭᠡᠰᠡᠭ ᠬᠦᠷᠳᠡᠯ᠎ᠡ ᠲᠠᠷᠬᠠᠳᠠᠭ᠃ ᠦᠨᠳᠦᠰᠦᠨ ᠤ ᠰᠢᠰᠲ᠋ᠧᠮ ᠢ ᠬᠥᠨᠥᠭᠡᠪᠡᠯ ᠭᠠᠳᠠᠷ ᠲᠠᠯ᠎ᠠ ᠨᠢ ᠬᠠᠷᠠᠯᠠᠨ᠎ᠠ᠂ ᠡᠰᠡᠭᠦᠯ᠎ᠡ ᠥᠩᠭᠡ ᠨᠢ ᠬᠤᠪᠢᠷᠠᠬᠤ ᠦᠭᠡᠢ᠂ ᠬᠠᠷᠢᠨ ᠳᠤᠳᠤᠷ ᠨᠡᠭᠡᠳᠡᠰᠤ ᠨᠢ ᠬᠠᠳᠠᠵᠤ ᠢᠯᠵᠠᠷᠠᠨ᠂ ᠴᠣᠷᠭᠤ ᠰᠢᠷᠬᠡᠭᠲᠦ ᠪᠠᠭᠴᠠ ᠨᠢ ᠬᠠᠷᠠᠯᠠᠵᠤ᠂ ᠭᠤᠣᠯ ᠤᠨ ᠨᠡᠭᠡᠳᠡᠰᠤ ᠨᠢ ᠬᠠᠷᠠᠯᠠᠵᠤ ᠬᠠᠳᠠᠭᠠᠳ ᠲᠡᠷᠡᠴᠢᠯᠡᠨ ᠭᠤᠣᠯ ᠢ ᠬᠥᠨᠳᠡᠢ ᠪᠣᠯᠭᠠᠳᠠᠭ᠃
       ᠰᠡᠷᠭᠡᠶᠢᠯᠡᠨ ᠵᠠᠰᠠᠬᠤ ᠠᠷᠭ᠎ᠠ
       1. ᠭᠡᠮ ᠢ ᠡᠰᠡᠷᠭᠦᠴᠡᠬᠦ ᠦᠷ᠎ᠡ ᠶᠢ ᠰᠣᠩᠭᠤᠬᠤ᠄ ᠰᠠᠶᠢᠨ ᠦᠷ᠎ᠡ ᠶᠢ ᠰᠣᠩᠭᠤᠬᠤ ᠨᠢ ᠲᠠᠷᠢᠮᠠᠯ ᠤᠨ ᠡᠷᠦᠭᠡ ᠳᠤ ᠠᠪᠴᠤ ᠬᠡᠯᠡᠪᠡᠯ ᠲᠤᠩ ᠴᠢᠬᠤᠯᠨ ᠪᠠᠶᠢᠵᠤ᠂ ᠡᠯ᠎ᠡ ᠡᠭᠦᠯᠳᠡᠷ ᠤᠨ ᠬᠤᠭᠤᠷᠤᠨᠳᠤᠬᠢ ᠭᠡᠮ ᠢ ᠡᠰᠡᠷᠭᠦᠴᠡᠬᠦ ᠴᠢᠨᠠᠷ ᠨᠢ ᠠᠳᠠᠯᠢ ᠪᠤᠰᠤ ᠪᠠᠶᠢᠳᠠᠭ᠃ ᠡᠶᠢᠮᠤ ᠠᠴᠠ ᠲᠠᠷᠢᠮᠠᠯ ᠤᠨ ᠡᠷᠦᠭᠡ ᠯᠤᠤᠪᠠᠩ ᠤᠨ ᠦᠷ᠎ᠡ ᠶᠢ ᠬᠤᠳᠠᠯᠳᠤᠨ ᠠᠪᠬᠤ ᠦᠶᠡᠰ ᠡᠷᠬᠡᠪᠰᠢ ᠦᠷ᠎ᠡ ᠶᠢᠨ ᠴᠢᠳᠠᠯ ᠬᠢᠭᠡᠳ ᠲᠠᠷᠢᠬᠤ ᠱᠠᠭᠠᠷᠳᠠᠯᠭ᠎ᠠ ᠶᠢ ᠰᠠᠶᠢᠳᠤᠷ ᠠᠩᠬᠠᠷᠴᠤ᠂ ᠭᠡᠮ ᠬᠦᠨᠦᠭᠡᠯ ᠡᠭᠦᠰᠬᠦ ᠪᠤᠯᠤᠮᠵᠢ ᠶᠢ ᠠᠯᠢ ᠴᠢᠳᠠᠬᠤ ᠪᠠᠷ ᠪᠠᠭᠠᠰᠬᠠᠨ᠎ᠠ᠃
       2. ᠦᠷ᠎ᠡ ᠶᠢ ᠠᠷᠢᠭᠤᠳᠬᠠᠵᠤ ᠰᠢᠢᠳᠪᠦᠷᠢᠯᠡᠬᠦ᠄ ᠲᠠᠷᠢᠬᠤ ᠠᠴᠠ ᠡᠮᠦᠨ᠎ᠡ ᠦᠷ᠎ᠡ ᠶᠢᠨ ᠬᠦᠨᠳᠦ ᠶᠢᠨ 0.2% ᠢᠶᠠᠷ 50% ᠲᠢᠷᠡᠮ ᠤᠨ ᠴᠢᠬᠢᠭᠳᠦᠮᠡᠭᠡᠢ ᠨᠤᠨᠳᠠᠭ ᠡᠮ ︵福美双可湿性粉剂︶ ᠪᠤᠶᠤ 35% ᠶᠢᠨ ᠬᠥᠬᠡ ᠱᠤᠸᠠᠩ ᠯᠢᠩ ︵甲霜灵︶ ᠤᠨ ᠦᠷ᠎ᠡ ᠵᠠᠮᠣᠷᠬᠤ ᠡᠮ ᠳᠤ ᠬᠢᠵᠦ ᠦᠷ᠎ᠡ ᠶᠢ ᠵᠠᠮᠣᠷᠠᠨ᠎ᠠ᠂ ᠡᠰᠡᠭᠦᠯ᠎ᠡ ᠦᠷ᠎ᠡ ᠶᠢ 50℃ ᠤᠨ ᠪᠦᠯᠢᠶᠡᠨ ᠤᠰᠤᠨ ᠳᠤ 20 ᠮᠢᠨᠦ᠋ᠲ ᠲᠡᠪᠳᠤᠭᠡᠵᠦ᠂ ᠭᠠᠷᠭᠠᠭᠰᠠᠨ ᠤ ᠳᠠᠷᠠᠭ᠎ᠠ ᠬᠦᠢᠲᠡᠨ ᠤᠰᠤᠨ ᠳᠤ ᠬᠢᠵᠤ ᠱᠦᠭᠦᠵᠦ ᠭᠠᠷᠭᠠᠭᠠᠳ ᠬᠠᠳᠠᠭᠰᠠᠨ ᠤ ᠲᠠᠷᠠᠭ᠎ᠠ ᠲᠠᠷᠢᠨ᠎ᠠ᠃
       3. ᠵᠣᠬᠢᠰᠲᠠᠢ ᠰᠡᠯᠭᠦᠵᠦ ᠲᠠᠷᠢᠵᠤ ᠡᠭᠡᠯᠵᠢᠯᠡᠨ ᠲᠠᠷᠢᠬᠤ᠄ ᠯᠤᠤᠪᠠᠩ ᠬᠠᠷᠠᠯᠠᠨ ᠢᠯᠵᠠᠷᠠᠬᠤ ᠭᠡᠮ ᠭᠡᠨᠡᠳᠳᠠ ᠡᠭᠦᠰᠪᠡᠯ ᠳᠡᠭᠦᠨ ᠤ ᠬᠡᠮ ᠤᠨ ᠪᠠᠺᠲ᠋ᠧᠷᠢ ᠨᠢ ᠬᠦᠷᠦᠰᠦ ᠰᠢᠷᠦᠢ ᠳᠤ ᠦᠷᠭᠦᠯᠵᠢᠯᠡᠨ ᠬᠡᠳᠤᠨ ᠵᠢᠯ ᠠᠮᠢᠳᠤᠷᠠᠵᠤ᠂ ᠳᠠᠷᠠᠭᠠᠴᠢ ᠶᠢᠨ ᠯᠤᠤᠪᠠᠩ ᠤᠨ ᠲᠠᠷᠢᠶ᠎ᠠ ᠶᠢ ᠦᠷᠭᠦᠯᠵᠢᠯᠡᠨ ᠬᠥᠨᠥᠭᠡᠳᠡᠭ᠂ ᠡᠶᠢᠮᠦ ᠠᠴᠠ ᠵᠤᠭᠢᠰᠳᠠᠢ ᠰᠡᠯᠭᠦᠵᠦ ᠲᠠᠷᠢᠵᠤ ᠡᠭᠡᠯᠵᠢᠯᠡᠨ ᠲᠠᠷᠢᠬᠤ ᠨᠢ ᠲᠤᠩ ᠴᠢᠬᠤᠯᠨ ᠶᠤᠮ᠃
       ᠡᠬᠦᠡ ᠳᠤ ᠰᠡᠯᠭᠦᠵᠦ ᠲᠠᠷᠢᠬᠤ ᠡᠭᠡᠯᠵᠢᠯᠡᠨ ᠲᠠᠷᠢᠬᠤ ᠴᠠᠭ ᠢ ᠠᠳᠠᠭ ᠲᠠᠭᠠᠨ 3 ᠵᠢᠯ ᠪᠠᠶᠢᠯᠭᠠᠬᠤ ᠶᠢ ᠪᠠᠳᠤᠯᠠᠵᠤ᠂ ᠴᠢᠨᠠᠭᠰᠢᠯᠠᠪᠠᠯ ᠨᠡᠩ ᠤᠷᠳᠤ ᠬᠤᠭᠤᠴᠠᠭ᠎ᠠ ᠪᠠᠶᠢᠯᠭᠠᠪᠠᠯ ᠵᠣᠬᠢᠨ᠎ᠠ᠃
       4. ᠲᠠᠷᠢᠶᠠᠨ ᠤ ᠬᠠᠮᠢᠶᠠᠷᠤᠯᠳᠠ ᠶᠢ ᠴᠢᠩᠭᠠᠳᠬᠠᠬᠤ᠄ ᠴᠠᠭ ᠲᠤᠨᠢ ᠲᠣᠬᠢᠷᠠᠭᠤᠯᠤᠨ ᠲᠠᠷᠢᠵᠦ᠂ ᠲᠣᠬᠢᠷᠠᠭᠰᠠᠨ ᠬᠤᠭᠤᠴᠠᠭ᠎ᠠ᠂ ᠲᠣᠬᠢᠷᠠᠭᠰᠠᠨ ᠭᠡᠮᠵᠢᠶ᠎ᠠ ᠪᠠᠷ ᠴᠢᠬᠢ ᠰᠦᠢᠨ᠎ᠠ᠃ ᠲᠣᠬᠢᠷᠠᠮᠵᠢᠲᠠᠢ ᠤᠰᠤᠯᠠᠵᠤ᠂ ᠬᠦᠷᠦᠰᠦ ᠰᠢᠷᠦᠢ ᠶᠢᠨ ᠬᠡᠲᠦᠷᠬᠡᠢ ᠬᠠᠲᠠᠵᠦ᠂ ᠬᠡᠲᠦᠷᠬᠡᠢ ᠤᠰᠤᠳᠤᠬᠤ ᠠᠴᠠ ᠵᠠᠶᠢᠯᠠᠰᠬᠢᠨ᠂ ᠭᠠᠵᠠᠷ ᠳᠤᠤᠷᠠᠬᠢ ᠬᠥᠨᠥᠭᠡᠯᠲᠦ ᠬᠤᠷᠤᠬᠠᠢ ᠶᠢ ᠴᠠᠭ ᠲᠤᠬᠠᠢ ᠳᠤᠨᠢ ᠰᠡᠷᠭᠡᠶᠢᠯᠡᠵᠦ ᠵᠠᠰᠠᠨ᠎ᠠ᠃ ᠰᠢᠷᠬ᠎ᠠ ᠶᠢ ᠪᠠᠭᠠᠰᠬᠠᠵᠤ᠂ ᠬᠤᠷᠢᠶᠠᠭᠰᠠᠨ ᠤ ᠲᠠᠷᠠᠭ᠎ᠠ ᠲᠠᠷᠢᠶᠠᠨ ᠭᠠᠵᠠᠷ ᠢ ᠴᠠᠭ ᠲᠤᠬᠠᠢ ᠳᠤᠨᠢ ᠠᠷᠢᠭᠤᠳᠬᠠᠨ ᠴᠡᠪᠡᠷᠯᠡᠨ᠎ᠡ᠃
       5. ᠲᠠᠷᠢᠶᠠᠨ ᠭᠠᠵᠠᠷ ᠤᠨ ᠦᠯᠡᠳᠡᠭᠳᠡᠯ ᠭᠡᠮ ᠢ ᠠᠷᠢᠯᠭᠠᠬᠤ᠄ ᠲᠠᠷᠢᠶᠠᠨ ᠴᠢᠬᠢ ᠢᠯᠭᠠᠬᠤ᠂ ᠲᠠᠷᠢᠶᠠᠨ ᠴᠢᠬᠢ ᠰᠡᠶᠢᠷᠡᠭᠦᠯᠬᠦ᠂ ᠢᠳᠡᠷᠡᠭᠦᠨ ᠤᠷᠭᠤᠬᠤ ᠬᠤᠭᠤᠴᠠᠭᠠᠨ ᠳᠤ ᠰᠠᠶᠢᠳᠤᠷ ᠪᠠᠶᠢᠴᠠᠭᠠᠬᠤ ᠶᠢ ᠠᠩᠬᠠᠷᠴᠤ᠂ ᠭᠡᠮᠨᠡᠭᠰᠡᠨ ᠳᠣᠷᠣᠢ ᠰᠠᠭᠤᠷᠢ ᠪᠠᠶᠢᠪᠠᠯ ᠴᠠᠭ ᠲᠤᠬᠠᠢ ᠳᠤᠨᠢ ᠲᠡᠭᠦᠵᠦ ᠬᠠᠶᠠᠬᠤ ᠪᠥᠭᠡᠳ ︽ᠵᠡᠰ︾ ᠠᠭᠤᠯᠤᠭᠰᠠᠨ ᠪᠠᠺᠲ᠋ᠧᠷᠢ ᠠᠯᠠᠬᠤ ᠡᠳ᠋ ᠢ ᠴᠠᠭ ᠲᠤᠬᠠᠢ ᠳᠤᠨᠢ ᠰᠦᠷᠴᠢᠵᠦ᠂ ᠭᠡᠮ ᠤᠨ ᠲᠠᠷᠬᠠᠯᠲᠠ ᠶᠢ ᠪᠠᠭᠠᠰᠬᠠᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ