ᠪᠤᠷᠳᠤᠭᠠᠨ ᠳᠤ ᠡᠮ ᠬᠤᠯᠢᠵᠦ  ᠭᠡᠷ ᠤᠨ ᠳᠡᠵᠢᠭᠡᠪᠦᠷᠢ ᠶᠢ  ᠲᠡᠵᠢᠭᠡᠬᠦ ᠳᠤ ᠠᠩᠬᠠᠷᠬᠤ  ᠭᠤᠷᠪᠠᠨ ᠵᠦᠢᠯ
ᠨᠡᠶᠢᠲᠡᠯᠡᠭᠰᠡᠨ ᠴᠠᠭ᠄
2018/12/6

     ᠨᠢᠭᠡ᠂ ᠪᠤᠷᠳᠤᠭᠠᠨ ᠳᠤ ᠬᠤᠯᠢᠬᠤ  ᠡᠮ ᠤᠨ ᠭᠡᠮᠵᠢᠶ᠎ᠠ ᠶᠢ ᠰᠠᠶᠢᠳᠤᠷ ᠡᠵᠡᠮᠰᠢᠬᠦ
     ᠪᠤᠷᠳᠤᠭᠠᠨ ᠳᠤ ᠡᠮ ᠬᠤᠯᠢᠵᠦ ᠥᠭᠬᠦ ᠳᠤ ᠪᠤᠷᠳᠤᠭᠠᠠ   ᠳᠤ ᠬᠤᠯᠢᠬᠤ ᠡᠮ ᠤᠨ ᠥᠳᠬᠡᠴᠡ ᠪᠠᠷ ᠬᠡᠷᠡᠭᠯᠡᠬᠦ ᠡᠮ ᠤᠨ ᠬᠡᠮᠵᠢᠶ᠎ᠡ ᠶᠢ ᠤᠨᠤᠪᠴᠢᠳᠠᠢ᠂ ᠨᠠᠷᠢᠨ ᠭᠢᠨᠠᠮᠠᠭᠠᠢ ᠪᠤᠳᠤᠵᠤ ᠭᠠᠷᠭᠠᠨ᠎ᠠ᠃ ᠭᠡᠷᠪᠡ ᠵᠢᠭᠦᠷᠳᠡᠡ ᠤ ᠪᠠᠶ᠎ᠡ ᠶᠢᠨ ᠭᠦᠨᠳᠦ ᠶᠢ ᠦᠨᠳᠦᠰᠦᠯᠡᠨ ᠡᠮ ᠥᠭᠬᠦ ᠭᠡᠪᠡᠯ ᠡᠷᠭᠡᠪᠰᠢ ᠵᠢᠭᠦᠷᠳᠡᠡ ᠤ ᠪᠠᠶ᠎ᠡ ᠶᠢᠨ ᠬᠦᠨᠳᠦ ᠪᠠᠷ ᠶᠠᠷᠦᠩᠭᠡᠢ ᠪᠠᠶ᠎ᠡ ᠶᠢᠨ ᠬᠦᠨᠳᠦ ᠶᠢ ᠪᠤᠳᠤᠵᠦ᠂ ᠳᠠᠷᠠᠭ᠎ᠠ ᠨᠢ ᠱᠠᠭᠠᠷᠳᠠᠯᠭ᠎ᠠ ᠶᠤᠰᠤᠭᠠᠷ ᠡᠮ ᠢ ᠪᠤᠷᠳᠤᠭ᠎ᠠ ᠲᠠᠢ ᠬᠤᠯᠢᠨ᠎ᠠ᠃  ᠭᠡᠷᠡᠭᠯᠡᠬᠦ ᠡᠮ ᠤᠨ ᠭᠡᠮᠵᠢᠶ᠎ᠠ ᠶᠢ ᠡᠷᠭᠡᠪᠰᠢ ᠤᠨᠤᠪᠴᠢᠳᠠᠢ ᠬᠡᠮᠵᠢᠨ᠎ᠡ᠂ ᠪᠠᠷᠤᠭᠴᠠᠭᠠᠯᠠᠵᠤ ᠪᠤᠯᠬᠤ ᠦᠭᠡᠢ᠂ ᠡᠮ ᠤᠨ ᠭᠡᠮᠵᠢᠶ᠎ᠠ ᠬᠡᠲᠦᠷᠭᠡᠢ ᠪᠠᠭᠠᠰᠴᠦ ᠦᠢᠯᠡᠳᠦᠯ ᠭᠠᠷᠬᠤ ᠦᠭᠡᠢ ᠪᠠ ᠡᠰᠡᠬᠦᠯ᠎ᠡ ᠬᠡᠲᠦᠷᠭᠡᠢ  ᠶᠡᠭᠡᠰᠴᠦ ᠬᠤᠤᠷᠳᠠᠭᠳᠠᠬᠤ ᠵᠡᠷᠭᠡ ᠮᠠᠭᠤ ᠤᠷᠪᠠᠯ ᠭᠠᠷᠬᠤ ᠠᠴᠠ ᠪᠤᠯᠭᠤᠮᠵᠢᠯᠠᠨ᠎ᠠ᠃
     ᠬᠤᠶᠠᠷ᠂ ᠡᠮ ᠪᠤᠯᠤᠨ ᠪᠤᠷᠳᠤᠭ᠎ᠠ ᠶᠢ ᠡᠷᠭᠡᠪᠰᠢ ᠵᠢᠭᠳᠡ ᠬᠤᠯᠢᠬᠤ
     ᠭᠡᠷ ᠤᠨ ᠳᠡᠵᠢᠭᠡᠪᠦᠷᠢ ᠪᠦᠬᠦᠨ ᠳᠤ ᠶᠡᠭᠡ ᠳᠦᠯᠦᠪ ᠠᠳᠠᠯᠢ ᠬᠡᠮᠵᠢᠶᠡᠨ ᠤ ᠡᠮ ᠢ  ᠢᠳᠡᠭᠦᠯᠭᠦ ᠶᠢᠨ ᠳᠦᠯᠦᠭᠡ ᠡᠮ ᠪᠤᠯᠤᠨ ᠪᠤᠷᠳᠤᠭ᠎ᠠ ᠶᠢ ᠡᠷᠬᠡᠪᠰᠢ ᠵᠢᠭᠳᠡ ᠬᠤᠯᠢᠬᠤ ᠬᠡᠷᠡᠭᠲᠡᠢ᠃ ᠤᠷᠢᠳᠠᠪᠠᠷ ᠡᠮ ᠢ ᠪᠠᠭ᠎ᠠ ᠭᠡᠮᠵᠢᠶᠠᠨ ᠤ ᠪᠤᠷᠳᠤᠭ᠎ᠠ ᠲᠠᠢ ᠵᠢᠭᠳᠡ ᠬᠤᠯᠢᠵᠦ᠂ ᠳᠠᠷᠠᠭ᠎ᠠ ᠨᠢ ᠶᠡᠭᠡ ᠬᠡᠮᠵᠢᠶᠡᠨ ᠤ ᠪᠤᠷᠳᠤᠭᠠᠨ ᠳᠤ ᠬᠢᠵᠦ ᠦᠷᠭᠦᠯᠵᠢᠯᠡᠨ ᠵᠢᠭᠳᠡ ᠬᠤᠯᠢᠨ᠎ᠠ᠃ ᠪᠤᠷᠳᠤᠭᠠᠨ ᠳᠤ ᠬᠤᠯᠢᠬᠤ ᠡᠮ ᠤᠨ ᠭᠡᠮᠵᠢᠶ᠎ᠠ ᠨᠢ ᠬᠡᠳᠦᠢ ᠪᠠᠭ᠎ᠠ ᠪᠣᠯ ᠤᠷᠢᠳᠠᠪᠠᠷ ᠪᠠᠭ᠎ᠠ ᠭᠡᠮᠵᠢᠶᠠᠨ ᠤ ᠪᠤᠷᠳᠤᠭ᠎ᠠ ᠲᠠᠢ ᠬᠤᠯᠢᠬᠤ ᠶᠢ ᠨᠡᠩ ᠠᠩᠬᠠᠷᠪᠠᠯ ᠵᠣᠬᠢᠨ᠎ᠠ᠂ ᠵᠢᠱᠢᠶᠠᠯᠠᠪᠠᠯ ᠰᠦᠯᠹᠤᠨ ᠤ ᠳᠦᠷᠦᠯ᠂ ᠹᠦᠷᠡᠨ ᠤ ᠳᠦᠷᠦᠯ ᠤᠨ ᠡᠮ ᠢ ᠢᠯᠠᠩᠭᠤᠶ᠎ᠠ ᠵᠢᠭᠳᠡ ᠬᠤᠯᠢᠬᠤ ᠭᠡᠷᠡᠭᠳᠡᠢ᠃
     ᠬᠡᠷᠡᠭᠰᠡᠬᠦ ᠪᠦᠬᠦ ᠡᠮ ᠤᠨ ᠬᠡᠮᠵᠢᠶ᠎ᠡ ᠶᠢ ᠨᠢᠭᠡ ᠯᠠ ᠤᠳᠠᠭ᠎ᠠ ᠳᠤ ᠪᠤᠷᠳᠤᠭᠠᠨ ᠳᠤ ᠬᠢᠵᠦ ᠳᠦᠭᠦᠮ ᠬᠤᠯᠢᠵᠦ ᠲᠡᠵᠢᠭᠡᠬᠦ ᠶᠢ ᠴᠡᠭᠡᠷᠯᠡᠨ᠎ᠡ᠂ ᠭᠡᠰᠡᠭ ᠭᠡᠷ ᠤᠨ ᠲᠡᠵᠢᠭᠡᠪᠤᠷᠢ ᠶᠢᠨ ᠡᠮ ᠳᠤ ᠬᠤᠤᠷᠳᠠᠭᠳᠠᠬᠤ ᠪᠠ ᠭᠡᠰᠡᠭ ᠭᠡᠷ ᠤᠨ ᠳᠡᠵᠢᠭᠡᠪᠦᠷᠢ ᠶᠢᠨ ᠡᠮ ᠢ ᠣᠯᠵᠣ ᠢᠳᠡᠬᠦ ᠦᠭᠡᠢ ᠠᠴᠠ ᠪᠤᠯᠵᠤ  ᠰᠡᠷᠭᠡᠶᠢᠯᠡᠨ ᠵᠠᠰᠠᠬᠤ ᠦᠷ᠎ᠠ ᠳ᠋ᠦᠡᠭ ᠳᠤ ᠭᠦᠷᠴᠦ ᠳᠡᠶᠢᠯᠬᠦ ᠦᠭᠡᠢ ᠠᠴᠠ ᠪᠤᠯᠭᠤᠮᠵᠢᠯᠠᠨ᠎ᠠ᠃
     ᠭᠤᠷᠪᠠ᠂ ᠡᠮ ᠭᠡᠷᠡᠭᠯᠡᠭᠰᠡᠡ ᠤ ᠰᠡᠭᠦᠯᠡᠷ ᠮᠠᠭᠤ ᠤᠷᠪᠠᠯ  ᠭᠠᠷᠬᠤ ᠡᠰᠡᠬᠦ ᠶᠢ ᠨᠢᠭᠲᠠ ᠠᠵᠢᠭᠯᠠᠬᠤ   
     ᠵᠠᠷᠢᠮ ᠡᠮ ᠢ ᠪᠤᠷᠳᠤᠭᠠᠨ ᠳᠤ ᠬᠤᠯᠢᠭᠰᠠᠨ ᠤ ᠰᠡᠭᠦᠯᠡᠷ ᠪᠤᠷᠳᠤᠭᠠᠨ ᠳᠠᠬᠢ ᠵᠠᠷᠢᠮ ᠪᠦᠷᠢᠯᠳᠦᠭᠦᠨ ᠲᠠᠢ ᠬᠠᠷᠰᠢᠬᠤ ᠤᠷᠪᠠᠯ ᠭᠠᠷᠬᠤ ᠲᠤᠯᠠ ᠮᠠᠭᠤ ᠤᠷᠪᠠᠯ ᠭᠠᠷᠬᠤ ᠡᠰᠡᠬᠦ ᠶᠢ ᠨᠢᠭᠲᠠ ᠠᠩᠬᠠᠷᠤᠨ᠎ᠠ᠃ ᠵᠢᠱᠢᠶᠠᠯᠠᠪᠠᠯ ᠪᠤᠷᠳᠤᠭᠠᠨ ᠳᠤ ᠰᠦᠯᠹᠤᠨ ᠤ ᠳᠦᠷᠦᠯ ᠤᠨ ᠡᠮ ᠢ ᠤᠷᠲᠦ ᠬᠤᠭᠤᠴᠠᠭ᠎ᠠ ᠬᠤᠯᠢᠪᠠᠯ ᠸᠢᠲ᠋ᠠᠮᠢᠨ B1 ᠪᠤᠯᠤᠨ ᠸᠢᠲ᠋ᠠᠮᠢᠨ K ᠳᠤᠲᠠᠭᠳᠠᠬᠤ ᠪᠠᠶᠢᠳᠠᠯ ᠢᠯᠡᠷᠡᠨ᠎ᠡ᠂ ᠡᠨᠡ ᠦᠶᠡᠰ ᠡᠳᠡᠭᠡᠷ ᠸᠢᠲ᠋ᠠᠮᠢᠨ ᠢ ᠵᠤᠬᠢᠰᠲᠠᠢ ᠨᠦᠬᠦᠪᠦᠷᠢᠯᠡᠪᠡᠯ ᠵᠤᠬᠢᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ