|
ᠬᠤᠷᠠᠭ᠎ᠠ ᠪᠤᠷᠳᠤᠬᠤ ᠮᠠᠷᠭᠡᠵᠢᠯ ᠤᠨ ᠵᠠᠩᠬᠢᠯᠠᠭ᠎ᠠ |
|
|
ᠨᠡᠶᠢᠲᠡᠯᠡᠭᠰᠡᠨ ᠴᠠᠭ᠄
2018/12/6
|
|
ᠬᠤᠷᠠᠭ᠎ᠠ ᠶᠢ 2 ᠰᠠᠷ᠎ᠠ ᠪᠣᠯᠪᠠᠯ ᠳᠠᠷᠤᠢ ᠡᠬᠢᠯᠡᠵᠦ ᠰᠢᠯᠢᠳᠡᠭ ᠲᠡᠵᠢᠭᠡᠯ ᠡᠪᠡᠰᠦ ᠪᠣᠷᠳᠤᠭ᠎ᠠ ᠪᠠᠷ ᠲᠡᠵᠢᠭᠡᠡ᠂ ᠠᠷᠠᠴᠢᠯᠠᠭ᠎ᠠ ᠬᠠᠮᠢᠶᠠᠷᠤᠯᠲᠠ ᠶᠢ ᠴᠢᠩᠭᠠᠳᠬᠠᠬᠤ ᠪᠠᠷ ᠳᠠᠮᠵᠢᠨ 4~6 ᠰᠠᠷ᠎ᠠ ᠪᠣᠯᠬᠤ ᠳᠤ ᠪᠡᠶ᠎ᠡ ᠶᠢᠨ ᠬᠦᠨᠳᠦ ᠶᠢ ᠨᠠᠰᠤ ᠭᠦᠢᠴᠡᠭᠰᠡᠨ ᠬᠤᠨᠢᠨ ᠤ ᠬᠠᠭᠠᠰ ᠠᠴᠠ ᠳᠡᠭᠡᠭᠰᠢ ᠬᠦᠨᠳᠦ ᠳᠤ ᠬᠦᠷᠭᠡᠭᠡᠳ ᠠᠯᠠᠰᠢᠨ ᠳᠤ ᠭᠠᠷᠭᠠᠨ᠎ᠠ᠃ ᠡᠨᠡ ᠦᠶᠡᠰ ᠤᠨ ᠬᠤᠷᠠᠭ᠎ᠠ ᠶᠢᠨ ᠮᠢᠬᠠᠠ ᠳᠤ ᠤᠭᠤᠷᠠᠭ ᠢᠯᠡᠭᠦᠦ ᠥᠭᠡᠬᠦ ᠪᠠᠭ᠎ᠠ ᠪᠠᠶᠢᠵᠤ᠂ ᠵᠥᠭᠡᠯᠡᠨ ᠰᠢᠭᠦᠰᠦᠯᠢᠭ᠂ ᠰᠢᠩᠭᠡᠭ ᠦᠨᠦᠷ ᠪᠠ ᠱᠠᠩᠳᠠᠭᠤᠨ ᠦᠭᠡᠢ᠂ ᠰᠢᠮ᠎ᠡ ᠲᠡᠵᠢᠭᠡᠯ ᠡᠯᠪᠡᠭ᠂ ᠦᠷ᠎ᠡ ᠠᠰᠢᠭ ᠰᠠᠶᠢᠨ ᠪᠠᠶᠢᠳᠠᠭ᠃ ᠶᠡᠷᠦᠩᠬᠡᠢ ᠮᠡᠷᠭᠡᠵᠢᠯ ᠨᠢ ᠳᠣᠣᠷᠠᠬᠢ ᠮᠡᠲᠦ᠄ 1. ᠤᠭᠤᠷᠠᠭ ᠰᠦ ᠶᠢ ᠠᠯᠢ ᠬᠤᠷᠳᠤᠨ ᠬᠥᠬᠦᠭᠦᠯᠬᠦ᠃ ᠰᠠᠶ᠋ᠢ ᠲᠤᠰᠤᠭᠰᠠᠨ ᠬᠤᠷᠠᠭ᠎ᠠ ᠳᠤ ᠤᠭᠤᠷᠠᠭ ᠰᠦ ᠶᠢ ᠠᠯᠢ ᠬᠤᠷᠳᠤᠨ ᠬᠥᠬᠦᠭᠦᠯᠬᠦ ᠪᠦᠭᠡᠳ ᠭᠦᠢᠴᠡᠳ ᠬᠦᠬᠦᠭᠦᠯᠵᠦ ᠪᠠᠶᠢᠭᠠᠳ ᠪᠡᠶ᠎ᠡ ᠶᠢᠨ ᠦᠯᠦ ᠬᠠᠯᠳᠠᠭᠠᠬᠤ ᠴᠢᠳᠠᠪᠦᠷᠢ ᠶᠢ ᠰᠠᠶᠢᠵᠢᠷᠠᠭᠤᠯᠵᠤ᠂ ᠳᠠᠷᠠᠭᠠᠴᠢ ᠶᠢᠨ ᠬᠦᠴᠦᠯᠡᠨ ᠪᠣᠷᠳᠤᠬᠤ ᠳᠤ ᠰᠠᠭᠤᠷᠢ ᠶᠢ ᠲᠠᠯᠪᠢᠨ᠎ᠠ᠃ ᠪᠡᠶ᠎ᠡ ᠰᠠᠶᠢᠨ ᠬᠤᠷᠠᠭ᠎ᠠ ᠨᠢ ᠳᠡᠯᠡᠩ ᠤᠨ ᠲᠣᠪᠴᠢ ᠶᠢ ᠦᠪᠡᠷ ᠢᠶᠠᠨ ᠡᠷᠢᠵᠦ ᠤᠯᠵᠦ ᠤᠭᠤᠷᠠᠭ ᠰᠦ ᠶᠢ ᠬᠥᠬᠦᠳᠡᠭ︔ ᠪᠡᠶ᠎ᠡ ᠪᠠᠭᠤᠷᠠᠢ ᠬᠤᠷᠠᠭ᠎ᠠ ᠶᠢ ᠴᠢᠬᠤᠯᠨ ᠲᠠᠢ ᠦᠶᠡᠰ ᠬᠥᠮᠥᠨ ᠤ ᠬᠦᠴᠦ ᠪᠠᠷ ᠬᠠᠪᠰᠤᠷᠴᠦ ᠬᠦᠬᠦᠭᠦᠯᠬᠦ ᠴᠢᠬᠤᠯᠠᠲᠠᠢ᠃ 2. ᠡᠷᠲᠡ ᠢᠳᠡᠭᠦᠯᠵᠦ ᠰᠤᠷᠭᠠᠨ᠂ ᠡᠷᠲᠡ ᠪᠣᠷᠳᠤᠭ᠎ᠠ ᠨᠥᠬᠦᠪᠦᠷᠢᠯᠡᠬᠦ᠃ ᠬᠤᠷᠠᠭ᠎ᠠ ᠨᠢ 10 ᠡᠳᠦᠷ ᠪᠤᠯᠪᠠᠯ ᠳᠠᠷᠤᠢ ᠪᠤᠷᠳᠤᠭ᠎ᠠ ᠢᠳᠡᠰᠢᠯᠡᠬᠦ ᠴᠢᠳᠠᠪᠤᠷᠢ ᠲᠠᠢ ᠪᠣᠯᠳᠠᠭ᠃ ᠡᠨᠡ ᠦᠶᠡᠰ ᠬᠤᠷᠠᠭ᠎ᠠ ᠳᠤ ᠲᠡᠵᠢᠭᠡᠯ ᠡᠪᠡᠰᠦ ᠪᠤᠷᠳᠤᠭ᠎ᠠ ᠦᠭᠴᠦ ᠢᠳᠡᠭᠦᠯᠵᠦ ᠰᠤᠷᠭᠠᠨ᠎ᠠ᠃ ᠭᠡᠬᠦ ᠳᠡᠭᠡᠨ ᠰᠢᠮ᠎ᠡ ᠲᠡᠵᠢᠭᠡᠯ ᠥᠨᠳᠥᠷ᠂ ᠰᠢᠩᠭᠡᠭᠡᠬᠦ ᠳᠤ ᠠᠮᠠᠷ ᠬᠥᠬᠡ ᠡᠪᠡᠰᠦ᠂ ᠬᠠᠭᠤᠷᠠᠢ ᠡᠪᠡᠰᠦ ᠪᠤᠶᠤ ᠬᠥᠬᠡ ᠳᠠᠷᠤᠰᠢ ᠪᠣᠷᠳᠤᠭ᠎ᠠ ᠶᠢ ᠰᠤᠩᠭᠤᠵᠦ ᠵᠣᠬᠢᠰᠲᠠᠢ ᠨᠠᠶᠢᠷᠠᠭᠤᠯᠵᠦ ᠲᠡᠵᠢᠭᠡᠨ᠎ᠡ᠂ ᠵᠢᠱᠢᠶᠡᠯᠡᠪᠡᠯ ᠤᠬᠤᠷ ᠬᠡᠷᠴᠢᠬᠦ᠂ ᠬᠡᠮᠬᠡᠯᠬᠦ᠂ ᠠᠭ᠎ᠠ ᠪᠣᠯᠭᠠᠬᠤ᠂ ᠮᠦᠬᠦᠯᠢᠭ ᠪᠤᠯᠭᠠᠬᠤ ᠵᠡᠷᠭᠡ ᠪᠠᠷ ᠳᠠᠮᠵᠢᠭᠤᠯᠤᠨ ᠬᠤᠷᠠᠭ᠎ᠠ ᠶᠢ ᠦᠳᠦᠭᠡᠵᠦ ᠢᠳᠡᠭᠦᠯᠬᠦ ᠶᠢᠨ ᠳᠠᠭᠠᠤ ᠨᠠᠷᠢᠯᠢᠭ ᠪᠣᠷᠳᠤᠭ᠎ᠠ ᠶᠢ ᠵᠤᠬᠢᠰᠲᠠᠢ ᠬᠠᠩᠭᠠᠨ᠎ᠠ᠃ ᠪᠠᠰᠠ ᠬᠤᠯᠤᠤᠪᠠᠩ ᠢ ᠨᠠᠷᠢᠯᠢᠭ ᠪᠣᠷᠳᠤᠭ᠎ᠠ ᠲᠠᠢ ᠬᠤᠯᠢᠵᠤ ᠬᠤᠷᠠᠭ᠎ᠠ ᠶᠢ ᠦᠳᠦᠭᠡᠵᠦ ᠢᠳᠡᠭᠦᠯᠦᠨ᠎ᠡ᠃ ᠬᠡᠪᠴᠢᠶᠡᠵᠢᠭᠰᠡᠨ ᠬᠤᠨᠢᠨ ᠤ ᠲᠠᠯᠠᠪᠠᠢ ᠪᠣᠯ ᠰᠦ ᠶᠢᠨ ᠰᠢᠯᠢᠳᠡᠭ ᠤᠷᠤᠯᠠᠮᠠᠯ ᠪᠣᠷᠳᠤᠭ᠎ᠠ ᠪᠠᠷ ᠦᠳᠦᠭᠡᠵᠦ ᠢᠳᠡᠭᠦᠯᠵᠦ ᠪᠣᠯᠤᠨ᠎ᠠ᠃ ᠬᠤᠷᠠᠭ᠎ᠠ ᠶᠢ ᠦᠳᠦᠭᠡᠵᠦ ᠢᠳᠡᠭᠦᠯᠦᠭᠡᠳ ᠦᠯᠡᠳᠡᠭᠰᠡᠨ ᠡᠪᠡᠰᠦ ᠪᠣᠷᠳᠤᠭ᠎ᠠ ᠶᠢ ᠡᠬᠡ ᠬᠤᠨᠢ ᠳᠤ ᠨᠢ ᠢᠳᠡᠭᠦᠯᠵᠦ᠂ ᠰᠦᠢᠳᠬᠡᠬᠦ ᠠᠴᠠ ᠪᠤᠯᠭᠤᠮᠵᠢᠯᠠᠨ᠎ᠠ᠃ ᠢᠩᠬᠢᠵᠦ ᠬᠡᠰᠡᠭ ᠬᠤᠭᠤᠴᠠᠭ᠎ᠠ ᠦᠩᠭᠡᠷᠡᠪᠡᠯ ᠬᠤᠷᠠᠭ᠎ᠠ ᠨᠢ ᠦᠪᠡᠷ ᠲᠡᠭᠡᠨ ᠢᠳᠡᠰᠢ ᠡᠷᠢᠵᠦ ᠢᠳᠡᠰᠢᠯᠡᠨ᠂ ᠠᠭᠠᠵᠢᠮ ᠳᠠᠭᠠᠨ ᠬᠤᠷᠠᠭ᠎ᠠ ᠶᠢᠨ ᠭᠦᠵᠡᠭᠡ ᠨᠢ ᠡᠬᠢᠯᠡᠨ ᠪᠤᠶᠢᠵᠢᠵᠤ᠂ ᠠᠵᠢᠯᠯᠠᠭ᠎ᠠ ᠨᠢ ᠪᠠᠰᠠ ᠢᠳᠡᠭ ᠢᠳᠡᠭ ᠢᠶᠠᠷ ᠲᠡᠭᠦᠯᠳᠡᠷᠵᠢᠨ᠂ ᠲᠡᠵᠢᠭᠡᠯ ᠡᠪᠡᠰᠦ ᠶᠢ ᠴᠢᠯᠦᠭᠡᠲᠡᠢ ᠢᠳᠡᠰᠢᠯᠡᠬᠦ ᠪᠣᠯᠣᠨ᠎ᠠ᠃ 3. ᠬᠥᠬᠦᠭᠦᠯᠬᠦ ᠰᠡᠭᠦᠯᠴᠢ ᠶᠢᠨ ᠬᠤᠭᠤᠴᠠᠭᠠᠨ ᠳᠤ ᠪᠣᠷᠳᠤᠭ᠎ᠠ ᠵᠤᠬᠢᠰᠲᠠᠢ ᠨᠡᠮᠡᠵᠦ ᠲᠡᠵᠢᠭᠡᠬᠦ᠃ ᠬᠤᠷᠠᠭ᠎ᠠ ᠨᠢ 2 ᠰᠠᠷ᠎ᠠ ᠪᠤᠯᠬᠤ ᠳᠤ ᠡᠬᠡ ᠬᠤᠨᠢᠨ ᠤ ᠰᠦ ᠨᠢ ᠢᠳᠡᠭ ᠢᠳᠡᠭ ᠢᠶᠠᠷ ᠳᠣᠷᠣᠭᠰᠢᠯᠠᠬᠤ ᠲᠤᠯᠠ ᠬᠤᠷᠠᠭ᠎ᠠ ᠳᠤ ᠪᠣᠷᠳᠤᠭ᠎ᠠ ᠨᠦᠬᠦᠪᠦᠷᠢᠯᠡᠵᠦ ᠲᠡᠵᠢᠭᠡᠨ᠂ ᠪᠦᠳᠦᠭᠦᠯᠢᠭ ᠪᠣᠷᠳᠤᠭ᠎ᠠ ᠶᠢ ᠴᠢᠯᠦᠭᠡᠲᠡᠢ ᠢᠳᠡᠰᠢᠯᠡᠭᠦᠯᠦᠨᠡ᠂ ᠵᠢᠱᠢᠶᠡᠯᠡᠪᠡᠯ ᠰᠢᠯᠢᠳᠡᠭ ᠬᠥᠬᠡ ᠬᠠᠭᠤᠷᠠᠢ ᠡᠪᠡᠰᠦ᠂ ᠬᠡᠮᠬᠡᠯᠦᠭᠰᠡᠨ ᠡᠰᠢ ᠰᠦᠷᠡᠯ ᠤᠨ ᠪᠤᠷᠳᠤᠭ᠎ᠠ᠂ ᠬᠥᠬᠡ ᠳᠠᠷᠤᠰᠢ ᠪᠣᠷᠳᠤᠭ᠎ᠠ ᠵᠡᠷᠭᠡ᠂ ᠬᠤᠯᠢᠮᠠᠭ ᠨᠠᠷᠢᠯᠢᠭ ᠪᠣᠷᠳᠤᠭ᠎ᠠ ᠶᠢ ᠡᠳᠦᠷ ᠪᠦᠷᠢ 2 ᠤᠳᠠᠭ᠎ᠠ᠂ ᠤᠳᠠᠭ᠎ᠠ ᠪᠦᠷᠢ 100~200 ᠭᠷᠡᠮ ᠨᠦᠬᠦᠪᠦᠷᠢᠯᠡᠨ᠎ᠡ᠃ ᠬᠠᠮᠢᠶᠠᠷᠤᠯᠲᠠ ᠳᠤ᠂ ᠬᠤᠨᠢᠨ ᠬᠠᠰᠢᠶ᠎ᠠ᠂ ᠬᠥᠳᠡᠯᠭᠡᠭᠡᠨ ᠤ ᠲᠠᠯᠠᠪᠠᠢ᠂ ᠪᠣᠷᠳᠤᠭ᠎ᠠ ᠨᠥᠬᠦᠪᠦᠷᠢᠯᠡᠬᠦ ᠣᠩᠭᠤᠴᠠ ᠶᠢᠨ ᠬᠡᠵᠢᠶᠡᠳᠡ ᠠᠷᠢᠭᠤᠨ ᠴᠡᠪᠡᠷ ᠬᠠᠭᠤᠷᠠᠢ ᠪᠠᠶᠢᠬᠤ ᠶᠢ ᠪᠠᠲᠤᠯᠠᠨ᠂ ᠡᠪᠦᠯ ᠳᠤᠯᠠᠭᠠᠨ ᠵᠣᠨ ᠰᠡᠷᠢᠭᠦᠨ᠂ ᠡᠪᠦᠯ ᠳᠤ ᠰᠠᠯᠬᠢ ᠴᠠᠰᠤ ᠨᠡᠪᠲᠡᠷᠡᠬᠦ ᠦᠭᠡᠢ᠂ ᠵᠤᠨ ᠳᠠᠭᠠᠨ ᠰᠠᠯᠬᠢ ᠪᠣᠷᠣᠭᠠᠠ ᠢ ᠬᠠᠯᠬᠠᠯᠠᠭᠰᠠᠨ ᠪᠠᠶᠢᠪᠠᠯ ᠵᠤᠬᠢᠨ᠎ᠠ᠃ 4. ᠰᠦ ᠠᠴᠠ ᠨᠢ ᠰᠠᠯᠭᠠᠬᠤ ᠪᠠ ᠰᠦᠷᠦᠭ ᠬᠤᠪᠢᠶᠠᠬᠤ᠃ ᠰᠦ ᠠᠴᠠ ᠨᠢ ᠰᠠᠯᠭᠠᠬᠤ ᠠᠴᠠ ᠡᠮᠦᠨ᠎ᠡ 1 ᠭᠠᠷᠠᠭ ᠲᠤ᠂ ᠰᠦ ᠱᠦᠭᠦᠷᠡᠭᠦᠯᠵᠦ ᠪᠠᠶᠢᠭ᠎ᠠ ᠡᠬᠡ ᠬᠤᠨᠢ ᠶᠢᠨ ᠨᠠᠷᠢᠯᠢᠭ ᠪᠣᠷᠳᠤᠭ᠎ᠠ ᠶᠢᠨ ᠬᠡᠮᠵᠢᠶ᠎ᠡ ᠶᠢ ᠪᠠᠭᠠᠰᠬᠠᠨ᠂ ᠨᠣᠭᠤᠭᠠᠨ ᠰᠢᠭᠦᠰᠦᠯᠢᠭ ᠪᠣᠷᠳᠤᠭ᠎ᠠ ᠪᠠᠷ ᠪᠠᠭ᠎ᠠ ᠲᠡᠵᠢᠭᠡᠵᠦ᠂ ᠰᠦᠨ ᠤ ᠱᠦᠬᠦᠷᠡᠯᠲᠡ ᠶᠢ ᠪᠠᠭᠠᠰᠬᠠᠨ᠂ ᠰᠦ ᠠᠴᠠ ᠨᠢ ᠰᠠᠯᠭᠠᠭᠰᠠᠨ ᠤ ᠳᠠᠷᠠᠭ᠎ᠠ ᠳᠡᠯᠡᠩ ᠤᠨ ᠦᠷᠪᠢᠰᠦᠯ ᠤᠯᠬᠤ ᠠᠴᠠ ᠰᠡᠷᠭᠡᠶᠢᠯᠡᠨ᠎ᠡ᠃ ᠬᠤᠷᠠᠭ᠎ᠠ ᠶᠢ 1.5~2 ᠰᠠᠷ᠎ᠠ ᠪᠤᠯᠪᠠᠯ ᠡᠬᠡ ᠶᠢ ᠨᠢ ᠰᠢᠯᠵᠢᠭᠦᠯᠦᠨ ᠬᠠᠰᠢᠶ᠎ᠠ ᠰᠠᠯᠭᠠᠵᠦ᠂ ᠨᠢᠭᠡ ᠯᠡ ᠳᠣᠣᠷ᠎ᠠ ᠰᠦ ᠠᠴᠠ ᠨᠢ ᠰᠠᠯᠭᠠᠨ᠎ᠠ᠃ ᠰᠦ ᠠᠴᠠ ᠨᠢ ᠰᠠᠯᠭᠠᠭᠰᠠᠨ ᠬᠤᠷᠠᠭ᠎ᠠ ᠶᠢ ᠦᠷ᠎ᠡ ᠳᠤ ᠬᠡᠷᠡᠭᠯᠡᠬᠦ ᠠᠴᠠ ᠪᠤᠰᠤᠳ ᠢ ᠪᠦᠷ ᠴᠢᠨᠠᠷ ᠤᠨ ᠢᠯᠭᠠᠯ᠂ ᠪᠡᠶ᠎ᠡ ᠶᠢᠨ ᠰᠠᠶᠢᠨ ᠮᠠᠭᠤ᠂ ᠶᠡᠭᠡ ᠪᠠᠭ᠎ᠠ ᠶᠢ ᠦᠨᠳᠦᠰᠦᠯᠡᠨ ᠰᠦᠷᠦᠭ ᠬᠤᠪᠢᠶᠠᠵᠦ ᠪᠣᠷᠳᠣᠨ᠎ᠠ᠃ 5. ᠪᠣᠷᠳᠣᠬᠤ ᠬᠤᠷᠠᠭ᠎ᠠ ᠶᠢ ᠰᠣᠩᠭᠤᠬᠤ᠃ ᠲᠦᠷᠭᠡᠨ ᠪᠣᠷᠳᠣᠬᠤ ᠬᠤᠷᠠᠭ᠎ᠠ ᠶᠢ ᠰᠤᠩᠭᠤᠬᠤ ᠳᠤ ᠬᠠᠮᠤᠭ ᠰᠠᠶᠢᠨ ᠨᠢ ᠡᠷᠲᠡ ᠪᠤᠯᠪᠠᠰᠤᠷᠠᠭᠰᠠᠨ ᠬᠤᠨᠢᠨ ᠤ ᠲᠥᠯ ᠪᠠᠶᠢᠵᠦ᠂ ᠤᠯᠠᠨ ᠬᠡᠭᠡᠯᠲᠦ᠂ ᠦᠰᠦᠯᠲᠡ ᠲᠥᠷᠭᠡᠨ ᠡᠭᠦᠯᠳᠡᠷ ᠢ ᠰᠤᠩᠭᠤᠨ᠎ᠠ᠃ ᠡᠭᠦᠨ ᠠᠴᠠ ᠭᠠᠳᠠᠨ᠎ᠠ᠂ ᠲᠥᠷᠭᠡᠨ ᠥᠰᠬᠦ ᠬᠡᠯᠪᠡᠷᠢ ᠶᠢᠨ ᠬᠤᠴᠠ ᠶᠢ ᠨᠣᠳᠤᠭ ᠤᠨ ᠡᠮ᠎ᠡ ᠬᠤᠨᠢ ᠲᠠᠢ ᠬᠡᠭᠡᠯᠲᠦᠭᠦᠯᠤᠭᠡᠳ ᠭᠠᠷᠤᠭᠰᠠᠨ ᠡᠷᠯᠢᠰᠡ ᠬᠤᠷᠠᠭ᠎ᠠ ᠳᠤ ᠡᠷᠯᠢᠰᠡ ᠶᠢᠨ ᠳᠠᠪᠠᠭᠤᠯᠢᠭ ᠢᠯᠡᠷᠬᠡᠢ ᠪᠠᠶᠢᠬᠤ ᠲᠤᠯᠠ ᠲᠦᠷᠭᠡᠨ ᠪᠣᠷᠳᠣᠬᠤ ᠬᠤᠷᠠᠭ᠎ᠠ ᠶᠢᠨ ᠲᠡᠷᠢᠭᠦᠨ ᠰᠣᠩᠭᠤᠯᠲᠠ ᠪᠣᠯᠭᠠᠵᠦ ᠪᠣᠯᠣᠨ᠎ᠠ᠃ ᠲᠥᠷᠭᠡᠨ ᠥᠰᠬᠦ ᠬᠡᠯᠪᠡᠷᠢ ᠶᠢᠨ ᠡᠭᠦᠯᠳᠡᠷ ᠲᠤ ᠲᠤᠤᠰᠠᠶᠢᠲ ︵陶赛特︶᠂ ᠪᠤᠤᠷ ᠢᠮᠠᠭ᠎ᠠ ᠵᠡᠷᠭᠡ ᠪᠠᠶᠢᠳᠠᠭ᠂ ᠲᠡᠳᠡᠭᠡᠷ ᠤᠨ ᠦᠷ᠎ᠡ ᠶᠢᠨ ᠰᠢᠩᠭᠡᠨ ᠢᠶᠠᠷ ᠨᠣᠳᠤᠭ ᠤᠨ ᠡᠮ᠎ᠡ ᠬᠤᠨᠢ ᠳᠤ ᠭᠠᠷ ᠬᠡᠭᠡᠯᠲᠦᠭᠦᠯᠭᠡ ᠬᠢᠵᠦ ᠭᠠᠷᠤᠭᠰᠠᠨ ᠡᠷᠯᠢᠰᠡ ᠬᠤᠷᠠᠭ᠎ᠠ ᠶᠢ ᠪᠠᠰᠠ ᠪᠦᠬᠦᠨ ᠢ ᠲᠦᠷᠭᠡᠨ ᠪᠤᠷᠳᠤᠬᠤ ᠳᠤ ᠬᠡᠷᠡᠭᠯᠡᠵᠦ ᠪᠤᠯᠣᠨ᠎ᠠ᠃ ᠡᠭᠦᠨ ᠠᠴᠠ ᠭᠠᠳᠠᠨ᠎ᠠ᠂ ᠨᠤᠲᠤᠭ ᠤᠨ ᠡᠮ᠎ᠡ ᠬᠤᠨᠢ ᠨᠢ ᠶᠡᠷᠦ ᠳᠡᠭᠡᠨ ᠨᠠᠮᠤᠷ ᠤᠨ ᠤᠯᠠᠷᠢᠯ ᠳᠤ ᠣᠷᠤᠭ᠎ᠠ ᠣᠷᠣᠵᠤ ᠬᠡᠭᠡᠯᠳᠦᠨ᠂ 5 ᠰᠠᠷ᠎ᠠ ᠶᠢᠨ ᠳᠠᠷᠠᠭ᠎ᠠ ᠬᠤᠷᠠᠭᠠᠯᠠᠬᠤ ᠳᠤ ᠶᠠᠭ ᠡᠪᠦᠯ ᠤᠨ ᠤᠯᠠᠷᠢᠯ ᠪᠤᠶᠤ ᠢᠷᠡᠬᠦ ᠵᠢᠯ ᠤᠨ ᠬᠠᠪᠤᠷ ᠤᠨ ᠤᠯᠠᠷᠢᠯ ᠪᠠᠶᠢᠵᠦ᠂ ᠡᠨᠡ ᠦᠶᠡᠰ ᠶᠠᠭ ᠲᠡᠵᠢᠭᠡᠯ ᠡᠪᠡᠰᠦ ᠳᠤᠲᠠᠮᠠᠭ ᠬᠠᠪᠤᠷ ᠤᠨ ᠬᠠᠷᠠᠰᠣ ᠴᠠᠭ ᠲᠤᠯᠠ ᠵᠢᠯ ᠠᠴᠠ ᠡᠮᠦᠨ᠎ᠡ ᠳᠠᠷᠤᠢ ᠰᠢᠯᠢᠳᠡᠭ ᠡᠪᠡᠰᠦ ᠪᠣᠷᠳᠤᠭ᠎ᠠ ᠬᠦᠢᠴᠡᠳ ᠪᠡᠯᠡᠳᠬᠡᠨ᠎ᠡ᠃ 6. ᠬᠠᠷᠢᠭᠤᠯᠵᠤ ᠢᠷᠡᠭᠰᠡᠨ ᠤ ᠳᠠᠷᠠᠭ᠎ᠠ ᠪᠣᠷᠳᠤᠭ᠎ᠠ ᠨᠥᠬᠦᠪᠦᠷᠢᠯᠡᠬᠦ᠃ ᠬᠠᠷᠢᠭᠤᠯᠬᠤ ᠪᠠ ᠪᠣᠷᠳᠤᠭ᠎ᠠ ᠨᠦᠬᠦᠪᠦᠷᠢᠯᠡᠵᠦ ᠲᠡᠵᠢᠭᠡᠬᠦ ᠬᠡᠯᠪᠡᠷᠢ ᠪᠠᠷ ᠬᠤᠷᠠᠭ᠎ᠠ ᠶᠢ ᠪᠤᠷᠳᠤᠬᠤ ᠭᠡᠪᠡᠯ᠂ ᠬᠠᠪᠤᠷ ᠤᠨ ᠤᠯᠠᠷᠢᠯ ᠤᠨ 3~5 ᠰᠠᠷ᠎ᠠ ᠬᠦᠷᠪᠡᠯ ᠳᠠᠷᠤᠢ ᠡᠬᠢᠯᠡᠨ ᠬᠡᠭᠡᠷ᠎ᠡ ᠪᠡᠯᠴᠢᠭᠡᠷᠯᠡᠭᠦᠯᠦᠨ᠎ᠡ᠃ ᠰᠢᠯᠢᠳᠡᠭ ᠪᠡᠯᠴᠢᠭᠡᠷ ᠡᠪᠡᠰᠦ ᠶᠢ ᠰᠣᠩᠭᠤᠵᠦ᠂ ᠡᠷᠲᠡ ᠭᠠᠷᠴᠤ ᠤᠷᠤᠢ ᠪᠤᠴᠠᠨ᠂ ᠪᠦᠬᠦᠯᠢ ᠡᠳᠦᠷ ᠢᠶᠠᠷ ᠬᠠᠷᠢᠭᠤᠯᠤᠨ᠎ᠠ᠃ ᠬᠠᠷᠢᠭᠤᠯᠵᠤ ᠢᠷᠡᠭᠰᠡᠨ ᠤ ᠳᠠᠷᠠᠭ᠎ᠠ ᠪᠤᠶᠤ ᠡᠪᠡᠰᠦ ᠬᠤᠪᠠᠭ᠋ᠠᠢ ᠤᠯᠠᠷᠢᠯ ᠳᠤ᠂ ᠬᠤᠯᠢᠮᠠᠭ ᠨᠠᠷᠢᠯᠢᠭ ᠪᠣᠷᠳᠤᠭ᠎ᠠ ᠵᠤᠬᠢᠰᠲᠠᠢ ᠨᠦ᠋ᠬᠦᠪᠦᠷᠢᠯᠡᠵᠦ᠂ ᠪᠡᠶ᠎ᠡ ᠶᠢᠨ ᠬᠦᠨᠳᠦ ᠶᠢ ᠦᠨᠳᠦᠰᠦᠯᠡᠨ ᠡᠳᠦᠷ ᠪᠦᠷᠢ 40~100 ᠭᠷᠡᠮ ᠥᠭᠴᠦ ᠲᠡᠵᠢᠭᠡᠨ᠎ᠡ᠃ ᠬᠤᠯᠢᠮᠠᠭ ᠨᠠᠷᠢᠯᠢᠭ ᠪᠣᠷᠳᠤᠭ᠎ᠠ ᠶᠢ ᠲᠤᠬᠠᠢ ᠶᠢᠨ ᠭᠠᠵᠠᠷ ᠤᠨ ᠪᠤᠳᠠᠳᠤ ᠪᠠᠶᠢᠳᠠᠯ ᠢ ᠦᠨᠳᠦᠰᠦᠯᠡᠨ ᠨᠠᠶᠢᠷᠠᠭᠤᠯᠤᠨ᠎ᠠ᠃ ᠵᠢᠱᠢᠶᠡᠯᠡᠪᠡᠯ ᠡᠷᠳᠡᠨᠢ ᠰᠢᠰᠢ 55%᠂ ᠪᠤᠷᠴᠠᠭ ᠤᠨ ᠰᠢᠭᠠᠷᠤ 33%᠂ ᠢᠰᠭᠡᠭᠦᠷ ᠤᠨ ᠨᠤᠨᠳᠠᠭ 2%᠂ ᠬᠡᠪᠡᠭ 8%᠂ ᠬᠤᠭᠤᠯᠠᠨ ᠤ ᠳᠠᠪᠤᠰᠤ 1%᠂ ᠹᠤᠰᠹᠤᠷ ᠬᠦᠴᠢᠯ ᠤᠨ ᠤᠰᠤᠲᠥ᠋ᠷᠥᠭᠴᠢᠲᠤ ᠨᠠᠲᠷᠢ 1% ᠪᠣᠯᠣᠨ᠎ᠠ᠃ ᠬᠤᠯᠢᠮᠠᠭ ᠨᠠᠷᠢᠯᠢᠭ ᠪᠣᠷᠳᠤᠭ᠎ᠠ ᠶᠢ ᠬᠠᠮᠤᠭ ᠰᠠᠶᠢᠨ ᠨᠢ ᠮᠥᠬᠦᠯᠢᠭ ᠬᠡᠯᠪᠡᠷᠢᠲᠠᠢ ᠬᠢᠵᠦ᠂ ᠡᠷᠳᠡᠨᠢ ᠰᠢᠰᠢ ᠶᠢᠨ ᠮᠥᠬᠦᠯᠢᠭ ᠢ ᠪᠣᠯ ᠪᠦᠬᠦᠯᠢ ᠪᠠᠷ ᠨᠢ ᠬᠡᠷᠡᠭᠯᠡᠨ᠎ᠡ᠃ 7. ᠬᠠᠰᠢᠶᠠᠯᠠᠵᠦ ᠪᠣᠷᠳᠣᠬᠤ᠃ ᠬᠥᠬᠡ ᠪᠣᠷᠳᠤᠭ᠎ᠠ ᠪᠠᠷ ᠬᠠᠰᠢᠶᠠᠯᠠᠵᠦ ᠪᠣᠷᠳᠣᠬᠤ ᠦᠶᠡᠰ᠂ ᠬᠥᠬᠡ ᠬᠠᠭᠤᠷᠠᠢ ᠡᠪᠡᠰᠦ᠂ ᠡᠷᠳᠡᠨᠢ ᠰᠢᠰᠢ ᠶᠢᠨ ᠡᠰᠢ ᠰᠦᠷᠡᠯ ᠵᠡᠷᠭᠡ ᠶᠢ ᠤᠬᠤᠷ ᠬᠡᠷᠴᠢᠵᠦ ᠬᠡᠮᠬᠡᠯᠦᠭᠰᠡᠨ ᠤ ᠳᠠᠷᠠᠭ᠎ᠠ ᠴᠢᠯᠦᠭᠡᠲᠡᠢ ᠢᠳᠡᠭᠦᠯᠵᠦ᠂ ᠳᠣᠲᠣᠷᠭᠠᠨ ᠰᠦᠷᠡᠯ᠂ ᠪᠤᠭᠤᠳᠠᠢ ᠶᠢᠨ ᠡᠰᠢ ᠰᠦᠷᠡᠯ ᠵᠡᠷᠭᠡ ᠪᠦᠳᠦᠭᠦᠯᠢᠭ ᠰᠢᠷᠬᠡᠭᠯᠢᠭ ᠠᠷᠪᠢᠨ ᠠᠭᠤᠯᠬᠤ ᠪᠦᠳᠦᠭᠦᠯᠢᠭ ᠪᠣᠷᠳᠤᠭ᠎ᠠ ᠶᠢ ᠪᠣᠯ ᠬᠠᠮᠤᠭ ᠰᠠᠶᠢᠠ ᠨᠢ ᠱᠦᠯᠲᠦᠵᠢᠭᠦᠯᠬᠦ᠂ ᠰᠢᠪᠲᠤᠷᠵᠢᠭᠤᠯᠬᠤ᠂ ᠬᠥᠭᠡᠯᠭᠡᠬᠦ ᠵᠡᠷᠭᠡ ᠰᠢᠢᠳᠪᠦᠷᠢᠯᠡᠯ ᠬᠢᠭᠰᠡᠨ ᠤ ᠳᠠᠷᠠᠭ᠎ᠠ ᠬᠡᠷᠡᠭᠯᠡᠨ᠎ᠡ᠃ ᠪᠣᠷᠳᠣᠬᠤ ᠰᠡᠭᠦᠯᠴᠢ ᠶᠢᠨ ᠬᠤᠭᠤᠴᠠᠭᠠᠨ ᠳᠤ ᠪᠠᠰᠠ ᠬᠥᠬᠡ ᠳᠠᠷᠤᠰᠢ ᠪᠣᠷᠳᠤᠭ᠎ᠠ ᠶᠢ ᠬᠡᠷᠡᠭᠯᠡᠵᠦ ᠪᠣᠯᠣᠨ᠎ᠠ᠃ ᠬᠠᠰᠢᠶᠠᠯᠠᠵᠦ ᠪᠣᠷᠳᠣᠬᠤ ᠶᠢᠨ ᠵᠠᠩᠭᠢᠯᠠᠭ᠎ᠠ ᠨᠢ᠂ ᠬᠠᠭᠤᠷᠠᠢ ᠡᠪᠡᠰᠦ ᠵᠡᠷᠭᠡ ᠬᠥᠬᠡ ᠪᠦᠳᠦᠭᠦᠯᠢᠭ ᠪᠣᠷᠳᠤᠭ᠎ᠠ ᠶᠢ ᠴᠢᠯᠦᠭᠡᠲᠡᠢ ᠢᠳᠡᠰᠢᠯᠡᠭᠰᠡᠨ ᠤ ᠳᠠᠷᠠᠭ᠎ᠠ ᠨᠠᠷᠢᠯᠢᠭ ᠪᠣᠷᠳᠤᠭ᠎ᠠ ᠪᠠᠷ ᠲᠡᠵᠢᠭᠡᠬᠦ ᠳᠤ ᠪᠤᠢ᠃ ᠨᠦᠬᠦᠪᠦᠷᠢ ᠪᠤᠷᠳᠤᠭᠠᠨ ᠤ ᠨᠠᠶᠢᠷᠠᠯᠭ᠎ᠠ ᠨᠢ᠄ ᠡᠷᠳᠡᠨᠢ ᠰᠢᠰᠢ 66%᠂ ᠰᠢᠭᠠᠷᠤ ᠶᠢᠨ ᠵᠦᠢᠯ 22%᠂ ᠬᠡᠪᠡᠭ 8%᠂ ᠶᠠᠰᠤᠨ ᠨᠤᠨᠳᠠᠭ 1.5% ᠬᠤᠭᠤᠯᠠᠨ ᠤ ᠳᠠᠪᠤᠰᠤ 1.5%᠂ ᠰᠢᠭᠡᠰᠦᠯᠢᠭ ᠡᠳ᠋ 1%᠂ ᠬᠠᠮᠲᠤ ᠳᠤᠨᠢ ᠪᠢᠴᠢᠯ ᠡᠯᠧᠮᠧᠨ᠋ᠲ ᠪᠠ ᠨᠡᠶᠢᠯᠡᠮᠡᠯ ᠸᠢᠲ᠋ᠠᠮᠢᠨ ᠢ ᠵᠣᠬᠢᠰᠲᠠᠢ ᠨᠡᠮᠡᠨ᠎ᠡ᠃ ᠪᠡᠶ᠎ᠡ ᠶᠢᠨ ᠬᠦᠨᠳᠦ ᠶᠢᠨ ᠶᠡᠭᠡ ᠪᠠᠭ᠎ᠠ ᠶᠢ ᠦᠨᠳᠦᠰᠦᠯᠡᠨ᠂ ᠡᠳᠦᠷ ᠪᠦᠷᠢ 500~900 ᠭᠷᠡᠮ ᠨᠥᠬᠦᠪᠦᠷᠢᠯᠡᠵᠦ᠂ ᠤᠰᠤ ᠳᠤᠷ᠎ᠠ ᠪᠠᠷ ᠤᠤᠭᠤᠯᠭᠠᠨ᠎ᠠ᠃ 8. ᠪᠤᠷᠳᠤᠬᠤ ᠬᠤᠷᠠᠭ᠎ᠠ ᠶᠢᠨ ᠬᠠᠮᠢᠶᠠᠷᠤᠯᠲᠠ ᠶᠢ ᠴᠢᠩᠭᠠᠳᠬᠠᠬᠤ᠃ ᠬᠤᠷᠠᠭ᠎ᠠ ᠶᠢ ᠲᠦᠷᠭᠡᠨ ᠪᠣᠷᠳᠣᠬᠤ ᠠᠴᠠ ᠡᠮᠦᠨ᠎ᠡ᠂ ᠺᠢᠯᠣᠭ᠍ᠷᠠᠮ ᠪᠦᠷᠢ ᠪᠡᠶ᠎ᠡ ᠶᠢᠨ ᠬᠦᠨᠳᠦ ᠳᠤ 0.2 ᠮᠢᠯᠢᠭᠷᠡᠮ ᠴᠦᠩ ᠺᠧ ᠰᠢᠩ᠂ 10 ᠮᠢᠯᠢᠭᠷᠡᠮ ᠳᠠᠪᠤᠰᠤᠨ ᠬᠦᠴᠢᠯ ᠤᠨ ᠵᠡᠭᠦᠨᠰᠢ ᠡᠷᠭᠢᠯᠭᠡᠲᠦ ᠢᠮᠢᠳᠠᠽᠤᠯ ︵盐酸左旋咪唑︶ ᠢ ᠤᠤᠭᠤᠯᠭᠠᠵᠦ᠂ ᠪᠡᠶ᠎ᠡ ᠶᠢᠨ ᠳᠣᠲᠣᠷ ᠭᠠᠳᠠᠨᠠᠬᠢ ᠮᠦᠯᠵᠢᠭᠦᠷ ᠬᠤᠷᠣᠬᠠᠢ ᠶᠢ ᠲᠠᠭᠤᠵᠤ᠂ ᠪᠣᠷᠳᠣᠬᠤ ᠬᠤᠭᠤᠴᠠᠭᠠᠨ ᠳᠤ ᠡᠷᠡᠭᠦᠯ ᠪᠠᠶᠢᠬᠤ ᠶᠢ ᠪᠠᠲᠤᠯᠠᠨ᠎ᠠ᠃ ᠪᠣᠷᠳᠣᠬᠤ ᠠᠴᠠ ᠡᠮᠦᠨ᠎ᠡ ᠲᠠᠷᠤᠢ ᠪᠣᠷᠳᠤᠭ᠎ᠠ ᠬᠠᠳᠠᠭᠠᠯᠠᠵᠦ ᠪᠣᠯᠪᠠᠰᠤᠷᠠᠭᠤᠯᠬᠤ ᠲᠥᠯᠥᠪᠯᠡᠭᠡ ᠶᠢ ᠰᠠᠶᠢᠲᠤᠷ ᠬᠢᠵᠦ᠂ ᠪᠦᠳᠦᠭᠦᠯᠢᠭ ᠪᠣᠷᠳᠤᠭ᠎ᠠ ᠶᠢ ᠱᠦᠯᠲᠦᠵᠢᠭᠦᠯᠬᠦ᠂ ᠰᠢᠪᠲᠤᠷᠵᠢᠭᠤᠯᠬᠤ᠂ ᠬᠥᠬᠡ ᠪᠠᠷ ᠳᠠᠷᠤᠰᠢᠭᠤᠯᠬᠤ᠂ ᠬᠥᠭᠡᠯᠭᠡᠬᠦ ᠵᠡᠷᠭᠡ ᠮᠡᠷᠭᠡᠵᠢᠯ ᠢᠶᠠᠷ ᠰᠢᠢᠳᠪᠦᠷᠢᠯᠡᠵᠦ᠂ ᠪᠣᠷᠳᠣᠬᠤ ᠬᠤᠭᠤᠴᠠᠭᠠᠨ ᠳᠤ ᠪᠣᠷᠳᠤᠭ᠎ᠠ ᠳᠤᠲᠠᠬᠤ ᠦᠭᠡᠢ᠂ ᠪᠣᠷᠳᠤᠭ᠎ᠠ ᠰᠣᠯᠢᠬᠤ ᠦᠭᠡᠢ ᠪᠠᠶᠢᠬᠤ ᠶᠢ ᠪᠠᠲᠤᠯᠠᠨ᠎ᠠ᠃ ᠭᠦᠢᠴᠡᠳ᠂ ᠴᠡᠪᠡᠷ ᠤᠤᠭᠤᠬᠤ ᠤᠰᠤ ᠬᠠᠩᠭᠠᠬᠤ ᠶᠢ ᠪᠠᠲᠤᠯᠠᠨ᠎ᠠ᠃ ᠬᠠᠰᠢᠶ᠎ᠠ ᠬᠤᠷᠤᠭ᠎ᠠ ᠶᠢ ᠦᠷᠭᠦᠯᠵᠢ ᠴᠡᠪᠡᠷᠯᠡᠨ ᠠᠷᠢᠭᠤᠳᠬᠠᠵᠤ᠂ ᠠᠷᠢᠭᠤᠨ ᠴᠡᠪᠡᠷ ᠪᠠᠶᠢᠬᠤ ᠶᠢ ᠪᠠᠲᠤᠯᠠᠨ᠎ᠠ᠃ ᠬᠤᠷᠠᠭ᠎ᠠ ᠶᠢ ᠪᠣᠷᠳᠣᠭᠰᠠᠨ ᠪᠠᠶᠢᠳᠠᠯ ᠪᠠ ᠵᠠᠬ᠎ᠠ ᠳᠡᠯᠭᠡᠭᠦᠷ ᠤᠨ ᠪᠠᠶᠢᠳᠠᠯ ᠢ ᠦᠵᠡᠵᠦ ᠲᠣᠬᠢᠷᠠᠭᠰᠠᠨ ᠴᠠᠭ ᠲᠤ ᠨᠢᠭᠡ ᠯᠡ ᠳᠣᠣᠷ᠎ᠠ ᠠᠯᠠᠰᠢᠨ ᠳᠤ ᠭᠠᠷᠭᠠᠨ᠎ᠠ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|