ᠯᠣᠬᠠᠱᠧᠩ ᠤᠨ ᠲᠠᠷᠢᠶ᠎ᠠ ᠶᠢ ᠬᠠᠮᠢᠶᠠᠷᠬᠤ ᠮᠡᠷᠭᠡᠵᠢᠯ ᠤᠨ ᠭᠤᠣᠯᠳᠠᠯᠭ᠎ᠠ
ᠨᠡᠶᠢᠲᠡᠯᠡᠭᠰᠡᠨ ᠴᠠᠭ᠄
2018/12/6

       ᠴᠢᠬᠢ ᠶᠢ ᠪᠠᠶᠢᠴᠠᠭᠠᠵᠤ ᠨᠥᠬᠦᠵᠦ ᠲᠠᠷᠢᠬᠤ᠄ ᠯᠣᠬᠠᠱᠧᠩ ᠴᠢᠬᠢᠯᠡᠭᠰᠡᠨ ᠤ ᠰᠡᠭᠦᠯᠡᠷ ᠬᠡᠷᠪᠡ ᠴᠢᠬᠢ ᠳᠤᠲᠠᠭᠰᠠᠨ ᠪᠠᠶᠢᠪᠠᠯ ᠴᠠᠭ ᠲᠤᠬᠠᠢ ᠳᠤᠨᠢ ᠨᠥᠬᠦᠵᠦ ᠲᠠᠷᠢᠨ᠎ᠠ᠃
       ᠲᠠᠷᠢᠶ᠎ᠠ ᠲᠠᠩᠨᠠᠵᠤ ᠰᠢᠷᠤᠢ ᠨᠡᠮᠡᠬᠦ᠄ ᠨᠢᠭᠡᠳᠦᠭᠡᠷ ᠤᠳᠠᠭ᠎ᠠ ᠲᠠᠩᠨᠠᠬᠤ ᠶᠢ ᠴᠢᠬᠢᠯᠡᠬᠦ ᠦᠶ᠎ᠡ ᠳᠤ ᠶᠠᠪᠤᠭᠳᠠᠭᠤᠯᠵᠤ᠂ ᠭᠦᠶᠦᠬᠡᠨ ᠰᠢᠭ ᠲᠠᠩᠨᠠᠵᠤ᠂ ᠡᠰᠢᠨ ᠤ ᠬᠡᠰᠡᠭ ᠢ ᠠᠷᠪᠢᠨ ᠪᠤᠯᠠᠵᠤ᠂ ᠬᠠᠵᠠᠭᠤ ᠶᠢᠨ ᠰᠠᠯᠠᠭ᠎ᠠ ᠶᠢᠨ ᠤᠷᠭᠤᠯᠲᠠ ᠶᠢ ᠨᠥᠯᠥᠭᠡᠯᠡᠬᠦ ᠠᠴᠠ ᠰᠡᠷᠭᠡᠶᠢᠯᠡᠨ᠎ᠡ︔ ᠬᠤᠶᠠᠳᠤᠭᠠᠷ ᠤᠳᠠᠭ᠎ᠠ ᠲᠠᠩᠨᠠᠬᠤ ᠶᠢ ᠦᠨᠳᠦᠰᠦᠨ ᠪᠠᠳᠡᠬᠢ ᠪᠦᠷᠢᠯᠳᠦᠬᠦ ᠬᠤᠭᠤᠴᠠᠭᠠᠨ ᠳᠤ ᠶᠠᠪᠤᠭᠳᠠᠭᠤᠯᠵᠤ᠂ ᠲᠠᠩᠨᠠᠬᠤ ᠭᠦᠨ ᠤ ᠬᠡᠮᠵᠢᠶ᠎ᠡ ᠶᠢ 60cm ᠣᠷᠴᠢᠮ ᠪᠠᠶᠢᠯᠭᠠᠨ᠎ᠠ︔ ᠭᠤᠷᠪᠠᠳᠤᠭᠠᠷ ᠤᠳᠠᠭᠠᠨ ᠤ ᠲᠠᠩᠨᠠᠯᠲᠠ ᠶᠢ ᠬᠤᠸᠠᠷᠯᠠᠵᠤ ᠪᠠᠶᠢᠭ᠎ᠠ ᠬᠤᠭᠤᠴᠠᠭᠠᠨ ᠳᠤ ᠶᠠᠪᠤᠭᠳᠠᠭᠤᠯᠵᠤ᠂ ᠲᠠᠩᠨᠠᠬᠤ ᠭᠦᠨ ᠤ ᠬᠡᠮᠵᠢᠶ᠎ᠡ ᠶᠢ 5cm ᠣᠷᠴᠢᠮ ᠪᠠᠶᠢᠯᠭᠠᠵᠦ᠂ ᠵᠢᠮᠢᠰ ᠤᠨ ᠵᠡᠭᠦᠦ ᠶᠢ ᠭᠡᠮᠲᠦᠭᠡᠬᠦ ᠠᠴᠠ ᠵᠠᠶᠢᠯᠠᠰᠬᠢᠨ᠎ᠡ᠃
       ᠦᠨᠳᠦᠰᠦᠨ ᠤ ᠭᠠᠳᠠᠭᠤᠷ ᠪᠣᠷᠳᠣᠭᠤᠷ ᠨᠡᠮᠡᠵᠦ ᠣᠷᠣᠭᠤᠯᠬᠤ᠄ ᠥᠷᠨᠢᠨ ᠴᠡᠴᠡᠭᠯᠡᠬᠦ ᠬᠤᠭᠤᠴᠠᠭ᠎ᠠ ᠶᠢᠨ ᠳᠠᠷᠠᠭ᠎ᠠ᠂ ᠮᠦ ᠪᠦᠷᠢ ᠳᠤ 100 ᠭᠷᠡᠮ ᠹᠣᠰᠹᠣᠷ ᠬᠦᠴᠢᠯ ᠤᠨ ᠬᠤᠶᠠᠷ ᠤᠰᠤᠲᠥ᠋ᠷᠥᠭᠴᠢᠲᠤ ᠺᠠᠯᠢ ᠳᠡᠭᠡᠷ᠎ᠡ 100 ᠭᠷᠡᠮ ᠪᠤᠷ ᠡᠯᠡᠰᠦ ᠨᠡᠮᠡᠵᠦ 60 ᠺᠢᠯᠣᠭ᠍ᠷᠠᠮ ᠤᠰᠤ ᠬᠤᠯᠢᠵᠤ ᠰᠦᠷᠴᠢᠨ᠎ᠡ᠂ 10 ᠡᠳᠦᠷ ᠠᠯᠤᠰᠯᠠᠬᠤ ᠪᠦᠷᠢ ᠨᠢᠭᠡ ᠤᠳᠠᠭ᠎ᠠ ᠰᠦᠷᠴᠢᠵᠦ᠂ ᠦᠷᠭᠦᠯᠵᠢᠯᠡᠨ 3 ᠤᠳᠠᠭ᠎ᠠ ᠰᠦᠷᠴᠢᠨ᠎ᠡ᠃
       ᠰᠢᠨᠵᠢᠯᠡᠬᠦ ᠤᠬᠠᠭᠠᠨᠴᠢ ᠪᠠᠷ ᠤᠰᠤᠯᠠᠬᠤ᠄ ᠬᠠᠪᠤᠷ ᠤᠨ ᠤᠯᠠᠷᠢᠯ ᠳᠤ ᠪᠣᠷᠣᠭᠠᠨ ᠤᠰᠤ ᠡᠯᠪᠡᠭ ᠤᠯᠠᠷᠢᠯ ᠪᠣᠯᠬᠤᠷ ᠭᠤᠤ ᠭᠠᠷᠭᠠᠵᠤ ᠤᠰᠤ ᠭᠠᠳᠠᠭᠰᠢᠯᠠᠭᠤᠯᠬᠤ ᠠᠵᠢᠯ ᠢ ᠰᠠᠶᠢᠳᠤᠷ ᠬᠢᠨ᠎ᠡ︔ ᠬᠡᠷᠪᠡ ᠭᠠᠩᠳᠠᠭᠠᠳ ᠪᠣᠷᠣᠭᠠᠨ ᠦᠭᠡᠢ ᠪᠣᠯ ᠰᠣᠪᠠᠭᠯᠠᠨ ᠤᠰᠤᠯᠠᠨ᠎ᠠ᠂ ᠭᠡᠪᠡᠴᠦ ᠶᠡᠭᠡ ᠤᠰᠤ ᠪᠠᠷ ᠤᠰᠤᠯᠠᠵᠤ ᠪᠣᠯᠬᠤ ᠦᠭᠡᠢ᠃
       ᠭᠡᠮ ᠬᠤᠷᠣᠬᠠᠢ ᠶᠢ ᠰᠡᠷᠭᠡᠶᠢᠯᠡᠵᠦ ᠵᠠᠰᠠᠬᠤ᠄ ᠯᠣᠬᠠᠱᠧᠩ ᠤᠨ ᠭᠤᠣᠯ ᠪᠣᠯᠬᠤ ᠬᠦᠨᠦᠭᠡᠯᠲᠦ ᠬᠤᠷᠤᠬᠠᠢ ᠳᠤ ᠬᠦᠬᠡ ᠪᠠᠷ ᠬᠤᠪᠠᠭ᠋ᠠᠶᠢᠷᠠᠬᠤ ᠭᠡᠮ᠂ ᠨᠠᠪᠴᠢᠨ ᠳᠤᠯᠪᠤ ᠶᠢᠨ ᠭᠡᠮ᠂ ᠪᠠᠭᠠᠷᠠᠩ ᠬᠤᠷᠣᠬᠠᠢ᠂ ᠡᠷᠢᠶᠡᠨ ᠳᠠᠯᠠᠪᠴᠢᠲᠤ ᠰᠦᠨᠢ ᠶᠢᠨ ᠡᠷᠪᠡᠬᠡᠢ ᠵᠡᠷᠭᠡ ᠪᠤᠢ᠂ ᠦᠷᠭᠦᠯᠵᠢ ᠲᠠᠷᠢᠶᠠᠨ ᠳᠤ ᠣᠷᠣᠵᠤ ᠪᠠᠶᠢᠴᠠᠭᠠᠨ᠂ ᠴᠠᠭ ᠲᠤᠬᠠᠢ ᠳᠤᠨᠢ ᠰᠡᠷᠭᠡᠶᠢᠯᠡᠨ᠎ᠡ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ