|
ᠲᠤᠭᠤᠯ ᠢ ᠬᠡᠵᠢᠶ᠎ᠡ ᠰᠦ ᠠᠴᠠ ᠨᠢ ᠰᠠᠯᠭᠠᠪᠡᠯ ᠵᠤᠬᠢᠰᠲᠠᠢ ᠪᠤᠢ︖ ᠡᠪᠤᠯ ᠤᠨ ᠲᠤᠭᠤᠯ ᠠᠷᠠᠴᠢᠯᠠᠬᠤ ᠶᠢᠨ ᠲᠦᠷᠪᠠᠠ ᠪᠤᠭᠤᠮᠳᠠ |
|
|
ᠨᠡᠶᠢᠲᠡᠯᠡᠭᠰᠡᠨ ᠴᠠᠭ᠄
2018/12/6
|
|
ᠨᠢᠭᠡ᠂ ᠲᠤᠭᠤᠯ ᠢ ᠰᠦ ᠠᠴᠠ ᠨᠢ ᠰᠠᠯᠭᠠᠬᠤ ᠬᠤᠶᠠᠷ ᠵᠦᠢᠯ ᠤᠨ ᠠᠷᠭ᠎ᠠ 1. 110 ᠡᠳᠤᠷ ᠲᠤ ᠰᠦ ᠠᠴᠠ ᠨᠢ ᠰᠠᠯᠭᠠᠵᠤ᠂ 6 ᠰᠠᠷ᠎ᠠ ᠶᠢᠨ ᠦᠶᠡᠰ ᠤᠨ ᠪᠡᠶ᠎ᠡ ᠶᠢᠨ ᠬᠦᠨᠳᠤ ᠶᠢ 170Kg ᠳᠤ ᠬᠦᠷᠭᠡᠨ᠎ᠡ︔ 2. 60 ᠡᠳᠤᠷ ᠲᠤ ᠰᠦ ᠠᠴᠠ ᠨᠢ ᠰᠠᠯᠭᠠᠵᠤ᠂ 6 ᠰᠠᠷ᠎ᠠ ᠶᠢᠨ ᠦᠶᠡᠰ ᠤᠨ ᠪᠡᠶ᠎ᠡ ᠶᠢᠨ ᠬᠦᠨᠳᠤ ᠶᠢ 160~165Kg ᠳᠤ ᠬᠦᠷᠭᠡᠨ᠎ᠡ᠃ ᠰᠦ ᠠᠴᠠ ᠨᠢ ᠡᠷᠲᠡ ᠰᠠᠯᠭᠠᠭᠰᠠᠨ ᠲᠤᠭᠤᠯ ᠢ ᠬᠦᠴᠦᠯᠡᠨ ᠪᠤᠷᠳᠤᠵᠤ᠂ ᠲᠡᠭᠦᠨ ᠤ ᠲᠠᠪᠠᠭᠤᠯᠢᠭ ᠢ ᠭᠦᠢᠴᠡᠳ ᠪᠠᠳᠠᠷᠠᠭᠤᠯᠤᠨ᠂ ᠤᠬᠤᠷᠬᠠᠨ ᠬᠤᠭᠤᠴᠠᠭᠠᠨ ᠳᠤ ᠰᠠᠨᠠᠭᠰᠠᠨ ᠬᠦᠨᠳᠦ ᠳᠤ ᠬᠦᠷᠭᠡᠬᠦ ᠶᠢᠨ ᠲᠦᠯᠦᠭᠡ᠂ ᠣᠳᠣ 46 ᠡᠳᠦᠷ ᠤᠷᠴᠢᠮ ᠳᠤ ᠰᠦ ᠠᠴᠠ ᠨᠢ ᠰᠠᠯᠭᠠᠬᠤ ᠠᠷᠭ᠎ᠠ ᠶᠢ ᠳᠤᠷᠠᠳᠤᠭᠰᠠᠨ ᠪᠠᠶᠢᠨ᠎ᠠ᠃ ᠬᠤᠶᠠᠷ᠂ ᠪᠤᠳᠠᠳᠠᠢ ᠠᠷᠭ᠎ᠠ ᠨᠢ ᠲᠤᠤᠷᠠᠬᠢ ᠮᠡᠲᠦ 1. ᠲᠤᠭᠤᠯᠯᠠᠭᠰᠠᠨ ᠡᠬᠢᠨ ᠤ 1~3 ᠡᠳᠤᠷ ᠲᠤ ᠤᠭᠤᠷᠠᠭ ᠰᠦ ᠳᠤᠨᠢ ᠴᠠᠳᠬᠠᠵᠤ᠂ ᠡᠳᠤᠷ ᠪᠦᠷᠢ 3 ᠤᠳᠠᠭ᠎ᠠ ᠬᠦᠬᠦᠭᠦᠯᠤᠨᠡ︔ 2. 4~7 ᠡᠳᠤᠷ ᠲᠤ᠂ 3Kg ᠡᠩ ᠤᠨ ᠰᠦ ᠶᠢ 4 ᠤᠳᠠᠭ᠎ᠠ ᠬᠤᠪᠢᠶᠠᠵᠦ ᠤᠭᠵᠢᠨ᠎ᠠ︔ 3. 8~15 ᠡᠳᠤᠷ ᠲᠤ᠂ 3~4Kg ᠡᠩ ᠤᠨ ᠰᠦ ᠶᠢ 4 ᠤᠳᠠᠭ᠎ᠠ ᠬᠤᠪᠢᠶᠠᠵᠦ ᠤᠡᠡᠵᠢᠠ᠂ ᠠᠷᠪᠠᠳᠤᠭᠠᠷ ᠡᠳᠤᠷ ᠠᠴᠠ ᠡᠬᠢᠯᠡᠨ ᠰᠢᠩᠭᠡᠭᠡᠬᠦ ᠳᠤ ᠠᠮᠠᠷ ᠲᠤᠭᠤᠯ ᠤᠨ ᠰᠢᠯᠢᠳᠡᠭ ᠨᠠᠷᠢᠯᠢᠭ ᠨᠦᠬᠦᠪᠦᠷᠢ ᠪᠤᠷᠳᠤᠭ᠎ᠠ ᠪᠠ ᠬᠠᠭᠤᠷᠠᠢ ᠡᠪᠡᠰᠦ᠂ ᠡᠰᠡᠭᠦᠯ᠎ᠡ ᠲᠤᠭᠤᠯ ᠤᠨ TMR ᠬᠤᠨᠤᠭ ᠤᠨ ᠲᠡᠵᠢᠭᠡᠯ ᠢᠶᠠᠷ ᠨᠦᠬᠦᠪᠦᠷᠢᠯᠡᠵᠦ ᠲᠡᠵᠢᠭᠡᠨ᠂ ᠡᠳᠤᠷ ᠪᠦᠷᠢ ᠪᠠᠭ᠎ᠠ ᠰᠢᠭ᠋ ᠨᠡᠮᠡᠵᠦ᠂ ᠰᠢᠨ᠎ᠡ ᠰᠤᠷᠭᠤᠭ ᠪᠠᠶᠢᠬᠤ ᠶᠢ ᠪᠠᠲᠤᠯᠠᠨ᠂ ᠢᠳᠡᠭᠦᠯᠵᠦ ᠰᠤᠷᠭᠠᠨ᠎ᠠ︔ 4. 16~28 ᠡᠳᠤᠷ ᠲᠤ᠂ 3~4Kg ᠡᠩ ᠤᠨ ᠰᠦ ᠶᠢ 3 ᠤᠳᠠᠭ᠎ᠠ ᠬᠤᠪᠢᠶᠠᠵᠦ ᠤᠡᠡᠵᠢᠬᠤ ᠶᠢᠨ ᠬᠠᠮᠳᠤ 0.5Kg ᠬᠤᠨᠤᠭ ᠤᠨ ᠲᠡᠵᠢᠭᠡᠯ ᠨᠦᠬᠦᠪᠦᠷᠢᠯᠡᠨ᠎ᠡ︔ 5. 29~41 ᠡᠳᠤᠷ ᠲᠤ᠂ 2~3Kg ᠡᠩ ᠤᠨ ᠰᠦ ᠶᠢ 2 ᠤᠳᠠᠭ᠎ᠠ ᠬᠤᠪᠢᠶᠠᠵᠦ ᠤᠡᠡᠵᠢᠬᠤ ᠶᠢᠨ ᠬᠠᠮᠳᠤ 0.7Kg ᠬᠤᠨᠤᠭ ᠤᠨ ᠲᠡᠵᠢᠭᠡᠯ ᠨᠦᠬᠦᠪᠦᠷᠢᠯᠡᠨ᠎ᠡ︔ 6. 42~45 ᠡᠳᠤᠷ ᠲᠤ᠂ 2Kg ᠡᠩ ᠤᠨ ᠰᠦ ᠶᠢ 1 ᠤᠳᠠᠭ᠎ᠠ ᠳᠤ ᠤᠡᠡᠵᠢᠬᠤ ᠶᠢᠨ ᠬᠠᠮᠳᠤ 0.8Kg ᠬᠤᠨᠤᠭ ᠤᠨ ᠲᠡᠵᠢᠭᠡᠯ ᠨᠦᠬᠦᠪᠦᠷᠢᠯᠡᠨ᠎ᠡ︔ 7. 46 ᠳ᠋ᠤᠭᠠᠷ ᠡᠳᠤᠷ ᠲᠤ ᠰᠦ ᠠᠴᠠ ᠨᠢ ᠰᠠᠯᠭᠠᠵᠤ᠂ 1Kg ᠠᠴᠠ ᠲᠡᠭᠡᠭᠰᠢ ᠬᠤᠨᠤᠭ ᠤᠨ ᠲᠡᠵᠢᠭᠡᠯ ᠨᠦᠬᠦᠪᠦᠷᠢᠯᠡᠨ᠎ᠡ︔ ᠭᠤᠷᠪᠠ᠂ ᠰᠦ ᠠᠴᠠ ᠨᠢ ᠰᠠᠯᠭᠠᠬᠤ ᠶᠠᠪᠤᠴᠠ ᠳᠤ ᠠᠩᠬᠠᠷᠬᠤ ᠵᠦᠢᠯ ① ᠲᠤᠭᠤᠯ ᠨᠢ ᠤᠭᠤᠷᠠᠭ ᠰᠦ ᠪᠠᠨ ᠦᠪᠡᠷ ᠲᠡᠭᠡᠨ ᠴᠠᠳᠲᠠᠯ᠎ᠠ ᠤᠯᠵᠦ ᠬᠦᠬᠦᠬᠦ ᠦᠬᠡᠢ ᠲᠤᠯᠠ ᠵᠠᠪᠠᠯ ᠬᠦᠮᠦᠨ ᠤ ᠬᠦᠴᠦ ᠪᠠᠷ ᠤᠭᠵᠢᠵᠤ᠂ ᠡᠷᠲᠡ ᠮᠦᠷᠳᠡᠭᠡᠨ ᠬᠠᠩᠭᠠᠮᠵᠢᠲᠠᠢ ᠤᠭᠵᠢᠨ᠎ᠠ᠂ 12 ᠴᠠᠭ ᠠᠴᠠ ᠬᠡᠳᠤᠷᠡᠪᠡᠯ ᠦᠢᠯᠡᠳᠤᠯ ᠢᠶᠠᠨ ᠠᠯᠳᠠᠬᠤ ᠪᠤᠯᠤᠨ᠎ᠠ᠃ ② ᠴᠡᠪᠡᠷ᠂ ᠪᠦᠯᠢᠶᠡᠨ ᠤᠰᠦ ᠶᠢ ᠴᠢᠯᠤᠭᠡᠳᠡᠢ ᠤᠤᠭᠤᠯᠭᠠᠵᠦ᠂ ᠤᠰᠦ ᠳᠠᠰᠤᠯᠳᠠᠭᠤᠯᠵᠦ ᠪᠤᠯᠬᠤ ᠦᠬᠡᠢ᠃ ③ ᠰᠦ ᠤᠡᠡᠵᠢᠬᠤ ᠬᠡᠮᠵᠢᠶ᠎ᠡ ᠨᠢ ᠡᠪᠤᠯ ᠤᠨ ᠴᠠᠭ ᠲᠤ ᠲᠡᠭᠡᠷ᠎ᠡ ᠪᠠᠷᠢᠮᠵᠢᠶ᠎ᠡ ᠶᠢ ᠰᠤᠩᠭᠤᠵᠤ᠂ ᠵᠤᠨ ᠤ ᠴᠠᠭ ᠲᠤ ᠲᠤᠤᠷ᠎ᠠ ᠪᠠᠷᠢᠮᠵᠢᠶ᠎ᠡ ᠶᠢ ᠰᠤᠩᠭᠤᠨ᠎ᠠ᠃ ④ ᠰᠦ ᠠᠴᠠ ᠨᠢ ᠰᠠᠯᠭᠠᠬᠤ ᠳᠤ ᠴᠠᠭ ᠪᠠ ᠢᠳᠡᠰᠢᠯᠡᠬᠦ ᠬᠡᠮᠵᠢᠶ᠎ᠡ ᠲᠠᠢ ᠤᠶᠠᠯᠳᠤᠭᠤᠯᠤᠨ᠎ᠠ᠃ 40 ᠬᠤᠨᠤᠭ ᠠᠴᠠ ᠶᠡᠭᠡ ᠲᠤᠭᠤᠯ ᠤᠨ ᠪᠣᠷᠳᠤᠭ᠎ᠠ ᠢᠳᠡᠰᠢᠯᠡᠬᠦ ᠬᠡᠮᠵᠢᠶ᠎ᠡ ᠨᠢ ᠦᠷᠭᠦᠯᠵᠢᠯᠡᠨ ᠭᠤᠷᠪᠠᠨ ᠡᠳᠤᠷ 0.8Kg ᠳᠤ ᠬᠦᠷᠪᠡᠯ ᠳᠠᠷᠤᠢ ᠰᠦ ᠠᠴᠠ ᠨᠢ ᠰᠠᠯᠭᠠᠵᠤ ᠪᠤᠯᠤᠨ᠎ᠠ︔ ᠰᠦ ᠠᠴᠠ ᠨᠢ ᠰᠠᠯᠭᠠᠬᠤ ᠪᠤᠯᠤᠨ ᠪᠤᠷᠳᠤᠭ᠎ᠠ ᠰᠤᠯᠢᠬᠤ ᠶᠢ ᠵᠡᠷᠭᠡᠪᠡᠷ ᠶᠠᠪᠤᠭᠳᠠᠭᠤᠯᠵᠤ ᠪᠤᠯᠬᠤ ᠦᠭᠡᠢ᠂ ᠰᠡᠷᠡᠯᠵᠢᠯ ᠡᠭᠦᠰᠬᠦ ᠠᠴᠠ ᠰᠡᠷᠭᠡᠶᠢᠯᠡᠨ᠎ᠡ᠃ ᠲᠦᠷᠪᠡ᠂ ᠡᠪᠤᠯ ᠤᠨ ᠲᠤᠭᠤᠯ ᠠᠷᠠᠴᠢᠯᠠᠬᠤ ᠳᠤ ᠲᠦᠷᠪᠡᠨ ᠪᠤᠭᠤᠮᠲᠠ ᠶᠢ ᠠᠳᠬᠤᠬᠤ 1. ᠠᠮᠢᠰᠬᠤᠯ ᠢ ᠰᠠᠭᠠᠳ ᠦᠭᠡᠢ ᠪᠠᠶᠢᠯᠭᠠᠬᠤ ᠪᠤᠭᠤᠮᠲᠠ ᠶᠢ ᠠᠳᠬᠤᠬᠤ ᠲᠤᠭᠤᠯ ᠤᠨ ᠠᠮᠠ ᠬᠠᠮᠠᠷ ᠬᠢᠭᠡᠳ ᠡᠷᠭᠢᠨ ᠲᠤᠭᠤᠷᠢᠨ ᠤ ᠰᠠᠯᠢᠰᠤᠲᠦ ᠰᠢᠩᠭᠡᠨ ᠢ ᠴᠡᠪᠡᠷᠬᠡᠨ ᠵᠦᠭᠡᠯᠡᠨ ᠪᠦᠰ ᠢᠶᠠᠷ ᠲᠦᠷᠭᠡᠨ ᠠᠷᠴᠢᠨ᠎ᠠ᠃ ᠲᠤᠩᠭᠤᠷᠤᠤ ᠭᠠᠷᠴᠦ ᠢᠷᠡᠭᠰᠡᠨ ᠲᠤᠭᠤᠯ ᠤᠨ ᠠᠮᠢᠰᠬᠤᠭ᠎ᠠ ᠨᠢ ᠵᠤᠭᠰᠤᠭᠰᠠᠨ ᠪᠠᠶᠢᠪᠡᠯ᠂ ᠬᠤᠶᠠᠷ ᠬᠦᠮᠦᠨ ᠬᠠᠮᠲᠦ ᠪᠠᠷ ᠲᠤᠭᠤᠯ ᠤᠨ ᠬᠤᠶᠢᠳᠤ ᠬᠤᠶᠠᠷ ᠮᠦᠴᠢ ᠠᠴᠠ ᠲᠡᠭᠦᠵᠢᠯᠡᠵᠦ ᠪᠠᠶᠢᠭᠠᠳ ᠴᠡᠭᠡᠵᠢᠨ ᠬᠦᠨᠳᠠᠢ᠂ ᠨᠢᠷᠤᠭᠤ ᠶᠢᠨ ᠬᠡᠰᠡᠭ ᠢ ᠠᠯᠠᠭᠠᠳᠠᠵᠤ᠂ ᠮᠦᠬᠡᠷᠰᠦᠨ ᠬᠤᠭᠤᠯᠠᠢ ᠳᠤ ᠠᠮᠢᠰᠬᠤᠵᠦ ᠤᠷᠤᠭᠤᠯᠤᠭᠰᠠᠨ ᠬᠦᠪᠤᠷᠡᠯ ᠤᠨ ᠤᠰᠦ ᠶᠢ ᠬᠠᠨᠢᠶᠠᠵᠤ ᠭᠠᠷᠭᠠᠯᠭᠠᠨ᠂ ᠠᠮᠢᠰᠬᠤᠯ ᠢ ᠰᠡᠷᠭᠦᠭᠡᠨ᠎ᠡ᠃ ᠠᠩᠬᠠᠷᠬᠤ ᠨᠢ᠂ ᠵᠠᠷᠢᠮ ᠰᠠᠭᠠᠯᠢ ᠶᠢᠨ ᠦᠨᠢᠶᠡᠨ ᠤ ᠲᠠᠯᠠᠪᠠᠢ ᠨᠢ ᠰᠠᠶ᠋ᠢ ᠲᠤᠭᠤᠯᠯᠠᠭᠰᠠᠨ ᠲᠤᠭᠤᠯ ᠢ ᠲᠠᠭᠠᠷᠠᠬᠤ ᠠᠴᠠ ᠠᠶᠤᠵᠦ᠂ ᠦᠨᠢᠶᠡᠨ ᠤ ᠬᠠᠵᠠᠭᠤ ᠳᠤ ᠭᠠᠯ ᠨᠤᠴᠤᠭᠠᠳᠠᠭ᠃ ᠢᠩᠬᠢᠵᠦ ᠬᠢᠬᠦ ᠨᠢ ᠬᠤᠶᠠᠷ ᠲᠠᠯ᠎ᠠ ᠶᠢᠨ ᠠᠶᠤᠯ ᠲᠠᠢ᠂ ᠨᠢᠭᠡ ᠳᠤ᠂ ᠭᠠᠯ ᠨᠢ ᠲᠤᠭᠤᠯ ᠠᠴᠠ ᠬᠡᠳᠤ ᠦᠢᠷᠬᠠᠨ ᠪᠤᠯ ᠠᠮᠠᠷᠬᠠᠨ ᠭᠠᠯ ᠵᠤᠯᠭᠠᠵᠤ᠂ ᠲᠤᠭᠤᠯ ᠤᠨ ᠵᠦᠭᠡᠯᠡᠨ ᠠᠷᠠᠰᠦ ᠦᠰᠦ ᠶᠢ ᠰᠢᠷᠬᠠᠲᠤᠭᠤᠯᠬᠤ ᠠᠶᠤᠯ ᠲᠠᠢ ᠪᠠᠶᠢᠳᠠᠭ᠃ ᠬᠦᠮᠦᠨ ᠡᠪᠤᠯ ᠤᠨ ᠴᠠᠭ ᠲᠤ ᠵᠤᠵᠠᠭᠠᠨ ᠬᠤᠪᠴᠠᠰᠦ ᠡᠮᠤᠰᠳᠡᠭ ᠲᠤᠯᠠ ᠭᠠᠯ ᠤᠨ ᠤᠪᠤᠭᠠᠨ ᠤ ᠢᠯᠴᠢ ᠶᠢ ᠠᠮᠠᠷᠬᠠᠨ ᠮᠡᠳᠡᠷᠡᠵᠦ ᠲᠡᠶᠢᠯᠬᠦ ᠦᠭᠡᠢ ᠶᠤᠮ᠂ ᠨᠢᠯᠬ᠎ᠠ ᠲᠤᠭᠤᠯ ᠬᠠᠷᠢᠨ ᠲᠡᠶᠢᠮᠤ ᠪᠢᠰᠢ ᠶᠤᠮ᠃ ᠬᠤᠶᠠᠷ ᠲᠤ᠂ ᠡᠪᠤᠯ ᠤᠨ ᠤᠯᠠᠷᠢᠯ ᠳᠤ ᠰᠠᠯᠬᠢ ᠲᠠᠢ᠂ ᠲᠤᠭᠤᠯ ᠨᠢ ᠤᠯᠠᠩᠬᠢ ᠳᠠᠭᠠᠨ ᠭᠠᠳᠠᠨ᠎ᠠ ᠪᠠᠶᠢᠬᠤ ᠤᠴᠢᠷ ᠠᠴᠠ ᠲᠡᠭᠳᠡᠭᠰᠡᠡ ᠤᠳᠤᠭ᠎ᠠ ᠶᠢ ᠠᠮᠠᠷᠬᠠᠨ ᠰᠤᠷᠤᠵᠤ ᠤᠷᠤᠭᠤᠯᠤᠨ᠂ ᠠᠮᠠᠷᠬᠠᠨ ᠬᠠᠨᠢᠶᠠᠵᠦ᠂ ᠬᠦᠨᠳᠤᠷᠡᠪᠡᠯ ᠠᠮᠢᠰᠬᠤᠵᠤ ᠤᠷᠤᠭᠤᠯᠤᠭᠰᠠᠨ ᠠᠭᠤᠰᠬᠢᠨ ᠦᠷᠪᠢᠰᠦᠯ ᠳᠤ ᠨᠡᠷᠪᠡᠭᠳᠡᠬᠦ ᠪᠤᠯᠤᠨ᠎ᠠ᠃ 2. ᠠᠷᠢᠭᠤᠨ ᠴᠡᠪᠡᠷ᠂ ᠠᠷᠢᠭᠤᠳᠬᠠᠬᠤ ᠪᠤᠭᠤᠮᠲᠠ ᠶᠢ ᠠᠳᠬᠤᠬᠤ ᠨᠢᠭᠡ ᠳᠤ᠂ ᠬᠦᠢᠰᠦ ᠶᠢ ᠠᠷᠢᠭᠤᠳᠬᠠᠨ᠎ᠠ᠃ ᠲᠤᠭᠤᠯ ᠤᠨ ᠬᠡᠪᠡᠯᠢ ᠶᠢᠨ ᠬᠡᠰᠡᠭ ᠠᠴᠠ 10~15 ᠰᠡᠨᠲ᠋ᠢᠮᠧᠲᠷ ᠵᠠᠶᠢᠳᠠᠢ ᠭᠠᠵᠠᠷ ᠲᠤ ᠬᠦᠢᠰᠦ ᠶᠢ ᠴᠢᠩᠭ᠎ᠠ ᠠᠳᠬᠤᠵᠤ᠂ ᠡᠷᠡᠬᠡᠢ ᠬᠤᠷᠤᠭᠤ ᠪᠠ ᠲᠤᠯᠤᠪᠤᠷ ᠬᠤᠷᠤᠭᠤ ᠪᠠᠷ ᠢᠶᠠᠨ ᠬᠦᠢᠰᠦ ᠶᠢ 1~2 ᠮᠢᠨᠦ᠋ᠲ ᠢᠳᠡᠲᠡᠢ ᠨᠤᠬᠤᠯᠠᠨ᠂ ᠲᠠᠷᠠᠭ᠎ᠠ ᠨᠢ ᠠᠷᠢᠭᠤᠳᠬᠠᠭᠰᠠᠨ ᠬᠠᠶᠢᠴᠢ ᠪᠠᠷ ᠨᠤᠬᠤᠯᠠᠭᠰᠠᠨ ᠬᠡᠰᠡᠭ ᠤᠨ ᠬᠡᠪᠡᠯᠢ ᠠᠴᠠ ᠵᠠᠶᠢᠲᠠᠢ ᠨᠢᠭᠡ ᠬᠠᠵᠠᠭᠤ ᠲᠠᠯ᠎ᠠ ᠶᠢ ᠬᠠᠶᠢᠴᠢᠯᠠᠨ᠎ᠠ᠂ ᠪᠤᠭᠤᠭᠰᠠᠨ ᠤ ᠴᠢᠬᠤᠯᠠ ᠦᠭᠡᠢ᠂ ᠬᠠᠶᠢᠴᠢᠯᠠᠭᠰᠠᠨ ᠬᠦᠢᠰᠦ ᠶᠢᠨ ᠦᠵᠦᠭᠦᠷ ᠢ 5% ᠶᠢᠨ ᠢᠤᠳ᠋ ᠤᠨ ᠬᠠᠨᠳᠠ ᠳᠤ 1~2 ᠮᠢᠨᠦ᠋ᠲ ᠲᠡᠪᠳᠤᠭᠡᠪᠡᠯ ᠪᠤᠯᠴᠢᠬᠠᠨ᠎ᠠ᠃ ᠬᠦᠢᠰᠦ ᠶᠢ ᠬᠠᠶᠢᠴᠢᠯᠠᠭᠰᠠᠨ ᠤ ᠲᠠᠷᠠᠭ᠎ᠠ ᠢᠯᠡᠭᠦᠴᠡ ᠠᠵᠢᠭᠯᠠᠵᠤ᠂ ᠬᠠᠯᠳᠠᠪᠤᠷᠢᠯᠠᠬᠤ ᠠᠴᠠ ᠰᠡᠷᠭᠡᠶᠢᠯᠡᠨ᠎ᠡ᠃ ᠲᠠᠷᠠᠭ᠎ᠠ ᠨᠢ᠂ ᠦᠨᠢᠶ᠎ᠡ ᠪᠠᠷ ᠲᠤᠭᠤᠯ ᠢ 3 ᠮᠢᠨᠦ᠋ᠲ ᠲᠤᠯᠢᠶᠠᠯᠭᠠᠵᠤ᠂ ᠦᠨᠢᠶ᠎ᠡ ᠶᠢᠨ ᠬᠤᠶᠢᠳᠤᠬᠢ ᠶᠢᠨ ᠭᠠᠳᠠᠭᠰᠢᠯᠠᠯᠳᠠ ᠶᠢ ᠠᠬᠢᠭᠤᠯᠤᠨ᠎ᠠ︔ ᠬᠠᠮᠤᠭ ᠰᠡᠭᠦᠯ ᠳᠤ᠂ ᠬᠠᠭᠤᠷᠠᠢ ᠡᠪᠡᠰᠦ ︵ᠬᠠᠭᠤᠷᠠᠢ ᠡᠪᠡᠰᠦᠨ ᠨᠤᠨᠳᠠᠭ᠂ ᠦᠷᠦᠪᠳᠡᠰᠦ᠂ ᠬᠡᠪᠡᠭ᠂ ᠴᠤᠤᠬᠠᠯ ᠪᠠᠰᠠ ᠪᠤᠯᠤᠨ᠎ᠠ︶ ᠪᠠᠷ ᠲᠤᠭᠤᠯ ᠤᠨ ᠦᠰᠦ ᠶᠢ ᠨᠤᠬᠤᠯᠠᠨ ᠠᠷᠴᠢᠵᠦ᠂ ᠠᠷᠠᠰᠦ ᠶᠢ ᠨᠢ ᠠᠯᠢ ᠬᠤᠷᠳᠤᠨ ᠬᠠᠲᠠᠭᠠᠨ᠎ᠠ᠃ ᠬᠤᠶᠠᠷ ᠲᠤ᠂ ᠤᠷᠴᠢᠨ ᠲᠤᠭᠤᠷᠢᠨ ᠢ ᠠᠷᠢᠭᠤᠳᠬᠠᠨ᠎ᠠ᠃ ᠨᠢᠯᠬ᠎ᠠ ᠲᠤᠭᠤᠯ ᠢ ᠲᠤᠭᠤᠯ ᠤᠨ ᠬᠤᠷᠢᠭᠤᠯ ︵犊牛笼︶ ᠳᠤ 7 ᠡᠳᠤᠷ ᠤᠷᠴᠢᠮ ᠲᠡᠵᠢᠭᠡᠨ᠎ᠡ᠂ ᠲᠤᠭᠤᠯ ᠤᠨ ᠬᠤᠷᠢᠭᠤᠯ ᠳᠤ ᠲᠤᠳᠤᠷᠭ᠎ᠠ ᠶᠢᠨ ᠰᠦᠷᠡᠯ ᠲᠡᠪᠢᠰᠴᠦ᠂ 2~3 ᠡᠳᠤᠷ ᠲᠤ ᠨᠢᠭᠡ ᠤᠳᠠᠭ᠎ᠠ ᠠᠷᠢᠭᠤᠳᠬᠠᠨ᠎ᠠ᠃ ᠡᠳᠦᠷ ᠪᠦᠷᠢ ᠤᠭᠵᠢᠵᠤ ᠪᠠᠷᠠᠭᠰᠠᠨ ᠤ ᠲᠠᠷᠠᠭ᠎ᠠ ᠰᠠᠪᠠ ᠰᠠᠭᠤᠯᠭ᠎ᠠ᠂ ᠪᠠᠭᠠᠵᠢ ᠬᠡᠷᠡᠭᠰᠡᠯ ᠪᠠ ᠤᠷᠴᠢᠨ ᠲᠤᠭᠤᠷᠢᠨ ᠢ ᠰᠠᠶᠢᠳᠤᠷ ᠴᠡᠪᠡᠷᠯᠡᠵᠤ᠂ ᠰᠦ ᠶᠢᠨ ᠰᠠᠭᠤᠯᠭ᠎ᠠ ᠶᠢ ᠲᠤᠩᠭᠤᠷᠠᠭᠤᠯᠵᠤ ᠤᠰᠦ ᠶᠢ ᠨᠢ ᠱᠦᠭᠦᠷᠡᠭᠦᠯᠦᠨᠡ᠂ ᠢᠩᠬᠢᠪᠡᠯ ᠪᠠᠺᠲ᠋ᠧᠷᠢ ᠦᠷᠡᠵᠢᠬᠦ ᠶᠢ ᠬᠦᠴᠦᠨ ᠲᠠᠢ ᠪᠠᠭᠠᠰᠬᠠᠵᠤ᠂ ᠭᠡᠮ ᠬᠢᠵᠢᠭ ᠤᠨ ᠲᠠᠷᠬᠠᠬᠤ ᠠᠴᠠ ᠰᠡᠷᠭᠡᠶᠢᠯᠡᠵᠦ ᠴᠢᠳᠠᠨ᠎ᠠ᠃ 3. ᠤᠭᠤᠷᠠᠭ ᠤᠨ ᠪᠤᠭᠤᠮᠲᠠ ᠶᠢ ᠰᠠᠶᠢᠲᠤᠷ ᠠᠳᠬᠤᠬᠤ ᠡᠪᠤᠯ ᠤᠨ ᠤᠯᠠᠷᠢᠯ ᠳᠤ ᠲᠤᠭᠤᠯᠯᠠᠭᠰᠠᠨ ᠲᠤᠭᠤᠯ ᠢ ᠪᠤᠰᠤᠳ ᠤᠯᠠᠷᠢᠯ ᠤᠨ ᠲᠤᠭᠤᠯ ᠠᠴᠠ ᠨᠡᠩ ᠡᠷᠲᠡ ᠤᠭᠤᠷᠠᠭ ᠰᠦ ᠶᠢ ᠤᠯᠵᠦ ᠬᠦᠬᠦᠭᠦᠯᠪᠡᠯ ᠰᠠᠶᠢᠨ ᠶᠤᠮ᠂ ᠡᠩ ᠤᠨ ᠪᠠᠶᠢᠳᠠᠯ ᠳᠤ ᠲᠤᠭᠤᠯᠯᠠᠭᠰᠠᠨ ᠤ ᠲᠠᠷᠠᠭ᠎ᠠ 45 ᠮᠢᠨᠦ᠋ᠲ ᠤᠨ ᠲᠤᠳᠤᠷ᠎ᠠ 2 ᠯᠢᠲᠷ ᠤᠭᠤᠷᠠᠭ ᠰᠦ ᠶᠢ ᠬᠦᠬᠦᠭᠦᠯᠵᠦ᠂ 3~4 ᠴᠠᠭ ᠤᠨ ᠲᠠᠷᠠᠭ᠎ᠠ ᠲᠠᠬᠢᠨ 2 ᠯᠢᠲᠷ ᠤᠭᠤᠷᠠᠭ ᠰᠦ ᠬᠦᠬᠦᠭᠦᠯᠦᠨ᠎ᠡ᠃ ᠨᠢᠯᠬ᠎ᠠ ᠲᠤᠭᠤᠯ ᠨᠢ ᠤᠭᠤᠷᠠᠭ ᠰᠦ ᠳᠠᠬᠢ ᠦᠯᠦ ᠬᠠᠯᠳᠠᠭᠠᠯᠲᠠ ᠶᠢᠨ ᠤᠭᠤᠷᠠᠭ ᠢ ᠨᠡᠩ ᠠᠮᠠᠷᠬᠠᠨ ᠰᠢᠩᠭᠡᠭᠡᠵᠦ ᠴᠢᠳᠠᠨ᠎ᠠ᠂ ᠲᠤᠭᠤᠯᠯᠠᠭᠠᠳ 24~36 ᠴᠠᠭ ᠪᠤᠯᠪᠠᠯ ᠦᠯᠦ ᠬᠠᠯᠳᠠᠭᠠᠯᠲᠠ ᠶᠢᠨ ᠤᠭᠤᠷᠠᠭ ᠢ ᠰᠢᠩᠭᠡᠭᠡᠨ ᠠᠰᠢᠭᠯᠠᠵᠤ ᠴᠢᠳᠠᠬᠤ ᠦᠬᠡᠢ ᠪᠤᠯᠤᠨ᠎ᠠ᠂ ᠬᠡᠷᠪᠡ 24 ᠴᠠᠭ ᠤᠨ ᠲᠤᠳᠤᠷ᠎ᠠ ᠤᠭᠤᠷᠠᠭ ᠰᠦ ᠤᠯᠵᠤ ᠬᠥᠬᠦᠭᠰᠡᠨ ᠦᠬᠡᠢ ᠪᠤᠯ ᠲᠤᠭᠤᠯ ᠨᠢ ᠨᠡᠯᠢᠶᠡᠳ ᠤᠯᠠᠨ ᠭᠡᠮ ᠡᠭᠦᠰᠭᠡᠭᠴᠢ ᠶᠢ ᠡᠰᠡᠷᠭᠦᠴᠡᠬᠦ ᠴᠢᠳᠡᠪᠤᠷᠢ ᠪᠠᠨ ᠠᠯᠳᠠᠨ᠎ᠠ᠂ ᠤᠨᠴᠠᠭᠠᠶᠢᠯᠠᠨ ᠲᠤᠭᠤᠯ ᠤᠨ ᠪᠦᠳᠦᠭᠦᠨ ᠭᠡᠳᠡᠰᠦᠨ ᠤ ᠰᠠᠪᠬᠠᠨᠴᠢᠷ ᠪᠠᠺᠲ᠋ᠧᠷᠢ ᠶᠢᠨ ᠭᠡᠮ ᠨᠢ ᠲᠤᠭᠤᠯ ᠢ ᠠᠮᠠᠷᠬᠠᠨ ᠪᠠᠭᠠᠰᠤ ᠠᠯᠳᠠᠭᠤᠯᠵᠤ ᠲᠡᠷᠡᠴᠢᠯᠡᠨ ᠦᠬᠦᠬᠦ ᠠᠶᠤᠯ ᠲᠠᠢ ᠪᠣᠯᠭᠠᠬᠤ ᠶᠤᠮ᠃ ᠤᠭᠤᠷᠠᠭ ᠰᠦ ᠶᠢ 5~7 ᠡᠳᠤᠷ ᠬᠦᠬᠦᠭᠦᠯᠵᠦ᠂ ᠡᠳᠤᠷ ᠤᠨ ᠬᠦᠬᠦᠭᠦᠯᠬᠦ ᠬᠡᠮᠵᠢᠶ᠎ᠡ ᠶᠢ ᠪᠡᠶ᠎ᠡ ᠶᠢᠨ ᠬᠦᠨᠳᠤ ᠶᠢᠨ 1/8~1/6 ᠳᠤ ᠬᠦᠷᠭᠡᠵᠦ᠂ ᠡᠳᠤᠷ ᠪᠦᠷᠢ 3 ᠤᠳᠠᠭ᠎ᠠ᠂ ᠲᠤᠯᠠᠭᠠᠨ ᠤ ᠬᠡᠮᠵᠢᠶ᠎ᠡ ᠶᠢ 36~38℃ ᠪᠠᠶᠢᠯᠭᠠᠨ᠎ᠠ᠃ ᠰᠠᠶ᠋ᠢ ᠡᠬᠢᠯᠡᠬᠦ ᠳᠤ ᠲᠤᠭᠤᠯ ᠨᠢ ᠰᠠᠭᠤᠯᠭ᠎ᠠ ᠠᠴᠠ ᠰᠦ ᠰᠤᠷᠤᠵᠦ ᠴᠢᠳᠠᠬᠤ ᠦᠬᠡᠢ ᠪᠠᠶᠢᠳᠠᠭ᠂ ᠡᠶᠢᠮᠤ ᠠᠴᠠ ᠮᠠᠯ ᠤᠨ ᠡᠵᠡᠨ ᠬᠤᠷᠤᠭᠤ ᠪᠠᠷ ᠰᠠᠭᠤᠯᠭ᠎ᠠ ᠤᠷᠤᠭᠤ ᠲᠤᠭᠤᠯ ᠢ ᠬᠦᠲᠦᠯᠤᠨ ᠤᠤᠭᠤᠯᠭᠠᠵᠦ ᠰᠤᠷᠭᠠᠨ᠎ᠠ᠂ 2~3 ᠡᠳᠤᠷ ᠪᠤᠯᠪᠡᠰᠤᠷᠠᠪᠡᠯ ᠲᠤᠭᠤᠯ ᠨᠢ ᠦᠪᠡᠷ ᠲᠡᠭᠡᠨ ᠰᠦ ᠤᠤᠭᠤᠵᠤ ᠴᠢᠳᠠᠬᠤ ᠪᠤᠯᠤᠨ᠎ᠠ᠃ ᠬᠡᠷᠪᠡ ᠦᠨᠢᠶ᠎ᠡ ᠨᠢ ᠤᠭᠤᠷᠠᠭ ᠰᠦ ᠦᠬᠡᠢ ᠪᠤᠶᠤ ᠤᠭᠤᠷᠠᠭ ᠰᠦ ᠨᠢ ᠪᠤᠬᠢᠷᠳᠤᠭᠰᠠᠨ ᠦᠶᠡᠰ᠂ ᠪᠤᠰᠤᠳ ᠲᠤᠭᠤᠯᠯᠠᠭᠰᠠᠨ ᠡᠳᠤᠷ ᠦᠢᠷᠠᠯᠴᠠᠭ᠎ᠠ ᠦᠨᠢᠶ᠎ᠡ ᠶᠢᠨ ᠤᠭᠤᠷᠠᠭ ᠰᠦ ᠪᠠᠷ ᠤᠷᠤᠯᠠᠭᠤᠯᠵᠤ ᠪᠤᠯᠤᠨ᠎ᠠ᠂ ᠡᠰᠡᠭᠦᠯ᠎ᠡ ᠬᠦᠯᠳᠡᠭᠡᠭᠰᠡᠨ ᠪᠤᠶᠤ ᠢᠰᠭᠡᠵᠦ ᠬᠠᠳᠠᠭᠠᠯᠠᠭᠰᠠᠨ ᠡᠷᠡᠭᠦᠯ ᠦᠨᠢᠶᠡᠨ ᠤ ᠤᠭᠤᠷᠠᠭ ᠰᠦ ᠪᠠᠷ ᠤᠷᠤᠯᠠᠭᠤᠯᠵᠤ ᠪᠤᠯᠤᠨ᠎ᠠ᠃ 4. ᠬᠢᠵᠢᠭ ᠠᠴᠠ ᠰᠡᠷᠭᠡᠶᠢᠯᠡᠬᠦ ᠪᠤᠭᠤᠮᠲᠠ ᠶᠢ ᠠᠳᠬᠤᠬᠤ ᠤᠭᠤᠷᠠᠭ ᠰᠦ ᠤᠯᠵᠦ ᠬᠥᠬᠦᠭᠰᠡᠨ ᠲᠤᠭᠤᠯ ᠤᠨ ᠪᠡᠶ᠎ᠡ ᠳᠤ ᠡᠰᠡᠷᠬᠦ ᠴᠤᠭᠴᠠ ᠶᠢᠨ ᠬᠡᠮᠵᠢᠶ᠎ᠡ ᠨᠡᠯᠢᠶᠡᠳ ᠦᠨᠳᠤᠷ ᠲᠤᠯᠠ ᠠᠮᠠᠷᠬᠠᠨ ᠭᠡᠮᠨᠡᠬᠦ ᠦᠬᠡᠢ ᠪᠠᠶᠢᠳᠠᠭ᠂ ᠬᠡᠪᠡᠴᠦ ᠡᠪᠤᠯ ᠤᠨ ᠤᠯᠠᠷᠢᠯ ᠳᠤ ᠲᠤᠯᠠᠭᠠᠨ ᠤ ᠬᠡᠮᠵᠢᠶ᠎ᠡ᠂ ᠴᠢᠬᠢᠭ ᠵᠡᠷᠭᠡ ᠤᠷᠴᠢᠨ ᠲᠤᠭᠤᠷᠢᠨ ᠤ ᠨᠦᠯᠦᠭᠡ ᠠᠴᠠ ᠲᠤᠭᠤᠯ ᠨᠢ ᠬᠤᠶᠠᠷ ᠵᠦᠢᠯ ᠤᠨ ᠦᠷᠭᠦᠯᠵᠢ ᠲᠤᠬᠢᠶᠠᠯᠳᠤᠳᠠᠭ ᠭᠡᠮ ᠬᠢᠮᠤᠷᠠᠭ᠎ᠠ ᠪᠠ ᠪᠠᠭᠠᠰᠤ ᠠᠯᠳᠠᠬᠤ ︵ᠬᠤᠳᠤᠭᠤᠳᠤ ᠬᠡᠳᠡᠰᠦᠨ ᠤ ᠦᠷᠪᠢᠰᠦᠯ︶ ᠭᠡᠮ ᠳᠤ ᠠᠮᠠᠷᠬᠠᠨ ᠨᠡᠷᠪᠡᠭᠳᠡᠬᠦ ᠪᠤᠯᠤᠨ᠎ᠠ᠃ ᠨᠢᠭᠡ ᠳᠤ᠂ ᠬᠢᠮᠤᠷᠠᠭ᠎ᠠ ᠶᠢ ᠰᠡᠷᠭᠡᠶᠢᠯᠡᠨ ᠵᠠᠰᠠᠬᠤ᠃ ᠬᠡᠷᠪᠡ ᠲᠤᠭᠤᠯ ᠨᠢ ᠬᠠᠯᠠᠭᠤᠷᠠᠬᠤ᠂ ᠨᠢᠰᠦ ᠭᠤᠭᠤᠵᠢᠭᠤᠯᠬᠤ᠂ ᠴᠢᠬᠢ ᠬᠠᠮᠠᠷ ᠨᠢ ᠬᠦᠢᠲᠡᠷᠡᠵᠦ ᠦᠰᠦ ᠨᠢ ᠪᠤᠰᠬᠤ᠂ ᠪᠦᠬᠦ ᠪᠡᠶ᠎ᠡ ᠨᠢ ᠲᠠᠭᠵᠢᠬᠤ᠂ ᠰᠢᠯᠦᠰᠦ ᠭᠤᠭᠤᠵᠢᠭᠤᠯᠬᠤ᠂ ᠬᠡᠯᠡ ᠨᠢ ᠴᠠᠶᠢᠷᠠᠬᠤ᠂ ᠠᠮᠢᠰᠬᠤᠯ ᠴᠢᠬᠤᠯᠳᠠᠬᠤ ᠵᠡᠷᠭᠡ ᠪᠠᠶᠢᠳᠠᠯ ᠢᠯᠡᠷᠡᠪᠡᠯ ᠲᠡᠷᠤᠢ ᠬᠢᠮᠤᠷᠠᠭ᠎ᠠ ᠶᠢᠨ ᠨᠡᠶᠢᠳᠡᠯᠢᠭ ᠰᠢᠨᠵᠢ ᠲᠡᠮᠳᠡᠭ ᠪᠤᠯᠤᠨ᠎ᠠ᠃ ᠡᠭᠦᠨ ᠳᠤ ᠲᠤᠤᠷᠠᠬᠢ ᠠᠷᠭ᠎ᠠ ᠪᠠᠷ ᠵᠠᠰᠠᠵᠤ ᠪᠤᠯᠤᠨ᠎ᠠ᠄ ① ᠱᠦᠭᠦᠷᠭᠡᠨ᠎ᠡ 60 ᠭᠷᠡᠮ᠂ ᠵᠢᠷᠤᠭᠪᠠ 50 ᠭᠷᠡᠮ᠂ ᠪᠠᠳᠷᠠᠰᠢ 50 ᠭᠷᠡᠮ᠂ ᠪᠤᠷᠤ ᠮᠠᠭᠠᠵᠢ 50 ᠭᠷᠡᠮ᠂ ᠲᠦᠬᠦᠬᠡᠢ ᠵᠤᠭᠠᠩ 40 ᠭᠷᠡᠮ᠂ ᠲᠦᠬᠦᠬᠡᠢ ᠭᠠ 50 ᠭᠷᠡᠮ᠂ ᠰᠤᠩᠭᠢᠨ᠎ᠠ 100 ᠭᠷᠡᠮ ᠢ ᠴᠢᠨᠠᠵᠦ ᠴᠢᠳᠬᠤᠵᠤ ᠤᠤᠭᠤᠯᠭᠠᠨ᠎ᠠ᠂ ᠡᠳᠤᠷ ᠲᠤ ᠨᠢᠭᠡ ᠤᠳᠠᠭ᠎ᠠ᠂ 3 ᠡᠳᠤᠷ ᠲᠠᠷᠠᠭᠠᠯᠠᠨ ᠬᠡᠷᠡᠭᠯᠡᠨ᠎ᠡ᠃ ② ᠴᠢᠩ ᠮᠸᠢ ᠰᠤ᠋ 200 ᠲᠦᠮᠡᠨ ᠨᠢᠭᠡᠴᠢ᠂ ᠪᠠᠶᠢᠨᠠᠳᠢᠨ ︵百尔定︶ 40 ᠮᠢᠯᠢᠯᠢᠲᠷ ᠢ ᠪᠤᠯᠴᠢᠩ ᠳᠤ ᠡᠳᠤᠷ ᠪᠦᠷᠢ ᠨᠢᠭᠡ ᠤᠳᠠᠭ᠎ᠠ᠂ 3 ᠡᠳᠤᠷ ᠲᠠᠷᠠᠭᠠᠯᠠᠨ ᠲᠠᠷᠢᠨ᠎ᠠ᠃ ᠬᠤᠶᠠᠷ ᠲᠤ᠂ ᠪᠠᠭᠠᠰᠤ ᠠᠯᠳᠠᠬᠤ ᠶᠢ ᠰᠡᠷᠭᠡᠶᠢᠯᠡᠨ ᠵᠠᠰᠠᠬᠤ᠃ ᠬᠡᠷᠪᠡ ᠪᠠᠭᠠᠰᠤ ᠠᠯᠳᠠᠭᠰᠠᠨ ᠪᠤᠯ ᠬᠤᠳᠤᠭᠤᠳᠤ ᠬᠡᠳᠡᠰᠦ ᠶᠢ ᠴᠡᠪᠡᠷᠯᠡᠵᠦ᠂ ᠬᠤᠳᠤᠭᠤᠳᠤ ᠬᠡᠳᠡᠰᠦᠨ ᠤ ᠰᠠᠯᠢᠰᠤᠳᠦ ᠪᠦᠷᠬᠦᠪᠴᠢ ᠶᠢ ᠬᠠᠮᠠᠭᠠᠯᠠᠵᠤ᠂ ᠪᠠᠺᠲ᠋ᠧᠷᠢ ᠶᠢ ᠡᠰᠡᠷᠭᠦᠴᠡᠵᠦ ᠦᠷᠪᠢᠰᠦᠯ ᠢ ᠲᠠᠷᠤᠨ᠎ᠠ᠃ ᠡᠬᠢᠨ ᠤ ᠬᠤᠭᠤᠴᠠᠭᠠᠨ ᠳᠤ ᠠᠯᠳᠠᠨ ᠭᠠ 30 ᠭᠷᠡᠮ᠂ ᠠᠯᠳᠠᠨ ᠮᠦᠩᠭᠦᠨ ᠴᠡᠴᠡᠭ 36 ᠭᠷᠡᠮ᠂ ᠠᠷᠤᠷ᠎ᠠ 28 ᠭᠷᠡᠮ᠂ ᠰᠢᠷ᠎ᠠ ᠦᠨᠳᠤᠰᠦ 18 ᠭᠷᠡᠮ᠂ ᠴᠠᠭᠠᠨ ᠴᠠᠨ᠎ᠠ ᠴᠡᠴᠡᠭ 18 ᠭᠷᠡᠮ᠂ ᠪᠠᠪᠤ 15 ᠭᠷᠡᠮ᠂ ᠬᠤᠪᠤᠯᠤ 15 ᠭᠷᠡᠮ᠂ ᠬᠠᠷ᠎ᠠ ᠭᠦᠢᠯᠡᠰᠦ 15 ᠭᠷᠡᠮ᠂ ᠠᠨᠠᠷ ᠤᠨ ᠬᠠᠯᠢᠰᠦ 15 ᠭᠷᠡᠮ ᠢ ᠴᠢᠨᠠᠵᠦ ᠴᠢᠳᠬᠤᠵᠤ ᠤᠤᠭᠤᠯᠭᠠᠨ᠎ᠠ᠃ ᠬᠡᠷᠪᠡ ᠦᠢᠯᠡᠳᠦᠯ ᠨᠢ ᠢᠯᠡᠷᠬᠡᠢ ᠦᠭᠡᠢ ᠪᠤᠯ ᠪᠠᠺᠲ᠋ᠧᠷᠢ ᠡᠰᠡᠷᠭᠦᠴᠡᠬᠦ ᠡᠮ ᠢ ᠬᠡᠷᠡᠭᠯᠡᠨ᠎ᠡ᠃ ① ᠪᠤᠯᠴᠢᠩ ᠳᠤ ᠪᠠᠢ ᠪᠢᠩ ᠰᠢᠶᠣᠣ ︵百病消︶ ᠶᠢ ᠲᠠᠷᠢᠨ᠎ᠠ᠂ 10 ᠺᠢᠯᠤᠭ᠍ᠷᠡᠮ ᠪᠦᠷᠢ ᠪᠡᠶ᠎ᠡ ᠶᠢᠨ ᠬᠦᠨᠳᠤ ᠳᠤ 1 ᠮᠢᠯᠢᠯᠢᠲᠷ ᠢᠶᠠᠷ ᠡᠳᠤᠷ ᠪᠦᠷᠢ 2 ᠤᠳᠠᠭ᠎ᠠ᠂ 3 ᠡᠳᠤᠷ ᠲᠠᠷᠠᠭᠠᠯᠠᠨ ᠲᠠᠷᠢᠨ᠎ᠠ᠃ ᠡᠰᠡᠭᠦᠯ᠎ᠡ ᠪᠤᠯᠴᠢᠩ ᠳᠤ ᠹᠦ᠋ ᠰᠢᠶᠧ ᠲᠢᠩ ︵腹泻停︶ ᠢ ᠺᠢᠯᠤᠭ᠍ᠷᠡᠮ ᠪᠦᠷᠢ ᠪᠡᠶ᠎ᠡ ᠶᠢᠨ ᠬᠦᠨᠳᠤ ᠳᠤ 0.3 ᠮᠢᠯᠢᠯᠢᠲᠷ ᠢᠶᠠᠷ ᠡᠳᠤᠷ ᠪᠦᠷᠢ 2 ᠤᠳᠠᠭ᠎ᠠ᠂ 3 ᠡᠳᠤᠷ ᠲᠠᠷᠠᠭᠠᠯᠠᠨ ᠲᠠᠷᠢᠨ᠎ᠠ᠃ ② ᠰᠢᠦᠢ ᠴᠢᠨ ᠨᠢᠩ ︵畜禽宁︶ ᠪᠤᠶᠤ ᠬᠦᠬᠦᠷᠯᠢᠭ ᠠᠮᠢᠨ ᠠᠮᠢᠳᠢᠨ ︵磺胺脒︶ ᠢ 30 ᠭᠷᠡᠮ᠂ TMP ︵ᠪᠠᠺᠲ᠋ᠧᠷᠢ ᠡᠰᠡᠷᠭᠦᠴᠡᠬᠦ ᠦᠢᠯᠡᠳᠦᠯ ᠢ ᠨᠡᠮᠡᠭᠳᠡᠬᠦᠯᠬᠦ ᠡᠮ︶ ᠢ 6 ᠭᠷᠡᠮ᠂ 30 ᠭᠷᠡᠮ ᠨᠡᠭᠦᠷᠡᠰᠦ ᠬᠦᠴᠢᠯ ᠤᠨ ᠤᠰᠤᠳᠦ᠋ᠷᠦᠭᠴᠢᠳᠦ ᠨᠠᠲᠷᠢ ᠳᠡᠭᠡᠷ᠎ᠡ ᠵᠤᠬᠢᠬᠤ ᠬᠡᠮᠵᠢᠶᠡᠨ ᠤ ᠤᠰᠤ ᠨᠡᠮᠡᠵᠦ ᠨᠢᠭᠡ ᠤᠳᠠᠭ᠎ᠠ ᠳᠤ ᠴᠢᠳᠬᠤᠵᠦ ᠤᠤᠭᠤᠯᠭᠠᠨ᠎ᠠ᠂ ᠡᠳᠤᠷ ᠪᠦᠷᠢ 2 ᠤᠳᠠᠭ᠎ᠠ᠂ 3 ᠡᠳᠤᠷ ᠲᠠᠷᠠᠭᠠᠯᠠᠨ ᠤᠤᠭᠤᠯᠭᠠᠨ᠎ᠠ᠃ ᠶᠡᠷᠤᠩᠬᠡᠶᠢᠯᠡᠪᠡᠯ᠂ ᠨᠢᠯᠬ᠎ᠠ ᠲᠤᠭᠤᠯ ᠤᠨ ᠳᠤᠯᠠᠭᠠᠯᠠᠬᠤ ᠶᠢ ᠠᠩᠬᠠᠷᠴᠦ᠂ ᠬᠤᠯᠠᠭᠠᠢ ᠰᠠᠯᠬᠢᠨ ᠠᠴᠠ ᠰᠡᠷᠭᠡᠶᠢᠯᠡᠨ᠂ ᠲᠤᠯᠠᠭᠠᠨ᠂ ᠬᠠᠭᠤᠷᠠᠢ ᠴᠡᠪᠡᠷᠬᠡᠨ ᠤᠷᠴᠢᠨ ᠢ ᠪᠤᠢ ᠪᠤᠯᠭᠠᠨ᠎ᠠ᠃ ᠲᠡᠭᠷᠢ ᠲᠤᠯᠠᠭᠠᠨ ᠦᠳᠡ ᠶᠢᠨ ᠦᠶᠡᠰ ᠲᠤᠭᠤᠯ ᠢ ᠭᠠᠷᠭᠠᠵᠤ ᠨᠡᠷᠡᠨ ᠳᠤ ᠡᠭᠡᠭᠡᠨ᠎ᠡ᠃ ᠲᠤᠭᠤᠯ ᠤᠨ ᠬᠤᠷᠢᠭᠤᠯ ᠳᠤ ᠲᠡᠪᠢᠰᠴᠦ ᠪᠠᠶᠢᠭ᠎ᠠ ᠡᠪᠡᠰᠦ ᠶᠢ ᠦᠷᠭᠦᠯᠵᠢ ᠰᠤᠯᠢᠵᠤ᠂ ᠴᠢᠭᠢᠭ ᠤᠨ ᠬᠡᠮᠵᠢᠶ᠎ᠡ ᠶᠢ 55% ᠠᠴᠠ ᠲᠤᠤᠷ᠎ᠠ ᠪᠠᠶᠢᠯᠭᠠᠵᠤ᠂ ᠡᠪᠡᠰᠦ ᠮᠤᠳᠤᠨ ᠤ ᠦᠨᠡᠰᠦ ᠪᠤᠶᠤ ᠴᠤᠬᠤᠢ ᠶᠢᠨ ᠵᠦᠢᠯ ᠢ ᠰᠠᠴᠤᠵᠤ ᠪᠠᠶᠢᠭᠠᠳ ᠠᠷᠢᠭᠤᠳᠬᠠᠬᠤ ᠪᠠ ᠴᠢᠭᠢᠭ ᠢ ᠠᠷᠢᠯᠭᠠᠬᠤ ᠵᠤᠷᠢᠯᠭ᠎ᠠ ᠳᠤ ᠬᠦᠷᠭᠡᠨ᠎ᠡ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|