ᠬᠠᠪᠤᠷ ᠤᠨ ᠤᠯᠠᠷᠢᠯ ᠢᠶᠠᠷ  ᠬᠤᠨᠢᠨ ᠰᠦᠷᠦᠭ ᠲᠤ  ᠪᠠᠶᠢᠩᠭᠤ ᠳᠤᠬᠢᠶᠠᠯᠳᠤᠳᠠᠭ  ᠭᠡᠮ ᠬᠢᠵᠢᠭ ᠢ  ᠰᠡᠷᠭᠡᠶᠢᠯᠡᠨ ᠵᠠᠰᠠᠬᠤ ᠨᠢ
ᠨᠡᠶᠢᠲᠡᠯᠡᠭᠰᠡᠨ ᠴᠠᠭ᠄
2018/12/6

     ᠬᠠᠪᠤᠷ ᠤᠨ ᠤᠯᠠᠷᠢᠯ ᠳᠤ ᠡᠯ᠎ᠡ ᠵᠦᠢᠯ ᠤᠨ ᠭᠡᠮ ᠡᠭᠦᠰᠭᠡᠬᠦ ᠮᠢᠺᠷᠤᠪ ᠤᠨ ᠬᠠᠯᠳᠠᠪᠤᠷᠢᠯᠠᠬᠤ ᠬᠦᠴᠦᠨ ᠨᠡᠮᠡᠭᠳᠡᠵᠦ᠂ ᠬᠤᠨᠢ ᠨᠢ ᠨᠢᠭᠡ ᠡᠪᠦᠯ ᠤᠨ ᠬᠤᠷᠢᠵᠦ ᠲᠡᠵᠢᠭᠡᠬᠦ ᠶᠢ ᠳᠠᠮᠵᠢᠭᠰᠠᠨ ᠪᠤᠯᠪᠠᠴᠦ ᠪᠡᠶ᠎ᠡ ᠨᠢ ᠬᠠᠮᠤᠭ ᠠᠴᠠ ᠮᠠᠭᠤᠲᠠᠵᠦ᠂ ᠭᠡᠮ ᠬᠢᠵᠢᠭ ᠢ ᠡᠰᠡᠷᠭᠦᠴᠡᠬᠦ ᠬᠦᠴᠦᠨ ᠨᠢ ᠳᠤᠷᠤᠭᠰᠢᠯᠠᠭᠰᠠᠨ ᠳᠡᠭᠡᠷ᠎ᠡ ᠠᠴᠠ ᠬᠠᠪᠤᠷ ᠤᠨ ᠤᠯᠠᠷᠢᠯ ᠤᠨ ᠳᠤᠭᠲᠠᠪᠤᠷᠢ ᠦᠭᠡᠢ ᠠᠭᠤᠷ ᠠᠮᠢᠰᠬᠤᠯ ᠤᠨ ᠬᠤᠪᠢᠷᠠᠯᠲᠠ ᠨᠢ ᠬᠤᠨᠢᠨ ᠰᠦᠷᠦᠭ ᠢ ᠲᠤᠩ ᠠᠮᠠᠷᠬᠠᠨ ᠡᠯ᠎ᠡ ᠵᠦᠢᠯ ᠤᠨ ᠭᠡᠮ ᠬᠢᠵᠢᠭ ᠲᠤ ᠨᠡᠷᠪᠡᠭᠳᠡᠭᠦᠯᠵᠦ᠂ ᠡᠯ᠎ᠡ ᠵᠦᠢᠯ ᠤᠨ ᠭᠡᠮ ᠬᠢᠵᠢᠭ ᠤᠯᠠᠨ ᠡᠭᠦᠰᠬᠦ ᠤᠯᠠᠷᠢᠯ ᠪᠤᠯᠤᠨ᠎ᠠ᠃ ᠡᠶᠢᠮᠦ ᠠᠴᠠ᠂ ᠠᠷᠠᠴᠢᠯᠠᠭ᠎ᠠ ᠬᠠᠮᠢᠶᠠᠷᠤᠯᠲᠠ ᠶᠢᠨ ᠠᠵᠢᠯ ᠢ ᠡᠷᠭᠡᠪᠰᠢ ᠴᠢᠩᠭᠠᠳᠬᠠᠵᠦ᠂ ᠳᠤᠤᠷᠠᠬᠢ ᠬᠡᠳᠦᠨ ᠵᠦᠢᠯ ᠤᠨ ᠭᠡᠮ ᠬᠢᠵᠢᠭ ᠠᠴᠠ ᠰᠡᠷᠭᠡᠶᠢᠯᠡᠪᠡᠯ ᠵᠤᠬᠢᠨ᠎ᠠ᠄
     1. ᠲᠦᠷᠭᠡᠨ ᠴᠢᠨᠠᠷᠲᠠᠢ ᠭᠡᠳᠡᠰᠦ ᠭᠦᠬᠡᠭᠡᠬᠦ ᠡᠪᠦᠯ ᠤᠨ ᠤᠯᠠᠷᠢᠯ ᠳᠤ ᠤᠷᠲᠦ ᠬᠤᠭᠤᠴᠠᠭ᠎ᠠ ᠬᠠᠭᠤᠷᠠᠢ ᠡᠪᠡᠰᠦ ᠪᠠᠷ ᠬᠤᠷᠢᠵᠦ ᠲᠡᠵᠢᠭᠡᠭᠰᠡᠨ ᠠᠴᠠ ᠬᠤᠨᠢ ᠨᠢ ᠬᠠᠪᠤᠷ ᠤᠨ ᠤᠯᠠᠷᠢᠯ ᠳᠤ ᠬᠠᠶ᠋ᠨ ᠵᠠᠷᠢᠮ ᠳᠠᠭᠠᠨ ᠬᠦᠭᠡ ᠡᠪᠡᠰᠦ ᠢᠳᠡᠰᠢᠯᠡᠪᠡᠯ ᠲᠤᠩ ᠠᠮᠠᠷᠬᠠᠨ ᠬᠡᠲᠦᠷᠡᠲᠡᠯ᠎ᠡ ᠢᠳᠡᠰᠢᠯᠡᠵᠦ᠂ ᠬᠦᠭᠡ ᠡᠪᠡᠰᠦ ᠨᠢ ᠬᠤᠳᠤᠭᠤᠳᠤᠨ ᠳᠤ ᠲᠦᠷᠭᠡᠨ ᠢᠰᠴᠦ᠂ ᠶᠡᠭᠡ ᠬᠡᠮᠵᠢᠶᠡᠨ ᠤ ᠬᠡᠢ ᠡᠭᠦᠰᠴᠦ ᠬᠤᠨᠢ ᠶᠢᠨ ᠬᠤᠳᠤᠭᠤᠳᠤ ᠶᠢ ᠲᠡᠯᠡᠭᠡᠳ᠂ ᠴᠠᠭ ᠲᠤᠬᠠᠢ ᠳᠤᠨᠢ ᠠᠪᠤᠷᠠᠬᠤ ᠦᠭᠡᠢ᠂ ᠡᠰᠡᠭᠦᠯ᠎ᠡ ᠠᠪᠤᠷᠠᠬᠤ ᠠᠷᠭ᠎ᠠ ᠨᠢ ᠵᠤᠬᠢᠰ ᠦᠭᠡᠢ ᠪᠤᠯ ᠬᠤᠨᠢ ᠨᠢ ᠲᠤᠩ ᠠᠮᠠᠷᠬᠠᠨ ᠦᠬᠦᠬᠦ ᠪᠤᠯᠤᠨ᠎ᠠ᠃ ᠲᠦᠷᠭᠡᠨ ᠠᠪᠤᠷᠠᠬᠤ ᠠᠷᠭ᠎ᠠ ᠨᠢ᠂ ᠨᠢᠭᠡᠨ ᠪᠤᠷᠭᠠᠰᠤ ᠶᠢ ᠬᠤᠨᠢ ᠶᠢᠨ ᠠᠮᠨ ᠳᠤ ᠬᠢᠵᠦ᠂ ᠬᠤᠶᠠᠷ ᠦᠵᠦᠭᠦᠷ ᠢ ᠳᠡᠭᠡᠰᠦ ᠪᠠᠷ ᠬᠤᠨᠢ ᠶᠢᠨ ᠲᠤᠯᠤᠭᠠᠢ ᠠᠴᠠ ᠤᠶᠠᠵᠦ ᠬᠤᠨᠢ ᠳᠤ ᠵᠠᠵᠢᠯᠠᠭᠤᠯᠬᠤ ᠮᠦᠷᠲᠡᠭᠡᠨ ᠭᠠᠷ ᠢᠶᠠᠷ ᠬᠤᠨᠢ ᠶᠢᠨ ᠵᠡᠭᠦᠨ ᠴᠠᠪᠢ ᠶᠢᠨ ᠬᠡᠰᠡᠭ ᠢᠶᠠᠷ ᠢᠯᠢᠵᠦ ᠭᠡᠢ ᠶᠢ ᠬᠠᠪᠰᠤᠷᠴᠦ ᠭᠠᠳᠠᠭᠰᠢᠯᠠᠭᠤᠯᠤᠨ᠎ᠠ᠃ ᠡᠰᠡᠭᠦᠯ᠎ᠡ 5~10 ᠭᠤᠵᠤᠯᠢ ᠲᠠᠮᠠᠬᠢ ᠶᠢᠨ ᠴᠠᠭᠠᠰᠤ ᠶᠢ ᠨᠢ ᠱᠠᠭᠠᠯᠵᠦ ᠬᠤᠶᠠᠷ ᠤᠳᠠᠭ᠎ᠠ ᠬᠤᠪᠢᠶᠠᠵᠦ ᠬᠤᠨᠢ ᠶᠢᠨ ᠠᠮᠠᠨ ᠳᠤ ᠬᠢᠪᠡᠯ ᠬᠦᠩᠭᠡᠨ ᠨᠢ ᠲᠠᠮᠠᠬᠢ ᠶᠢ ᠢᠳᠡᠭᠰᠡᠨ ᠤ ᠰᠡᠭᠦᠯᠡᠷ 1 ᠴᠠᠭ ᠪᠤᠯᠪᠠᠯ ᠳᠠᠷᠤᠢ ᠡᠳᠡᠭᠡᠷᠡᠬᠦ ᠪᠤᠯᠤᠨ᠎ᠠ᠃ ᠪᠠᠰᠠ 10~20 ᠭᠷᠠᠮ ᠰᠢᠨ᠎ᠡ ᠰᠤᠷᠭᠤᠭ ᠡᠪᠡᠰᠦ ᠮᠤᠳᠤᠨ ᠤ ᠦᠨᠡᠰᠦ ᠶᠢ 50~100 ᠮᠢᠯᠢᠯᠢᠲᠷ ᠤᠷᠭᠤᠮᠠᠯ ᠤᠨ ᠲᠤᠰᠤᠨ ᠳᠤ ᠬᠤᠯᠢᠵᠦ ᠴᠢᠳᠬᠤᠵᠦ ᠤᠤᠭᠤᠯᠭᠠᠵᠤ ᠪᠤᠯᠤᠨ᠎ᠠ᠃ ᠬᠡᠷᠪᠡ ᠳᠡᠭᠡᠷᠡᠬᠢ ᠠᠷᠭ᠎ᠠ ᠨᠢ ᠪᠦᠷ ᠲᠤᠰᠠ ᠭᠠᠷᠤᠭᠰᠠᠨ ᠦᠭᠡᠢ ᠪᠣᠯ ᠮᠠᠯ ᠤᠨ ᠡᠮᠴᠢ ᠶᠢ ᠵᠠᠯᠠᠵᠦ ᠬᠠᠨᠠᠵᠦ ᠬᠡᠢ ᠶᠢ ᠲᠠᠯᠪᠢᠨ᠎ᠠ᠃
     2. ᠬᠤᠤᠷᠳᠠᠭᠳᠠᠬᠤ ᠬᠤᠨᠢ ᠨᠢ ᠦᠷᠭᠦᠯᠵᠢ ᠲᠠᠷᠢᠶᠠᠨ ᠡᠮ ᠳᠤ ᠪᠤᠵᠠᠷᠲᠤᠭᠳᠠᠭᠰᠠᠨ ᠬᠥᠬᠡ ᠡᠪᠡᠰᠦ᠂ ᠬᠤᠤᠷᠲᠠᠢ ᠬᠡᠭᠡᠷ᠎ᠡ ᠶᠢᠨ ᠨᠤᠭᠤᠭ᠎ᠠ ᠵᠡᠷᠭᠡ ᠶᠢ ᠢᠳᠡᠰᠢᠯᠡᠭᠰᠡᠨ ᠠᠴᠠ ᠪᠤᠯᠵᠦ ᠬᠤᠤᠷᠳᠠᠭᠳᠠᠨ᠎ᠠ᠃ ᠡᠭᠦᠨ ᠢ ᠤᠷᠢᠳᠠᠪᠡᠷ ᠬᠢᠳᠤᠭ᠎ᠠ ᠪᠠᠷ ᠬᠤᠨᠢ ᠶᠢᠨ ᠴᠢᠬᠢᠨ ᠤ ᠬᠦᠪᠡᠭᠡ ᠶᠢ ᠰᠡᠲᠡᠯᠬᠦ ᠪᠤᠶᠤ ᠡᠰᠡᠪᠡᠯ ᠬᠤᠨᠢ ᠶᠢᠨ ᠠᠮᠠᠨ ᠳᠤ ᠮᠤᠳᠤ ᠡᠮᠭᠡᠭᠦᠯᠦᠨ ᠬᠤᠤᠷ ᠢ ᠰᠢᠯᠦᠰᠦ ᠶᠢᠨ ᠳᠠᠭᠠᠤ ᠢᠯᠭᠠᠷᠠᠭᠤᠯᠤᠨ ᠭᠠᠷᠭᠠᠨ᠎ᠠ᠂ ᠳᠠᠷᠠᠭ᠎ᠠ ᠨᠢ 5 ᠲᠠᠬᠢᠶᠠᠨ ᠦᠨᠳᠡᠭᠡᠨ ᠴᠠᠭᠠᠨ ᠢ ᠴᠢᠳᠬᠤᠵᠦ ᠤᠤᠭᠤᠯᠭᠠᠬᠤ ᠶᠢᠨ ᠬᠠᠮᠲᠦ 2~5 ᠮᠢᠯᠢᠯᠢᠲᠷ ᠠᠲᠷᠤᠫᠢᠨ ᠢ ᠠᠷᠠᠰᠤᠨ ᠳᠤᠤᠷ᠎ᠠ ᠨᠢ ᠲᠠᠷᠢᠨ᠎ᠠ᠃
     3. ᠬᠢᠮᠤᠷᠠᠬᠤ ᠬᠠᠪᠤᠷ ᠤᠨ ᠤᠯᠠᠷᠢᠯ ᠳᠤ ᠭᠡᠨᠡᠳᠲᠡ ᠬᠦᠢᠲᠡᠷᠡᠵᠦ ᠭᠡᠨᠡᠳᠲᠡ ᠳᠤᠯᠠᠭᠠᠷᠠᠨ ᠠᠭᠤᠷ ᠠᠮᠢᠰᠬᠤᠯ ᠲᠡᠭᠰᠢ ᠦᠭᠡᠢ ᠠᠴᠠ ᠬᠤᠨᠢ ᠨᠢ ᠲᠤᠩ ᠠᠮᠠᠷᠬᠠᠨ ᠬᠢᠮᠤᠷᠠᠬᠤ ᠪᠤᠯᠤᠨ᠎ᠠ᠃ ᠬᠢᠮᠤᠷᠠᠭᠰᠠᠨ ᠬᠤᠨᠢ ᠶᠢᠨ ᠪᠤᠯᠴᠢᠩ ᠳᠤ 5~10 ᠮᠢᠯᠢᠯᠢᠲᠷ ᠠᠨᠵᠢᠫᠢᠷᠢᠨ ︵氨基比林︶ ᠪᠤᠶᠤ ᠠᠨᠠᠯᠬᠢᠨ ︵安乃近︶᠂ 160 ᠲᠦᠮᠡᠨ ᠨᠢᠭᠡᠴᠢ ᠴᠢᠩ ᠮᠸᠢ ᠰᠦ᠋᠂ 50 ᠲᠦᠮᠡᠨ ᠨᠢᠭᠡᠴᠢ ᠯᠢᠶᠠᠨ ᠮᠸᠢ ᠰᠦ᠋ ᠶᠢ ᠲᠠᠷᠢᠵᠦ ᠪᠤᠯᠤᠨ᠎ᠠ᠂ ᠪᠠᠰᠠ 100 ᠭᠷᠠᠮ ᠲᠦᠭᠦᠭᠡᠢ ᠭᠠ᠂ 2 ᠬᠡᠰᠡᠭ ᠰᠤᠩᠬᠢᠨ᠎ᠠ ᠶᠢ ᠬᠡᠷᠴᠢᠵᠦ ᠴᠢᠨᠠᠵᠦ ᠱᠦᠯᠤ ᠭᠠᠷᠭᠠᠭᠠᠳ ᠳᠡᠭᠡᠷ᠎ᠡ ᠨᠢ 50~100 ᠭᠷᠠᠮ ᠪᠤᠷᠠᠮ ᠨᠡᠮᠡᠵᠦ ᠡᠳᠦᠷ ᠪᠦᠷᠢ ᠬᠤᠶᠠᠷ ᠤᠳᠠᠭ᠎ᠠ ᠪᠠᠷ ᠦᠷᠭᠦᠯᠵᠢᠯᠡᠨ ᠬᠤᠶᠠᠷ ᠡᠳᠦᠷ ᠴᠢᠳᠬᠤᠨ ᠤᠤᠭᠤᠯᠭᠠᠵᠦ ᠪᠤᠯᠤᠨ᠎ᠠ᠃
     4. ᠪᠠᠭᠠᠰᠤ ᠠᠯᠳᠠᠬᠤ ᠬᠤᠨᠢ ᠨᠢ ᠡᠪᠦᠯ ᠤᠨ ᠤᠯᠠᠷᠢᠯ ᠳᠤ ᠤᠯᠠᠩᠬᠢ ᠳᠠᠭᠠᠨ ᠬᠠᠭᠤᠷᠠᠢ ᠡᠪᠡᠰᠦ ᠢᠳᠡᠰᠢᠯᠡᠵᠦ᠂ ᠬᠠᠪᠤᠷ ᠤᠨ ᠤᠯᠠᠷᠢᠯ ᠪᠣᠯᠬᠤ ᠳᠤ ᠭᠡᠨᠡᠳᠲᠡ ᠬᠥᠬᠡ ᠡᠪᠡᠰᠦ ᠢᠳᠡᠰᠢᠯᠡᠪᠡᠯ ᠬᠤᠳᠤᠭᠤᠳᠤ ᠬᠡᠳᠡᠰᠦ [FL ︵2-H021K7mm] ᠨᠢ ᠲᠤᠬᠢᠷᠠᠯᠴᠠᠬᠤ ᠦᠭᠡᠢ ᠪᠤᠯᠵᠦ ᠠᠮᠠᠷᠬᠠᠨ ᠪᠠᠭᠠᠰᠤ ᠠᠯᠳᠠᠬᠤ ᠪᠤᠯᠤᠨ᠎ᠠ᠃ ᠡᠶᠢᠮᠦ ᠠᠴᠠ ᠬᠥᠬᠡ ᠡᠪᠡᠰᠦ ᠶᠢ ᠬᠠᠭᠤᠷᠠᠢ ᠡᠪᠡᠰᠦ ᠲᠠᠢ ᠬᠤᠯᠢᠵᠦ ᠲᠠᠵᠢᠭᠡᠨ᠂ ᠬᠤᠨᠢ ᠳᠤ ᠨᠢᠭᠡᠨ ᠢᠳᠡᠭ ᠢᠳᠡᠭ ᠢᠶᠠᠷ ᠲᠤᠬᠢᠷᠠᠯᠴᠠᠬᠤ ᠶᠠᠪᠤᠴᠠ ᠦᠯᠡᠳᠡᠭᠡᠨ᠎ᠡ᠃ ᠪᠠᠭᠠᠰᠤ ᠠᠯᠳᠠᠭᠰᠠᠨ ᠪᠠᠶᠢᠳᠠᠯ ᠢᠯᠡᠷᠡᠪᠡᠯ ᠬᠤᠨᠢ ᠳᠤ ᠴᠢᠩ ᠳ᠋ᠠ ᠮᠸᠢ ᠰᠦ᠋ ︵庆大霉素︶ ᠶᠢ ᠤᠤᠭᠤᠯᠭᠠᠨ᠎ᠠ᠃
     5. ᠮᠦᠯᠵᠢᠭᠦᠷ ᠬᠤᠷᠤᠬᠠᠢ ᠶᠢᠨ ᠭᠡᠮ ᠬᠠᠪᠤᠷ ᠤᠨ ᠤᠯᠠᠷᠢᠯ ᠳᠤ ᠬᠤᠨᠢ ᠨᠢ ᠪᠡᠯᠴᠢᠬᠦ ᠶᠠᠪᠤᠴᠠ ᠳᠤ ᠨᠠᠭᠤᠷ ᠤᠨ ᠤᠰᠤ ᠶᠢ ᠤᠤᠭᠤᠵᠤ᠂ ᠪᠤᠵᠠᠷ ᠡᠪᠡᠰᠦ ᠢᠳᠡᠰᠢᠯᠡᠬᠦ ᠨᠢ ᠪᠦᠷ ᠠᠮᠠᠷᠬᠠᠨ ᠮᠦᠯᠵᠢᠬᠦᠷ ᠬᠤᠷᠤᠬᠠᠢ ᠶᠢᠨ ᠭᠡᠮ ᠳᠤ ᠬᠠᠯᠳᠠᠪᠤᠷᠢᠯᠠᠭᠳᠠᠬᠤ ᠪᠤᠯᠤᠨ᠎ᠠ᠃ ᠡᠶᠢᠮᠦ ᠠᠴᠠ᠂ ᠬᠠᠪᠤᠷ ᠤᠨ ᠤᠯᠠᠷᠢᠯ ᠤᠨ 3~4 ᠰᠠᠷ᠎ᠠ ᠳᠤ ᠬᠤᠨᠢᠨ ᠰᠦᠷᠦᠭ ᠤᠨ ᠬᠤᠷᠤᠬᠠᠢ ᠶᠢ ᠲᠠᠭᠤᠪᠠᠯ ᠵᠤᠬᠢᠨ᠎ᠠ᠃ ᠪᠡᠶ᠎ᠡ ᠳᠤᠲᠤᠷᠠᠬᠢ ᠮᠦᠯᠵᠢᠭᠦᠷ ᠬᠤᠷᠤᠬᠠᠢ ᠶᠢ ᠲᠠᠭᠤᠬᠤ ᠳᠤ ᠵᠡᠭᠦᠨᠰᠢ ᠡᠷᠬᠢᠯᠭᠡᠲᠦ ᠢᠮᠢᠳᠠᠽᠤᠯ ︵左旋咪唑︶᠂ ᠫᠷᠤᠫᠢᠯ ᠬᠦᠬᠦᠷᠲᠦ ᠢᠮᠢᠳᠠᠽᠤᠯ ︵丙硫咪唑︶᠂ ᠴᠤᠩ ᠺᠧ ᠰᠢᠩ ︵虫克星︶ ᠵᠡᠷᠭᠡ ᠶᠢ ᠬᠡᠷᠡᠭᠯᠡᠵᠦ ᠪᠤᠯᠤᠨ᠎ᠠ᠂ ᠪᠡᠶ᠎ᠡ ᠶᠢᠨ ᠭᠠᠳᠠᠨᠠᠬᠢ ᠮᠦᠯᠵᠢᠬᠦᠷ ᠬᠤᠷᠤᠬᠠᠢ ᠶᠢ ᠤᠰᠠᠳᠬᠠᠬᠤ ᠳᠤ ᠳ᠋ᠢ ᠪᠠᠢ ᠴᠤᠩ ︵敌百虫︶ ᠤᠨ ᠦᠷᠢᠯ ᠡᠮ ᠳᠡᠭᠡᠷ᠎ᠡ ᠪᠦᠯᠢᠶᠡᠨ ᠤᠰᠤ ᠨᠡᠮᠡᠵᠦ ᠰᠢᠩᠭᠡᠯᠡᠭᠡᠳ ᠬᠤᠨᠢ ᠶᠢᠨ ᠪᠦᠬᠦ ᠪᠡᠶ᠎ᠡ ᠶᠢ ᠤᠬᠢᠶᠠᠨ᠎ᠠ᠂ ᠡᠰᠡᠪᠡᠯ ᠪᠦᠭᠡᠰᠦ ᠠᠷᠢᠯᠭᠠᠬᠤ ᠨᠤᠨᠳᠠᠭ ︵虱蚤粉︶ ᠵᠡᠷᠭᠡ ᠡᠮ ᠢᠶᠠᠷ ᠠᠯᠠᠵᠦ ᠪᠤᠯᠤᠨ᠎ᠠ᠃
     ᠡᠭᠦᠨ ᠠᠴᠠ ᠭᠠᠳᠠᠨ᠎ᠠ᠂ ᠮᠠᠯᠵᠢᠬᠤ ᠤᠷᠤᠨ ᠳᠤ ᠵᠠᠷᠢᠮ ᠬᠤᠨᠢ ᠨᠢ ᠪᠠᠯᠴᠢᠭᠡᠷᠯᠡᠬᠦᠯᠬᠦ ᠦᠶᠡᠰ ᠬᠡᠭᠡᠷ᠎ᠡ ᠶᠢᠨ ᠨᠤᠭᠤᠭ᠎ᠠ᠂ ᠬᠡᠭᠡᠷ᠎ᠡ ᠶᠢᠨ ᠡᠪᠡᠰᠦ᠂ ᠴᠡᠴᠡᠭ ᠤᠨ ᠲᠤᠭᠤᠰᠤ ᠵᠡᠷᠭᠡ ᠳᠤ ᠬᠠᠷᠰᠢᠬᠤ ᠤᠷᠪᠠᠯ ᠭᠠᠷᠳᠠᠭ᠂ ᠢᠯᠡᠷᠡᠯ ᠨᠢ᠂ ᠨᠠᠶᠢᠲᠠᠭᠠᠬᠤ᠂ ᠨᠢᠯᠪᠤᠰᠤ ᠭᠤᠭᠤᠵᠢᠭᠤᠯᠬᠤ᠂ ᠬᠠᠵᠠᠭᠠᠨᠠᠨ ᠠᠯᠬᠤᠬᠤ᠂ ᠮᠠᠶᠢᠯᠠᠬᠤ ᠵᠡᠷᠭᠡ ᠪᠠᠶᠢᠳᠠᠯ ᠢᠯᠡᠷᠡᠪᠡᠯ ᠬᠤᠨᠢ ᠶᠢ ᠳᠤᠤᠷ᠎ᠠ ᠨᠢ ᠬᠠᠷᠰᠢᠭᠰᠠᠨ ᠤᠷᠤᠨ ᠠᠴᠠ ᠵᠠᠶᠢᠯᠠᠭᠤᠯᠤᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ