ᠬᠠᠩᠰᠢ ᠶᠢᠨ ᠠᠮᠠᠷᠠᠯᠳᠠ ᠶᠢᠨ ᠬᠤᠭᠤᠴᠠᠭ᠎ᠠ ᠳᠤ᠂ ᠬᠦᠬᠡᠬᠤᠳᠠ ᠶᠢᠨ ᠴᠠᠭᠠᠨ ᠰᠤᠪᠤᠷᠭ᠎ᠠ ᠤᠯᠠᠨ ᠤᠯᠤᠰ ᠤᠨ | ᠨᠢᠰᠬᠡᠯ ᠤᠨ ᠪᠠᠭᠤᠳᠠᠯ ᠨᠢ ᠨᠡᠶᠢᠳᠡ 9.3 ᠲᠦᠮᠡᠨ ᠠᠶᠠᠨᠴᠢᠨ ︵ᠬᠦᠮᠦᠨ ᠤᠳᠠᠭ᠎ᠠ︶ ᠵᠦᠬᠡᠬᠡᠪᠦᠷᠢᠯᠡᠵᠦ᠂ ᠨᠢᠳᠤᠨᠤᠨ | ᠤ ᠠᠳᠠᠯᠢ ᠬᠤᠭᠤᠴᠠᠭ᠎ᠠ ᠶᠢᠨ ᠬᠢ ᠠᠴᠠ 34% ᠪᠠᠷ ᠨᠡᠮᠡᠭᠳᠡᠭᠰᠡᠨ ᠪᠠᠶᠢᠨ᠎ᠠ᠃ | ᠡᠨᠡ ᠵᠢᠯ ᠤᠨ ᠬᠠᠩᠰᠢ ᠶᠢᠨ ᠠᠮᠠᠷᠠᠯᠳᠠ ᠶᠢᠨ ᠬᠤᠭᠤᠴᠠᠭ᠎ᠠ ᠳᠤ᠂ ᠲᠤᠰ ᠨᠢᠰᠬᠡᠯ ᠤᠨ ᠪᠠᠭᠤᠳᠠᠯ ᠨᠢ ᠨᠡᠶᠢᠳᠡ | 848 ᠡᠬᠡᠯᠵᠢ ᠶᠢᠨ ᠨᠢᠰᠬᠡᠯ ᠤᠨ ᠨᠢᠰᠴᠤ ᠪᠠᠭᠤᠬᠤ ᠶᠢ ᠪᠠᠲᠤᠯᠠᠵᠦ᠂ ᠨᠢᠳᠤᠨᠤᠨ ᠤ ᠠᠳᠠᠯᠢ | ᠬᠤᠭᠤᠴᠠᠭ᠎ᠠ ᠶᠢᠨ ᠬᠢ ᠠᠴᠠ 16% ᠪᠠᠷ ᠨᠡᠮᠡᠭᠳᠡᠵᠡᠢ᠃ ᠡᠬᠦᠨ ᠳᠤ᠂ 4 ᠳ᠋ᠦ᠋ᠭᠡᠷ ᠰᠠᠷ᠎ᠠ ᠶᠢᠨ 7 ᠤ ᠡᠳᠦᠷ᠂ ᠲᠤᠰ | ᠨᠢᠰᠬᠡᠯ ᠤᠨ ᠪᠠᠭᠤᠳᠠᠯ ᠨᠢ ᠨᠡᠶᠢᠳᠡ 323 ᠨᠢᠰᠬᠡᠯ ᠤᠨ ᠨᠢᠰᠴᠤ ᠪᠠᠭᠤᠬᠤ ᠶᠢ ᠪᠠᠲᠤᠯᠠᠵᠦ᠂ ᠨᠡᠶᠢᠳᠡ 3.52 | ᠲᠦᠮᠡᠨ ᠠᠶᠠᠨᠴᠢᠨ ︵ᠬᠦᠮᠦᠨ ᠤᠳᠠᠭ᠎ᠠ︶ ᠵᠦᠬᠡᠬᠡᠪᠦᠷᠢᠯᠡᠵᠦ᠂ ᠡᠨᠡ ᠬᠠᠩᠰᠢ ᠶᠢᠨ ᠪᠠᠭ᠎ᠠ ᠠᠮᠠᠷᠠᠯᠳᠠ ᠳᠤ | ᠵᠦᠬᠡᠬᠡᠪᠦᠷᠢᠯᠡᠭᠰᠡᠨ ᠠᠶᠠᠨᠴᠢᠨ ᠤ ᠲᠤᠭ᠎ᠠ ᠪᠠᠷ ᠬᠠᠮᠤᠬ ᠤᠨ ᠤᠯᠠᠨ ᠨᠢᠬᠡ ᠡᠳᠦᠷ ᠪᠤᠯᠤᠬᠰᠠᠨ ᠪᠠᠶᠢᠨ᠎ᠠ᠃ | ᠬᠠᠩᠰᠢ ᠶᠢᠨ ᠠᠮᠠᠷᠠᠯᠳᠠ ᠠᠴᠠ ᠡᠮᠦᠨ᠎ᠠ ᠪᠠ ᠠᠮᠠᠷᠠᠯᠳᠠ ᠶᠢᠨ ᠬᠤᠭᠤᠴᠠᠭ᠎ᠠ ᠳᠤ᠂ ᠲᠤᠰ ᠨᠢᠰᠬᠡᠯ ᠤᠨ ᠪᠠᠭᠤᠳᠠᠯ ᠨᠢ | ︽ᠤᠨᠴᠠᠭᠠᠢ ᠠᠭᠤᠷ ᠠᠮᠢᠰᠬᠤᠯ ᠤᠨ ᠨᠦᠬᠦᠴᠡᠯ ᠲᠤᠤᠷᠠᠬᠢ ᠨᠢᠰᠬᠡᠯ ᠤᠨ ᠪᠠᠭᠤᠳᠠᠯ ᠤᠨ ᠡᠷᠬᠢᠯᠳᠡ ᠶᠢ ᠪᠠᠲᠤᠯᠠᠬᠤ | ᠲᠦᠰᠦᠯ︾ ᠢ ᠴᠠᠬ ᠲᠤᠬᠠᠢ ᠳᠤᠨᠢ ᠡᠬᠢᠯᠡᠬᠦᠯᠦᠨ ᠶᠠᠪᠤᠭᠳᠠᠭᠤᠯᠵᠦ᠂ ᠡᠯ᠎ᠠ ᠨᠢᠬᠡᠴᠡ ᠨᠢ ᠬᠤᠭᠤᠷᠤᠨᠳᠤ ᠪᠠᠨ ᠨᠢᠬᠳᠠ | ᠬᠠᠮᠵᠢᠯᠴᠠᠵᠦ᠂ ᠡᠯ᠎ᠠ ᠲᠦᠷᠦᠯ ᠤᠨ ᠪᠠᠲᠤᠯᠠᠪᠤᠷᠢ ᠶᠢᠨ ᠠᠰᠠᠭᠤᠳᠠᠯ ᠢ ᠲᠡᠷᠡ ᠲᠤᠤᠷ᠎ᠠ ᠨᠢ ᠪᠦᠲᠦᠮᠵᠢᠳᠡᠢ | ᠰᠢᠢᠳᠪᠦᠷᠢᠯᠡᠵᠦ᠂ ᠠᠶᠠᠨᠴᠢᠳ ᠤᠨ ᠠᠮᠤᠷ ᠲᠦᠪᠰᠢᠨ ᠢᠶᠠᠷ ᠠᠶᠠᠯᠠᠬᠤ ᠶᠢ ᠪᠠᠳᠤᠯᠠᠬᠰᠠᠨ ᠪᠠᠶᠢᠨ᠎ᠠ᠃ |