ᠦᠬᠡᠷ ᠬᠤᠨᠢ ᠳᠤ ᠡᠷᠦᠳᠡᠰᠦ ᠡᠯᠧᠮᠧᠨ᠋ᠲ ᠨᠦᠬᠦᠪᠦᠷᠢᠯᠡᠬᠦ  ᠠᠷᠭ᠎ᠠ
ᠨᠡᠶᠢᠲᠡᠯᠡᠭᠰᠡᠨ ᠴᠠᠭ᠄
2018/12/7

       ᠦᠬᠡᠷ ᠬᠤᠨᠢ ᠶᠢ ᠲᠡᠵᠢᠭᠡᠬᠦ ᠠᠷᠭ᠎ᠠ ᠨᠢ ᠭᠠᠭ᠋ᠠᠢ ᠲᠠᠬᠢᠶ᠎ᠠ ᠲᠡᠵᠢᠭᠡᠬᠦ ᠲᠠᠢ ᠠᠳᠠᠯᠢ ᠦᠭᠡᠢ᠂ ᠶᠡᠷᠦ ᠳᠡᠭᠡᠨ ᠲᠤᠤᠷᠠᠬᠢ ᠬᠡᠳᠤᠨ ᠵᠦᠢᠯ ᠤᠨ ᠠᠷᠭ᠎ᠠ ᠪᠠᠷ ᠡᠷᠦᠳᠡᠰᠦ ᠡᠯᠧᠮᠧᠨ᠋ᠲ ᠢ ᠨᠥᠬᠦᠪᠦᠷᠢᠯᠡᠵᠦ ᠪᠣᠯᠣᠨ᠎ᠠ᠄
       1. ᠬᠤᠯᠢᠮᠠᠭ ᠨᠠᠷᠢᠯᠢᠭ ᠪᠤᠷᠳᠤᠭ᠎ᠠ ᠲᠠᠢ ᠬᠤᠯᠢᠵᠦ ᠨᠦᠬᠦᠪᠦᠷᠢᠯᠡᠬᠦ᠄ ᠡᠨᠡ ᠨᠢ ᠦᠬᠡᠷ ᠬᠤᠨᠢ ᠳᠤ ᠡᠷᠦᠳᠡᠰᠦ ᠡᠯᠧᠮᠧᠨ᠋ᠲ ᠨᠦᠬᠦᠪᠦᠷᠢᠯᠡᠬᠦ ᠴᠢᠬᠤᠯᠠ ᠬᠡᠯᠪᠡᠷᠢ ᠪᠤᠯᠤᠨ᠎ᠠ᠃ ᠦᠬᠡᠷ ᠬᠤᠨᠢ ᠶᠢ ᠪᠤᠷᠳᠤᠬᠤ ᠳᠤ ᠶᠡᠷᠦ ᠳᠡᠭᠡᠨ ᠬᠤᠯᠢᠮᠠᠭ ᠨᠠᠷᠢᠯᠢᠭ ᠪᠤᠷᠳᠤᠭ᠎ᠠ ᠨᠦᠬᠦᠪᠦᠷᠢᠯᠡᠳᠡᠭ᠂ ᠡᠷᠦᠳᠡᠰᠦ ᠡᠯᠧᠮᠧᠨ᠋ᠲ ᠢ ᠨᠠᠷᠢᠯᠢᠭ ᠪᠤᠷᠳᠤᠭ᠎ᠠ ᠲᠠᠢ ᠬᠤᠯᠢᠵᠦ ᠨᠦᠬᠦᠪᠦᠷᠢᠯᠡᠪᠡᠯ ᠬᠡᠷᠡᠭᠯᠡᠬᠦ ᠳᠤ ᠲᠦᠭᠦᠮ ᠪᠠᠶᠢᠳᠠᠭ᠃ ᠬᠤᠯᠢᠬᠤ ᠳᠠᠭᠠᠨ ᠵᠢᠭᠳᠡ ᠬᠤᠯᠢᠬᠤ ᠶᠢ ᠤᠨᠴᠠᠭᠠᠢ ᠠᠩᠬᠠᠷᠴᠤ᠂ ᠢᠯᠠᠩᠭᠤᠶ᠎ᠠ ᠠᠶᠦᠯᠭᠦᠢ ᠬᠡᠮᠵᠢᠶ᠎ᠡ ᠪᠣᠯᠣᠨ ᠬᠤᠤᠷᠳᠠᠭᠳᠠᠬᠤ ᠬᠡᠮᠵᠢᠶ᠎ᠡ ᠶᠢᠨ ᠬᠡᠪᠴᠢᠶ᠎ᠡ ᠪᠠᠷ ᠢᠪᠴᠤᠤ ᠡᠯᠧᠮᠧᠨ᠋ᠲ ᠪᠣᠯ ᠨᠡᠩ ᠠᠩᠬᠠᠷᠪᠠᠯ ᠵᠤᠬᠢᠨ᠎ᠠ᠂ ᠵᠢᠱᠢᠶᠡᠯᠡᠪᠡᠯ ᠰᠧᠯᠸᠡ᠂ ᠦᠬᠡᠷ ᠬᠤᠨᠢ ᠬᠡᠲᠦᠷᠡᠲᠡᠯ᠎ᠡ ᠢᠳᠡᠰᠢᠯᠡᠵᠦ ᠮᠠᠭᠤ ᠨᠦᠯᠦᠭᠡ ᠡᠭᠦᠰᠬᠦ ᠠᠴᠠ ᠰᠡᠷᠭᠡᠶᠢᠯᠡᠨ᠎ᠡ᠃ ᠬᠡᠪᠡᠴᠦ᠂ ᠬᠠᠷᠢᠭᠤᠯᠵᠦ ᠪᠠᠶᠢᠬᠤ ᠮᠦᠷᠳᠡᠭᠡᠨ ᠡᠩ ᠤᠨ ᠴᠠᠭ ᠲᠤ ᠨᠠᠷᠢᠯᠢᠭ ᠪᠤᠷᠳᠤᠭ᠎ᠠ ᠴᠦᠬᠡᠨ ᠨᠦᠬᠦᠪᠦᠷᠢᠯᠡᠳᠡᠭ ᠦᠬᠡᠷ ᠬᠤᠨᠢ ᠳᠤ ᠪᠤᠯ ᠶᠡᠷᠦ ᠳᠡᠭᠡᠨ ᠡᠨᠡᠬᠦ ᠠᠷᠭ᠎ᠠ ᠶᠢ ᠬᠡᠷᠡᠭᠯᠡᠬᠦ ᠦᠬᠡᠢ᠃
       2. ᠲᠤᠰᠬᠠᠢ ᠨᠠᠶᠢᠷᠠᠭᠤᠯᠬᠤ᠄ ᠦᠯᠡᠮᠵᠢ ᠡᠯᠧᠮᠧᠨ᠋ᠲ ᠪᠠ ᠪᠢᠴᠢᠯ ᠡᠯᠧᠮᠧᠨ᠋ᠲ ᠤᠨ ᠬᠤᠯᠢᠮᠠᠭ ᠪᠤᠷᠳᠤᠭ᠎ᠠ ᠶᠢ ᠪᠣᠯ ᠦᠬᠡᠷ ᠬᠤᠨᠢᠨ ᠤ ᠲᠤᠰ ᠪᠡᠶ᠎ᠡ ᠶᠢᠨ ᠬᠡᠷᠡᠭᠴᠡᠭᠡ ᠶᠢ ᠦᠨᠳᠦᠰᠦᠯᠡᠵᠦ ᠴᠢᠯᠤᠭᠡᠳᠡᠢ ᠪᠠᠷ ᠳᠣᠯᠢᠶᠠᠯᠭᠠᠨ᠎ᠠ᠂ ᠡᠨᠡᠬᠦ ᠠᠷᠭ᠎ᠠ ᠶᠢᠨ ᠲᠤᠳᠠᠭᠳᠠᠯ ᠲᠠᠢ ᠲᠠᠯ᠎ᠠ ᠨᠢ ᠬᠡᠷᠡᠭᠯᠡᠬᠦ ᠳᠤ ᠲᠦᠭᠦᠮ ᠦᠭᠡᠢ ᠪᠠᠶᠢᠳᠠᠭ᠂ ᠡᠭᠦᠨ ᠠᠴᠠ ᠭᠠᠳᠠᠨ᠎ᠠ᠂ ᠰᠦᠢᠲᠡᠯ ᠨᠢ ᠪᠠᠰᠠ ᠨᠡᠯᠢᠶᠡᠳ ᠶᠡᠭᠡ ᠪᠠᠶᠢᠳᠠᠭ᠃
       3. ᠲᠤᠯᠢᠶᠠᠬᠤ ᠲᠤᠭᠤᠰᠬ᠎ᠠ ᠵᠤᠬᠢᠶᠠᠬᠤ᠄ ᠦᠬᠡᠷ ᠬᠤᠨᠢ ᠳᠤ ᠳᠣᠯᠢᠶᠠᠯᠭᠠᠨ᠎ᠠ᠂ ᠲᠤᠯᠢᠶᠠᠬᠤ ᠲᠤᠭᠤᠰᠬ᠎ᠠ ᠨᠢ ᠰᠢᠮ᠎ᠡ ᠲᠡᠵᠢᠭᠡᠯ ᠤᠨ ᠤᠬᠠᠭᠠᠨᠲᠠᠨ ᠤ ᠨᠠᠶᠢᠷᠠᠯᠭ᠎ᠠ ᠶᠢ ᠦᠨᠳᠤᠰᠦᠯᠡᠵᠦ ᠲᠦᠯᠦᠪᠯᠡᠭᠰᠡᠨ ᠪᠠᠶᠢᠳᠠᠭ᠂ ᠭᠡᠷ ᠤᠨ ᠲᠡᠵᠢᠭᠡᠪᠦᠷᠢ ᠤᠨ ᠳᠤᠲᠠᠭᠳᠠᠵᠤ ᠪᠤᠯᠤᠰᠢ ᠦᠭᠡᠢ ᠢᠳᠡᠭᠡᠨ ᠤ ᠲᠠᠪᠤᠰᠦ ᠶᠢ ᠪᠠᠭᠲᠠᠭᠠᠭᠰᠠᠨ ᠡᠯ᠎ᠡ ᠵᠦᠢᠯ ᠤᠨ ᠡᠷᠦᠳᠡᠰᠦ ᠡᠯᠧᠮᠧᠨ᠋ᠲ ᠢ ᠬᠠᠮᠲᠤ ᠬᠦᠢᠴᠡᠳ ᠬᠤᠯᠢᠭᠰᠠᠠᠨ ᠤ ᠲᠠᠷᠠᠭ᠎ᠠ ᠦᠨᠳᠤᠷ ᠲᠠᠷᠤᠴᠠ ᠪᠠᠷ ᠬᠡᠪᠰᠢᠭᠦᠯᠦᠨ ᠬᠢᠭᠰᠡᠨ ᠵᠣᠬᠢᠬᠤ ᠬᠦᠴᠦᠯᠡᠴᠡ ᠲᠠᠢ ᠬᠡᠰᠡᠭᠲᠦ ᠦᠢᠯᠡᠳᠭᠦᠨ ᠪᠣᠯᠣᠨ᠎ᠠ᠃ ᠭᠡᠷ ᠤᠨ ᠲᠡᠵᠢᠭᠡᠪᠤᠷᠢ ᠨᠢ ᠦᠪᠡᠷ ᠤᠨ ᠬᠡᠷᠡᠭᠴᠡᠭᠡ ᠪᠠᠨ ᠦᠨᠳᠤᠰᠤᠯᠡᠵᠦ᠂ ᠡᠳᠡᠭᠡᠷ ᠬᠡᠰᠡᠭᠲᠦ ᠦᠢᠯᠡᠳᠬᠦᠨ ᠢ ᠴᠢᠯᠦᠭᠡᠲᠡᠢ ᠳᠤᠯᠢᠶᠠᠭᠠᠳ᠂ ᠬᠡᠷᠡᠭᠯᠡᠬᠦ ᠳᠤ ᠲᠦᠭᠦᠮ ᠮᠦᠷᠳᠡᠭᠡᠨ ᠠᠶᠦᠯᠭᠦᠢ ᠪᠠᠶᠢᠳᠠᠭ᠃
ᠬᠠᠷᠢᠭᠤᠯᠬᠤ ᠪᠠᠷ ᠭᠤᠤᠯᠯᠠᠵᠤ ᠡᠩ ᠤᠨ ᠴᠠᠭ ᠲᠤ ᠬᠤᠯᠢᠮᠠᠭ ᠨᠠᠷᠢᠯᠢᠭ ᠪᠤᠷᠳᠤᠭ᠎ᠠ ᠴᠦᠬᠡᠨ ᠨᠦᠬᠦᠪᠦᠷᠢᠯᠡᠳᠡᠭ ᠦᠬᠡᠷ ᠬᠤᠨᠢ ᠳᠤ ᠠᠪᠴᠤ ᠬᠡᠯᠡᠪᠡᠯ᠂ ᠡᠨᠡ ᠨᠢ ᠲᠦᠢᠯ ᠤᠨ ᠰᠠᠶᠢᠨ ᠡᠷᠦᠳᠡᠰᠦ ᠡᠯᠧᠮᠧᠨ᠋ᠲ ᠨᠦᠬᠦᠪᠦᠷᠢᠯᠡᠬᠦ ᠠᠷᠭ᠎ᠠ ᠪᠤᠯᠤᠨ᠎ᠠ᠃
       ᠦᠩᠭᠡᠷᠡᠭᠰᠡᠨ ᠳᠤ ᠲᠤᠯᠢᠶᠠᠬᠤ ᠲᠤᠭᠤᠰᠬ᠎ᠠ ᠶᠢ ᠭᠤᠤᠯᠳᠠᠭᠤ ᠭᠠᠳᠠᠭᠠᠳᠤ ᠶᠢᠨ ᠮᠠᠯ ᠠᠵᠦ ᠠᠬᠤᠢ ᠬᠦᠭᠵᠢᠭᠰᠡᠨ ᠤᠯᠤᠰ ᠦᠢᠯᠡᠳᠪᠦᠷᠢᠯᠡᠵᠦ ᠪᠠᠶᠢᠭᠰᠠᠨ ᠪᠣᠯᠬᠤᠷ ᠦᠨ᠎ᠡ ᠬᠠᠩᠰᠢ ᠨᠢ ᠨᠡᠯᠢᠶᠡᠳ ᠦᠨᠡᠲᠡᠢ ᠪᠠᠶᠢᠯ᠎ᠠ᠃ ᠤᠳᠤ ᠮᠠᠨ ᠤ ᠤᠯᠤᠰ ᠤᠨ ᠤᠯᠠᠩᠬᠢ ᠮᠤᠵᠢ ᠤᠷᠤᠨ ᠳᠤ ᠴᠦᠮ ᠦᠢᠯᠡᠳᠪᠦᠷᠢᠯᠡᠬᠦ ᠪᠤᠯᠵᠦ᠂ ᠴᠢᠨᠠᠷ ᠨᠢ ᠰᠠᠶᠢᠨ ᠮᠦᠷᠳᠡᠭᠡᠨ ᠭᠠᠳᠠᠭᠠᠳᠤ ᠤᠯᠤᠰ ᠤᠨ ᠠᠳᠠᠯᠢ ᠦᠢᠯᠡᠳᠬᠦᠨ ᠠᠴᠠ ᠬᠤᠯᠠ ᠬᠢᠮᠳᠠ ᠪᠠᠶᠢᠳᠠᠭ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ