ᠳᠦᠭᠦᠭᠡᠢ ᠭᠠ ᠪᠠᠷ ᠭᠠᠭ᠋ᠠᠢ ᠶᠢᠨ ᠭᠡᠮ ᠢ ᠳᠡᠮᠲᠡᠢ ᠵᠠᠰᠠᠬᠤ
ᠨᠡᠶᠢᠲᠡᠯᠡᠭᠰᠡᠨ ᠴᠠᠭ᠄
2018/12/7

       ᠳᠦᠭᠦᠭᠡᠢ ᠭᠠ ᠨᠢ ᠬᠥᠮᠥᠰ ᠤᠨ ᠡᠳᠦᠷ ᠳᠤᠳᠤᠮ ᠤᠨ ᠠᠮᠢᠳᠤᠷᠠᠯ ᠳᠤᠮᠳᠠᠬᠢ ᠠᠮᠲᠠ ᠣᠷᠣᠭᠤᠯᠬᠤ ᠡᠳ᠋ ᠪᠣᠯᠬᠤ ᠪᠠᠷ ᠪᠠᠷᠠᠬᠤ ᠦᠭᠡᠢ ᠪᠠᠰᠠ ᠵᠣᠬᠢᠬᠤ ᠡᠮ ᠤᠨ ᠦᠨ᠎ᠡ ᠥᠷᠲᠡᠭ ᠲᠠᠢ ᠶᠤᠮ᠂ ᠭᠡᠷᠪᠡ ᠭᠠᠭ᠋ᠠᠢ ᠲᠡᠵᠢᠭᠡᠬᠦ ᠶᠠᠪᠤᠴᠠ ᠳᠤ ᠳᠦᠭᠦᠭᠡᠢ ᠭᠠ ᠶᠢ ᠳᠡᠮᠲᠡᠢ ᠠᠰᠢᠭᠯᠠᠪᠠᠯ ᠭᠡᠮ ᠬᠢᠵᠢᠭ ᠠᠴᠠ ᠰᠡᠷᠭᠡᠶᠢᠯᠡᠬᠦ᠂ ᠭᠡᠮ ᠬᠢᠵᠢᠭ ᠢ ᠵᠠᠰᠠᠬᠤ᠂ ᠭᠠᠭ᠋ᠠᠢ ᠶᠢᠨ ᠦᠰᠦᠯᠲᠡ ᠪᠤᠶᠢᠵᠢᠯᠲᠠ ᠶᠢ ᠬᠤᠷᠳᠤᠳᠬᠠᠬᠤ ᠵᠡᠷᠭᠡ ᠦᠢᠯᠡᠳᠦᠯ ᠲᠠᠢ ᠶᠤᠮ᠃ ᠪᠠᠷᠠᠭᠤᠨ ᠬᠤᠶᠢᠲᠤ ᠶᠢᠨ ᠲᠠᠷᠢᠶᠠᠯᠠᠩ ᠤᠢ ᠰᠢᠭᠤᠢ ᠶᠢᠨ ᠰᠢᠨᠵᠢᠯᠡᠬᠦ ᠤᠬᠠᠭᠠᠨ ᠮᠠᠷᠭᠡᠵᠢᠯ ᠤᠨ ᠶᠡᠭᠡ ᠰᠤᠷᠭᠠᠭᠤᠯᠢ ᠶᠢᠨ ᠠᠮᠢᠳᠠᠨ ᠤ ᠠᠨᠠᠭᠠᠬᠤ ᠤᠬᠠᠭᠠᠨ ᠤ ᠳᠡᠭᠡᠳᠦ ᠰᠤᠷᠭᠠᠭᠤᠯᠢ ᠶᠢᠨ ᠵᠸᠤ ᠬᠤᠩ ᠴᠤᠤ ᠳ᠋ᠣᠺᠲ᠋ᠣᠷ ᠬᠡᠯᠡᠭᠰᠡᠨ ᠨᠢ᠂ ᠳᠦᠭᠦᠭᠡᠢ ᠭᠠ ᠨᠢ ᠭᠠᠭ᠋ᠠᠢ ᠶᠢᠨ ᠴᠠᠭᠠᠨ ᠴᠢᠴᠠᠭ᠎ᠠ᠂ ᠭᠠᠭ᠋ᠠᠢ ᠶᠢᠨ ᠪᠠᠭᠠᠰᠤ ᠠᠯᠳᠠᠬᠤ᠂ ᠭᠠᠭ᠋ᠠᠢ ᠶᠢᠨ ᠲᠠᠭᠰᠢᠭᠤᠷ᠂ ᠭᠠᠭ᠋ᠠᠢ ᠶᠢᠨ ᠳᠡᠵᠢᠭᠡᠯ ᠬᠤᠷᠠᠬᠤ ᠶᠢ ᠵᠠᠰᠠᠬᠤ ᠪᠠ ᠲᠠᠷᠭᠤ ᠶᠢ ᠨᠡᠮᠡᠭᠳᠡᠭᠦᠯᠭᠦ ᠵᠡᠷᠭᠡ ᠬᠠᠴᠢᠨ ᠦᠢᠯᠡᠳᠦᠯ ᠲᠠᠢ ᠪᠠᠶᠢᠳᠠᠭ᠃
       ᠭᠠᠭ᠋ᠠᠢ ᠶᠢᠨ ᠳᠡᠵᠢᠭᠡᠯ ᠬᠤᠷᠠᠬᠤ ᠶᠢ ᠵᠠᠰᠠᠬᠤ᠄ ᠳᠦᠭᠦᠭᠡᠢ ᠭᠠ᠂ ᠪᠠᠭ᠎ᠠ ᠰᠤᠳᠠ᠂ ᠲᠠᠬᠢᠶᠠᠨ ᠪᠡᠳᠡᠭᠡ ᠶᠢ ᠤᠰᠤᠠ ᠳᠤ ᠴᠢᠨᠠᠭᠠᠳ ᠴᠢᠳᠬᠤᠵᠤ ᠤᠤᠭᠤᠯᠭᠠᠨ᠎ᠠ᠃ ᠭᠡᠷᠪᠡ ᠭᠠᠭ᠋ᠠᠢ ᠨᠢ ᠬᠤᠳᠤᠭᠤᠳᠤᠨ ᠬᠦᠢᠲᠡᠨ ᠠᠴᠠ ᠪᠤᠯᠵᠤ ᠪᠦᠭᠡᠯᠵᠢᠪᠡᠯ ᠳᠦᠭᠦᠭᠡᠢ ᠭᠠ᠂ ᠵᠦᠷᠵᠢ ᠶᠢᠨ ᠬᠠᠯᠢᠰᠤ ᠶᠢ ᠤᠰᠤᠠ ᠳᠤ ᠬᠢᠵᠦ ᠴᠢᠨᠠᠭᠠᠳ ᠰᠢᠭᠦᠰᠦ ᠶᠢ ᠨᠢ ᠴᠢᠳᠬᠤᠨ ᠤᠤᠭᠤᠯᠭᠠᠨ᠎ᠠ᠃
       ᠭᠠᠭ᠋ᠠᠢ ᠶᠢᠨ ᠪᠠᠶ᠎ᠡ ᠳᠡᠭᠡᠷᠡᠬᠢ ᠪᠠᠭ᠎ᠠ ᠬᠡᠮᠵᠢᠶᠡᠨ ᠤ ᠠᠷᠠᠰᠤᠨ ᠤ ᠭᠠᠳᠠᠷ ᠰᠢᠷᠬ᠎ᠠ ᠶᠢ ᠵᠠᠰᠠᠬᠤ᠄ ᠰᠢᠨ᠎ᠡ ᠰᠣᠷᠭᠤᠭ ᠳᠦᠭᠦᠭᠡᠢ ᠭᠠ ᠶᠢ ᠨᠢᠴᠠᠯᠵᠤ ᠭᠠᠭ᠋ᠠᠢ ᠶᠢᠨ ᠰᠢᠷᠬᠠᠲᠤᠭᠰᠠᠨ ᠭᠡᠰᠡᠭ ᠲᠤ ᠡᠳᠦᠷ ᠪᠦᠷᠢ 1 ᠤᠳᠠᠭ᠎ᠠ᠂ ᠦᠷᠬᠦᠯᠵᠢᠯᠡᠨ 3~4 ᠡᠳᠦᠷ ᠳᠦᠷᠭᠢᠪᠡᠯ ᠳᠠᠷᠤᠢ ᠡᠳᠡᠭᠡᠷᠡᠴᠢᠭᠡᠨ᠎ᠡ᠃
       ᠭᠠᠭ᠋ᠠᠢ ᠶᠢᠨ ᠲᠠᠭᠰᠢᠭᠤᠷ ᠢ ᠵᠠᠰᠠᠬᠤ᠄ ᠳᠦᠭᠦᠭᠡᠢ ᠭᠠ᠂ ᠰᠣᠩᠭᠢᠨ᠎ᠠ ᠶᠢᠨ ᠴᠠᠭᠠᠨ ᠢ ᠨᠢᠴᠠᠯᠵᠦ ᠵᠢᠭᠳᠡ ᠬᠤᠯᠢᠵᠤ᠂ ᠳᠡᠭᠡᠷ᠎ᠡ ᠨᠢ ᠬᠠᠷ᠎ᠠ ᠠᠷᠢᠬᠢ ᠨᠡᠮᠡᠵᠦ᠂ ᠲᠤᠮᠤ ᠭᠠᠭ᠋ᠠᠢ ᠳᠤ ᠪᠣᠯ ᠨᠢᠭᠡ ᠯᠠ ᠤᠳᠠᠭ᠎ᠠ ᠳᠤ ᠴᠢᠳᠬᠤᠨ ᠤᠤᠭᠤᠯᠭᠠᠵᠤ᠂ ᠪᠠᠭ᠎ᠠ ᠭᠠᠭ᠋ᠠᠢ ᠳᠤ ᠪᠣᠯ ᠭᠡᠷᠡᠭᠯᠡᠬᠦ ᠭᠡᠮᠵᠢᠶ᠎ᠠ ᠶᠢ ᠪᠠᠭ᠎ᠠ ᠬᠠᠰᠤᠨ᠎ᠠ᠃ ᠭᠠᠭ᠋ᠠᠢ ᠨᠢ ᠬᠠᠯᠳᠠᠪᠤᠷᠢᠲᠤ ᠲᠠᠭᠰᠢᠭᠤᠷ ᠲᠤ ᠨᠡᠷᠪᠡᠭᠳᠡᠪᠡᠯ ᠳᠦᠭᠦᠭᠡᠢ ᠭᠠ᠂ ᠰᠣᠩᠭᠢᠨ᠎ᠠ ᠶᠢᠨ ᠴᠠᠭᠠᠨ᠂ ᠬᠤᠯᠤᠰᠤᠨ ᠤ ᠦᠨᠳᠦᠰᠦ ᠶᠢ ᠤᠰᠤ ᠨᠡᠮᠡᠵᠦ ᠴᠢᠨᠠᠭᠠᠳ ᠰᠢᠭᠦᠰᠦ ᠶᠢ ᠨᠢ ᠴᠢᠳᠬᠤᠨ ᠤᠤᠭᠤᠯᠭᠠᠨ᠎ᠠ᠃ ᠪᠠᠭᠠᠰᠤ ᠠᠯᠳᠠᠬᠤ ᠰᠢᠨᠵᠢ ᠲᠡᠮᠳᠡᠭ ᠲᠠᠢ ᠪᠣᠯ ᠳᠦᠭᠦᠭᠡᠢ ᠭᠠ ᠶᠢ ᠰᠢᠭᠤᠳ ᠨᠢᠴᠠᠯᠵᠤ᠂ ᠭᠠᠭ᠋ᠠᠢ ᠶᠢᠨ ᠪᠠᠶ᠎ᠡ ᠶᠢᠨ ᠭᠦᠨᠳᠦ ᠶᠢ ᠦᠨᠳᠦᠰᠦᠯᠡᠵᠦ ᠳᠡᠵᠢᠭᠡᠨ᠎ᠡ᠂ ᠭᠡᠷᠪᠡ ᠢᠳᠡᠬᠦ ᠦᠭᠡᠢ ᠪᠠᠶᠢᠪᠠᠯ ᠪᠤᠯᠭᠤᠭᠠᠭᠰᠠᠨ ᠭᠤᠯᠢᠷ ᠤᠨ ᠱᠥᠯᠥ ᠲᠠᠢ ᠬᠤᠯᠢᠵᠦ ᠳᠡᠵᠢᠭᠡᠨ᠎ᠡ᠃
       ᠲᠣᠷᠣᠢ ᠶᠢᠨ ᠡᠳᠡᠭᠡᠷᠡᠯᠲᠡ ᠶᠢᠨ ᠨᠤᠷᠮ᠎ᠠ ᠶᠢ ᠳᠡᠭᠡᠭᠰᠢᠯᠡᠭᠦᠯᠬᠦ᠄ ᠮᠡᠭᠡᠵᠢ ᠳᠤ ᠵᠣᠬᠢᠬᠤ ᠬᠡᠮᠵᠢᠶᠡᠨ ᠤ ᠲᠦᠬᠦᠭᠡᠢ ᠭᠠ ᠢᠳᠡᠭᠦᠯᠪᠡᠯ᠂ ᠳᠤᠷᠤᠢ ᠶᠢᠨ ᠡᠳᠡᠭᠡᠷᠡᠯᠲᠡ ᠶᠢᠨ ᠨᠣᠷᠮ᠎ᠠ ᠶᠢ ᠳᠡᠭᠡᠭᠰᠢᠯᠡᠭᠦᠯᠵᠦ ᠴᠢᠳᠠᠨ᠎ᠠ᠃ ᠮᠡᠭᠡᠵᠢ ᠲᠣᠷᠦ᠋ᠢᠯᠠᠬᠤ ᠠᠴᠠ ᠡᠮᠦᠨᠡᠬᠢ ᠬᠠᠭᠠᠰ ᠰᠠᠷ᠎ᠠ ᠳᠤ᠂ ᠳᠦᠭᠦᠭᠡᠢ ᠭᠠ ᠶᠢ ᠨᠢᠴᠠᠯᠵᠦ ᠴᠢᠨᠠᠭᠠᠳ ᠭᠠ ᠶᠢᠨ ᠱᠦᠯᠦ ᠭᠠᠷᠭᠠᠵᠦ᠂ ᠮᠡᠭᠡᠵᠢ ᠶᠢᠨ ᠪᠤᠷᠳᠤᠭᠠᠨ ᠳᠤ ᠬᠤᠪᠢᠶᠠᠵᠦ ᠬᠤᠯᠢᠵᠦ ᠲᠡᠵᠢᠭᠡᠪᠡᠯ᠂ ᠲᠤᠷᠦ᠋ᠢᠯᠠᠭᠰᠠᠨ ᠤ ᠰᠡᠭᠦᠯᠡᠷᠬᠢ ᠲᠣᠷᠣᠢ ᠨᠢ ᠪᠡᠶ᠎ᠡ ᠴᠢᠬᠢᠷᠠᠭ᠂ ᠪᠠᠬᠢ᠂ ᠬᠦᠨᠳᠦ ᠶᠢᠨ ᠨᠡᠮᠡᠭᠳᠡᠯ ᠨᠢ ᠲᠦᠷᠭᠡᠨ ᠮᠦᠷᠳᠡᠭᠡᠨ ᠡᠳᠡᠭᠡᠷᠡᠯᠲᠡ ᠶᠢᠨ ᠨᠣᠷᠮ᠎ᠠ ᠨᠢ 99% ᠠᠴᠠ ᠳᠡᠭᠡᠭᠰᠢ ᠳᠤ ᠬᠦᠷᠦᠨ᠎ᠡ᠃
       ᠭᠠᠭ᠋ᠠᠢ ᠶᠢᠨ ᠪᠠᠭᠠᠰᠤ ᠠᠯᠳᠠᠬᠤ ᠶᠢ ᠵᠠᠰᠠᠬᠤ᠄ ᠲᠦᠬᠦᠭᠡᠢ ᠭᠠ᠂ ᠪᠤᠯᠭᠤᠭᠠᠭᠰᠠᠨ ᠦᠨᠳᠡᠭᠡᠨ ᠰᠢᠷ᠎ᠠ ᠶᠢ ᠬᠡᠮᠬᠡᠯᠵᠦ ᠭᠠᠭ᠋ᠠᠢ ᠳᠤ ᠨᠢᠭᠡ ᠯᠠ ᠤᠳᠠᠭ᠎ᠠ ᠳᠤ ᠢᠳᠡᠭᠦᠯᠦᠨ᠎ᠡ᠃ ᠳᠦᠭᠦᠭᠡᠢ ᠭᠠ᠂ ᠴᠠᠢ᠂ ᠤᠯᠠᠭᠠᠨ ᠰᠢᠬᠢᠷ ᠢ ᠬᠤᠯᠢᠵᠤ ᠳᠡᠭᠡᠷ᠎ᠡ ᠨᠢ ᠤᠰᠤ ᠨᠡᠮᠡᠵᠦ ᠴᠢᠨᠠᠭᠠᠳ᠂ ᠭᠠᠭ᠋ᠠᠢ ᠶᠢᠨ ᠪᠤᠷᠳᠤᠭᠠᠨ ᠳᠤ ᠬᠤᠯᠢᠵᠦ ᠡᠳᠦᠷ ᠪᠦᠷᠢ 2 ᠤᠳᠠᠭ᠎ᠠ ᠲᠡᠵᠢᠭᠡᠨ᠎ᠡ᠃ ᠪᠠᠰᠠ ᠭᠠ᠂ ᠴᠠᠢ᠂ ᠤᠯᠠᠭᠠᠨ ᠰᠢᠬᠢᠷ ᠳᠡᠭᠡᠷ᠎ᠡ ᠤᠰᠤ ᠬᠢᠵᠦ ᠴᠢᠨᠠᠭᠠᠳ᠂ ᠰᠢᠭᠠᠷᠤ ᠶᠢ ᠨᠢ ᠬᠠᠶᠠᠵᠦ ᠰᠢᠩᠭᠡᠨ ᠢ ᠨᠢ ᠡᠳᠦᠷ ᠪᠦᠷᠢ 2 ᠤᠳᠠᠭ᠎ᠠ ᠤᠤᠭᠤᠯᠭᠠᠪᠠᠯ᠂ ᠳᠤᠷᠤᠢ ᠶᠢᠨ ᠪᠠᠭᠠᠰᠤ ᠠᠯᠳᠠᠬᠤ ᠶᠢ ᠵᠠᠰᠠᠵᠤ ᠴᠢᠳᠠᠨ᠎ᠠ᠃
       ᠲᠠᠷᠭᠤᠯᠠᠭᠤᠯᠵᠤ ᠡᠷᠡᠭᠦᠯᠵᠢᠭᠦᠯᠬᠦ ᠦᠢᠯᠡᠳᠦᠯ ᠲᠠᠢ᠄ ᠲᠦᠬᠦᠭᠡᠢ ᠭᠠ ᠶᠢ ᠨᠢᠴᠠᠯᠵᠤ ᠴᠢᠨᠠᠵᠦ ᠱᠦᠯᠦ ᠭᠠᠷᠭᠠᠭᠠᠳ 15 ᠡᠳᠦᠷ ᠤᠷᠴᠢᠮ ᠪᠤᠯᠵᠦ ᠪᠠᠶᠢᠭ᠎ᠠ ᠨᠢᠯᠬ᠎ᠠ ᠳᠤᠷᠤᠢ ᠶᠢᠨ ᠪᠤᠷᠳᠤᠭᠠᠨ ᠳᠤ 3~4 ᠤᠳᠠᠭ᠎ᠠ ᠬᠤᠪᠢᠶᠠᠵᠦ ᠬᠤᠯᠢᠵᠦ ᠲᠡᠵᠢᠭᠡᠪᠡᠯ᠂ ᠳᠤᠷᠤᠢ ᠶᠢᠨ ᠡᠳᠡᠭᠡᠷᠡᠯᠲᠡ ᠶᠢᠨ ᠨᠤᠷᠮ᠎ᠠ ᠶᠢ ᠳᠡᠭᠡᠭᠰᠢᠯᠡᠭᠦᠯᠵᠦ ᠴᠢᠳᠠᠬᠤ ᠮᠦᠷᠳᠡᠭᠡᠨ ᠪᠠᠰᠠ ᠳᠤᠷᠤᠢ ᠶᠢᠨ ᠡᠬᠢᠨ ᠤ ᠬᠤᠭᠤᠴᠠᠭᠠᠨ ᠤ ᠬᠦᠨᠳᠦ ᠶᠢᠨ ᠨᠡᠮᠡᠭᠳᠡᠯ ᠢ ᠲᠦᠷᠭᠡᠳᠭᠡᠵᠦ ᠴᠢᠳᠠᠨ᠎ᠠ︔ ᠳᠦᠭᠦᠭᠡᠢ ᠭᠠ ᠶᠢ ᠬᠠᠲᠠᠭᠠᠵᠦ ᠠᠳᠠᠯᠢ ᠭᠡᠮᠵᠢᠶᠠᠨ ᠤ ᠨᠠᠷᠠᠨ ᠳᠤ ᠬᠠᠳᠠᠭᠠᠭᠰᠠᠨ ᠵᠦᠷᠵᠢ ᠶᠢᠨ ᠬᠠᠯᠢᠰᠤ ᠲᠠᠢ ᠬᠤᠯᠢᠵᠤ ᠨᠤᠨᠳᠠᠭᠯᠠᠨ ᠬᠠᠷᠢᠴᠠᠯ ᠢᠶᠠᠷ ᠪᠤᠷᠳᠤᠭ᠎ᠠ ᠲᠠᠢ ᠬᠤᠯᠢᠵᠤ ᠲᠡᠵᠢᠭᠡᠪᠡᠯ᠂ ᠪᠤᠷᠳᠤᠬᠤ ᠦᠷ᠎ᠡ ᠳ᠋ᠦᠩ ᠨᠢ ᠮᠠᠰᠢ ᠰᠠᠶᠢᠨ ᠪᠠᠶᠢᠳᠠᠭ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ