ᠦᠬᠡᠷ ᠲᠡᠵᠢᠭᠡᠬᠦ ᠳᠤ ᠡᠪᠡᠰᠤ ᠠᠷᠪᠢᠯᠠᠬᠤ ᠨᠠᠢᠮᠠᠨ ᠵᠦᠢᠯ ᠤᠨ ᠠᠷᠭ᠎ᠠ
ᠨᠡᠶᠢᠲᠡᠯᠡᠭᠰᠡᠨ ᠴᠠᠭ᠄
2018/12/7

       ᠡᠪᠡᠰᠦ ᠶᠢ ᠣᠬᠤᠷ ᠬᠡᠷᠴᠢᠵᠤ ᠲᠡᠵᠢᠭᠡᠬᠦ  
       ᠶᠡᠷᠦ ᠶᠢᠨ ᠦᠭᠡᠨ ᠳᠤ᠄ ︽ᠢᠮᠠᠬᠤ ᠡᠪᠡᠰᠦ ᠶᠢ ᠭᠤᠷᠪᠠ ᠬᠡᠷᠴᠢᠪᠡᠯ᠂ ᠪᠣᠷᠳᠣᠬᠤ ᠦᠭᠡᠢ ᠴᠦ ᠲᠠᠷᠭᠤᠯᠠᠨ᠎ᠠ︾ ᠭᠡᠳᠡᠭ᠃ ᠲᠡᠵᠢᠭᠡᠯ ᠡᠪᠡᠰᠦ ᠶᠢ ᠣᠬᠤᠷ ᠬᠡᠷᠴᠢᠭᠡᠳ ᠦᠬᠡᠷ ᠢ ᠲᠡᠵᠢᠭᠡᠪᠡᠯ᠂ ᠪᠦᠬᠦᠯᠢ ᠪᠠᠷ ᠲᠡᠵᠢᠭᠡᠭᠰᠡᠨ ᠠᠴᠠ ᠡᠪᠡᠰᠦ ᠶᠢ 20% ᠣᠷᠴᠢᠮ ᠠᠷᠪᠢᠯᠠᠵᠤ ᠴᠢᠳᠠᠨ᠎ᠠ᠂ ᠢᠯᠠᠩᠭᠤᠶ᠎ᠠ ᠢᠳᠡᠰᠢᠯᠡᠬᠦ ᠨᠢ ᠪᠠᠭ᠎ᠠ ᠪᠤᠶᠤ ᠢᠳᠡᠰᠢᠯᠡᠬᠦ ᠳᠤ ᠬᠦᠴᠢᠷ ᠲᠠᠢ ᠪᠦᠳᠦᠭᠦᠯᠢᠭ᠂ ᠬᠠᠲᠠᠭᠤ ᠡᠰᠢ ᠰᠦᠷᠡᠯ ᠢ ᠣᠬᠤᠷ ᠬᠡᠷᠴᠢᠵᠦ ᠲᠡᠵᠢᠭᠡᠪᠡᠯ᠂ ᠭᠦᠢᠴᠡᠳ ᠠᠰᠢᠭᠯᠠᠵᠤ ᠳᠡᠶᠢᠯᠬᠦ ᠮᠦᠷᠲᠡᠭᠡᠨ ᠰᠢᠩᠭᠡᠭᠡᠬᠦ ᠨᠤᠷᠮ᠎ᠠ ᠶᠢ ᠴᠤ ᠳᠡᠭᠡᠭᠰᠢᠯᠡᠭᠦᠯᠵᠦ ᠴᠢᠳᠠᠨ᠎ᠠ᠃ ᠶᠡᠷᠦ ᠳᠡᠭᠡᠨ ᠡᠰᠢ ᠰᠦᠷᠡᠯ ᠢ 3~5 ᠰᠠᠨᠲ᠋ᠢᠮᠧᠲᠷ ᠤᠷᠲᠦ ᠬᠡᠷᠴᠢᠵᠦ ᠦᠬᠡᠷ ᠢ ᠲᠡᠵᠢᠭᠡᠨ᠎ᠡ᠃
       ᠪᠦᠳᠦᠭᠦᠯᠢᠭ ᠡᠪᠡᠰᠦ ᠪᠠᠷ ᠨᠠᠷᠢᠯᠢᠭ ᠲᠡᠵᠢᠭᠡᠬᠦ  
       ᠲᠠᠷᠢᠮᠠᠯ ᠤᠨ ᠡᠰᠢ ᠰᠦᠷᠡᠯ ᠢ ᠲᠠᠪᠤᠰᠤᠵᠢᠭᠤᠯᠵᠤ᠂ ᠱᠦᠯᠳᠦᠵᠢᠭᠦᠯᠵᠤ᠂ ᠰᠢᠪᠲᠤᠷᠵᠢᠭᠤᠯᠤᠨ ᠰᠢᠢᠳᠪᠦᠷᠢᠯᠡᠨ᠎ᠡ᠂ ᠡᠰᠡᠬᠦᠯ᠎ᠡ ᠬᠡᠷᠴᠢᠭᠰᠡᠨ ᠤ ᠳᠠᠷᠠᠭ᠎ᠠ ᠨᠠᠷᠢᠯᠢᠭ ᠪᠣᠷᠳᠤᠭ᠎ᠠ ᠲᠠᠢ ᠬᠤᠯᠢᠵᠤ ᠦᠬᠡᠷ ᠢ ᠲᠡᠵᠢᠭᠡᠪᠡᠯ ᠲᠡᠵᠢᠭᠡᠯ ᠡᠪᠡᠰᠦᠨ ᠤ ᠠᠰᠢᠭᠯᠠᠮᠵᠢ ᠶᠢ ᠳᠡᠭᠡᠭᠰᠢᠯᠡᠭᠦᠯᠵᠦ᠂ ᠢᠳᠡᠭᠦᠰᠢ ᠴᠢᠨᠠᠷ ᠢ ᠨᠡᠮᠡᠭᠳᠡᠭᠦᠯᠦᠨ᠂ ᠲᠡᠵᠢᠭᠡᠯ ᠡᠪᠡᠰᠦ ᠶᠢ ᠠᠷᠪᠢᠯᠠᠬᠤ ᠪᠣᠯᠣᠨ᠎ᠠ᠃
       ᠴᠦᠬᠡᠨ ᠬᠡᠮᠵᠢᠶ᠎ᠡ ᠪᠠᠷ ᠣᠯᠠᠨ ᠤᠳᠠᠭ᠎ᠠ ᠨᠡᠮᠡᠬᠦ  
       ᠲᠡᠵᠢᠭᠡᠯ ᠡᠪᠡᠰᠦ ᠶᠢ ᠨᠢᠭᠡ ᠯᠠ ᠤᠳᠠᠭ᠎ᠠ ᠨᠡᠮᠡᠵᠦ ᠲᠡᠵᠢᠭᠡᠪᠡᠯ᠂ ᠦᠬᠡᠷ ᠨᠢ ᠲᠤᠩ ᠠᠮᠠᠷᠬᠠᠨ ᠢᠳᠡᠰᠢ ᠭᠤᠯᠣᠬᠤ ᠮᠠᠭᠤ ᠵᠠᠩᠰᠢᠯ ᠲᠠᠢ ᠪᠤᠯᠤᠭᠠᠳ᠂ ᠲᠡᠵᠢᠭᠡᠯ ᠡᠪᠡᠰᠦ ᠶᠢ ᠰᠦᠢᠳᠭᠡᠬᠦ ᠪᠤᠯᠣᠨ᠎ᠠ᠃ ᠪᠠᠭ᠎ᠠ ᠲᠡᠵᠢᠭᠡᠵᠦ ᠤᠯᠠᠨ ᠤᠳᠠᠭ᠎ᠠ ᠨᠡᠮᠡᠪᠡᠯ᠂ ᠲᠡᠵᠢᠭᠡᠯ ᠡᠪᠡᠰᠦᠨ ᠳᠤ ᠠᠷᠪᠢᠲᠠᠢ ᠪᠠᠶᠢᠳᠠᠭ᠃
       ᠣᠩᠭᠤᠴᠠᠨ ᠳᠤ ᠬᠢᠵᠦ ᠲᠡᠵᠢᠭᠡᠬᠦ  
       ᠲᠡᠵᠢᠭᠡᠯ ᠡᠪᠡᠰᠦ ᠶᠢ ᠬᠠᠰᠢᠶ᠎ᠠ ᠬᠤᠷᠤᠭᠠᠨ ᠳᠤ ᠰᠢᠭᠤᠳ ᠬᠠᠶᠠᠵᠤ ᠦᠭᠴᠦ ᠪᠠᠶᠢᠭᠰᠠᠨ ᠳᠠᠳᠬᠠᠯ ᠢᠶᠠᠨ ᠦᠭᠡᠷᠡᠴᠢᠯᠡᠵᠦ᠂ ᠲᠡᠵᠢᠭᠡᠯ ᠡᠪᠡᠰᠦ ᠶᠢ ᠣᠩᠭᠤᠴᠠᠨ ᠳᠤ ᠬᠢᠵᠦ ᠲᠡᠵᠢᠭᠡᠪᠡᠯ ᠲᠡᠵᠢᠭᠡᠯ ᠡᠪᠡᠰᠦ ᠨᠢ ᠪᠠᠭᠠᠰᠤ ᠰᠢᠭᠡᠰᠦᠨ ᠳᠤ ᠪᠤᠵᠠᠷᠲᠤᠭᠳᠠᠬᠤ ᠦᠭᠡᠢ ᠪᠣᠯᠵᠤ᠂  ᠦᠬᠡᠷ ᠢᠳᠡᠰᠢᠯᠡᠭᠰᠡᠨ ᠤ ᠳᠠᠷᠠᠭ᠎ᠠ ᠭᠡᠮᠨᠡᠬᠦ ᠦᠭᠡᠢ ᠮᠦᠷᠲᠡᠭᠡᠨ ᠶᠡᠭᠡ ᠬᠡᠮᠵᠢᠶᠡᠨ ᠤ ᠲᠡᠵᠢᠭᠡᠯ ᠡᠪᠡᠰᠦ ᠶᠢ ᠠᠷᠪᠢᠯᠠᠵᠦ ᠴᠢᠳᠠᠨ᠎ᠠ᠃
       ᠤᠷᠢᠳᠠᠪᠡᠷ ᠪᠦᠳᠦᠭᠦᠯᠢᠭ ᠳᠠᠷᠠᠭ᠎ᠠ ᠨᠢ ᠨᠠᠷᠢᠯᠢᠭ  
       ᠤᠷᠢᠳᠠᠪᠠᠷ ᠪᠦᠳᠦᠭᠦᠯᠢᠭ ᠪᠣᠷᠳᠤᠭ᠎ᠠ ᠪᠠᠷ ᠲᠡᠵᠢᠭᠡᠪᠡᠯ ᠦᠯᠦᠰᠦᠭᠰᠠᠠ ᠭᠥᠮᠤᠠ ᠳᠤ ᠦᠯ ᠪᠤᠭᠤ ᠶᠢᠨ ᠡᠪᠡᠷ ᠵᠦᠭᠡᠯᠡᠠ ᠭᠡᠳᠡᠭᠴᠢᠯᠡᠠ ᠦᠬᠡᠷ ᠨᠢ ᠡᠪᠡᠰᠦ ᠭᠤᠯᠣᠬᠤ ᠦᠭᠡᠢ᠂ ᠪᠦᠳᠦᠭᠦᠯᠢᠭ ᠪᠣᠷᠳᠤᠭ᠎ᠠ ᠶᠢ ᠤᠯᠠᠨ ᠢᠳᠡᠰᠢᠯᠡᠬᠦ ᠪᠣᠯᠣᠨ᠎ᠠ᠃ ᠳᠠᠷᠠᠭ᠎ᠠ ᠨᠢ ᠰᠢᠮ᠎ᠡ ᠲᠡᠵᠢᠭᠡᠯ ᠤᠨ ᠬᠡᠷᠡᠭᠴᠡᠭᠡ ᠶᠢ ᠦᠨᠳᠦᠰᠦᠯᠡᠨ ᠨᠠᠷᠢᠯᠢᠭ ᠪᠣᠷᠳᠤᠭ᠎ᠠ ᠪᠤᠶᠤ ᠰᠢᠯᠢᠳᠡᠭ ᠲᠡᠵᠢᠭᠡᠯ ᠡᠪᠡᠰᠦ ᠪᠠᠷ ᠲᠡᠵᠢᠭᠡᠨ᠎ᠡ᠂ ᠢᠩᠬᠢᠪᠡᠯ ᠦᠬᠡᠷ ᠨᠢ ᠪᠦᠳᠦᠭᠦᠯᠢᠭ ᠪᠣᠷᠳᠤᠭ᠎ᠠ ᠶᠢ ᠭᠦᠢᠴᠡᠳ ᠠᠰᠢᠭᠯᠠᠵᠤ᠂ ᠲᠡᠵᠢᠭᠡᠯ ᠡᠪᠡᠰᠦ ᠶᠢ ᠠᠷᠪᠢᠯᠠᠬᠤ ᠪᠤᠯᠤᠨ᠎ᠠ᠃
       ᠣᠩᠭᠤᠴᠠ ᠶᠢ ᠦᠭᠡᠷᠡᠴᠢᠯᠡᠬᠦ  
       ᠲᠡᠵᠢᠭᠡᠯ ᠤᠨ ᠤᠩᠭᠤᠴᠠ ᠨᠢ ᠬᠡᠲᠦᠷᠭᠡᠢ ᠭᠦᠶᠤᠭᠡᠠ ᠪᠤᠯ ᠦᠭᠡᠷ ᠨᠢ ᠡᠪᠡᠰᠤ ᠢᠳᠡᠰᠢᠯᠡᠭᠦ ᠦᠶᠠᠰ ᠡᠪᠡᠰᠤ ᠶᠢ ᠭᠠᠳᠠᠨ᠎ᠠ ᠨᠢ ᠡᠳᠡᠵᠦ ᠭᠠᠷᠭᠠᠭᠠᠳ ᠪᠦᠷᠢᠯᠭᠡᠭᠦ ᠪᠤᠯᠤᠨ᠎ᠠ᠂ ᠡᠶᠢᠮᠦ ᠠᠴᠠ ᠲᠡᠵᠢᠭᠡᠯ ᠤᠨ ᠣᠩᠭᠤᠴᠠ ᠬᠢᠬᠦ ᠳᠤ᠂ ᠤᠩᠭᠤᠴᠨ ᠶᠢ ᠭᠦᠨ ᠰᠢᠭ ᠬᠢᠵᠦ᠂ ᠶᠡᠷᠦ ᠳᠡᠭᠡᠨ 40 ᠰᠠᠨᠲ᠋ᠢᠮᠧᠲᠷ ᠬᠢᠷᠢᠲᠠᠢ ᠬᠢᠪᠡᠯ ᠰᠠᠶᠢᠨ ᠶᠤᠮ᠃
       ᠦᠯᠡᠳᠡᠭᠰᠡᠨ ᠡᠪᠡᠰᠦ ᠶᠢ ᠪᠣᠯᠪᠠᠰᠤᠷᠠᠭᠤᠯᠬᠤ  
       ᠦᠩᠭᠡᠷᠡᠭᠰᠡᠨ ᠳᠤ ᠶᠡᠷᠦ ᠳᠡᠭᠡᠨ ᠦᠬᠡᠷ ᠤᠨ ᠢᠳᠡᠰᠢᠯᠡᠭᠡᠳ ᠦᠯᠡᠳᠡᠭᠰᠡᠨ ᠪᠦᠳᠦᠭᠦᠯᠢᠭ ᠬᠠᠲᠠᠭᠤ ᠡᠰᠢ ᠰᠦᠷᠡᠯ ᠢ ᠲᠦᠯᠡᠰᠢ ᠪᠣᠯᠭᠠᠨ ᠰᠢᠲᠠᠭᠠᠳᠠᠭ ᠪᠠᠶᠢᠨ᠎ᠠ᠂ ᠲᠡᠭᠦᠨ ᠢ ᠲᠡᠭᠦᠨ ᠠᠪᠴᠦ ᠬᠠᠲᠠᠭᠠᠭᠠᠳ ᠭᠡᠮᠭᠡᠯᠤᠭᠦᠷ ᠮᠠᠰᠢᠠ ᠢᠶᠠᠷ ᠲᠠᠬᠢᠠ ᠭᠡᠮᠭᠡᠯᠵᠤ ᠨᠤᠡᠳᠠᠭ ᠪᠤᠯᠭᠠᠵᠤ ᠦᠭᠡᠷ ᠢ ᠲᠡᠵᠢᠭᠡᠪᠡᠯ᠂ ᠡᠰᠢ ᠰᠦᠷᠡᠯ ᠤᠨ ᠠᠰᠢᠭᠯᠠᠮᠵᠢ ᠶᠢ ᠪᠦᠲᠦᠮᠵᠢᠲᠡᠢ ᠳᠡᠭᠡᠭᠰᠢᠯᠡᠭᠦᠯᠵᠦ ᠴᠢᠳᠠᠨ᠎ᠠ᠃
       ᠰᠡᠭᠡᠯ ᠢ ᠠᠷᠪᠢᠯᠠᠬᠤ  
       ᠬᠠᠰᠢᠶ᠎ᠠ ᠬᠤᠷᠤᠭᠠᠠ ᠤ ᠠᠷᠢᠭᠤᠠ ᠴᠡᠪᠡᠷ ᠢ ᠪᠠᠳᠤᠯᠠᠬᠤ ᠭᠡᠪᠡᠯ ᠠᠯᠢ ᠴᠢᠳᠠᠬᠤ ᠪᠠᠷ ᠬᠠᠶᠠᠬᠳᠠᠮᠠᠯ ᠬᠤᠭ ᠡᠪᠡᠰᠤ ᠪᠠᠷ ᠦᠭᠡᠷ ᠤᠨ ᠰᠡᠭᠡᠯ ᠪᠤᠯᠭᠠᠵᠤ᠂ ᠲᠡᠵᠢᠭᠡᠯ ᠡᠪᠡᠰᠤᠠ ᠤ ᠰᠦᠢᠳᠤᠯ ᠢ ᠪᠠᠭᠠᠰᠬᠠᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ