| 5 ᠳ᠋ᠤᠭᠠᠷ ᠰᠠᠷ᠎ᠠ ᠶᠢᠨ 22 ᠤᠨ ᠡᠳᠦᠷ᠂ ᠳᠤᠮᠳᠠᠳᠤ ᠤᠯᠤᠰ ᠤᠨ ᠲᠡᠮᠦᠷ ᠵᠠᠮ ᠤᠨ ᠠᠷᠪᠠᠨ ᠳᠦᠷᠪᠡᠳᠦᠭᠡᠷ | ᠲᠤᠪᠴᠢᠶ᠎ᠠ ᠶᠢᠨ CPG500 ᠬᠡᠯᠪᠡᠷᠢ ᠶᠢᠨ ᠲᠡᠮᠦᠷ ᠵᠠᠮ ᠳᠡᠪᠢᠰᠬᠦ ᠮᠠᠰᠢᠨ ᠬᠠᠮᠤᠬ ᠡᠴᠦᠰ ᠤᠨ 500 ᠮᠧᠲᠷ | ᠤᠷᠲᠤ ᠵᠠᠮ ᠤᠨ ᠲᠡᠮᠦᠷ ᠢ ᠠᠮᠤᠷ ᠲᠦᠪᠰᠢᠨ ᠳᠡᠪᠢᠰᠴᠤ ᠪᠠᠷᠠᠪᠠ᠂ ᠡᠬᠦᠨᠴᠡ ᠮᠠᠨ ᠤ ᠤᠷᠤᠨ ᠤ ᠵᠡᠭᠦᠨ ᠬᠤᠶᠢᠲᠤ | ᠤᠷᠤᠨ ᠢ ᠬᠤᠯᠪᠣᠭᠰᠠᠨ ᠠᠩᠬᠠᠳᠠᠬᠴᠢ ᠥᠨᠳᠥᠷ ᠬᠤᠷᠳᠤᠴᠠᠲᠤ ᠲᠡᠮᠦᠷ ᠵᠠᠮ — ᠯᠢᠶᠤᠤᠨᠢᠩ ᠤᠨ ᠰᠢᠨᠮᠢᠨ | ᠬᠤᠶᠢᠲᠤ ᠦᠷᠲᠡᠭᠡ ᠠᠴᠠ ᠦᠪᠦᠷ ᠮᠤᠩᠭᠤᠯ ᠤᠨ ᠲᠦᠩᠯᠢᠶᠤᠤ ᠬᠦᠷᠬᠦ ᠥᠨᠳᠥᠷ ᠬᠤᠷᠳᠤᠴᠠᠲᠤ ᠲᠡᠮᠦᠷ ᠵᠠᠮ ᠢ ᠪᠦᠬᠦ | ᠱᠤᠭᠤᠮ ᠢᠶᠠᠷ ᠳᠡᠪᠢᠰᠤᠨ ᠳᠠᠭᠤᠰᠴᠤ᠂ ᠪᠠᠶᠢᠭᠤᠯᠵᠤ ᠪᠠᠶᠢᠭ᠎ᠠ ᠪᠡᠭᠡᠵᠢᠩ — ᠮᠦᠭᠳᠡᠨ ᠬᠦᠷᠬᠦ ᠥᠨᠳᠥᠷ | ᠬᠤᠷᠳᠤᠴᠠᠲᠤ ᠲᠡᠮᠦᠷ ᠵᠠᠮ ᠲᠠᠢ ᠵᠢᠩᠬᠢᠨᠢ ᠪᠠᠷ ᠵᠠᠯᠭᠠᠵᠤ᠂ ᠪᠦᠬᠦ ᠱᠤᠭᠤᠮ ᠤᠨ ᠲᠡᠷᠭᠡ ᠨᠡᠪᠲᠡᠷᠡᠵᠦ ᠲᠡᠭᠡᠭᠡᠪᠦᠷᠢᠯᠡᠨ | ᠡᠵᠡᠩᠨᠡᠬᠦ ᠳᠤ ᠰᠠᠭᠤᠷᠢ ᠲᠠᠯᠪᠢᠪᠠ᠃ | ᠤᠢᠢᠯᠠᠭᠠᠬᠰᠠᠨ ᠢᠶᠠᠷ᠂ ᠯᠢᠶᠤᠤᠨᠢᠩ ᠤᠨ ᠰᠢᠨᠮᠢᠨ ᠬᠤᠶᠢᠲᠤ ᠦᠷᠲᠡᠭᠡ ᠠᠴᠠ ᠦᠪᠦᠷ ᠮᠤᠩᠭᠤᠯ ᠤᠨ | ᠲᠦᠩᠯᠢᠶᠤᠤ ᠬᠦᠷᠬᠦ ᠥᠨᠳᠥᠷ ᠬᠤᠷᠳᠤᠴᠠᠲᠤ ᠲᠡᠮᠦᠷ ᠵᠠᠮ ᠪᠡᠭᠡᠵᠢᠩ — ᠮᠦᠭᠳᠡᠨ ᠬᠦᠷᠬᠦ ᠥᠨᠳᠥᠷ | ᠬᠤᠷᠳᠤᠴᠠᠲᠤ ᠲᠡᠮᠦᠷ ᠵᠠᠮ ᠤᠨ ᠰᠢᠨᠮᠢᠨ ᠤ ᠬᠤᠶᠢᠲᠤ ᠦᠷᠲᠡᠭᠡ ᠠᠴᠠ ᠭᠠᠷᠴᠤ᠂ ᠯᠢᠶᠤᠤᠨᠢᠩ ᠮᠤᠵᠢ ᠶᠢᠨ ᠹᠦᠰᠢᠨ | ᠬᠤᠲᠠ ᠶᠢᠨ ᠵᠠᠩ ᠦ᠋ ᠰᠢᠶᠠᠨ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠦᠩᠯᠢᠶᠤᠤ ᠬᠤᠲᠠ ᠶᠢᠨ | ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠭᠠᠨᠵᠤᠭ᠎ᠠ ᠪᠠᠯᠭᠠᠰᠤ ᠪᠠᠷ ᠦᠩᠭᠡᠷᠡᠨ ᠲᠦᠩᠯᠢᠶᠤᠤ | ᠦᠷᠲᠡᠭᠡᠨ ᠳᠤ ᠬᠦᠷᠦᠨ᠎ᠡ᠂ ᠵᠠᠮ ᠤᠨ ᠪᠦᠬᠦ ᠤᠷᠲᠤ ᠨᠢ 197 ᠺᠢᠯᠣᠮᠧᠲᠷ᠂ ᠲᠦᠯᠦᠪᠯᠡᠭᠰᠡᠨ ᠬᠤᠷᠳᠤᠴᠠ ᠨᠢ | 250 ᠺᠢᠯᠣᠮᠧᠲᠷ᠃ ᠲᠡᠮᠤᠷ ᠵᠠᠮ ᠲᠡᠪᠢᠰᠬᠦ ᠪᠠᠷᠢᠯᠭ᠎ᠠ ᠶᠢᠨ ᠠᠵᠢᠯ ᠡᠨᠡ ᠵᠢᠯ ᠤᠨ 1 ᠳ᠋ᠦ᠋ᠭᠡᠷ ᠰᠠᠷ᠎ᠡ ᠶᠢᠨ 7 ᠤ | ᠡᠳᠦᠷ ᠠᠴᠠ ᠡᠬᠢᠯᠡᠵᠤ᠂ CPC500 ᠭᠡᠯᠪᠡᠷᠢ ᠶᠢᠨ ᠲᠡᠮᠤᠷ ᠵᠠᠮ ᠲᠡᠪᠢᠰᠬᠦ ᠮᠠᠰᠢᠨ ᠵᠢᠴᠢ 500 ᠮᠧᠲᠷ ᠤᠷᠳᠤ | ᠵᠠᠮ ᠤᠨ ᠲᠡᠮᠦᠷ ᠢ ᠭᠡᠷᠡᠭᠯᠡᠵᠤ᠂ ᠰᠢᠭᠤᠳ ᠵᠠᠭᠠᠳᠠᠰᠤ ᠦᠭᠡᠢ ᠵᠠᠮ ᠱᠤᠭᠤᠮ ᠢ ᠳᠡᠪᠢᠰᠪᠡ᠃ | ᠰᠢᠨᠮᠢᠨ — ᠲᠦᠡᠭᠯᠢᠶᠤᠤ ᠬᠦᠷᠬᠦ ᠥᠨᠳᠥᠷ ᠬᠤᠷᠳᠤᠴᠠᠲᠤ ᠲᠡᠮᠤᠷ ᠵᠠᠮ ᠪᠤᠯ ᠤᠯᠤᠰ ᠤᠨ ᠲᠤᠮᠳᠠ ᠤᠷᠲᠤ | ᠬᠤᠭᠤᠴᠠᠭᠠᠨ ᠤ ᠲᠡᠮᠤᠷ ᠵᠠᠮ ᠤᠨ ᠲᠤᠤᠷ ᠤᠨ ᠲᠦᠯᠦᠪᠵᠢᠬᠦᠯᠭᠡ ᠶᠢᠨ ᠲᠤᠤᠷ ᠤᠨ ᠴᠢᠬᠤᠯᠠ ᠪᠦᠷᠢᠯᠳᠦᠭᠦᠨ ᠭᠡᠰᠡᠭ | ᠮᠥᠨ ᠪᠦᠭᠡᠳ ᠪᠠᠶᠢᠭᠤᠯᠵᠤ ᠪᠠᠶᠢᠭ᠎ᠠ ᠪᠡᠭᠡᠵᠢᠩ — ᠮᠦᠭᠳᠡᠨ ᠬᠦᠷᠬᠦ ᠥᠨᠳᠥᠷ ᠬᠤᠷᠳᠤᠴᠠᠲᠤ ᠲᠡᠮᠤᠷ ᠵᠠᠮ ᠲᠠᠢ | ᠵᠠᠯᠭᠠᠯᠳᠤᠵᠤ᠂ ᠵᠠᠬᠦᠨ ᠬᠤᠶᠢᠳᠤ ᠤᠷᠤᠨ ᠴᠢᠨᠠᠬᠰᠢᠯᠡᠪᠡᠯ ᠪᠦᠬᠦ ᠤᠯᠤᠰ ᠤᠨ ᠥᠨᠳᠥᠷ ᠬᠤᠷᠳᠤᠴᠠᠲᠤ ᠲᠡᠮᠤᠷ ᠵᠠᠮ | ᠤᠨ ᠲᠤᠤᠷ ᠲᠠᠢ ᠨᠡᠶᠢᠯᠡᠬᠦ ᠪᠤᠯᠤᠨ᠎ᠡ᠃ ᠲᠡᠷᠭᠡ ᠨᠡᠪᠳᠡᠷᠡᠭᠰᠡᠨ ᠤ ᠲᠠᠷᠠᠭ᠎ᠠ᠂ ᠲᠦᠡᠭᠯᠢᠶᠤᠤ ᠠᠴᠠ ᠮᠦᠭᠳᠡᠨ ᠬᠦᠷᠬᠦ | ᠭᠠᠯᠳᠤ ᠲᠡᠷᠭᠡᠨ ᠤ ᠠᠶᠠᠯᠠᠯ ᠤᠨ ᠴᠠᠭ ᠨᠢ 5 ᠴᠠᠭ ᠪᠠᠶᠢᠭᠰᠠᠨ ᠠᠴᠠ ᠪᠠᠨ ᠪᠤᠭᠤᠨᠢᠰᠤᠭᠠᠳ 1.5 ᠴᠠᠭ ᠤᠷᠴᠢᠮ | ᠪᠤᠯᠵᠤ᠂ ᠲᠦᠡᠭᠯᠢᠶᠤᠤ ᠠᠴᠠ ᠪᠡᠭᠡᠵᠢᠩ ᠬᠦᠷᠬᠦ ᠳᠤ 14 ᠴᠠᠭ ᠪᠠᠶᠢᠭᠰᠠᠨ ᠠᠴᠠ ᠪᠠᠨ ᠪᠤᠭᠤᠨᠢᠰᠤᠭᠠᠳ 3.5 ᠴᠠᠭ | ᠰᠢᠬᠠᠮ ᠪᠤᠯᠵᠤ᠂ ᠮᠠᠨ ᠤ ᠤᠷᠤᠨ ᠤ ᠵᠡᠬᠦᠨ ᠭᠡᠰᠡᠭ ᠤᠷᠤᠨ ᠤ ᠠᠵᠤ ᠠᠬᠤᠢ ᠶᠢᠨ ᠬᠦᠭᠵᠢᠯᠲᠠ ᠳᠤ ᠴᠢᠬᠤᠯᠠ | ᠦᠢᠯᠡᠳᠦᠯ ᠪᠠᠳᠠᠷᠠᠭᠤᠯᠬᠤ ᠪᠤᠯᠤᠨ᠎ᠡ᠃ |