|
ᠢᠳᠡᠰᠢᠨ ᠦᠬᠡᠷ ᠤᠨ ᠬᠠᠪᠤᠷ ᠤᠨ ᠤᠯᠠᠷᠢᠯ ᠤᠨ ᠠᠷᠠᠴᠢᠯᠠᠭ᠎ᠠ ᠬᠠᠮᠢᠶᠠᠷᠤᠯᠲᠠ |
|
|
ᠨᠡᠶᠢᠲᠡᠯᠡᠭᠰᠡᠨ ᠴᠠᠭ᠄
2018/12/6
|
|
ᠬᠠᠪᠤᠷ ᠪᠤᠯᠵᠤ ᠠᠭᠤᠷ ᠠᠮᠢᠰᠬᠤᠯ ᠡᠬᠢᠯᠡᠨ ᠳᠤᠯᠠᠭᠠᠷᠠᠬᠤ ᠨᠢ ᠢᠳᠡᠰᠢᠨ ᠦᠬᠡᠷ ᠤᠨ ᠨᠢᠭᠡ ᠵᠢᠯ ᠤᠨ ᠬᠠᠮᠤᠭ ᠤᠨ ᠲᠦᠷᠭᠡᠨ ᠥᠰᠬᠦ ᠤᠯᠠᠷᠢᠯ ᠪᠤᠯᠤᠨ᠎ᠠ᠃ ᠢᠳᠡᠰᠢᠨ ᠦᠬᠡᠷ ᠤᠨ ᠨᠡᠯᠢᠶᠡᠳ ᠲᠦᠷᠭᠡᠨ ᠥᠰᠬᠦ ᠶᠢ ᠪᠠᠳᠤᠯᠠᠬᠤ ᠶᠢᠨ ᠲᠥᠯᠥᠭᠡ ᠢᠳᠡᠰᠢᠨ ᠦᠬᠡᠷ ᠲᠡᠵᠢᠭᠡᠭᠴᠢ ᠠᠴᠠ ᠳᠣᠣᠷᠠᠬᠢ ᠬᠡᠳᠦᠨ ᠲᠠᠯ᠎ᠠ ᠶᠢᠨ ᠠᠵᠢᠯ ᠢ ᠰᠠᠶᠢᠲᠤᠷ ᠬᠢᠪᠡᠯ ᠵᠤᠬᠢᠨ᠎ᠠ᠄ 1. ᠬᠤᠷᠤᠬᠠᠢ ᠲᠠᠭᠤᠬᠤ ᠡᠨᠡᠬᠦ ᠤᠯᠠᠷᠢᠯ ᠳᠤ ᠦᠬᠡᠷ ᠨᠢ ᠮᠥᠯᠵᠢᠭᠦᠷ ᠬᠤᠷᠤᠬᠠᠢ ᠳᠤ ᠳᠤᠩ ᠠᠮᠠᠷᠬᠠᠨ ᠬᠠᠯᠳᠠᠪᠤᠷᠢᠯᠠᠭᠳᠠᠳᠠᠭ ᠠᠴᠠ ᠡᠮ ᠢᠶᠠᠷ ᠦᠬᠡᠷ ᠤᠨ ᠪᠠᠶ᠎ᠡ ᠶᠢᠨ ᠬᠤᠷᠤᠬᠠᠢ ᠶᠢ ᠲᠠᠭᠤᠬᠤ ᠴᠢᠬᠤᠯᠨ ᠲᠠᠢ᠂ ᠵᠢᠱᠢᠶᠠᠯᠠᠪᠠᠯ᠂ ᠠ ᠸᠧᠢ ᠪᠠᠺᠲ᠋ᠧᠷᠢ ᠶᠢᠨ ᠡᠳ᠋ ︵阿维菌素︶᠂ ᠢ ᠸᠧᠢ ᠪᠠᠺᠲ᠋ᠧᠷᠢ ᠶᠢᠨ ᠡᠳ᠋ ︵伊维菌素︶᠂ ᠹᠧᠨ᠋ᠪᠧᠨ᠋ᠳᠠᠽᠤᠯ ︵吩苯达唑︶᠂ ᠳ᠋ᠢ ᠪᠠᠢ ᠴᠦᠩ ︵敌百虫︶ ᠵᠡᠷᠭᠡ ᠪᠠᠷ ᠬᠤᠷᠤᠬᠠᠢ ᠶᠢ ᠲᠠᠭᠤᠨ᠎ᠠ᠃ 2. ᠬᠤᠲᠣᠭᠤᠳᠤ ᠶᠢ ᠰᠠᠶᠢᠵᠢᠷᠠᠭᠤᠯᠬᠤ ᠲᠡᠵᠢᠭᠡᠬᠦ ᠠᠷᠭ᠎ᠠ ᠨᠢ ᠵᠣᠬᠢᠰ ᠦᠭᠡᠢ ᠪᠤᠶᠤ ᠴᠡᠪᠡᠷ ᠪᠤᠰᠤ ᠪᠤᠷᠳᠤᠭ᠎ᠠ ᠪᠠᠷ ᠲᠡᠵᠢᠭᠡᠬᠦ ᠵᠡᠷᠭᠡ ᠰᠢᠯᠳᠠᠭᠠᠨ ᠠᠴᠠ ᠦᠬᠡᠷ ᠤᠨ ᠭᠦᠵᠡᠭᠡ᠂ ᠰᠠᠷᠬᠢᠨᠠᠭ ᠲᠤ ᠦᠷᠭᠦᠯᠵᠢ ᠬᠤᠯᠢᠮᠠᠭ ᠪᠣᠳᠠᠰ ᠬᠤᠷᠠᠮᠳᠤᠵᠤ᠂ ᠢᠳᠡᠭᠡᠨ ᠤ ᠳᠤᠷᠠᠰᠢᠯ ᠢ ᠮᠠᠭᠤᠲᠠᠭᠤᠯᠤᠨ᠂ ᠰᠢᠩᠭᠡᠭᠡᠯᠲᠡ ᠶᠢ ᠮᠠᠭᠤ ᠪᠣᠯᠭᠠᠳᠠᠭ᠃ ᠡᠨᠡ ᠦᠶᠡᠰ 1% ᠶᠢᠨ ᠰᠤᠳᠠ ᠲᠠᠢ ᠤᠰᠤ ᠶᠢ ᠥᠯᠥᠨ ᠢᠶᠠᠷ ᠴᠢᠳᠬᠤᠨ ᠤᠤᠭᠤᠯᠭᠠᠵᠤ᠂ ᠢᠳᠡᠰᠢᠨ ᠦᠬᠡᠷ ᠤᠨ ᠬᠤᠯᠢᠮᠠᠭ ᠪᠣᠳᠠᠰ ᠢ ᠭᠠᠳᠠᠭᠰᠢᠯᠠᠭᠤᠯᠤᠭᠰᠠᠨ ᠤ ᠰᠡᠭᠦᠯᠡᠷ ︵ᠬᠠᠷ᠎ᠠ ᠥᠩᠭᠡ ᠲᠠᠢ ᠰᠢᠩᠭᠡᠨ ᠪᠠᠭᠠᠰᠤ ᠭᠠᠳᠠᠭᠰᠢᠯᠠᠭᠤᠯᠬᠤ ᠪᠠᠷ ᠪᠠᠷᠢᠮᠵᠢᠶ᠎ᠠ ᠪᠤᠯᠭᠠᠨ᠎ᠠ︶ ᠳᠠᠬᠢᠵᠦ ᠪᠤᠷᠳᠤᠵᠦ ᠲᠡᠵᠢᠭᠡᠨ᠎ᠡ᠃ ᠬᠤᠲᠤᠭᠤᠳᠤ ᠰᠠᠶᠢᠵᠢᠷᠠᠭᠤᠯᠬᠤ ᠬᠢᠲᠠᠳ ᠡᠪᠡᠰᠦᠨ ᠡᠮ ᠤᠨ ᠵᠣᠷ᠄ 75g ᠲᠥᠮᠥᠰᠦᠯᠢᠭ ᠰᠠᠬᠠᠯ ᠡᠪᠡᠰᠦ᠂ 50g ᠵᠦᠷᠵᠢ ᠶᠢᠨ ᠬᠠᠯᠢᠰᠤ᠂ 75g ᠯᠤᠤᠪᠠᠩ ᠤᠨ ᠦᠷ᠎ᠡ᠂ 75g ᠶᠠᠰᠤᠯᠢᠭ ᠵᠦᠷᠵᠢ ᠶᠢᠨ ᠬᠠᠯᠢᠰᠤ᠂ 5g ᠨᠠᠷᠠᠰᠤᠨ ᠦᠨᠳᠦᠰᠦᠨ ᠤ ᠮᠥᠬᠦ᠂ 100g ᠳᠣᠯᠣᠨᠤ᠂ 100g ᠬᠥᠷᠥᠩᠭᠡ᠂ 100g ᠠᠷᠪᠠᠢ ᠶᠢᠨ ᠨᠠᠬᠢᠶ᠎ᠠ᠂ 50g ᠪᠢᠩᠯᠠᠩ᠂ 50g ᠬᠥᠬᠡ ᠬᠠᠯᠢᠰᠤ᠂ 50g ᠪᠠᠷᠠᠭᠠᠠ ᠡᠮ᠂ 50g ᠰᠢᠬᠢᠷ ᠡᠪᠡᠰᠦ ᠶᠢ ᠴᠢᠨᠠᠭᠠᠳ ᠦᠬᠡᠷ ᠪᠦᠷᠢ ᠳᠤ ᠡᠳᠦᠷ ᠲᠤ ᠨᠢᠭᠡ ᠳᠤᠩ᠂ ᠦᠷᠭᠦᠯᠵᠢᠯᠡᠨ 2 ᠡᠳᠦᠷ ᠤᠤᠭᠤᠯᠭᠠᠪᠠᠯ᠂ ᠢᠳᠡᠰᠢᠨ ᠦᠬᠡᠷ ᠤᠨ ᠢᠳᠡᠭᠡᠨ ᠤ ᠳᠤᠷᠠᠰᠢᠯ ᠢ ᠨᠡᠮᠡᠭᠳᠡᠭᠦᠯᠵᠦ ᠴᠢᠳᠠᠨ᠎ᠠ᠃ 3. ᠪᠤᠷᠳᠤᠭ᠎ᠠ ᠶᠢ ᠵᠣᠬᠢᠰᠲᠠᠢ ᠨᠠᠶᠢᠷᠠᠭᠤᠯᠬᠤ ᠢᠳᠡᠰᠢᠨ ᠦᠬᠡᠷ ᠢ ᠲᠦᠷᠭᠡᠨ ᠥᠰᠬᠡᠬᠦ ᠭᠡᠪᠡᠯ ᠪᠤᠷᠳᠤᠭ᠎ᠠ ᠠᠴᠠ ᠭᠦᠢᠴᠡᠳ ᠭᠡᠮᠵᠢᠶᠡᠨ ᠤ ᠸᠢᠲ᠋ᠠᠮᠢᠨ᠂ ᠪᠢᠴᠢᠯ ᠡᠯᠧᠮᠧᠨ᠋ᠲ᠂ ᠡᠷᠦᠳᠡᠰᠦ ᠪᠤᠳᠠᠰ᠂ ᠡᠨᠧᠷᠬᠢ ᠪᠤᠯᠤᠨ ᠤᠭᠤᠷᠠᠭ ᠵᠡᠷᠭᠡ ᠶᠢ ᠭᠦᠢᠴᠡᠳ ᠰᠢᠩᠭᠡᠭᠡᠨ ᠠᠪᠤᠭᠰᠠᠨ ᠪᠠᠶᠢᠬᠤ ᠬᠡᠷᠡᠭᠲᠡᠢ᠂ ᠡᠶᠢᠮᠦ ᠠᠴᠠ ᠢᠳᠡᠰᠢᠨ ᠦᠬᠡᠷ ᠲᠤ ᠨᠠᠷᠢᠯᠢᠭ ᠪᠤᠷᠳᠤᠭ᠎ᠠ ᠨᠥᠬᠦᠪᠦᠷᠢᠯᠡᠬᠦ ᠨᠢ ᠳᠦᠢᠯ ᠤᠨ ᠴᠢᠬᠤᠯᠨ ᠶᠤᠮ᠃ ᠨᠠᠷᠢᠯᠢᠭ ᠪᠤᠷᠳᠤᠭ᠎ᠠ ᠶᠢ ᠳᠣᠣᠷᠠᠬᠢ ᠬᠠᠷᠢᠴᠠᠯ ᠢᠶᠠᠷ ᠨᠠᠶᠢᠷᠠᠭᠤᠯᠵᠤ ᠪᠤᠯᠤᠨ᠎ᠠ᠄ ᠡᠷᠳᠡᠨᠢ ᠰᠢᠰᠢ 48%᠂ ᠳ᠋ᠸᠤᠪᠢᠩ 30%᠂ ᠠᠭᠠᠭ 17%᠂ ᠦᠬᠡᠷ ᠤᠨ ᠤᠷᠢᠳᠠᠯ ᠬᠤᠯᠢᠠᠭᠰᠠ ᠪᠣᠷᠳᠤᠭ᠎ᠠ ︵预混料︶ 5% ᠪᠣᠯᠣᠨ᠎ᠠ᠃ ᠨᠠᠷᠢᠯᠢᠭ ᠪᠣᠷᠳᠤᠭ᠎ᠠ ᠪᠠᠷ ᠲᠡᠵᠢᠭᠡᠬᠦ ᠬᠡᠮᠵᠢᠶ᠎ᠡ ᠶᠢ ᠦᠬᠡᠷ ᠤᠨ 100kg ᠪᠦᠷᠢ ᠪᠠᠶ᠎ᠡ ᠶᠢᠨ ᠬᠦᠨᠳᠦ ᠳᠤ 1.5~2kg ᠦᠭᠴᠦ ᠲᠡᠵᠢᠭᠡᠨ᠎ᠡ᠂ ᠪᠦᠳᠦᠭᠦᠯᠢᠭ ᠪᠤᠷᠳᠤᠭ᠎ᠠ ᠶᠢ ᠬᠠᠮᠤᠭ ᠰᠠᠶᠢᠨ ᠨᠢ ᠳᠠᠷᠤᠰᠢᠭᠤᠯᠤᠭᠰᠠᠠ ᠡᠷᠳᠡᠨᠢ ᠰᠢᠰᠢ᠂ ᠰᠢᠪᠳᠦᠷᠵᠢᠭᠤᠯᠤᠭᠰᠠᠠ ᠳᠤᠲᠤᠷᠭᠠᠨ ᠤ ᠰᠦᠷᠡᠯ᠂ ᠯᠤᠬᠠᠱᠧᠩ ᠤᠨ ᠵᠡᠯ᠎ᠡ᠂ ᠠᠮᠲᠠᠲᠤ ᠲᠥᠮᠥᠰᠥ ᠶᠢᠨ ᠵᠡᠯ᠎ᠡ ᠵᠡᠷᠭᠡ ᠪᠠᠷ ᠳᠡᠵᠢᠭᠡᠨ᠎ᠡ᠃ 4. ᠬᠠᠰᠢᠶᠠᠯᠠᠵᠤ ᠪᠣᠷᠳᠣᠬᠤ ᠠᠭᠤᠷ ᠠᠮᠢᠰᠬᠤᠯ ᠤᠨ ᠬᠤᠪᠢᠷᠠᠯᠲᠠ ᠶᠡᠭᠡ᠂ ᠡᠪᠡᠰᠦ ᠪᠣᠷᠳᠤᠭ᠎ᠠ ᠬᠦᠷᠦᠯᠴᠡᠬᠦ ᠦᠭᠡᠢ ᠦᠶ᠎ᠡ ᠳᠤ ᠬᠠᠰᠢᠶᠠᠯᠠᠵᠤ ᠲᠡᠵᠢᠭᠡᠪᠡᠯ ᠠᠭᠤᠷ ᠠᠮᠢᠰᠬᠤᠯ ᠤᠨ ᠨᠦᠯᠦᠭᠡ ᠨᠢ ᠪᠠᠭ᠎ᠠ᠂ ᠤᠷᠴᠢᠨ ᠳᠤᠭᠤᠷᠢᠨ ᠨᠢ ᠬᠠᠷᠢᠴᠠᠩᠭᠤᠢ ᠲᠣᠭᠲᠠᠭᠤᠨ ᠪᠠᠶᠢᠳᠠᠭ᠂ ᠢᠯᠠᠩᠭᠤᠶ᠎ᠠ ᠬᠥᠬᠦᠭᠦᠯ ᠦᠨᠢᠶ᠎ᠡ ᠳᠤ ᠨᠡᠩ ᠲᠣᠬᠢᠷᠠᠮᠵᠢᠲᠠᠢ ᠶᠤᠮ᠃ ᠭᠦᠢᠴᠡᠳ ᠭᠡᠮᠵᠢᠶᠡᠨ ᠤ ᠪᠦᠳᠦᠭᠦᠯᠢᠭ ᠪᠤᠷᠳᠤᠭ᠎ᠠ ᠪᠠᠶᠢᠬᠤ ᠶᠢ ᠪᠠᠲᠤᠯᠠᠵᠦ ᠪᠠᠶᠢᠭᠠᠳ ᠭᠦᠵᠡᠭᠡ ᠳᠠᠬᠢ ᠮᠢᠺᠷᠣᠪ ᠤᠨ ᠬᠥᠳᠡᠯᠭᠡᠭᠡᠨ ᠢ ᠪᠠᠲᠤᠯᠠᠨ᠎ᠠ᠃ ᠬᠠᠪᠤᠷ ᠤᠨ ᠤᠯᠠᠷᠢᠯ ᠳᠤ ᠬᠠᠰᠢᠶᠠᠯᠠᠵᠤ ᠪᠣᠷᠳᠣᠬᠤ ᠳᠤ ᠶᠡᠷᠦ ᠳᠡᠭᠡᠨ ᠡᠳᠦᠷ ᠲᠤ ᠬᠤᠶᠠᠷ ᠤᠳᠠᠭ᠎ᠠ ᠲᠡᠵᠢᠭᠡᠵᠦ᠂ ᠰᠦᠨᠢ ᠨᠢ ᠵᠣᠬᠢᠬᠤ ᠭᠡᠮᠵᠢᠶᠡᠨ ᠤ ᠬᠥᠬᠡ ᠪᠤᠷᠳᠤᠭ᠎ᠠ ᠦᠭᠴᠦ ᠲᠡᠵᠢᠭᠡᠨ᠂ ᠢᠳᠡᠰᠢᠨ ᠦᠬᠡᠷ ᠢ ᠴᠢᠯᠦᠭᠡᠲᠠᠢ ᠢᠳᠡᠰᠢᠯᠡᠭᠦᠯᠦᠨᠡ᠃ ᠡᠳᠦᠷ ᠲᠤ 2.5kg ᠨᠠᠷᠢᠯᠢᠭ ᠪᠣᠷᠳᠤᠭ᠎ᠠ ᠦᠭᠴᠦ ᠲᠡᠵᠢᠭᠡᠬᠦ ᠶᠢᠨ ᠬᠠᠮᠳᠤ 25g ᠬᠤᠭᠤᠯᠠᠨ ᠤ ᠳᠠᠪᠤᠰᠤ᠂ 25g ᠰᠢᠭᠡᠰᠦᠯᠢᠭ ᠡᠳ᠋ ᠨᠡᠮᠡᠵᠦ ᠲᠡᠵᠢᠭᠡᠨ᠎ᠡ᠃ 5. ᠳᠤᠯᠠᠭᠠᠯᠠᠬᠤ ᠬᠠᠪᠤᠷ ᠤᠨ ᠡᠬᠢᠨ ᠳᠤ ᠮᠦᠨ ᠬᠦᠢᠲᠡᠨ ᠲᠤᠯᠠ ᠦᠬᠡᠷ ᠤᠨ ᠬᠠᠰᠢᠶᠠᠨ ᠤ ᠬᠦᠢᠲᠡᠨ ᠠᠴᠠ ᠰᠡᠷᠭᠡᠶᠢᠯᠡᠵᠦ ᠳᠤᠯᠠᠭᠠᠯᠠᠬᠤ ᠠᠵᠢᠯ ᠢ ᠰᠠᠶᠢᠳᠤᠷ ᠬᠢᠬᠦ ᠶᠢ ᠠᠩᠬᠠᠷᠴᠤ᠂ ᠢᠯᠠᠩᠭᠤᠶ᠎ᠠ ᠬᠡᠭᠡᠯ ᠲᠠᠢ ᠦᠨᠢᠶ᠎ᠡ ᠶᠢᠨ ᠳᠤᠯᠠᠭᠠᠯᠠᠬᠤ ᠠᠵᠢᠯ ᠢ ᠰᠠᠶᠢᠳᠤᠷ ᠬᠢᠵᠦ᠂ ᠬᠤᠯᠠᠭᠠᠢ ᠰᠠᠯᠬᠢᠠ ᠠᠴᠠ ᠰᠡᠷᠭᠡᠶᠢᠯᠡᠨ᠂ ᠤᠨᠴᠠᠭᠠᠶᠢᠯᠠᠨ ᠬᠠᠪᠤᠷ ᠤᠨ ᠰᠡᠭᠦᠯᠴᠢ ᠶᠢᠨ ᠬᠦᠢᠳᠡᠨ ᠳᠤ ᠳᠤᠯᠠᠭᠠᠯᠠᠬᠤ ᠠᠵᠢᠯ ᠢ ᠰᠠᠶᠢᠲᠤᠷ ᠬᠢᠬᠦ ᠶᠢ ᠣᠨᠴᠠᠭᠠᠢ ᠠᠩᠬᠠᠷᠤᠨ᠎ᠠ᠃ 6. ᠢᠳᠡᠰᠢᠨ ᠦᠬᠡᠷ ᠢ ᠵᠣᠬᠢᠰᠲᠠᠢ ᠬᠥᠳᠡᠯᠭᠡᠭᠡᠨ ᠬᠢᠯᠭᠡᠬᠦ ᠠᠳᠠᠯᠢ ᠪᠤᠰᠤ ᠦᠬᠡᠷ ᠤᠨ ᠬᠥᠳᠡᠯᠭᠡᠭᠡᠨ ᠢ ᠪᠠᠰᠠ ᠠᠳᠠᠯᠢ ᠪᠤᠰᠤ ᠪᠠᠶᠢᠯᠭᠠᠨ᠎ᠠ᠃ ᠵᠢᠱᠢᠶᠠᠯᠠᠪᠠᠯ ᠦᠨᠢᠶ᠎ᠡ ᠪᠤᠯᠤᠨ ᠵᠠᠯᠠᠭᠤ ᠪᠤᠷᠳᠤᠬᠤ ᠦᠬᠡᠷ ᠢ ᠪᠣᠯ ᠬᠥᠳᠡᠯᠭᠡᠭᠡᠨ ᠤ ᠲᠠᠯᠠᠪᠤᠷ ᠲᠤ ᠴᠢᠯᠦᠭᠡᠲᠡᠢ ᠬᠥᠳᠡᠯᠭᠡᠭᠡᠨ ᠬᠢᠯᠭᠡᠵᠦ᠂ ᠪᠤᠬ᠎ᠠ ᠶᠢ ᠪᠣᠯ ︽ᠬᠠᠰᠢᠶ᠎ᠠ ᠶᠢ ᠲᠣᠭᠤᠷᠢᠭᠤᠯᠬᠤ ᠬᠡᠯᠪᠡᠷᠢ︾ ᠪᠠᠷ ᠡᠳᠦᠷ ᠪᠦᠷᠢ 2 ᠴᠠᠭ᠂ ᠦᠳᠡ ᠶᠢᠨ ᠡᠮᠦᠨ᠎ᠡ᠂ ᠦᠳᠡ ᠶᠢᠨ ᠬᠤᠶᠢᠨ᠎ᠠ ᠲᠤᠰ ᠲᠤᠰ ᠬᠤᠶᠠᠷ ᠤᠳᠠᠭ᠎ᠠ ᠠᠯᠪᠠᠳᠠᠵᠤ ᠬᠥᠳᠡᠯᠭᠡᠭᠡᠨ ᠬᠢᠯᠭᠡᠨ᠎ᠡ᠃ ᠵᠢᠶᠠᠰᠠ ᠦᠬᠡᠷ ᠤᠨ ᠬᠥᠳᠡᠯᠭᠡᠭᠡᠨ ᠢ ᠪᠣᠯ ᠬᠢᠵᠠᠭᠠᠷᠯᠠᠵᠤ᠂ ᠳᠡᠭᠦᠨ ᠢ ᠨᠡᠯᠢᠶᠡᠳ ᠣᠬᠤᠷ ᠬᠤᠭᠤᠴᠠᠭᠠᠨ ᠳᠤᠲᠤᠷ᠎ᠠ ᠪᠤᠷᠳᠤᠵᠦ ᠪᠠᠶᠢᠭᠠᠳ ᠬᠦᠨᠳᠦ ᠶᠢ ᠨᠡᠮᠡᠭᠳᠡᠭᠦᠯᠦᠨ᠎ᠡ᠃ ᠵᠢᠶᠠᠰᠠ ᠦᠬᠡᠷ ᠤᠨ ᠬᠥᠳᠡᠯᠭᠡᠭᠡᠨ ᠢ ᠬᠢᠵᠠᠭᠠᠷᠯᠠᠬᠤ ᠠᠷᠭ᠎ᠠ ᠬᠤᠶᠠᠷ ᠪᠤᠢ᠄ ᠨᠢᠭᠡ ᠳᠤ ᠨᠢᠬᠲᠠᠷᠠᠭᠤᠯᠤᠨ ᠲᠡᠵᠢᠭᠡᠨ᠎ᠡ᠂ ᠦᠬᠡᠷ ᠪᠦᠷᠢ ᠳᠤ 3m2 ᠬᠥᠳᠡᠯᠭᠡᠭᠡᠨ ᠤ ᠲᠠᠯᠠᠪᠠᠢ ᠲᠠᠢ ᠪᠠᠶᠢᠯᠭᠠᠵᠤ᠂ ᠲᠡᠭᠦᠨ ᠤ ᠬᠥᠳᠡᠯᠭᠡᠭᠡᠨ ᠬᠢᠬᠦ ᠣᠷᠣᠨ ᠵᠠᠢ ᠶᠢ ᠬᠢᠵᠠᠭᠠᠷᠯᠠᠨ᠎ᠠ︔ ᠬᠤᠶᠠᠷ ᠲᠤ᠂ ᠦᠬᠡᠷ ᠢ ᠤᠶᠠᠵᠤ ᠬᠥᠳᠡᠯᠭᠡᠭᠡᠨ ᠢ ᠬᠢᠵᠠᠭᠠᠷᠯᠠᠨ᠎ᠠ᠃ 7. ᠢᠳᠡᠰᠢᠨ ᠦᠬᠡᠷ ᠢ ᠵᠣᠬᠢᠰᠲᠠᠢ ᠰᠦᠷᠦᠭ ᠬᠤᠪᠢᠶᠠᠬᠤ ᠠᠳᠠᠯᠢ ᠪᠤᠰᠤ ᠲᠥᠷᠦᠯ ᠤᠨ ᠢᠳᠡᠰᠢᠨ ᠦᠬᠡᠷ ᠤᠨ ᠭᠡᠷᠡᠭᠰᠡᠭᠦ ᠰᠢᠮ᠎ᠡ ᠲᠡᠵᠢᠭᠡᠯ ᠨᠢ ᠪᠠᠰᠠ ᠠᠳᠠᠯᠢ ᠪᠤᠰᠤ ᠪᠠᠶᠢᠳᠠᠭ᠂ ᠡᠶᠢᠮᠦ ᠠᠴᠠ ᠦᠬᠡᠷ ᠤᠨ ᠨᠠᠰᠤ᠂ ᠪᠡᠶ᠎ᠡ ᠶᠢᠨ ᠬᠦᠨᠳᠦ ᠶᠢᠨ ᠠᠳᠠᠯᠢ ᠪᠤᠰᠤ ᠶᠢ ᠦᠨᠳᠦᠰᠦᠯᠡᠨ ᠠᠳᠠᠯᠢ ᠪᠤᠰᠤ ᠪᠣᠷᠳᠤᠭ᠎ᠠ ᠬᠠᠩᠭᠠᠵᠦ ᠥᠭᠭᠦᠨ᠎ᠡ᠃ ᠢᠳᠡᠰᠢᠨ ᠦᠬᠡᠷ ᠢ ᠴᠢᠨᠠᠷ ᠤᠨ ᠢᠯᠭᠠᠯ᠂ ᠨᠠᠰᠤ᠂ ᠪᠠᠶ᠎ᠡ ᠶᠢᠨ ᠬᠦᠨᠳᠦ ᠪᠠᠷ ᠰᠦᠷᠦᠭ ᠬᠤᠪᠢᠶᠠᠵᠤ ᠲᠡᠵᠢᠭᠡᠨ᠎ᠡ᠂ ᠢᠩᠬᠢᠪᠡᠯ ᠲᠡᠵᠢᠭᠡᠬᠦ ᠪᠠᠷᠢᠮᠵᠢᠶ᠎ᠠ᠂ ᠲᠡᠵᠢᠭᠡᠬᠦ ᠭᠡᠮᠵᠢᠶ᠎ᠠ᠂ ᠠᠯᠠᠰᠢᠨ ᠳᠤ ᠭᠠᠷᠭᠠᠬᠤ ᠴᠠᠭ ᠨᠢ ᠨᠢᠭᠡᠲᠦᠭᠡᠳ᠂ ᠬᠠᠮᠢᠶᠠᠷᠬᠤ ᠳᠤ ᠰᠠᠶᠢᠨ ᠲᠤᠯᠠ ᠦᠬᠡᠷ ᠢ ᠬᠡᠪᠴᠢᠶ᠎ᠡ ᠪᠠᠷ ᠲᠡᠵᠢᠭᠡᠬᠦ ᠳᠤ ᠡᠷᠭᠡᠪᠰᠢ ᠠᠪᠬᠤ ᠠᠷᠭ᠎ᠠ ᠪᠤᠯᠤᠨ᠎ᠠ᠃ 8. ᠴᠡᠪᠡᠷ ᠤᠤᠭᠤᠬᠤ ᠤᠰᠤ ᠭᠦᠢᠴᠡᠳ ᠬᠠᠩᠭᠠᠬᠤ ᠢᠳᠡᠰᠢᠨ ᠦᠬᠡᠷ ᠢ ᠴᠠᠳᠲᠠᠯ᠎ᠠ ᠲᠡᠵᠢᠭᠡᠭᠰᠡᠨ ᠤ ᠰᠡᠭᠦᠯᠡᠷ ᠳᠡᠭᠦᠨ ᠳᠤ ᠭᠦᠢᠴᠡᠳ ᠭᠡᠮᠵᠢᠶᠠᠨ ᠤ ᠴᠡᠪᠡᠷ ᠤᠤᠭᠤᠬᠤ ᠤᠰᠤ ᠬᠠᠩᠭᠠᠨ᠎ᠠ᠂ ᠬᠠᠮᠤᠭ ᠰᠠᠶᠢᠨ ᠨᠢ ᠲᠦᠭᠡᠭᠡᠭᠦᠷ ᠤᠰᠤ ᠪᠤᠶᠤ ᠬᠤᠳᠳᠤᠭ ᠤᠨ ᠤᠰᠤ ᠬᠠᠩᠭᠠᠵᠤ᠂ ᠪᠤᠵᠠᠷ ᠤᠰᠤ᠂ ᠬᠠᠶᠠᠭᠳᠠᠮᠠᠯ ᠤᠰᠤ ᠪᠤᠶᠤ ᠰᠢᠪᠡᠷ ᠱᠠᠯᠪᠠᠭ ᠲᠠᠢ ᠤᠰᠤ ᠪᠠᠷ ᠤᠰᠤᠯᠠᠬᠤ ᠦᠭᠡᠢ᠃ 9. ᠬᠢᠵᠢᠭ ᠠᠴᠠ ᠰᠡᠷᠭᠡᠶᠢᠯᠡᠵᠦ᠂ ᠬᠢᠵᠢᠭ ᠪᠠᠶᠢᠴᠠᠭᠠᠬᠤ ᠠᠵᠢᠯ ᠢ ᠬᠢᠨᠠᠮᠠᠭᠠᠢ ᠬᠢᠬᠦ ᠰᠢᠨᠵᠢᠯᠡᠬᠦ ᠤᠬᠠᠭᠠᠨᠴᠢ ᠦᠯᠦ ᠬᠠᠯᠳᠠᠭᠠᠯᠲᠠ ᠶᠢᠨ ᠳᠡᠰ ᠳᠠᠷᠠᠭ᠎ᠠ ᠶᠢ ᠳᠤᠭᠳᠠᠭᠠᠵᠤ᠂ ᠬᠢᠵᠢᠭ ᠢ ᠴᠠᠭ ᠲᠤᠬᠠᠢ ᠳᠤᠨᠢ ᠰᠡᠷᠭᠡᠶᠢᠯᠡᠨ ᠵᠠᠰᠠᠵᠦ᠂ ᠴᠠᠭ ᠲᠤᠨᠢ ᠲᠤᠬᠢᠷᠠᠭᠤᠯᠵᠦ ᠦᠯᠦ ᠬᠠᠯᠳᠠᠭᠠᠯᠲᠠ ᠶᠢᠨ ᠲᠠᠷᠢᠯᠭ᠎ᠠ ᠬᠢᠨ᠎ᠡ︔ ᠬᠠᠰᠢᠶ᠎ᠠ ᠬᠤᠷᠤᠭ᠎ᠠ ᠶᠢ ᠡᠳᠦᠷ ᠪᠦᠷᠢ ᠴᠡᠪᠡᠷᠯᠡᠵᠦ᠂ ᠰᠡᠬᠡᠯ ᠡᠪᠡᠰᠦ ᠶᠢ ᠦᠷᠭᠦᠯᠵᠢ ᠰᠤᠯᠢᠵᠤ᠂ ᠬᠠᠰᠢᠶ᠎ᠠ ᠶᠢᠨ ᠴᠡᠪᠡᠷ ᠬᠠᠭᠤᠷᠠᠢ ᠪᠠᠶᠢᠬᠤ ᠶᠢ ᠪᠠᠲᠤᠯᠠᠵᠤ᠂ ᠬᠠᠰᠢᠶ᠎ᠠ ᠶᠢᠨ ᠬᠠᠷᠢᠴᠠᠩᠭᠤᠢ ᠴᠢᠬᠢᠭ ᠤᠨ ᠭᠡᠮᠵᠢᠶ᠎ᠠ ᠶᠢ 85% ᠠᠴᠠ ᠬᠡᠲᠦᠷᠡᠭᠦᠯᠬᠦ ᠦᠭᠡᠢ ᠪᠠᠶᠢᠬᠤ ᠬᠡᠷᠡᠭᠲᠡᠢ᠃ ᠦᠬᠡᠷ ᠤᠨ ᠬᠠᠰᠢᠶᠠᠨ ᠳᠤ ᠪᠠᠭᠠᠰᠤ ᠣᠪᠣᠭᠠᠯᠠᠬᠤ ᠦᠭᠡᠢ᠂ ᠰᠢᠪᠳᠦᠷ ᠬᠡᠢ ᠥᠳᠬᠡᠷᠠᠵᠤ ᠦᠬᠡᠷ ᠤᠨ ᠡᠷᠡᠭᠦᠯ ᠴᠢᠬᠢᠷᠠᠭ ᠢ ᠨᠦᠯᠦᠭᠡᠯᠡᠬᠦ ᠠᠴᠠ ᠰᠡᠷᠭᠡᠶᠢᠯᠡᠨ᠎ᠡ᠃ ᠲᠤᠩᠭᠠᠯᠠᠭ ᠡᠳᠦᠷ ᠤᠨ ᠦᠳᠡ ᠶᠢᠨ ᠬᠤᠶᠢᠨ᠎ᠠ ᠬᠠᠰᠢᠶᠠᠨ ᠤ ᠡᠭᠦᠳᠡ ᠴᠣᠩᠬᠤ ᠶᠢ ᠨᠡᠭᠡᠭᠡᠵᠦ ᠰᠠᠯᠬᠢ ᠨᠡᠪᠲᠡᠷᠡᠭᠦᠯᠦᠨ᠂ ᠠᠭᠤᠷ ᠠᠮᠢᠰᠬᠤᠯ ᠤᠨ ᠰᠢᠨ᠎ᠡ ᠰᠣᠷᠭᠤᠭ ᠪᠠᠶᠢᠬᠤ ᠶᠢ ᠪᠠᠲᠤᠯᠠᠨ᠎ᠠ︔ ᠲᠤᠭᠲᠠᠮᠠᠯ ᠬᠤᠭᠤᠴᠠᠭ᠎ᠠ ᠪᠠᠷ ᠠᠷᠢᠭᠤᠳᠬᠠᠵᠦ᠂ ᠲᠡᠵᠢᠭᠡᠬᠦ ᠤᠷᠴᠢᠨ ᠤ ᠠᠷᠢᠭᠤᠨ ᠴᠡᠪᠡᠷ ᠪᠠᠶᠢᠬᠤ ᠶᠢ ᠪᠠᠲᠤᠯᠠᠨ᠎ᠠ︔ ᠢᠳᠡᠰᠢᠨ ᠦᠬᠡᠷ ᠤᠨ ᠴᠤᠭ ᠰᠦᠯᠳᠡ᠂ ᠢᠳᠡᠭᠡᠨ ᠤ ᠳᠤᠷᠠᠰᠢᠯ᠂ ᠪᠠᠭᠠᠰᠤ ᠢᠯᠭᠠᠳᠠᠰᠤ ᠵᠡᠷᠭᠡ ᠶᠢ ᠦᠷᠭᠦᠯᠵᠢ ᠪᠠᠶᠢᠴᠠᠭᠠᠨ᠎ᠠ᠃ ᠦᠬᠡᠷ ᠤᠨ ᠪᠠᠶ᠎ᠡ ᠶᠢ ᠲᠤᠭᠲᠠᠮᠠᠯ ᠬᠤᠭᠤᠴᠠᠭ᠎ᠠ ᠪᠠᠷ ᠱᠤᠸᠠᠰᠠᠳᠠᠬᠤ ᠶᠢ ᠪᠠᠷᠢᠮᠲᠠᠯᠠᠵᠦ᠂ ᠦᠬᠡᠷ ᠤᠨ ᠪᠡᠶ᠎ᠡ ᠶᠢᠨ ᠴᠡᠪᠡᠷ ᠪᠠᠶᠢᠬᠤ ᠶᠢ ᠪᠠᠲᠤᠯᠠᠨ᠎ᠠ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|