ᠵᠣᠨ ᠰᠠᠭᠠᠯᠢ ᠶᠢᠨ ᠦᠨᠢᠶ᠎ᠡ ᠳᠤ ᠰᠢᠮ᠎ᠡ ᠲᠡᠵᠢᠭᠡᠯ ᠨᠥᠬᠦᠪᠦᠷᠢᠯᠡᠬᠦ ᠴᠢᠬᠤᠯᠠᠲᠠᠢ
ᠨᠡᠶᠢᠲᠡᠯᠡᠭᠰᠡᠨ ᠴᠠᠭ᠄
2018/12/6

       ᠨᠢᠭᠡ᠂ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠨᠠᠲᠷᠢ ᠨᠥᠬᠦᠪᠦᠷᠢᠯᠡᠬᠦ
       ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠨᠠᠲᠷᠢ ᠶᠢᠨ ᠬᠡᠷᠡᠭᠯᠡᠬᠦ ᠬᠡᠮᠵᠢᠶ᠎ᠡ ᠶᠢ ᠶᠡᠷᠦ ᠳᠡᠭᠡᠨ ᠨᠠᠷᠢᠯᠢᠭ ᠪᠣᠷᠳᠤᠭ᠎ᠠ ᠶᠢᠨ 3.84% ᠶᠢ ᠡᠵᠡᠯᠡᠭᠦᠯᠬᠦ ᠪᠤᠶᠤ ᠰᠠᠭᠠᠯᠢ ᠶᠢᠨ ᠦᠨᠢᠶ᠎ᠡ ᠪᠦᠷᠢ ᠳᠤ ᠡᠳᠦᠷ ᠲᠤ 340 ᠭᠷᠡᠮ ᠨᠥᠬᠦᠪᠦᠷᠢᠯᠡᠨ᠎ᠡ᠃ ᠨᠢᠮᠪᠡᠭᠡ ᠶᠢᠨ ᠬᠦᠴᠢᠯ ᠲᠠᠢ ᠬᠠᠮᠳᠣ ᠬᠡᠷᠡᠭᠯᠡᠪᠡᠯ ᠦᠷ᠎ᠡ ᠳ᠋ᠦᠩ ᠨᠢ ᠨᠡᠩ ᠰᠠᠶᠢᠨ ᠪᠠᠶᠢᠳᠠᠭ᠂ ᠭᠡᠪᠡᠴᠦ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠨᠠᠲᠷᠢ ᠶᠢ ᠬᠡᠷᠡᠭᠯᠡᠬᠦ ᠦᠶᠡᠰ ᠬᠤᠭᠤᠯᠠᠨ ᠤ ᠲᠠᠪᠤᠰᠤᠨ ᠤ ᠬᠡᠷᠡᠭᠯᠡᠬᠦ ᠬᠡᠮᠵᠢᠶ᠎ᠡ ᠶᠢ ᠬᠠᠷᠢᠴᠠᠩᠭᠤᠢ ᠪᠠᠭᠠᠰᠬᠠᠬᠤ ᠶᠢ ᠠᠩᠬᠠᠷᠤᠨ᠎ᠠ᠃
       ᠬᠤᠶᠠᠷ᠂ ᠾᠯᠣᠷᠲᠤ ᠺᠠᠯᠢ ᠨᠥᠬᠦᠪᠦᠷᠢᠯᠡᠬᠦ
       ᠶᠡᠷᠦ ᠳᠡᠭᠡᠨ ᠰᠠᠭᠠᠯᠢ ᠶᠢᠨ ᠦᠨᠢᠶ᠎ᠡ ᠶᠢᠨ ᠤᠤᠭᠤᠬᠤ ᠤᠰᠤᠨ   ᠳᠤ ᠪᠤᠶᠤ ᠬᠤᠨᠤᠭ ᠤᠨ ᠲᠡᠵᠢᠭᠡᠯ ᠳᠤ ᠾᠯᠣᠷᠲᠤ ᠺᠠᠯᠢ ᠨᠡᠮᠡᠨ᠎ᠡ᠂ ᠨᠡᠮᠡᠬᠦ ᠬᠡᠮᠵᠢᠶ᠎ᠡ ᠶᠢ ᠡᠳᠦᠷ ᠪᠦᠷᠢ ᠰᠠᠭᠠᠯᠢ ᠶᠢᠨ ᠦᠨᠢᠶ᠎ᠡ ᠪᠦᠷᠢ ᠳᠤ 60~80 ᠭᠷᠡᠮ ᠪᠠᠶᠢᠯᠭᠠᠨ᠎ᠠ᠃
       ᠭᠤᠷᠪᠠ᠂ ᠸᠢᠲ᠋ᠠᠮᠢᠨ ᠨᠥᠬᠦᠪᠦᠷᠢᠯᠡᠬᠦ
       ᠵᠣᠨ ᠤ ᠤᠯᠠᠷᠢᠯ ᠳᠤ ᠰᠠᠭᠠᠯᠢ ᠶᠢᠨ ᠦᠨᠢᠶ᠎ᠡ ᠶᠢᠨ ᠪᠣᠷᠳᠣᠭᠠᠨ ᠳᠤ 0.04~0.06% ᠶᠢᠨ ᠸᠢᠲ᠋ᠠᠮᠢᠨ C ᠨᠡᠮᠡᠵᠦ ᠪᠣᠯᠣᠨ᠎ᠠ᠂ ᠸᠢᠲ᠋ᠠᠮᠢᠨ C ᠨᠢ ᠰᠠᠭᠠᠯᠢ ᠶᠢᠨ ᠦᠨᠢᠶᠡᠨ ᠤ ᠪᠡᠶ᠎ᠡ ᠶᠢᠨ ᠳᠤᠯᠠᠭᠠᠨ ᠤ ᠳᠡᠭᠡᠭᠰᠢᠯᠡᠬᠦ ᠶᠢ ᠬᠤᠷᠢᠭᠯᠠᠵᠤ᠂ ᠢᠳᠡᠭᠡᠨ ᠤ ᠳᠤᠷᠠᠰᠢᠯ ᠢ ᠠᠬᠢᠭᠤᠯᠤᠨ᠂ ᠭᠡᠮ ᠬᠢᠵᠢᠭ ᠢ ᠡᠰᠡᠷᠭᠦᠴᠡᠬᠦ ᠬᠦᠴᠦᠨ ᠢ ᠳᠡᠭᠡᠭᠰᠢᠯᠡᠭᠦᠯᠵᠦ ᠴᠢᠳᠠᠨ᠎ᠠ᠃ ᠪᠣᠷᠳᠣᠭᠠᠨ ᠳᠤ ᠬᠠᠮᠲᠤ ᠳᠤ ᠨᠢ ᠬᠡᠪ ᠤᠨ ᠬᠡᠮᠵᠢᠶᠡᠨ ᠤ 3~5 ᠲᠠᠬᠢᠨ ᠢᠯᠡᠭᠦᠦ ᠸᠢᠲ᠋ᠠᠮᠢᠨ E ᠶᠢ ᠨᠡᠮᠡᠪᠡᠯ᠂ ᠰᠠᠭᠠᠯᠢ ᠶᠢᠨ ᠦᠨᠢᠶᠡᠨ ᠤ ᠬᠠᠯᠠᠭᠤᠨ ᠳᠤ ᠰᠡᠷᠡᠯᠵᠢᠬᠦ ᠳᠤᠬᠢᠶᠠᠯᠳᠤᠮᠵᠢ ᠶᠢ ᠪᠠᠭᠤᠷᠠᠭᠤᠯᠵᠤ ᠴᠢᠳᠠᠨ᠎ᠠ᠃ ᠸᠢᠲ᠋ᠠᠮᠢᠨ E ᠨᠢ ᠰᠠᠭᠠᠯᠢ ᠶᠢᠨ ᠦᠨᠢᠶᠡᠨ ᠤ ᠪᠡᠶ᠎ᠡ ᠳᠣᠲᠣᠷᠠᠬᠢ ᠦᠭᠡᠬᠦᠨ ᠤ ᠢᠰᠦᠯᠳᠦᠬᠦ ᠪᠠ ᠡᠪᠳᠡᠭᠳᠡᠬᠦ ᠠᠴᠠ ᠰᠡᠷᠭᠡᠶᠢᠯᠡᠵᠦ ᠴᠢᠳᠠᠬᠤ ᠲᠤᠯᠠ ᠪᠡᠶ᠎ᠡ ᠳᠣᠲᠣᠷᠠᠬᠢ ᠢᠰᠦᠮᠡᠭ ᠤᠨ ᠡᠭᠦᠰᠦᠯ ᠢ ᠬᠤᠷᠢᠭᠯᠠᠵᠤ᠂ ᠪᠠᠰᠠ ᠪᠣᠰᠤᠳ ᠸᠢᠲ᠋ᠠᠮᠢᠨ ᠤ ᠢᠰᠦᠯᠳᠦᠬᠦ ᠠᠴᠠ ᠰᠡᠷᠭᠡᠶᠢᠯᠡᠨ᠂ ᠸᠢᠲ᠋ᠠᠮᠢᠨ A ᠬᠢᠭᠡᠳ ᠸᠢᠲ᠋ᠠᠮᠢᠨ D ᠶᠢᠨ ᠭᠡᠳᠡᠰᠤᠨ ᠳᠤ ᠰᠢᠩᠭᠡᠭᠡᠬᠦ ᠠᠰᠢᠭᠯᠠᠭᠳᠠᠬᠤ ᠶᠢ ᠠᠬᠢᠭᠤᠯᠵᠤ ᠴᠢᠳᠠᠨ᠎ᠠ᠃
       ᠳᠥᠷᠪᠡ᠂ ᠡᠪᠡᠰᠦᠨ ᠨᠤᠨᠳᠠᠭ ᠨᠥᠬᠦᠪᠦᠷᠢᠯᠡᠵᠦ ᠲᠠᠷᠭᠤ ᠨᠡᠮᠡᠭᠳᠡᠭᠦᠯᠬᠦ
       ᠡᠰᠢ ᠰᠦᠷᠡᠯ ᠢ 2 ᠰᠠᠨᠲ᠋ᠢᠮᠧᠲᠷ ᠤᠷᠳᠤ ᠬᠢᠷᠢᠲᠡᠢ ᠬᠡᠮᠬᠡᠯᠦᠨ᠎ᠡ᠂ ᠬᠡᠷᠪᠡ ᠰᠠᠶᠢᠰᠠ ᠨᠢ ᠬᠡᠲᠦᠷᠬᠡᠢ ᠨᠠᠷᠢᠨ ᠪᠠᠶᠢᠪᠠᠯ᠂ ᠲᠣᠮᠣ ᠨᠦᠬᠡ ᠲᠠᠢ ᠰᠠᠶᠢᠰᠠ ᠪᠠᠷ ᠰᠣᠯᠢᠵᠤ᠂ ᠨᠦᠬᠡ ᠶᠢᠨ ᠳ᠋ᠢᠶᠠᠮᠧᠲᠷ ᠢ 1~2 ᠰᠠᠨᠲ᠋ᠢᠮᠧᠲᠷ ᠪᠠᠶᠢᠯᠭᠠᠨ᠎ᠠ᠃
       30~40℃ ᠤᠨ ᠪᠦᠯᠢᠶᠡᠨ ᠤᠰᠤ ᠪᠠᠷ ᠡᠪᠡᠰᠦᠨ ᠨᠤᠨᠳᠠᠭ ᠢ ᠵᠢᠭᠤᠷᠠᠵᠤ ᠨᠣᠷᠭᠠᠨ᠂ ᠭᠠᠷ ᠢᠶᠠᠷ ᠪᠠᠷᠢᠪᠠᠯ ᠪᠥᠭᠡᠮᠨᠡᠷᠡᠵᠦ ᠲᠠᠯᠪᠢᠪᠠᠯ ᠵᠠᠳᠠᠷᠠᠬᠤ ᠪᠠᠷ ᠪᠠᠷᠢᠮᠵᠢᠶᠠᠯᠠᠨ᠂ ᠳᠠᠬᠢᠨ 40 ᠰᠠᠨᠲ᠋ᠢᠮᠧᠲᠷ ᠵᠤᠵᠠᠭᠠᠨ ᠳᠥᠷᠪᠡᠯᠵᠢᠨ ᠣᠪᠣᠭᠠᠯᠠᠵᠤ᠂ ᠳᠡᠭᠡᠷ᠎ᠡ ᠨᠢ ᠮᠠᠳᠠᠢ ᠢᠶᠠᠷ ᠬᠤᠴᠢᠵᠤ ᠢᠰᠬᠡᠨ᠎ᠡ᠂ ᠣᠪᠣᠭᠠᠨ ᠳᠣᠲᠣᠷᠠᠬᠢ ᠳᠤᠯᠠᠭᠠᠨ ᠤ ᠬᠡᠮᠵᠢᠶ᠎ᠡ ᠨᠢ 40~50℃ ᠬᠦᠷᠴᠦ᠂ ᠬᠥᠷᠥᠩᠭᠡ ᠶᠢᠨ ᠰᠠᠶᠢᠬᠠᠨ ᠦᠨᠦᠷ ᠬᠠᠩᠬᠤᠯᠪᠠᠯ ᠳᠠᠷᠤᠢ ᠲᠡᠵᠢᠭᠡᠵᠦ ᠪᠣᠯᠣᠨ᠎ᠠ᠃ ᠢᠰᠦᠭᠰᠡᠨ ᠡᠪᠡᠰᠦᠨ ᠨᠤᠨᠳᠠᠭ ᠢ ᠳᠡᠯᠭᠡᠵᠦ ᠳᠤᠯᠠᠭᠠᠨ ᠢ ᠨᠢ ᠪᠠᠭᠤᠷᠠᠭᠤᠯᠤᠨ᠂ ᠳᠤᠯᠠᠭᠠᠨ ᠤ ᠬᠡᠮᠵᠢᠶ᠎ᠡ ᠬᠡᠲᠦᠷᠬᠡᠢ ᠥᠨᠳᠦᠷ ᠪᠤᠯᠵᠤ ᠢᠯᠵᠠᠷᠠᠵᠤ ᠴᠢᠨᠠᠷ ᠬᠤᠪᠢᠷᠠᠬᠤ ᠠᠴᠠ ᠰᠡᠷᠭᠡᠶᠢᠯᠡᠨ᠎ᠡ᠃ ᠲᠤᠭᠤᠯ ᠢ ᠡᠪᠡᠰᠦᠨ ᠨᠤᠨᠳᠠᠭ ᠢᠶᠠᠷ ᠲᠡᠵᠢᠭᠡᠵᠦ ᠪᠣᠯᠬᠤ ᠦᠭᠡᠢ᠃ 100 ᠺᠢᠯᠣᠭ᠍ᠷᠠᠮ ᠪᠦᠷᠢ ᠢᠰᠬᠡᠭᠰᠡᠨ ᠡᠪᠡᠰᠦᠨ ᠨᠤᠨᠳᠠᠭ ᠳᠡᠭᠡᠷ᠎ᠡ 1 ᠺᠢᠯᠣᠭ᠍ᠷᠠᠮ ᠬᠤᠭᠤᠯᠠᠨ ᠤ ᠳᠠᠪᠤᠰᠤ᠂ 0.5 ᠺᠢᠯᠣᠭ᠍ᠷᠠᠮ ᠶᠠᠰᠤᠨ ᠨᠤᠨᠳᠠᠭ᠂ 30 ᠺᠢᠯᠣᠭ᠍ᠷᠠᠮ ᠡᠷᠳᠡᠨᠢ ᠰᠢᠰᠢ ᠶᠢᠨ ᠲᠠᠯᠬ᠎ᠠ ᠪᠤᠶᠤ ᠬᠡᠪᠡᠭ᠂ ᠪᠤᠷᠴᠠᠭ ᠤᠨ ᠰᠢᠭᠠᠷᠤ ᠵᠡᠷᠭᠡ ᠰᠢᠮ᠎ᠡ ᠲᠡᠵᠢᠭᠡᠯᠲᠦ ᠡᠪᠡᠰᠦᠨ ᠨᠤᠨᠳᠠᠭ ᠢ ᠨᠡᠮᠡᠪᠡᠯ ᠲᠠᠷᠭᠤ ᠶᠢ ᠨᠡᠮᠡᠭᠳᠡᠭᠦᠯᠵᠦ ᠴᠢᠳᠠᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ