|
ᠲᠥᠮᠥᠰᠥᠨ ᠤ ᠡᠷᠲᠡ ᠶᠢᠨ ᠬᠠᠯᠠᠭᠤᠷᠠᠬᠤ ᠭᠡᠮ ᠪᠠ ᠰᠡᠭᠦᠯᠳᠡᠵᠦ ᠬᠠᠯᠳᠠᠪᠤᠷᠢᠯᠠᠬᠤ ᠬᠠᠯᠠᠭᠤᠨ ᠭᠡᠮ ᠠᠴᠠ ᠰᠡᠷᠭᠡᠶᠢᠯᠡᠬᠦ ᠮᠡᠷᠭᠡᠵᠢᠯ |
|
|
ᠨᠡᠶᠢᠲᠡᠯᠡᠭᠰᠡᠨ ᠴᠠᠭ᠄
2018/12/6
|
|
ᠡᠷᠲᠡ ᠶᠢᠨ ᠬᠠᠯᠠᠭᠤᠷᠠᠬᠤ ᠭᠡᠮ ᠳᠤ ᠬᠠᠯᠳᠠᠪᠤᠷᠢᠯᠠᠭᠳᠠᠭᠰᠠᠨ ᠲᠥᠮᠥᠰᠥᠨ ᠤ ᠨᠠᠪᠴᠢᠨ ᠳᠡᠭᠡᠷ᠎ᠡ ᠨᠢ ᠳᠤᠭᠤᠷᠢᠭ ᠬᠡᠯᠪᠡᠷᠢᠲᠡᠢ ᠬᠦᠷᠡᠩ ᠥᠩᠭᠡ ᠠᠴᠠ ᠭᠦᠨ ᠬᠦᠷᠡᠩ ᠥᠩᠭᠡ ᠶᠢᠨ ᠭᠡᠮ ᠲᠠᠢ ᠳᠣᠯᠪᠤ ᠢᠯᠡᠷᠡᠨ᠂ ᠳᠡᠭᠡᠷ᠎ᠡ ᠨᠢ ᠬᠠᠷ᠎ᠠ ᠥᠩᠭᠡ ᠶᠢᠨ ᠢᠵᠢᠯ ᠲᠥᠪᠲᠦ ᠴᠠᠭᠠᠷᠢᠭ ᠠᠷ ᠪᠠ ᠴᠦᠬᠡᠨ ᠬᠡᠮᠵᠢᠶᠡᠨ ᠤ ᠬᠠᠷ᠎ᠠ ᠬᠦᠬᠡᠴᠦ ᠪᠠᠶᠢᠵᠤ᠂ ᠭᠡᠮ ᠲᠠᠢ ᠳᠤᠯᠪᠤ ᠶᠢᠨ ᠭᠠᠳᠠᠷ ᠲᠠᠯ᠎ᠠ ᠳᠤ ᠨᠢ ᠰᠢᠷ᠎ᠠ ᠥᠩᠭᠡ ᠶᠢᠨ ᠡᠷᠢᠶᠡᠨ ᠬᠦᠷᠢᠶ᠎ᠡ ᠪᠠᠶᠢᠳᠠᠭ︔ ᠡᠰᠢᠨ ᠤ ᠬᠡᠰᠡᠭ ᠤᠨ ᠭᠡᠮ ᠲᠠᠢ ᠳᠣᠯᠪᠤ ᠪᠠ ᠨᠠᠪᠴᠢᠨ ᠤ ᠬᠡᠰᠡᠭ ᠤᠨ ᠭᠡᠮ ᠲᠠᠢ ᠳᠤᠯᠪᠤ ᠨᠢ ᠦᠨᠳᠦᠰᠦᠨ ᠳᠡᠭᠡᠨ ᠠᠳᠠᠯᠢᠪᠲᠤᠷ ᠪᠠᠶᠢᠳᠠᠭ︔ ᠲᠥᠮᠥᠰᠥᠨ ᠤ ᠭᠡᠰᠡᠭ ᠲᠤ ᠭᠦᠨ ᠬᠦᠷᠡᠩ ᠥᠩᠭᠡ ᠶᠢᠨ ᠳᠤᠭᠤᠷᠢᠭ ᠬᠡᠯᠪᠡᠷᠢᠲᠡᠢ ᠭᠡᠮ ᠲᠠᠢ ᠳᠤᠯᠪᠤ ᠪᠤᠶᠤ ᠵᠢᠭᠳᠡ ᠪᠤᠰᠤ ᠬᠡᠯᠪᠡᠷᠢ ᠶᠢᠨ ᠵᠢᠭᠠᠬᠠᠨ ᠳᠣᠲᠣᠭᠰᠢ ᠪᠠᠨ ᠬᠤᠲᠦ᠋ᠢᠭ᠌ᠰᠠᠨ ᠭᠡᠮ ᠲᠠᠢ ᠳᠤᠯᠪᠤ ᠢᠯᠡᠷᠡᠵᠦ᠂ ᠭᠡᠮ ᠲᠠᠢ ᠳᠤᠯᠪᠤ ᠶᠢᠨ ᠳᠤᠤᠷ᠎ᠠ ᠲᠠᠯ᠎ᠠ ᠶᠢᠨ ᠨᠡᠬᠡᠳᠡᠰᠦ ᠨᠢ ᠬᠠᠲᠠᠵᠦ ᠢᠯᠵᠠᠷᠡᠭᠡᠳ ᠬᠥᠷᠡᠩ ᠦᠡᠭᠭᠡ ᠲᠠᠢ ᠪᠣᠯᠳᠠᠭ᠃ ᠰᠡᠭᠦᠯᠳᠡᠵᠦ ᠬᠠᠯᠳᠠᠪᠤᠷᠢᠯᠠᠬᠤ ᠬᠠᠯᠠᠭᠤᠨ ᠭᠡᠮ ᠲᠠᠢ ᠲᠥᠮᠥᠰᠥᠨ ᠤ ᠣᠯᠠᠩᠬᠢ ᠶᠢᠨ ᠬᠢᠨ ᠨᠠᠪᠴᠢᠨ ᠤ ᠦᠵᠦᠭᠦᠷ ᠪᠣᠶᠤ ᠨᠠᠪᠴᠢᠨ ᠤ ᠬᠦᠪᠡᠭᠡ ᠪᠠᠷ ᠨᠢ ᠤᠰᠤᠨ ᠳᠤ ᠨᠣᠷᠣᠭᠰᠠᠨ ᠬᠡᠯᠪᠡᠷᠢ ᠶᠢᠨ ᠥᠩᠭᠡ ᠨᠢ ᠤᠨᠠᠭᠰᠠᠨ ᠨᠤᠭᠤᠭᠠᠨ ᠳᠤᠯᠪᠤ ᠢᠯᠡᠷᠡᠵᠦ᠂ ᠠᠭᠤᠷ ᠠᠮᠢᠰᠬᠤᠯ ᠴᠢᠬᠢᠭᠯᠢᠭ ᠦᠶᠡᠰ᠂ ᠭᠡᠮ ᠲᠠᠢ ᠳᠤᠯᠪᠤ ᠨᠢ ᠮᠠᠰᠢ ᠲᠦᠷᠭᠡᠨ ᠢᠶᠠᠷ ᠨᠠᠪᠴᠢᠨ ᠤ ᠶᠡᠬᠡᠩᠬᠢ ᠬᠡᠰᠡᠭ ᠴᠢᠨᠠᠭᠰᠢᠯᠠᠪᠠᠯ ᠪᠦᠬᠦ᠋ᠢᠯᠡ ᠬᠡᠰᠡᠭ ᠲᠤ ᠲᠠᠷᠬᠠᠬᠤ ᠪᠦᠭᠡᠳ ᠨᠠᠪᠴᠢᠨ ᠤ ᠬᠥᠪᠡᠭᠡ ᠶᠢ ᠳᠠᠭᠠᠵᠤ ᠨᠠᠪᠴᠢᠨ ᠪᠠᠷᠢᠭᠤᠯ ᠪᠣᠯᠣᠨ ᠡᠰᠢᠨ ᠤ ᠬᠡᠰᠡᠭ ᠲᠤ ᠬᠠᠯᠳᠠᠪᠤᠷᠢᠯᠠᠨ ᠣᠷᠣᠵᠤ᠂ ᠬᠦᠷᠡᠩ ᠡᠷᠢᠶᠡᠨ ᠲᠣᠯᠪᠤ ᠪᠣᠯᠵᠤ ᠪᠦᠷᠢᠯᠳᠦᠨ᠎ᠡ᠃ ᠨᠠᠪᠴᠢᠨ ᠤ ᠠᠷᠤ ᠲᠠᠯ᠎ᠠ ᠪᠠ ᠡᠰᠢᠨ ᠤ ᠬᠡᠰᠡᠭ ᠤᠨ ᠭᠡᠮ ᠲᠠᠢ ᠳᠤᠯᠪᠤ ᠶᠢᠨ ᠬᠥᠪᠡᠭᠡ ᠶᠢ ᠳᠠᠭᠠᠵᠤ ᠨᠢᠭᠡᠨ ᠴᠠᠭᠠᠨ ᠬᠥᠬᠡᠴᠦ ᠴᠠᠭᠠᠷᠢᠭ ᠢᠯᠡᠷᠡᠵᠦ᠂ ᠴᠢᠬᠢᠭ ᠶᠡᠭᠡ ᠦᠶᠡᠰ᠂ ᠨᠠᠪᠴᠢᠨ ᠤ ᠥᠩᠭᠡᠨ ᠲᠠᠯ᠎ᠠ ᠳᠤᠨᠢ ᠪᠠᠰᠠ ᠴᠠᠭᠠᠨ ᠬᠥᠬᠡᠴᠦ ᠢᠯᠡᠷᠡᠨ᠎ᠡ᠃ ᠠᠭᠤᠷ ᠠᠮᠢᠰᠬᠤᠯ ᠭᠠᠩ ᠬᠠᠭᠤᠷᠠᠢ ᠦᠶᠡᠰ᠂ ᠭᠡᠮ ᠲᠠᠢ ᠳᠣᠯᠪᠤ ᠨᠢ ᠬᠠᠳᠠᠵᠤ ᠬᠤᠪᠠᠭ᠋ᠠᠶᠢᠷᠠᠭᠠᠳ ᠬᠥᠷᠡᠩ ᠥᠩᠭᠡ ᠲᠠᠢ ᠪᠣᠯᠵᠤ ᠬᠤᠪᠢᠷᠠᠨ᠂ ᠴᠠᠭᠠᠨ ᠬᠥᠬᠡᠴᠦ ᠢᠯᠡᠷᠡᠬᠦ ᠦᠭᠡᠢ᠂ ᠨᠠᠪᠴᠢ ᠨᠢ ᠬᠡᠪᠡᠷᠡᠭ ᠪᠣᠯᠵᠤ ᠠᠮᠠᠷᠬᠠᠨ ᠬᠡᠮᠬᠡᠷᠡᠨᠡ᠃ ᠲᠥᠮᠥᠰᠥᠨ ᠤ ᠬᠡᠰᠡᠭ ᠨᠢ ᠭᠡᠮᠨᠡᠪᠡᠯ᠂ ᠡᠮᠬᠢ ᠦᠭᠡᠢ ᠪᠣᠷᠣ ᠥᠩᠭᠡ ᠶᠢᠨ ᠳᠣᠲᠣᠭᠰᠢ ᠪᠠᠨ ᠵᠢᠭᠠᠬᠠᠨ ᠬᠤᠲᠦ᠋ᠢᠭ᠌ᠰᠠᠨ ᠳᠣᠯᠪᠤ ᠢᠯᠡᠷᠡᠨ᠂ ᠨᠡᠬᠡᠲᠡᠰᠦ ᠨᠢ ᠬᠠᠲᠠᠭᠤᠷᠠᠨ ᠬᠠᠲᠠᠵᠦ ᠢᠯᠵᠠᠷᠠᠳᠠᠭ᠂ ᠭᠡᠮ ᠲᠠᠢ ᠲᠥᠮᠥᠰᠥ ᠶᠢᠨ ᠬᠡᠮᠨᠡᠭᠰᠡᠨ ᠬᠡᠰᠡᠭ ᠢ ᠣᠭᠲᠣᠯᠪᠠᠯ᠂ ᠬᠠᠯᠢᠰᠤᠨ ᠤ ᠳᠣᠲᠣᠷ᠎ᠠ ᠨᠢ ᠨᠢᠭᠡᠨ ᠳᠠᠪᠬᠤᠷ ᠨᠡᠯᠢᠶᠡᠳ ᠭᠦᠨ ᠥᠩᠭᠡ ᠶᠢᠨ ᠮᠢᠬ᠎ᠠ ᠨᠢ ᠤᠯᠠᠭᠠᠨ ᠬᠥᠷᠡᠩ ᠥᠩᠭᠡ ᠲᠠᠢ ᠪᠣᠯᠵᠤ ᠬᠤᠪᠢᠷᠠᠭᠰᠠᠨ ᠬᠡᠰᠡᠭ ᠬᠠᠷᠠᠭᠳᠠᠨ᠂ ᠴᠢᠬᠢᠭ ᠲᠠᠢ ᠦᠶᠡᠰ ᠵᠥᠭᠡᠯᠡᠷᠡᠨ ᠢᠯᠵᠠᠷᠡᠵᠦ ᠦᠨᠦᠷ ᠭᠠᠷᠳᠠᠭ᠃ ᠲᠥᠮᠥᠰᠥᠨ ᠤ ᠡᠷᠲᠡ ᠶᠢᠨ ᠬᠠᠯᠠᠭᠤᠷᠠᠬᠤ ᠭᠡᠮ ᠪᠠ ᠰᠡᠭᠦᠯᠳᠡᠵᠦ ᠬᠠᠯᠳᠠᠪᠤᠷᠢᠯᠠᠬᠤ ᠬᠠᠯᠠᠭᠤᠨ ᠭᠡᠮ ᠤᠨ ᠬᠥᠨᠥᠭᠡᠯ ᠢ ᠬᠡᠷᠬᠢᠨ ᠬᠢᠵᠠᠭᠠᠷᠯᠠᠬᠤ ᠪᠣᠢ︖ ᠬᠡᠮ ᠦᠭᠡᠢ ᠦᠷ᠎ᠡ ᠶᠢᠨ ᠲᠠᠷᠢᠶᠠᠨ ᠭᠠᠵᠠᠷ ᠢ ᠦᠯᠡᠳᠡᠭᠡᠵᠦ᠂ ᠡᠷᠡᠭᠦᠯ ᠦᠷ᠎ᠡ ᠶᠢᠨ ᠲᠥᠮᠥᠰᠥ ᠶᠢ ᠰᠣᠩᠭᠤᠵᠤ ᠲᠠᠷᠢᠬᠤ ᠭᠡᠮ ᠦᠭᠡᠢ ᠦᠷ᠎ᠡ ᠶᠢᠨ ᠲᠠᠷᠢᠶᠠᠨ ᠭᠠᠵᠠᠷ ᠢ ᠦᠯᠡᠳᠡᠭᠡᠵᠦ᠂ ᠭᠡᠮ ᠦᠭᠡᠢ ᠦᠷ᠎ᠡ ᠶᠢᠨ ᠲᠥᠮᠥᠰᠥ ᠶᠢ ᠰᠣᠩᠭᠤᠵᠤ ᠦᠷ᠎ᠡ ᠦᠯᠡᠳᠡᠭᠡᠪᠡᠯ ᠭᠡᠮ ᠤᠨ ᠬᠠᠯᠳᠠᠪᠤᠷᠢᠯᠠᠯ ᠤᠨ ᠢᠷᠡᠯᠲᠡ ᠶᠢ ᠬᠤᠷᠢᠭᠯᠠᠵᠤ᠂ ᠲᠥᠮᠥᠰᠦᠨ ᠤ ᠰᠡᠭᠦᠯᠳᠡᠵᠦ ᠬᠠᠯᠳᠠᠪᠤᠷᠢᠯᠠᠬᠤ ᠬᠠᠯᠠᠭᠤᠨ ᠭᠡᠮ ᠢ ᠬᠦᠴᠤᠠ ᠲᠠᠢ ᠬᠢᠵᠠᠭᠠᠷᠯᠠᠵᠤ ᠴᠢᠳᠠᠨ᠎ᠠ᠃ ᠭᠡᠮ ᠲᠠᠢ ᠰᠠᠭᠤᠷᠢ ᠶᠢ ᠦᠭᠲᠡᠭᠡᠵᠦ ᠬᠠᠶᠠᠨ᠂ ᠴᠠᠭ ᠲᠤᠬᠠᠢ ᠳᠤᠨᠢ ᠡᠮ ᠰᠦᠷᠴᠢᠵᠦ ᠬᠢᠵᠠᠭᠠᠷᠯᠠᠬᠤ ᠲᠥᠮᠥᠰᠥᠨ ᠤ ᠤᠷᠭᠤᠯᠲᠠ ᠶᠢᠨ ᠬᠤᠭᠤᠴᠠᠭᠠᠨ ᠳᠤ ᠭᠡᠮ ᠤᠨ ᠬᠥᠨᠥᠭᠡᠯ ᠢ ᠬᠢᠨᠠᠨ ᠪᠠᠶᠢᠴᠠᠭᠠᠬᠤ ᠠᠵᠢᠯ ᠢ ᠴᠢᠩᠭᠠᠳᠬᠠᠵᠤ᠂ ᠭᠡᠮᠨᠡᠭᠰᠡᠨ ᠰᠠᠭᠤᠷᠢ ᠪᠠᠶᠢᠬᠤ ᠶᠢ ᠣᠯᠵᠤ ᠮᠡᠳᠡᠪᠡᠯ ᠲᠠᠷᠤᠢ ᠳᠤᠨᠢ ᠦᠭᠲᠡᠭᠡᠵᠦ ᠭᠦᠨ ᠪᠤᠯᠠᠵᠤ ᠰᠢᠢᠳᠪᠦᠷᠢᠯᠡᠬᠦ ᠶᠢᠨ ᠬᠠᠮᠲᠤ ᠭᠡᠮᠨᠡᠭᠰᠡᠨ ᠭᠡᠰᠡᠭ ᠤᠨ ᠣᠶᠢᠷ᠎ᠠ ᠬᠠᠪᠢ ᠪᠠᠷ 7~10 ᠡᠳᠦᠷ ᠠᠯᠤᠰᠯᠠᠬᠤ ᠪᠦᠷᠢ ᠨᠢᠭᠡ ᠤᠳᠠᠭ᠎ᠠ ᠡᠮ ᠰᠦᠷᠴᠢᠵᠦ᠂ ᠦᠷᠭᠦᠯᠵᠢᠯᠡᠨ 3~4 ᠤᠳᠠᠭ᠎ᠠ ᠰᠦᠷᠴᠢᠨ᠎ᠡ᠃ ᠬᠡᠷᠪᠡ ᠪᠣᠷᠣᠭᠠᠨ ᠤᠯᠠᠨ ᠪᠣᠯ ᠡᠮ ᠰᠦᠷᠴᠢᠬᠦ ᠵᠠᠢ ᠶᠢ ᠵᠣᠬᠢᠰᠲᠠᠢ ᠪᠣᠭᠤᠨᠢᠰᠬᠠᠨ᠂ 1~2 ᠤᠳᠠᠭ᠎ᠠ ᠨᠡᠮᠡᠵᠦ ᠰᠦᠷᠴᠢᠨ᠎ᠡ᠃ ᠲᠥᠮᠥᠰᠥᠨ ᠤ ᠰᠡᠭᠦᠯᠳᠡᠵᠦ ᠬᠠᠯᠳᠠᠪᠤᠷᠢᠯᠠᠬᠤ ᠬᠠᠯᠠᠭᠤᠨ ᠭᠡᠮ ᠳᠤ 25% ᠶᠢᠨ ᠬᠥᠬᠡ ᠱᠣᠸᠠᠩ ᠯᠢᠩ ︵甲霜灵︶ ᠤᠨ ᠴᠢᠬᠢᠭᠳᠦᠮᠡᠭᠡᠢ ᠨᠤᠨᠳᠠᠭ ᠢ 100 ᠭᠷᠡᠮ᠂ 58% ᠶᠢᠨ ᠬᠥᠬᠡ ᠱᠣᠸᠠᠩ ᠯᠢᠩ ᠮᠠᠩᠭᠠᠨ ᠺᠠᠯᠢ ᠶᠢᠨ 100 ᠭᠷᠡᠮ ᠤᠨ ᠳᠠᠬᠢᠨ ᠤ ᠰᠢᠩᠭᠡᠨ᠂ 40% ᠶᠢᠨ ᠢᠲ᠋ᠢᠯ ᠹᠤᠰᠹᠤᠷ ᠤᠨ ᠬᠦᠩᠭᠡᠨ ᠴᠠᠭᠠᠨ ᠤ ︵乙磷铝︶ 200 ᠭᠷᠡᠮ ᠤᠨ ᠳᠠᠬᠢᠨ ᠤ ᠰᠢᠩᠭᠡᠨ ᠪᠠ 100 ᠭᠷᠡᠮ 80% ᠶᠢᠨ ᠰᠦᠨ ᠮᠠᠩᠭᠠᠨ ᠴᠠᠶᠢᠷᠲᠤ ᠬᠠᠭᠤᠷᠠᠢ ᠬᠦᠪᠪᠥᠮᠡᠯ ᠡᠮ ︵ᠪᠢ ᠳ᠋ᠧ ᠯᠢ︶ ᠠᠴᠠ ᠳᠤᠷ᠎ᠠ ᠶᠢᠨ ᠨᠢᠭᠡ ᠶᠢ ᠰᠣᠩᠭᠤᠵᠤ 50 ᠺᠢᠯᠣᠭ᠍ᠷᠠᠮ ᠤᠰᠤ ᠲᠠᠢ ᠬᠤᠯᠢᠵᠤ ᠰᠦᠷᠴᠢᠨ᠎ᠡ᠂ 7~10 ᠡᠳᠦᠷ ᠠᠯᠤᠰᠯᠠᠬᠤ ᠪᠦᠷᠢ ᠨᠢᠭᠡ ᠤᠳᠠᠭ᠎ᠠ ᠰᠦᠷᠴᠢᠵᠦ᠂ ᠨᠡᠶᠢᠲᠡ 2~3 ᠤᠳᠠᠭ᠎ᠠ ᠰᠦᠷᠴᠢᠨ᠎ᠡ᠃ ᠲᠥᠮᠥᠰᠥᠨ ᠤ ᠡᠷᠲᠡ ᠶᠢᠨ ᠬᠠᠯᠠᠭᠤᠷᠠᠬᠤ ᠭᠡᠮ ᠳᠤ ᠬᠦᠬᠦᠷ ᠬᠦᠴᠢᠯ ᠤᠨ ᠵᠡᠰ ᠤᠨ 1000 ᠲᠠᠬᠢᠨ ᠤ ᠰᠢᠩᠭᠡᠨ ᠪᠤᠶᠤ 40% ᠶᠢᠨ ᠳ᠋ᠦᠸᠧ ᠵᠢᠶᠦ᠋ᠨ ᠯᠢᠩ ︵多菌灵︶ ᠤᠨ 800 ᠳᠠᠬᠢᠨ ᠤ ᠰᠢᠩᠭᠡᠨ᠂ ᠡᠰᠡᠪᠡᠯ 50% ᠶᠢᠨ ᠪᠠᠢ ᠵᠢᠶᠦ᠋ᠨ ᠴᠢᠩ ︵百菌清︶ ᠤᠨ 600~5800 ᠳᠠᠬᠢᠨ ᠤ ᠰᠢᠩᠭᠡᠨ᠂ ᠡᠰᠡᠪᠡᠯ 25% ᠶᠢᠨ ᠶᠧ ᠺᠦ᠋ ᠯᠢᠩ ︵叶枯灵︶ ᠤᠨ 250~400 ᠳᠠᠬᠢᠨ ᠤ ᠰᠢᠩᠭᠡᠨ ᠢ ᠰᠤᠩᠭᠤᠵᠤ᠂ 7~10 ᠡᠳᠦᠷ ᠨᠢᠭᠡ ᠤᠳᠠᠭ᠎ᠠ᠂ ᠦᠷᠭᠦᠯᠵᠢᠯᠡᠨ 2~3 ᠤᠳᠠᠭ᠎ᠠ ᠰᠦᠷᠴᠢᠨ᠎ᠡ᠃ ᠡᠮ ᠳᠠᠭᠠᠭᠠᠬᠤ ᠴᠢᠨᠠᠷ ᠲᠠᠢ ᠪᠣᠯᠬᠤ ᠠᠴᠠ ᠵᠠᠶᠢᠯᠠᠰᠬᠢᠬᠦ ᠶᠢᠨ ᠲᠥᠯᠥᠭᠡ᠂ ᠡᠮ ᠢ ᠡᠭᠡᠯᠵᠢᠯᠡᠨ ᠬᠡᠷᠡᠭᠯᠡᠵᠦ᠂ ᠠᠳᠠᠯᠢᠬᠠᠨ ᠨᠢᠭᠡ ᠵᠦᠢᠯ ᠤᠨ ᠡᠮ ᠢ ᠦᠷᠭᠦᠯᠵᠢᠯᠡᠨ 3 ᠤᠳᠠᠭ᠎ᠠ ᠠᠴᠠ ᠬᠡᠲᠦᠷᠡᠭᠦᠯᠵᠦ ᠪᠣᠯᠬᠤ ᠦᠭᠡᠢ᠃ ᠡᠮ ᠳᠠᠭᠠᠭᠠᠬᠤ ᠴᠢᠨᠠᠷ ᠤᠨ ᠡᠭᠦᠰᠦᠯ ᠢ ᠪᠠᠭᠠᠰᠬᠠᠬᠤ ᠶᠢᠨ ᠲᠦᠯᠦᠭᠡ᠂ ᠡᠮ ᠢ ᠡᠭᠡᠯᠵᠢᠯᠡᠨ ᠬᠡᠷᠡᠭᠯᠡᠬᠦ ᠶᠢ ᠠᠩᠬᠠᠷᠬᠤ ᠬᠡᠷᠡᠭᠲᠡᠢ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|