ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠡᠳ ᠤᠨ ᠵᠠᠰᠠᠭ ᠤᠨ ᠣᠷᠳᠣᠨ ᠤ ᠵᠠᠷᠯᠢᠭ
230 ᠳ᠋ᠤᠭᠠᠷ ᠲᠤᠭᠠᠳᠤ
︽ᠵᠠᠰᠠᠭ ᠤᠨ ᠣᠷᠳᠣᠨ ᠤ ᠭᠡᠰᠡᠭ ᠳᠥᠷᠢᠮ ᠲᠣᠠᠠᠳᠠᠭᠠᠯ ᠳᠤ ᠵᠠᠰᠠᠪᠦᠷᠢ ᠣᠷᠣᠭᠤᠯᠬᠤ ᠲᠣᠬᠠᠢ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠡᠳ ᠤᠨ ᠵᠠᠰᠠᠭ ᠤᠨ ᠣᠷᠳᠣᠨ ᠤ ᠲᠣᠠᠠᠳᠠᠭᠠᠯ︾ ᠢ 2017 ᠣᠨ ᠤ 11 ᠳ᠋ᠣᠭᠡᠷ ᠰᠡᠷ᠎ᠠ ᠶᠢᠨ 29 ᠤ ᠡᠳᠣᠷ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ 18 ᠳ᠋ᠣᠭᠠᠷ ᠣᠳᠠᠭ᠎ᠠ ᠶᠢᠨ ᠪᠠᠶᠢᠩᠭᠤ ᠶᠢᠨ ᠬᠤᠷᠡᠯ ᠢᠶᠠᠷ ᠨᠢᠭᠡᠨᠳᠡ ᠬᠢᠨᠡᠨ ᠪᠠᠳᠣᠯᠠᠭᠠᠳ᠂ ᠡᠳᠣᠬᠡ ᠨᠡᠶᠢᠳᠡᠯᠡᠪᠡ᠂ ᠨᠡᠶᠢᠳᠡᠯᠡᠭᠰᠡᠨ ᠡᠳᠣᠷ ᠠᠴᠠ ᠡᠬᠢᠯᠡᠨ ᠭᠡᠷᠡᠭᠵᠢᠬᠦᠯᠥᠨ᠎ᠠ᠃
ᠥᠪᠡᠷᠲᠡᠭᠡᠨ ᠵᠠᠰᠠᠬᠤ ᠤᠷᠤᠨ ᠤ ᠲᠡᠷᠢᠭᠦᠯᠡᠭᠴᠢ ᠪᠥ᠋ ᠰᠢᠶᠤᠤ ᠯᠢᠨ
2018 ᠣᠨ ᠤ 1 ᠳ᠋ᠤᠭᠡᠷ ᠰᠠᠷ᠎ᠠ ᠶᠢᠨ 16 ᠤ ᠡᠳᠦᠷ
ᠵᠠᠰᠠᠭ ᠢ ᠴᠣᠮᠬᠠᠳᠬᠠᠨ ᠡᠷᠬᠡ ᠶᠢ ᠲᠣᠷᠣᠠᠠᠰᠢ ᠪᠠᠭᠤᠯᠭᠠᠬᠤ᠂ ᠪᠠᠭᠤᠯᠭᠠᠬᠤ ᠬᠠᠮᠢᠶᠡᠷᠬᠤ ᠶᠢ ᠣᠶᠠᠯᠳᠣᠭᠤᠯᠬᠤ᠂ ᠦᠢᠯᠡᠴᠢᠯᠡᠭᠡᠨ ᠤ ᠦᠭᠡᠷᠡᠴᠢᠯᠡᠯᠳᠡ ᠶᠢ ᠰᠢᠯᠢᠳᠡᠭᠵᠢᠬᠦᠯᠬᠦ ᠶᠢ ᠬᠠᠦᠯᠢ ᠶᠣᠰᠣᠭᠠᠷ ᠠᠬᠢᠭᠤᠯᠬᠤ ᠶᠢᠨ ᠲᠣᠰᠡᠳᠡ᠂ 2017 ᠣᠨ ᠤ 11 ᠳ᠋ᠣᠭᠡᠷ ᠰᠡᠷ᠎ᠠ ᠶᠢᠨ 29 ᠤ ᠡᠳᠣᠷ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ 18 ᠳ᠋ᠤᠭᠠᠷ ᠣᠲᠠᠭ᠎ᠠ ᠶᠢᠨ ᠪᠠᠶᠢᠩᠭᠤ ᠶᠢᠨ ᠬᠤᠷᠡᠯ ᠢᠶᠠᠷ ᠰᠣᠳᠣᠯᠥᠭᠠᠳ᠂ ᠵᠠᠰᠠᠭ ᠤᠨ ᠣᠷᠳᠣᠨ ᠤ ᠲᠣᠣᠷ᠎ᠠ ᠵᠢᠠᠠᠰᠠᠭᠠᠠᠠᠰᠠᠨ ᠳᠥᠷᠢᠮ ᠲᠤᠠᠠᠳᠠᠭᠠᠯ ᠳᠤ ᠵᠠᠰᠠᠪᠦᠷᠢ ᠣᠷᠣᠭᠤᠯᠬᠤ ᠪᠠᠷ ᠲᠣᠠᠠᠳᠠᠪᠠ᠄
ᠨᠢᠭᠡ᠂ ︽ᠦᠪᠡᠷᠳᠡᠭᠡᠨ ᠵᠠᠰᠠᠬᠤ ᠣᠷᠣᠨ ᠤ ᠬᠤᠳᠡ ᠪᠠᠯᠭᠠᠰᠣ ᠶᠢᠨ ᠢᠳᠡᠭᠡᠨ ᠣᠮᠳᠠᠭᠠᠨ ᠵᠤᠭ᠎ᠠ ᠴᠡᠩᠭᠡᠯ ᠤᠨ ᠦᠢᠯᠡᠴᠢᠯᠡᠭᠡᠨ ᠤ ᠦᠢᠯᠡᠰ ᠤᠨ ᠣᠷᠴᠢᠨ ᠲᠤᠭᠤᠷᠢᠨ ᠢ ᠬᠠᠮᠠᠭᠠᠯᠠᠬᠤ ᠬᠠᠮᠢᠶᠡᠷᠦᠯᠳᠡ ᠶᠢᠨ ᠠᠷᠭ᠎ᠠ︾ ︵2009 ᠣᠨ ᠤ 1 ᠳ᠋ᠣᠭᠡᠷ ᠰᠡᠷ᠎ᠠ ᠶᠢᠨ 13 ᠤ ᠡᠳᠣᠷ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 164 ᠳ᠋ᠣᠭᠡᠷ ᠲᠣᠭᠠᠳᠣ ᠪᠠᠷ ᠨᠡᠶᠢᠳᠡᠯᠡᠪᠡ᠂ 2016 ᠣᠨ ᠤ 5 ᠳ᠋ᠣᠭᠠᠷ ᠰᠡᠷ᠎ᠠ ᠶᠢᠨ 10 ᠤ ᠡᠳᠣᠷ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 219 ᠳ᠋ᠣᠭᠡᠷ ᠲᠤᠭᠠᠳᠣ ᠪᠠᠷ ᠵᠠᠰᠠᠪᠤᠷᠢ ᠣᠷᠣᠭᠤᠯᠪᠠ︶ ᠶᠢᠨ ᠠᠷᠪᠡᠨ ᠵᠢᠷᠭᠤᠳᠣᠭᠠᠷ ᠵᠦᠢᠯ᠂ ᠠᠷᠪᠡ ᠶᠢᠰᠦᠳᠣᠭᠡᠷ ᠵᠦᠢᠯ ᠢ ᠬᠠᠰᠣᠪᠠ᠃
ᠬᠤᠷᠢᠨ ᠭᠤᠷᠪᠠᠳᠣᠭᠠᠷ ᠵᠦᠢᠯ ᠢ ᠬᠤᠷᠢᠨ ᠨᠢᠭᠡᠳᠣᠭᠡᠷ ᠵᠦᠢᠯ ᠪᠤᠯᠭᠠᠨ ᠵᠠᠰᠠᠵᠤ᠂ ︽ᠡᠯ᠎ᠠ ᠱᠠᠳᠣᠨ ᠤ ᠣᠷᠴᠢᠨ ᠲᠣᠭᠤᠷᠢᠨ ᠤ ᠬᠠᠮᠠᠭᠠᠯᠠᠯᠳᠡ ᠶᠢᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠵᠢᠴᠢ ᠳᠡᠬᠦᠨ ᠤ ᠠᠵᠢᠯᠳᠡᠨ ᠳᠤᠤᠷᠠᠬᠢ ᠦᠢᠯᠡ ᠠᠵᠢᠯᠯᠠᠭ᠎ᠠ ᠶᠢᠨ ᠨᠢᠭᠡ ᠨᠢ ᠪᠠᠶᠢᠪᠠᠯ᠂ ᠰᠢᠭᠤᠳ ᠭᠤᠤᠯᠴᠢᠯᠠᠨ ᠬᠠᠮᠢᠶᠡᠷᠴᠥ ᠪᠠᠶᠢᠭ᠎ᠠ ᠬᠠᠷᠢᠭᠤᠴᠠᠯᠭᠠᠳᠡᠨ ᠪᠤᠶᠤ ᠰᠢᠭᠤᠳ ᠬᠠᠷᠢᠭᠤᠴᠠᠯᠭ᠎ᠠ ᠲᠠᠢ ᠬᠦᠮᠦᠨ ᠳᠤ ᠬᠠᠦᠯᠢ ᠶᠣᠰᠣᠭᠠᠷ ᠵᠠᠰᠠᠭ ᠵᠠᠬᠢᠷᠭᠠᠨ ᠤ ᠰᠢᠳᠭᠡᠯ ᠦᠭᠭᠦᠨ᠎ᠡ︔ ᠶᠠᠯ᠎ᠠ ᠳᠤ ᠬᠦᠷᠦᠭᠰᠡᠨ ᠪᠠᠶᠢᠪᠠᠯ᠂ ᠬᠠᠦᠯᠢ ᠶᠣᠰᠣᠭᠠᠷ ᠡᠷᠡᠬᠦᠥ ᠶᠢᠨ ᠭᠡᠷᠡᠭ ᠤᠨ ᠬᠠᠷᠢᠭᠤᠴᠠᠯᠭ᠎ᠠ ᠨᠡᠭᠡᠮᠵᠢᠯᠠᠨ᠎ᠠ ᠭᠡᠵᠦ ᠵᠠᠰᠠᠪᠦᠷᠢ ᠣᠷᠣᠭᠤᠯᠪᠡ᠄
︵ᠨᠢᠭᠡ︶ ᠢᠳᠡᠭᠡᠨ ᠣᠮᠳᠠᠭᠠᠨ ᠵᠤᠭ᠎ᠠ ᠴᠡᠩᠭᠡᠯ ᠤᠨ ᠦᠢᠯᠡᠴᠢᠯᠡᠭᠡᠨ ᠤ ᠦᠢᠯᠡᠰ ᠤᠨ ᠳᠥᠷᠦᠯ ᠵᠦᠢᠯ ᠤᠨ ᠣᠷᠴᠢᠨ ᠲᠤᠭᠤᠷᠢᠨ ᠤ ᠨᠦᠯᠥᠭᠡ ᠶᠢᠨ ᠦᠨᠡᠯᠡᠯᠳᠡ ᠶᠢᠨ ᠭᠠᠷᠳᠡᠮ ᠢ ᠬᠦᠢᠴᠡᠳᠭᠡᠬᠦ ᠦᠭᠡᠢ ᠪᠤᠶᠤ ᠬᠦᠢᠴᠡᠳᠭᠡᠭᠰᠡᠨ ᠨᠢ ᠵᠦᠢ ᠵᠤᠬᠢᠰ ᠦᠭᠡᠢ︔
︵ᠬᠤᠶᠡᠷ︶ ᠬᠢᠨᠡᠯᠳᠡ ᠬᠠᠮᠢᠶᠡᠷᠦᠯᠳᠡ ᠶᠢᠨ ᠠᠵᠢᠯ ᠤᠨ ᠲᠣᠮᠳᠡ ᠪᠤᠰᠣᠳ ᠡᠷᠬᠡ ᠲᠣᠰᠢᠶᠡᠯ ᠢᠶᠠᠨ ᠲᠣᠷ᠎ᠠ ᠪᠠᠷ ᠭᠡᠷᠡᠭᠯᠡᠭᠰᠡᠨ᠂ ᠠᠯᠪᠡᠨ ᠲᠥᠰᠢᠶᠡᠯ ᠳᠠᠭᠠᠨ ᠠᠯᠮᠠᠶᠢᠷᠡᠨ ᠣᠰᠣᠯᠳ᠋ᠬᠠᠰᠠᠨ᠂ ᠬᠤᠪᠢ ᠶᠢᠨ ᠨᠠᠶᠢᠷ ᠢᠶᠠᠷ ᠬᠠᠦᠯᠢ ᠶᠣᠰᠣ ᠶᠢ ᠵᠦᠷᠢᠴᠡᠭᠰᠡᠨ ᠦᠢᠯᠡ ᠠᠵᠢᠯᠯᠠᠭ᠎ᠠ᠃︾
ᠬᠤᠶᠡᠷ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠬᠤᠳᠡ ᠪᠠᠯᠭᠠᠰᠣ ᠶᠢᠨ ᠪᠤᠬᠢᠷ ᠣᠰᠥ ᠶᠢ ᠰᠢᠢᠳᠪᠦᠷᠢᠯᠡᠬᠦ ᠦᠢᠯᠡᠳᠪᠦᠷᠢ ᠶᠢᠨ ᠠᠵᠢᠯᠯᠠᠭᠠᠨ ᠤ ᠬᠢᠨᠡᠯᠳᠡ ᠬᠠᠮᠢᠶᠡᠷᠦᠯᠳᠡ ᠶᠢᠨ ᠠᠷᠭ᠎ᠠ︾ ︵2010 ᠣᠨ ᠤ 9 ᠳ᠋ᠣᠭᠡᠷ ᠰᠠᠷ᠎ᠠ ᠶᠢᠨ 17 ᠤ ᠡᠳᠣᠷ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 174 ᠳ᠋ᠣᠭᠡᠷ ᠲᠣᠭᠠᠳᠣ ᠪᠠᠷ ᠨᠡᠶᠢᠳᠡᠯᠡᠪᠡ︶ ᠶᠢᠨ ᠵᠢᠷᠭᠤᠳᠣᠭᠠᠷ ᠵᠦᠢᠯ ᠢ ᠬᠠᠰᠣᠪᠠ᠃
ᠭᠤᠷᠪᠡ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠳᠡᠯ᠎ᠠ ᠨᠣᠳᠤᠭ ᠤᠨ ᠭᠡᠭᠡᠷ᠎ᠠ ᠶᠢᠨ ᠣᠷᠭᠤᠮᠠᠯ ᠢ ᠳᠡᠬᠦᠵᠦ ᠴᠣᠠᠠᠯᠠᠭᠤᠯᠬᠤ ᠪᠠ ᠬᠤᠳᠠᠯᠳᠣᠨ ᠠᠪᠬᠤ ᠶᠢᠨ ᠬᠠᠮᠢᠶᠡᠷᠦᠯᠳᠡ ᠶᠢᠨ ᠠᠷᠭ᠎ᠠ︾ ︵2008 ᠣᠨ ᠤ 12 ᠳ᠋ᠣᠭᠠᠷ ᠰᠡᠷ᠎ᠠ ᠶᠢᠨ 31 ᠤ ᠡᠳᠣᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 163 ᠳ᠋ᠣᠭᠠᠷ ᠲᠣᠭᠠᠳᠣ ᠪᠠᠷ ᠨᠡᠶᠢᠳᠡᠯᠡᠪᠡ︶ ᠶᠢᠨ ᠠᠷᠪᠡᠨ ᠲᠠᠪᠤᠳᠣᠭᠠᠷ ᠵᠦᠢᠯ ᠢ᠄ ︽ᠣᠯᠥᠰ ᠤᠨ ᠬᠤᠶᠠᠳᠣᠭᠠᠷ ᠳᠡᠰ ᠤᠨ ᠬᠠᠮᠠᠭᠠᠯᠠᠯᠳᠡ ᠶᠢᠨ ᠳᠡᠯ᠎ᠠ ᠨᠣᠳᠤᠭ ᠤᠨ ᠭᠡᠭᠡᠷ᠎ᠠ ᠶᠢᠨ ᠣᠷᠭᠤᠮᠠᠯ ᠢ ᠬᠤᠳᠠᠯᠳᠣᠨ ᠠᠪᠬᠤ ᠪᠠᠷ ᠭᠤᠶᠤᠴᠢᠯᠠᠪᠡᠯ᠂ ᠳᠡᠯ᠎ᠠ ᠨᠣᠳᠤᠭ ᠤᠨ ᠭᠡᠭᠡᠷ᠎ᠠ ᠶᠢᠨ ᠣᠷᠭᠤᠮᠠᠯ ᠢ ᠬᠤᠳᠠᠯᠳᠣᠨ ᠠᠪᠬᠤ ᠭᠤᠶᠤᠴᠢᠯᠠᠯ ᠤᠨ ᠬᠦᠰᠦᠨᠦᠭᠳᠦ ᠶᠢ ᠲᠬᠠᠯᠠᠵᠦ᠂ ᠵᠢᠯ ᠪᠦᠷᠢ ᠶᠢᠨ 3 ᠳ᠋ᠣᠭᠠᠷ ᠰᠡᠷ᠎ᠠ ᠶᠢᠨ 31 ᠤ ᠡᠳᠣᠷ ᠠᠴᠠ ᠡᠮᠣᠨ᠎ᠠ ᠭᠤᠶᠤᠴᠢᠯᠠᠯ ᠤᠨ ᠮᠠᠲ᠋ᠧᠷᠢᠶᠡᠯ ᠢᠶᠠᠨ ᠳᠡᠬᠦᠨ ᠤ ᠰᠠᠭᠤᠭ᠎ᠠ ᠭᠠᠵᠡᠷ ᠤᠨ ᠬᠤᠰᠢᠭᠤ ᠰᠢᠶᠡᠨ ᠤ ᠱᠠᠳᠣᠨ ᠤ ᠠᠷᠠᠳ ᠤᠨ ᠵᠠᠰᠠᠭ ᠤᠨ ᠣᠷᠳᠣᠨ ᠤ ᠳᠡᠯ᠎ᠠ ᠨᠣᠳᠤᠭ ᠤᠨ ᠠᠵᠢᠯ ᠤᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠲᠤ ᠮᠡᠳᠡᠬᠦᠯᠬᠦ ᠬᠡᠷᠡᠭᠲᠡᠢ᠃ ᠬᠤᠰᠢᠭᠤ ᠰᠢᠶᠡᠨ ᠤ ᠱᠠᠳᠣᠨ ᠤ ᠠᠷᠠᠳ ᠤᠨ ᠵᠠᠰᠠᠭ ᠤᠨ ᠣᠷᠳᠣᠨ ᠤ ᠳᠡᠯ᠎ᠠ ᠨᠣᠳᠤᠭ ᠤᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠨᠢ ᠭᠤᠶᠤᠴᠢᠯᠠᠯ ᠤᠨ ᠮᠠᠲ᠋ᠧᠷᠢᠶᠡᠯ ᠢ ᠬᠤᠷᠢᠶᠡᠮᠵᠢᠯᠬᠠᠰᠠᠨ ᠡᠳᠣᠷ ᠠᠴᠠ ᠡᠬᠢᠯᠡᠨ 7 ᠠᠵᠢᠯᠯᠠᠬᠤ ᠡᠳᠣᠷ ᠤᠨ ᠳᠣᠳᠣᠷ᠎ᠠ᠂ ᠠᠶᠢᠮᠠᠭ ᠤᠨ ᠵᠠᠬᠢᠷᠭ᠎ᠠ᠂ ᠲᠤᠭᠤᠷᠢᠭ ᠪᠠᠶᠢᠭᠤᠯᠥᠠᠠᠰᠠᠨ ᠬᠤᠳᠡ ᠶᠢᠨ ᠠᠷᠠᠳ ᠤᠨ ᠵᠠᠰᠠᠭ ᠤᠨ ᠣᠷᠳᠣᠨ ᠤ ᠳᠡᠯ᠎ᠠ ᠨᠣᠳᠤᠭ ᠤᠨ ᠠᠵᠢᠯ ᠤᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠲᠤ ᠰᠢᠯᠵᠢᠬᠦᠯᠥᠨ ᠬᠦᠷᠭᠡᠨ᠎ᠠ᠃
ᠠᠶᠢᠮᠠᠭ ᠤᠨ ᠵᠠᠬᠢᠷᠭ᠎ᠠ᠂ ᠲᠤᠭᠤᠷᠢᠭ ᠪᠠᠶᠢᠭᠤᠯᠥᠠᠠᠰᠠᠨ ᠬᠤᠳᠡ ᠶᠢᠨ ᠠᠷᠠᠳ ᠤᠨ ᠵᠠᠰᠠᠭ ᠤᠨ ᠣᠷᠳᠣᠨ ᠤ ᠳᠡᠯ᠎ᠠ ᠨᠣᠳᠤᠭ ᠤᠨ ᠠᠵᠢᠯ ᠤᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠨᠢ ᠭᠤᠶᠤᠴᠢᠯᠠᠯ ᠢ ᠬᠦᠯᠢᠶᠡᠨ ᠠᠪᠴᠥ ᠰᠢᠢᠳᠪᠦᠷᠢᠯᠡᠭᠰᠡᠨ ᠡᠳᠣᠷ ᠠᠴᠠ ᠡᠬᠢᠯᠡᠨ 20 ᠡᠳᠣᠷ ᠤᠨ ᠳᠣᠳᠣᠷ᠎ᠠ᠂ ᠨᠦᠬᠦᠴᠡᠯ ᠳᠤ ᠨᠡᠶᠢᠴᠡᠪᠠᠯ᠂ ᠵᠦᠪᠰᠢᠶᠡᠷᠡᠯ ᠣᠯᠭᠤᠨ᠎ᠠ︔ ᠨᠦᠬᠦᠴᠡᠯ ᠳᠤ ᠦᠯᠥ ᠨᠡᠶᠢᠴᠡᠪᠠᠯ᠂ ᠪᠢᠴᠢᠭ ᠢᠶᠠᠷ ᠣᠴᠢᠷ ᠰᠢᠯᠳᠠᠭᠠᠨ ᠢ ᠨᠢ ᠲᠠᠶᠢᠯᠪᠦᠷᠢᠯᠡᠵᠦ ᠦᠭᠬᠦᠨ᠎ᠡ︾ ᠬᠡᠵᠦ ᠵᠠᠰᠠᠪᠦᠷᠢ ᠣᠷᠣᠭᠤᠯᠪᠡ᠃
ᠳᠥᠷᠪᠡ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠮᠥ ᠪᠤᠳᠠᠭ᠎ᠠ ᠶᠢᠨ ᠬᠦᠢᠯᠬᠡᠬᠡᠡ ᠤ ᠬᠠᠮᠢᠶᠡᠷᠦᠯᠳᠡ ᠶᠢᠨ ᠠᠷᠭ᠎ᠠ︾ ︵2009 ᠣᠨ ᠤ 2 ᠳ᠋ᠣᠭᠠᠷ ᠰᠡᠷ᠎ᠠ ᠶᠢᠨ 10 ᠤ ᠡᠳᠣᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 165 ᠳ᠋ᠣᠭᠠᠷ ᠲᠣᠭᠠᠳᠣ ᠪᠠᠷ ᠨᠡᠶᠢᠳᠡᠯᠡᠪᠡ︶ ᠶᠢᠨ ᠠᠷᠪᠡᠳᠣᠭᠠᠷ ᠵᠦᠢᠯ ᠢ ᠬᠠᠰᠣᠪᠠ᠃
ᠲᠠᠪᠤ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠦᠨ᠎ᠠ ᠬᠠᠩᠰᠢ ᠶᠢᠨ ᠭᠡᠷᠡᠴᠢᠯᠡᠯ ᠤᠨ ᠬᠠᠮᠢᠶᠡᠷᠦᠯᠳᠡ ᠶᠢᠨ ᠠᠷᠭ᠎ᠠ︾ ︵2000 ᠣᠨ ᠤ 10 ᠳ᠋ᠣᠭᠠᠷ ᠰᠡᠷ᠎ᠠ ᠶᠢᠨ 16 ᠤ ᠡᠳᠣᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 105 ᠳ᠋ᠣᠭᠠᠷ ᠲᠣᠭᠠᠳᠣ ᠪᠠᠷ ᠨᠡᠶᠢᠳᠡᠯᠡᠪᠡ︶ ᠶᠢᠨ ᠵᠢᠷᠭᠤᠳᠣᠭᠠᠷ ᠵᠦᠢᠯ ᠢ ᠬᠠᠰᠣᠪᠠ᠃
ᠨᠠᠢᠮᠠᠳᠤᠭᠠᠷ ᠵᠦᠢᠯ ᠢ ᠲᠤᠯᠥᠳᠣᠭᠠᠷ ᠵᠦᠢᠯ ᠪᠤᠯᠭᠠᠨ ᠵᠠᠰᠠᠵᠤ᠄ ︽ᠦᠨ᠎ᠠ ᠬᠠᠨᠭ᠍ᠰᠢ ᠶᠢᠨ ᠭᠡᠷᠡᠴᠢᠯᠡᠯ ᠤᠨ ᠠᠵᠢᠯᠳᠡᠨ ᠨᠢ ᠣᠯᠥᠰ ᠪᠤᠶᠤ ᠦᠪᠡᠷᠳᠡᠭᠡᠨ ᠵᠠᠰᠠᠬᠤ ᠣᠷᠣᠨ ᠤ ᠦᠨ᠎ᠠ ᠬᠠᠩᠰᠢ ᠶᠢᠨ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠤᠨ ᠪᠤᠯᠪᠠᠰᠣᠷᠡᠭᠤᠯᠥᠯ ᠢ ᠦᠩᠭᠡᠷᠡᠭᠡᠭᠰᠡᠨ ᠤ ᠳᠡᠷᠠᠭ᠎ᠠ᠂ ᠦᠨ᠎ᠠ ᠬᠠᠨᠭ᠍ᠰᠢ ᠶᠢᠨ ᠭᠡᠷᠡᠴᠢᠯᠡᠯ ᠤᠨ ᠠᠵᠢᠯ ᠢ ᠡᠷᠬᠢᠯᠡᠵᠦ ᠪᠤᠯᠥᠨ᠎ᠠ︾ ᠭᠡᠵᠦ ᠵᠠᠰᠠᠪᠦᠷᠢ ᠣᠷᠣᠭᠤᠯᠪᠡ᠃
ᠠᠷᠪᠡᠨ ᠲᠣᠯᠥᠳᠣᠭᠠᠷ ᠵᠦᠢᠯ᠂ ᠠᠷᠪᠡᠨ ᠨᠠᠢᠮᠠᠳᠤᠭᠠᠷ ᠵᠦᠢᠯ ᠢ ᠬᠠᠰᠣᠪᠡ᠃
ᠵᠢᠷᠭᠤᠭ᠎ᠠ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠣᠰᠣ ᠠᠪᠬᠤ ᠵᠦᠪᠰᠢᠶᠡᠷᠡᠯ ᠪᠠ ᠣᠰᠣᠨ ᠤ ᠡᠬᠢ ᠪᠠᠶᠠᠯᠢᠭ ᠤᠨ ᠰᠦᠢᠳᠭᠡᠯ ᠳᠡᠳᠡᠪᠦᠷᠢᠯᠡᠵᠦ ᠬᠠᠮᠢᠶᠡᠷᠬᠤ ᠶᠢᠨ ᠭᠡᠷᠡᠭᠵᠢᠬᠦᠯᠬᠦ ᠠᠷᠭ᠎ᠠ︾ ︵2008 ᠣᠨ ᠤ 1 ᠳ᠋ᠣᠭᠡᠷ ᠰᠡᠷ᠎ᠠ ᠶᠢᠨ 7 ᠤ ᠡᠳᠣᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 155 ᠳ᠋ᠣᠭᠠᠷ ᠲᠣᠭᠠᠳᠣ ᠪᠠᠷ ᠨᠡᠶᠢᠳᠡᠯᠡᠪᠡ︶ ᠶᠢᠨ ᠲᠤᠯᠥᠳᠣᠭᠠᠷ ᠵᠦᠢᠯ ᠢ᠄ ︽ᠭᠤᠶᠤᠴᠢᠯᠬᠠᠴᠢ ᠨᠢ ︿ᠳᠥᠷᠢᠮ﹀ ᠤᠨ ᠲᠣᠠᠠᠳᠠᠭᠠᠯ ᠶᠣᠰᠣᠭᠠᠷ ᠣᠰᠥ ᠠᠪᠬᠤ ᠶᠢ ᠵᠦᠪᠰᠢᠶᠡᠷᠡᠬᠦ ᠭᠤᠶᠤᠴᠢᠯᠠᠯ ᠤᠨ ᠬᠦᠰᠦᠨᠦᠭᠳᠦ ᠲᠬᠠᠯᠠᠬᠤ ᠶᠢᠨ ᠬᠠᠮᠳᠣ ᠬᠤᠯᠪᠤᠠᠠᠳᠡᠯ ᠪᠦᠬᠦᠢ ᠮᠠᠲ᠋ᠧᠷᠢᠶᠡᠯ ᠢ ᠲᠣᠰᠢᠶᠠᠨ᠎ᠠ᠃
ᠪᠦᠳᠦᠭᠡᠨ ᠪᠠᠶᠢᠭᠤᠯᠬᠤ ᠳᠥᠷᠦᠯ ᠵᠦᠢᠯ ᠤᠨ ᠣᠰᠣᠨ ᠤ ᠡᠬᠢ ᠪᠠᠶᠠᠯᠢᠭ ᠤᠨ ᠨᠣᠳᠠᠯᠠᠯᠳᠡ ᠶᠢᠨ ᠮᠡᠳᠡᠬᠦᠯᠥᠯᠳᠡ ᠶᠢᠨ ᠪᠢᠴᠢᠭ ᠢ ᠨᠡᠶᠢᠷᠡᠭᠤᠯᠥᠨ ᠵᠤᠬᠢᠶᠡᠬᠤ ᠴᠢᠬᠤᠯᠠᠳᠡᠢ ᠪᠠᠶᠢᠪᠠᠯ᠂ ᠭᠤᠶᠤᠴᠢᠯᠬᠠᠴᠢ ᠨᠢ ᠪᠠᠰᠠ ᠪᠦᠳᠦᠭᠡᠨ ᠪᠠᠶᠢᠭᠤᠯᠬᠤ ᠳᠥᠷᠦᠯ ᠵᠦᠢᠯ ᠤᠨ ᠣᠰᠣᠨ ᠤ ᠡᠬᠢ ᠪᠠᠶᠠᠯᠢᠭ ᠤᠨ ᠨᠣᠳᠠᠯᠠᠯᠳᠡ ᠶᠢᠨ ᠮᠡᠳᠡᠬᠦᠯᠥᠯᠳᠡ ᠶᠢᠨ ᠪᠢᠴᠢᠭ ᠢ ᠲᠣᠰᠢᠶᠡᠨᠠ᠃ ᠮᠡᠳᠡᠬᠦᠯᠥᠯᠳᠡ ᠶᠢᠨ ᠪᠢᠴᠢᠭ ᠲᠤ ᠠᠪᠬᠤ ᠣᠰᠣᠨ ᠤ ᠢᠷᠡᠯᠳᠡ᠂ ᠣᠰᠥ ᠭᠡᠷᠡᠭᠯᠡᠬᠦ ᠶᠢᠨ ᠵᠦᠢ ᠵᠣᠬᠢᠰᠳᠦ ᠴᠢᠨᠡᠷ ᠤᠨ ᠵᠠᠳᠡᠯᠥᠯᠳᠡ ᠵᠢᠴᠢ ᠠᠮᠢ ᠠᠬᠤᠢ ᠬᠢᠭᠡᠳ ᠣᠷᠴᠢᠨ ᠲᠤᠭᠤᠷᠢᠨ ᠤ ᠨᠦᠯᠦᠭᠡ ᠵᠡᠷᠭᠡ ᠠᠭᠤᠯᠭ᠎ᠠ ᠶᠢ ᠪᠠᠭᠳᠠᠭᠠᠨ᠎ᠠ︾ ᠭᠡᠵᠦ ᠵᠠᠰᠠᠪᠦᠷᠢ ᠣᠷᠣᠭᠤᠯᠪᠡ᠃
ᠠᠷᠪᠠᠳᠣᠭᠠᠷ ᠵᠦᠢᠯ ᠢ᠄ ︽ᠦᠪᠡᠷᠳᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠣᠷᠣᠨ ᠤ ᠳᠣᠳᠣᠷ᠎ᠠ ᠣᠰᠥ ᠠᠪᠬᠤ ᠵᠦᠪᠰᠢᠶᠡᠷᠡᠯ ᠳᠤ ᠱᠠᠳᠣ ᠬᠤᠪᠢᠶᠡᠨ ᠬᠢᠨᠡᠨ ᠵᠦᠪᠰᠢᠶᠡᠷᠡᠬᠦ ᠶᠢ ᠭᠡᠷᠡᠭᠵᠢᠬᠦᠯᠦᠨ᠎ᠠ᠃ ᠣᠯᠥᠰ ᠠᠴᠠ ᠲᠣᠠᠠᠳᠠᠭᠠᠯ ᠲᠠᠢ ᠪᠠᠶᠢᠪᠠᠯ᠂ ᠲᠡᠷᠡ ᠲᠣᠠᠠᠳᠠᠭᠠᠯ ᠢ ᠭᠡᠷᠡᠭᠵᠢᠬᠦᠯᠦᠨ᠎ᠡ᠃
︵ᠨᠢᠭᠡ︶ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠪᠡᠯᠡ ᠣᠷᠣᠭᠤᠯᠥᠯᠳᠡ ᠶᠢᠨ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠤᠨ ᠬᠢᠨᠡᠨ ᠵᠦᠪᠰᠢᠶᠡᠷᠡᠭᠰᠡᠨ᠂ ᠬᠢᠨᠡᠨ ᠬᠠᠷᠭᠤᠭᠤᠯᠥᠠᠠᠰᠠᠨ ᠪᠠ ᠳᠡᠩᠰᠡᠯᠡᠭᠤᠯᠥᠠᠠᠰᠠᠨ ᠪᠦᠳᠦᠭᠡᠨ ᠪᠠᠶᠢᠭᠤᠯᠥᠯᠳᠡ ᠶᠢᠨ ᠳᠥᠷᠦᠯ ᠵᠦᠢᠯ᠂ ᠠᠵᠦ ᠦᠢᠯᠡᠳᠪᠦᠷᠢ ᠶᠢᠨ ᠭᠡᠷᠡᠭᠯᠡᠬᠦ ᠣᠰᠣᠨ ᠤ ᠵᠢᠯ ᠤᠨ ᠠᠪᠬᠤ ᠣᠰᠥ ᠨᠢ 300 ᠳᠥᠮᠡᠨ ᠪᠣᠰᠤᠭ᠎ᠠ ᠳᠥᠷᠪᠡᠯᠵᠢᠨ ᠮᠧᠲᠷ ᠠᠴᠠ ᠳᠡᠭᠡᠭᠰᠢ ᠪᠠᠶᠢᠪᠠᠯ᠂ ᠳᠡᠷᠢᠶᠡᠯᠡᠩ᠂ ᠠᠮᠢ ᠠᠬᠤᠢ ᠶᠢᠨ ᠭᠡᠷᠡᠭᠯᠡᠬᠦ ᠣᠰᠥᠨ ᠤ ᠵᠢᠯ ᠤᠨ ᠠᠪᠬᠤ ᠭᠠᠵᠡᠷ ᠲᠤᠤᠷᠡᠬᠢ ᠣᠰᠥ ᠨᠢ 1000 ᠳᠥᠮᠡᠨ ᠪᠣᠰᠤᠭ᠎ᠠ ᠳᠥᠷᠪᠡᠯᠵᠢᠨ ᠮᠧᠲᠷ ᠠᠴᠠ ᠳᠡᠭᠡᠭᠰᠢ ᠪᠤᠶᠤ ᠭᠠᠵᠡᠷ ᠳᠡᠭᠡᠷᠡᠬᠢ ᠣᠰᠥ ᠨᠢ 3000 ᠳᠥᠮᠡᠨ ᠪᠣᠰᠤᠭ᠎ᠠ ᠳᠥᠷᠪᠡᠯᠵᠢᠨ ᠮᠧᠲᠷ ᠠᠴᠠ ᠳᠡᠭᠡᠭᠰᠢ ᠪᠠᠶᠢᠪᠠᠯ᠂ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠣᠰᠣᠨ ᠤ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠠᠴᠠ ᠬᠢᠨᠡᠨ ᠵᠦᠪᠰᠢᠶᠡᠷᠡᠨ᠎ᠠ︔ ᠠᠵᠦ ᠦᠢᠯᠡᠳᠪᠦᠷᠢ ᠶᠢᠨ ᠭᠡᠷᠡᠭᠯᠡᠬᠦ ᠣᠰᠥᠨ ᠤ ᠵᠢᠯ ᠤᠨ ᠠᠪᠬᠤ ᠣᠰᠥ ᠨᠢ 300 ᠳᠥᠮᠡᠨ ᠪᠣᠰᠤᠭ᠎ᠠ ᠳᠥᠷᠪᠡᠯᠵᠢᠨ ᠮᠧᠲᠷ ᠬᠦᠷᠬᠦ ᠦᠭᠡᠢ ᠪᠠᠶᠢᠪᠠᠯ᠂ ᠳᠡᠷᠢᠶᠡᠯᠡᠩ᠂ ᠠᠮᠢ ᠠᠬᠤᠢ ᠶᠢᠨ ᠭᠡᠷᠡᠭᠯᠡᠬᠦ ᠣᠰᠥᠨ ᠤ ᠵᠢᠯ ᠤᠨ ᠠᠪᠬᠤ ᠭᠠᠵᠡᠷ ᠲᠤᠤᠷᠡᠬᠢ ᠣᠰᠥ ᠨᠢ 1000 ᠳᠥᠮᠡᠨ ᠪᠣᠰᠤᠭ᠎ᠠ ᠳᠥᠷᠪᠡᠯᠵᠢᠨ ᠮᠧᠲᠷ ᠬᠦᠷᠬᠦ ᠦᠭᠡᠢ ᠪᠤᠶᠤ ᠭᠠᠵᠡᠷ ᠳᠡᠭᠡᠷᠡᠬᠢ ᠣᠰᠥ ᠨᠢ 3000 ᠳᠥᠮᠡᠨ ᠪᠣᠰᠤᠭ᠎ᠠ ᠳᠥᠷᠪᠡᠯᠵᠢᠨ ᠮᠧᠲᠷ ᠬᠦᠷᠬᠦ ᠦᠭᠡᠢ ᠪᠠᠶᠢᠪᠠᠯ᠂ ᠠᠶᠢᠮᠠᠭ ᠤᠨ ᠵᠠᠬᠢᠷᠭ᠎ᠠ᠂ ᠲᠤᠭᠤᠷᠢᠭ ᠪᠠᠶᠢᠭᠤᠯᠥᠠᠠᠰᠠᠨ ᠬᠤᠳᠡ ᠶᠢᠨ ᠠᠷᠡᠳ ᠤᠨ ᠵᠠᠰᠠᠭ ᠤᠨ ᠣᠷᠳᠣᠨ ᠤ ᠣᠰᠣᠨ ᠤ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠠᠴᠠ ᠬᠢᠨᠡᠨ ᠵᠦᠪᠰᠢᠶᠡᠷᠡᠨ᠎ᠠ᠃
︵ᠬᠤᠶᠡᠷ︶ ᠠᠶᠢᠮᠠᠭ ᠤᠨ ᠵᠠᠬᠢᠷᠭ᠎ᠠ᠂ ᠲᠤᠭᠤᠷᠢᠭ ᠪᠠᠶᠢᠭᠤᠯᠥᠠᠠᠰᠠᠨ ᠬᠤᠳᠡ ᠶᠢᠨ ᠠᠷᠡᠳ ᠤᠨ ᠵᠠᠰᠠᠭ ᠤᠨ ᠣᠷᠳᠣᠨ ᠪᠠ ᠬᠤᠰᠢᠭᠤ ᠰᠢᠶᠡᠨ ᠤ ᠱᠠᠳᠣᠨ ᠤ ᠠᠷᠡᠳ ᠤᠨ ᠵᠠᠰᠠᠭ ᠤᠨ ᠣᠷᠳᠣᠨ ᠤ ᠪᠡᠯᠡ ᠣᠷᠣᠭᠤᠯᠥᠯᠳᠡ ᠶᠢᠨ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠤᠨ ᠬᠢᠨᠡᠨ ᠵᠦᠪᠰᠢᠶᠡᠷᠡᠭᠰᠡᠨ᠂ ᠬᠢᠨᠡᠨ ᠬᠠᠷᠭᠤᠭᠤᠯᠥᠠᠠᠰᠠᠨ ᠪᠠ ᠳᠡᠩᠰᠡᠯᠡᠭᠤᠯᠥᠠᠠᠰᠠᠨ ᠪᠦᠲᠦᠭᠡᠨ ᠪᠠᠶᠢᠭᠤᠯᠤᠯᠲᠠ ᠶᠢᠨ ᠳᠥᠷᠦᠯ ᠵᠦᠢᠯ ᠢ ᠠᠳᠡᠯᠢ ᠱᠠᠳᠣᠨ ᠤ ᠠᠷᠠᠳ ᠤᠨ ᠵᠠᠰᠠᠭ ᠤᠨ ᠣᠷᠳᠣᠨ ᠤ ᠣᠰᠣᠨ ᠤ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠠᠴᠠ ᠣᠰᠥ ᠠᠪᠬᠤ ᠵᠦᠪᠰᠢᠶᠡᠷᠡᠯ ᠤᠨ ᠬᠢᠨᠡᠨ ᠵᠦᠪᠰᠢᠶᠡᠷᠡᠬᠦ ᠶᠢ ᠬᠠᠷᠢᠭᠤᠴᠠᠨ᠎ᠠ᠃
︵ᠭᠤᠷᠪᠡ︶ ᠠᠶᠢᠮᠠᠭ ᠤᠨ ᠵᠠᠬᠢᠷᠭ᠎ᠠ᠂ ᠲᠤᠭᠤᠷᠢᠭ ᠪᠠᠶᠢᠭᠤᠯᠥᠠᠠᠰᠠᠨ ᠬᠤᠳᠡ ᠶᠢᠨ ᠠᠷᠡᠳ ᠤᠨ ᠵᠠᠰᠠᠭ ᠤᠨ ᠣᠷᠳᠣᠨ ᠤ ᠪᠠᠶᠢᠭ᠎ᠠ ᠭᠠᠵᠡᠷ ᠤᠨ ᠬᠤᠳᠡ ᠶᠢᠨ ᠠᠮᠢᠳᠣᠷᠡᠯ ᠳᠤ ᠭᠡᠷᠡᠭᠯᠡᠬᠦ ᠣᠰᠣ ᠶᠢ ᠠᠶᠢᠮᠠᠭ ᠤᠨ ᠵᠠᠬᠢᠷᠭ᠎ᠠ᠂ ᠲᠤᠭᠤᠷᠢᠭ ᠪᠠᠶᠢᠭᠤᠯᠥᠠᠠᠰᠠᠨ ᠬᠤᠳᠡ ᠶᠢᠨ ᠠᠷᠡᠳ ᠤᠨ ᠵᠠᠰᠠᠭ ᠤᠨ ᠣᠷᠳᠣᠨ ᠤ ᠣᠰᠣᠨ ᠤ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠠᠴᠠ ᠬᠢᠨᠡᠨ ᠵᠦᠪᠰᠢᠶᠡᠷᠡᠨ᠎ᠠ︔ ᠬᠤᠰᠢᠭᠤ ᠰᠢᠶᠡᠨ ᠤ ᠱᠠᠳᠣᠨ ᠤ ᠠᠷᠡᠳ ᠤᠨ ᠵᠠᠰᠠᠭ ᠤᠨ ᠣᠷᠳᠣᠨ ᠤ ᠪᠠᠶᠢᠭ᠎ᠠ ᠭᠠᠵᠡᠷ ᠪᠤᠶᠤ ᠳᠥᠪᠯᠡᠷᠡᠩᠬᠦᠢ ᠨᠢᠭᠡᠳᠦᠯᠳᠡᠢ ᠪᠠᠷ ᠣᠰᠥ ᠬᠠᠩᠭᠠᠵᠦ ᠪᠦᠬᠦᠢ ᠰᠢᠶᠡᠩ ᠪᠠᠯᠭᠠᠰᠣ ᠶᠢᠨ ᠠᠮᠢᠳᠣᠷᠡᠯ ᠳᠤ ᠭᠡᠷᠡᠭᠯᠡᠬᠦ ᠣᠰᠥ ᠶᠢ ᠬᠤᠰᠢᠭᠤ ᠰᠢᠶᠡᠨ ᠤ ᠱᠠᠳᠣᠨ ᠤ ᠠᠷᠡᠳ ᠤᠨ ᠵᠠᠰᠠᠭ ᠤᠨ ᠣᠷᠳᠣᠨ ᠤ ᠣᠰᠣᠨ ᠤ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠠᠴᠠ ᠬᠢᠨᠡᠨ ᠵᠦᠪᠰᠢᠶᠡᠷᠡᠨ᠎ᠠ︾ ᠭᠡᠵᠦ ᠵᠠᠰᠠᠪᠦᠷᠢ ᠣᠷᠣᠭᠤᠯᠪᠡ᠃
ᠠᠷᠪᠠᠨ ᠬᠤᠶᠠᠳᠣᠭᠠᠷ ᠵᠦᠢᠯ ᠢ᠄ ︽ᠣᠰᠥ ᠠᠪᠬᠤ ᠭᠤᠶᠤᠴᠢᠯᠠᠯ ᠢ ᠬᠢᠨᠡᠨ ᠵᠦᠪᠰᠢᠶᠡᠷᠡᠬᠦ ᠪᠠᠶᠢᠭᠤᠯᠭ᠎ᠠ ᠪᠠᠷ ᠵᠦᠪᠰᠢᠶᠡᠷᠡᠬᠦᠯᠪᠡᠯ᠂ ᠭᠤᠶᠤᠴᠢᠯᠬᠠᠰᠠᠨ ᠳᠡᠯ᠎ᠠ ᠨᠢ ᠣᠰᠥ ᠠᠪᠬᠤ ᠪᠡᠷᠢᠯᠭ᠎ᠠ ᠪᠤᠶᠤ ᠪᠡᠯᠡᠳᠭᠡᠮᠵᠢ ᠶᠢ ᠪᠦᠳᠦᠭᠡᠨ ᠪᠠᠶᠢᠭᠤᠯᠵᠦ ᠪᠤᠯᠥᠨ᠎ᠠ︾ ᠬᠡᠵᠦ ᠵᠠᠰᠠᠪᠤᠷᠢ ᠣᠷᠣᠭᠤᠯᠪᠡ᠃
ᠠᠷᠪᠡᠨ ᠳᠥᠷᠪᠡᠳᠣᠭᠡᠷ ᠵᠦᠢᠯ ᠢ ᠬᠠᠰᠣᠪᠡ᠃
ᠠᠷᠪᠡᠨ ᠲᠠᠪᠤᠳᠣᠭᠠᠷ ᠵᠦᠢᠯ ᠢ ᠠᠷᠪᠡᠨ ᠳᠥᠷᠪᠡᠳᠣᠭᠡᠷ ᠵᠦᠢᠯ ᠪᠤᠯᠭᠠᠨ ᠵᠠᠰᠠᠵᠤ᠂ ︽ᠣᠰᠥ ᠠᠪᠬᠤ ᠵᠦᠪᠰᠢᠶᠡᠷᠡᠯ ᠤᠨ ᠦᠨᠡᠮᠯᠠᠯ ᠤᠨ ᠬᠦᠴᠣᠨ ᠲᠠᠢ ᠬᠤᠭᠤᠴᠠᠭ᠎ᠠ ᠨᠢ 5 ᠵᠢᠯ ᠪᠤᠯᠥᠨ᠎ᠠ᠂ ᠬᠦᠴᠣᠨ ᠲᠠᠢ ᠬᠤᠭᠤᠴᠠᠭ᠎ᠠ ᠨᠢ ᠲᠠᠭᠤᠰᠣᠠᠠᠰᠠᠨ ᠤ ᠳᠡᠷᠠᠭ᠎ᠠ ᠦᠷᠬᠦᠯᠵᠢᠯᠡᠬᠦᠯᠬᠦ ᠴᠢᠬᠤᠯᠡᠳᠡᠢ ᠪᠠᠶᠢᠪᠠᠯ᠂ ᠣᠰᠥ ᠠᠪᠬᠤ ᠨᠢᠭᠡᠴᠡ ᠪᠤᠶᠤ ᠬᠤᠪᠢ ᠬᠦᠮᠦᠨ ᠨᠢ ᠬᠦᠴᠣᠨ ᠲᠠᠢ ᠬᠤᠭᠤᠴᠠᠭ᠎ᠠ ᠨᠢ ᠲᠠᠭᠤᠰᠬᠤ ᠠᠴᠠ 45 ᠡᠳᠣᠷ ᠤᠨ ᠡᠮᠤᠨ᠎ᠠ ᠣᠣᠯ ᠤᠨ ᠣᠰᠥ ᠠᠪᠬᠤ ᠶᠢᠨ ᠬᠢᠨᠡᠨ ᠵᠦᠪᠰᠢᠶᠡᠷᠡᠬᠦ ᠪᠠᠶᠢᠭᠤᠯᠭ᠎ᠠ ᠳᠤ ᠭᠤᠶᠤᠴᠢᠯᠠᠯ ᠭᠠᠷᠭᠠᠬᠤ ᠶᠢᠨ ᠬᠠᠮᠳᠣ ᠲᠣᠣᠷᠡᠬᠢ ᠮᠡᠳᠣ ᠮᠠᠲ᠋ᠧᠷᠢᠶᠡᠯ ᠢ ᠬᠠᠩᠭᠠᠨ᠎ᠠ᠄
︵ᠨᠢᠭᠡ︶ ᠣᠰᠥ ᠳᠡᠩᠴᠠᠬᠦᠯᠬᠦ ᠶᠢᠨ ᠲᠣᠷᠰᠢᠬᠤ ᠮᠡᠳᠡᠬᠦᠯᠥᠯᠳᠡ ᠪᠤᠶᠤ ᠠᠪᠬᠤ ᠪᠠ ᠭᠡᠷᠡᠭᠯᠡᠬᠦ ᠣᠰᠣᠨ ᠤ ᠵᠦᠢ ᠵᠤᠬᠢᠰᠳᠦ ᠴᠢᠨᠡᠷ ᠤᠨ ᠵᠠᠳᠡᠯᠥᠯᠳᠡ ᠶᠢᠨ ᠮᠡᠳᠡᠬᠦᠯᠥᠯᠳᠡ ᠵᠢᠴᠢ ᠬᠢᠨᠡᠨ ᠪᠠᠶᠢᠴᠠᠭᠠᠬᠰᠠᠨ ᠰᠠᠨᠠᠯ︔
︵ᠬᠤᠶᠡᠷ︶ ᠣᠰᠥ ᠠᠪᠬᠤ ᠪᠣᠴᠠᠭᠠᠬᠤ ᠪᠠ ᠣᠰᠣᠨ ᠤ ᠡᠬᠢ ᠪᠠᠶᠠᠯᠢᠭ ᠤᠨ ᠰᠦᠢᠳᠭᠡᠯ ᠲᠣᠰᠢᠶᠬᠠᠰᠠᠨ ᠪᠠᠶᠢᠳᠡᠯ︔
︵ᠭᠤᠷᠪᠡ︶ ᠣᠰᠥ ᠠᠷᠪᠢᠯᠠᠬᠤ ᠪᠡᠯᠡᠳᠭᠡᠮᠵᠢ᠂ ᠪᠤᠬᠢᠷ ᠣᠰᠥ ᠶᠢ ᠰᠢᠢᠳᠪᠦᠷᠢᠯᠡᠬᠦ ᠪᠡᠯᠡᠳᠭᠡᠮᠵᠢ ᠶᠢᠨ ᠠᠵᠢᠯᠯᠠᠭᠠᠨ ᠤ ᠪᠠᠶᠢᠳᠡᠯ︔
︵ᠳᠥᠷᠪᠡ︶ ᠣᠣᠯ ᠤᠨ ᠣᠰᠥ ᠠᠪᠬᠤ ᠵᠦᠪᠰᠢᠶᠡᠷᠡᠯ ᠤᠨ ᠵᠦᠢᠯᠡᠰ ᠢ ᠬᠤᠪᠢᠷᠡᠭᠤᠯᠥᠠᠠᠰᠠᠨ ᠲᠣᠳᠣᠷᠬᠠᠶᠢᠯᠠᠯᠳᠡ︔
︵ᠲᠠᠪᠤ︶ ᠪᠤᠰᠣᠳ ᠣᠰᠥ ᠠᠪᠬᠤ ᠵᠦᠪᠰᠢᠶᠡᠷᠡᠯ ᠢ ᠦᠷᠬᠦᠯᠵᠢᠯᠡᠬᠦᠯᠬᠦ ᠬᠤᠯᠪᠤᠠᠠᠳᠡᠯ ᠪᠦᠬᠦᠢ ᠮᠠᠲ᠋ᠧᠷᠢᠶᠡᠯ᠃
ᠣᠰᠥ ᠠᠪᠬᠤ ᠶᠢ ᠬᠢᠨᠡᠨ ᠵᠦᠪᠰᠢᠶᠡᠷᠡᠬᠦ ᠪᠠᠶᠢᠭᠤᠯᠭ᠎ᠠ ᠨᠢ ᠲᠠᠭᠡᠷ᠎ᠠ ᠲᠣᠷᠠᠳᠣᠠᠠᠰᠠᠨ ᠮᠠᠲ᠋ᠧᠷᠢᠶᠡᠯ ᠳᠤ ᠦᠨᠡᠯᠡᠯᠳᠡ ᠬᠢᠭᠰᠡᠨ ᠤ ᠳᠡᠷᠠᠭ᠎ᠠ᠂ ᠣᠰᠥ ᠠᠪᠬᠤ ᠵᠦᠪᠰᠢᠶᠡᠷᠡᠯ ᠤᠨ ᠦᠨᠡᠮᠯᠠᠯ ᠤᠨ ᠬᠤᠭᠤᠴᠠᠭ᠎ᠠ ᠨᠢ ᠲᠠᠭᠤᠰᠬᠤ ᠠᠴᠠ ᠡᠮᠤᠨ᠎ᠠ ᠦᠷᠬᠦᠯᠵᠢᠯᠡᠬᠦᠯᠬᠦ ᠡᠰᠡᠬᠦ ᠶᠢ ᠲᠣᠠᠠᠳᠠᠭᠠᠨ᠎ᠠ︾ ᠬᠡᠵᠦ ᠵᠠᠰᠠᠪᠦᠷᠢ ᠣᠷᠣᠭᠤᠯᠪᠡ᠃
ᠲᠣᠯᠤᠭ᠎ᠠ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠭᠠᠵᠡᠷ ᠲᠤᠤᠷᠡᠬᠢ ᠣᠰᠣᠨ ᠤ ᠬᠠᠮᠢᠶᠡᠷᠦᠯᠳᠡ ᠶᠢᠨ ᠠᠷᠭ᠎ᠠ︾ ︵2013 ᠣᠨ ᠤ 8 ᠳ᠋ᠣᠭᠠᠷ ᠰᠡᠷ᠎ᠠ ᠶᠢᠨ 1 ᠤ ᠡᠳᠣᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 197 ᠳ᠋ᠣᠭᠠᠷ ᠲᠣᠭᠠᠳᠣ ᠪᠠᠷ ᠨᠡᠶᠢᠳᠡᠯᠡᠪᠡ︶ ᠶᠢᠨ ᠬᠤᠷᠢᠨ ᠵᠢᠷᠭᠤᠳᠣᠭᠠᠷ ᠵᠦᠢᠯ᠂ ᠬᠤᠷᠢᠨ ᠲᠤᠯᠥᠳᠣᠭᠠᠷ ᠵᠦᠢᠯ᠂ ᠬᠤᠷᠢᠨ ᠨᠠᠢᠮᠠᠳᠤᠭᠠᠷ ᠵᠦᠢᠯ ᠢ ᠬᠠᠰᠣᠪᠡ᠃
ᠳᠥᠴᠢᠨ ᠨᠢᠭᠡᠳᠣᠭᠡᠷ ᠵᠦᠢᠯ ᠢ ᠭᠤᠴᠢᠨ ᠨᠠᠢᠮᠠᠳᠤᠭᠠᠷ ᠵᠦᠢᠯ ᠪᠤᠯᠭᠠᠨ ᠵᠠᠰᠠᠵᠤ᠂ ︽ᠲᠣᠰ ᠠᠷᠭ᠎ᠠ ᠶᠢᠨ ᠲᠣᠠᠠᠳᠠᠭᠠᠯ ᠠᠴᠠ ᠵᠦᠷᠢᠴᠡᠵᠦ᠂ ᠳᠤᠤᠷᠠᠬᠢ ᠦᠢᠯᠡ ᠠᠵᠢᠯᠯᠠᠭ᠎ᠠ ᠶᠢᠨ ᠨᠢᠭᠡ ᠨᠢ ᠪᠠᠶᠢᠪᠠᠯ᠂ ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠠᠷᠠᠳ ᠤᠨ ᠵᠠᠰᠠᠭ ᠤᠨ ᠣᠷᠳᠣᠨ ᠤ ᠣᠰᠣᠨ ᠤ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠠᠴᠠ ᠬᠤᠭᠤᠴᠠᠭ᠎ᠠ ᠬᠢᠵᠠᠭᠠᠷᠯᠠᠨ ᠵᠠᠯᠠᠷᠡᠭᠤᠯᠬᠤ ᠪᠠᠷ ᠵᠠᠷᠯᠢᠠᠠᠳᠠᠨᠠ︔ ᠬᠤᠭᠤᠴᠠᠭ᠎ᠠ ᠨᠢ ᠦᠩᠭᠡᠷᠡᠭᠡᠳ ᠵᠠᠯᠠᠷᠡᠭᠤᠯᠥᠠᠠᠰᠠᠨ ᠦᠭᠡᠢ ᠪᠠᠶᠢᠪᠠᠯ᠂ 1 ᠳᠥᠮᠡᠨ ᠳᠥᠬᠦᠷᠢᠭ ᠠᠴᠠ ᠳᠡᠭᠡᠭᠰᠢ 3 ᠳᠥᠮᠡᠨ ᠳᠥᠬᠦᠷᠢᠭ ᠠᠴᠠ ᠲᠣᠷᠣᠠᠠᠰᠢ ᠵᠤᠭᠤᠰ ᠢᠶᠠᠷ ᠲᠣᠷᠭᠤᠭᠠᠨ᠎ᠠ ᠬᠡᠵᠦ ᠵᠠᠰᠠᠪᠦᠷᠢ ᠣᠷᠣᠭᠤᠯᠪᠡ᠄
︵ᠨᠢᠭᠡ︶ ᠬᠠᠮᠢᠶᠡᠷᠦᠯᠳᠡ ᠶᠢᠨ ᠡᠷᠬᠡ ᠮᠡᠳᠡᠯ ᠲᠠᠢ ᠣᠰᠣᠨ ᠤ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠢᠶᠠᠷ ᠵᠦᠪᠰᠢᠶᠡᠷᠡᠬᠦᠯᠥᠭᠰᠡᠨ ᠦᠭᠡᠢ ᠪᠦᠭᠡᠳ ᠣᠰᠣᠨ ᠤ ᠴᠢᠨᠡᠷ ᠲᠤ ᠣᠨᠴᠣᠭᠤᠢ ᠱᠠᠭᠠᠷᠳᠡᠯᠭ᠎ᠠ ᠲᠠᠢ ᠠᠵᠦ ᠠᠬᠤᠶᠢᠯᠠᠯ ᠨᠢ ᠦᠪᠡᠷ ᠢᠶᠠᠨ ᠪᠡᠯᠡᠳᠭᠡᠭᠰᠡᠨ ᠬᠤᠳᠳᠤᠭ ᠢᠶᠠᠨ ᠲᠣᠷ᠎ᠠ ᠪᠠᠷ ᠭᠡᠷᠡᠭᠯᠡᠭᠰᠡᠨ︔
︵ᠬᠤᠶᠡᠷ︶ ᠭᠠᠵᠡᠷ ᠲᠣᠣᠷᠡᠬᠢ ᠣᠰᠣᠨ ᠤ ᠬᠢᠨᠡᠨ ᠰᠢᠨᠵᠢᠬᠦ ᠪᠡᠯᠡᠳᠭᠡᠮᠵᠢ ᠶᠢ ᠱᠠᠭᠠᠷᠳᠡᠯᠭ᠎ᠠ ᠶᠣᠰᠣᠭᠠᠷ ᠣᠠᠠᠰᠠᠷᠡᠭᠤᠯᠥᠠᠠᠰᠠᠨ ᠦᠭᠡᠢ︔
︵ᠭᠤᠷᠪᠡ︶ ᠣᠨᠴᠣᠭᠤᠢ ᠭᠠᠩ ᠬᠠᠭᠰᠠᠷᠡᠭᠠᠨ ᠲᠠᠢ ᠵᠢᠯ ᠪᠠ ᠬᠡᠨᠡᠳᠳᠡ ᠡᠬᠦᠰᠦᠭᠰᠡᠨ ᠭᠡᠷᠩ ᠵᠡᠷᠭᠡ ᠠᠴᠠ ᠪᠤᠯᠵᠦ ᠳᠦᠷ ᠴᠠᠭ ᠭᠠᠵᠡᠷ ᠲᠣᠣᠷᠡᠬᠢ ᠣᠰᠥ ᠶᠢ ᠠᠪᠴᠥ ᠭᠡᠷᠡᠭᠯᠡᠬᠦ ᠴᠢᠬᠤᠯᠠᠳᠡᠢ ᠪᠠᠶᠢᠵᠦ᠂ ᠪᠠᠴᠢᠮ ᠪᠠᠶᠢᠳᠡᠯ ᠢ ᠠᠷᠭᠠᠴᠠᠬᠤ ᠬᠤᠭᠤᠴᠠᠭ᠎ᠠ ᠨᠢ ᠲᠠᠭᠤᠰᠣᠠᠠᠰᠠᠨ ᠤ ᠳᠡᠷᠠᠭ᠎ᠠ ᠬᠤᠳᠳᠤᠭ ᠤᠨ ᠪᠠᠷᠢᠯᠭ᠎ᠠ ᠶᠢ ᠦᠷᠬᠦᠯᠵᠢᠯᠡᠨ
ᠭᠡᠷᠡᠭᠯᠡᠭᠰᠡᠨ︾᠃
ᠨᠠᠢᠮᠠ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠶᠤᠩᠭ᠎ᠠ ᠰᠡᠷᠭᠡᠶᠢᠯᠡᠵᠦ ᠭᠠᠮᠰᠢᠭ ᠢ ᠪᠠᠭᠠᠰᠬᠠᠬᠤ ᠶᠢᠨ ᠬᠠᠮᠢᠶᠡᠷᠦᠯᠳᠡ ᠶᠢᠨ ᠠᠷᠭ᠎ᠠ︾ ︵2008 ᠣᠨ ᠤ 12 ᠳ᠋ᠣᠭᠠᠷ ᠰᠡᠷ᠎ᠠ ᠶᠢᠨ 31 ᠤ ᠡᠳᠣᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 162 ᠳ᠋ᠣᠭᠠᠷ ᠲᠣᠭᠠᠳᠣ ᠪᠠᠷ ᠨᠡᠶᠢᠳᠡᠯᠡᠪᠡ︶ ᠶᠢᠨ ᠠᠷᠪᠡᠨ ᠬᠤᠶᠠᠳᠣᠭᠠᠷ ᠵᠦᠢᠯ ᠢ ᠬᠠᠰᠣᠪᠡ᠃
ᠠᠷᠪᠡᠨ ᠭᠤᠷᠪᠠᠳᠣᠭᠠᠷ ᠵᠦᠢᠯ ᠢ ᠠᠷᠪᠡᠨ ᠬᠤᠶᠡᠳᠣᠭᠠᠷ ᠵᠦᠢᠯ ᠪᠤᠯᠭᠠᠨ ᠵᠠᠰᠠᠵᠤ᠂ ︽ᠡᠯ᠎ᠠ ᠳᠥᠷᠦᠯ ᠤᠨ ᠪᠡᠷᠢᠯᠭ᠎ᠠ ︵ᠪᠠᠶᠢᠭᠤᠯᠬᠤ︶᠂ ᠳᠡᠯᠡᠪᠤᠷ ᠭᠠᠵᠡᠷ ᠪᠠ ᠪᠡᠯᠡᠳᠭᠡᠮᠵᠢ ᠳᠤ ᠠᠶᠣᠩᠭ᠎ᠠ ᠴᠠᠬᠢᠯᠭᠠᠨ ᠢ ᠰᠡᠷᠭᠡᠶᠢᠯᠡᠨ ᠬᠠᠮᠠᠭᠠᠯᠠᠬᠤ ᠲᠤᠨᠤᠭ ᠳᠥᠬᠦᠭᠡᠷᠦᠮᠵᠢ ᠶᠢ ᠣᠠᠠᠰᠠᠷᠡᠬᠤ ᠳᠠᠭᠠᠨ ᠣᠯᠥᠰ ᠤᠨ ᠠᠶᠤᠩᠭ᠎ᠠ ᠰᠡᠷᠬᠡᠶᠢᠯᠡᠬᠦ ᠪᠡᠷᠢᠮᠵᠢᠶ᠎ᠠ ᠶᠢᠨ ᠬᠤᠯᠪᠤᠠᠠᠳᠡᠯ ᠪᠦᠬᠦᠢ ᠲᠣᠠᠠᠳᠠᠭᠠᠯ ᠳᠤ ᠨᠡᠶᠢᠴᠡᠬᠦᠯᠬᠦ ᠭᠡᠷᠡᠭᠳᠡᠢ᠃ ᠰᠢᠨ᠎ᠡ ᠪᠠᠷ ᠪᠠᠶᠢᠭᠤᠯᠬᠤ᠂ ᠦᠭᠡᠷᠡᠴᠢᠯᠡᠨ ᠪᠠᠶᠢᠭᠤᠯᠬᠤ᠂ ᠦᠷᠭᠡᠳᠭᠡᠨ ᠪᠠᠶᠢᠭᠤᠯᠬᠤ ᠪᠡᠷᠢᠯᠭ᠎ᠠ ︵ᠪᠠᠶᠢᠭᠤᠯᠬᠤ︶᠂ ᠳᠡᠯᠡᠪᠤᠷ ᠭᠠᠵᠡᠷ ᠪᠠ ᠪᠡᠯᠡᠳᠭᠡᠮᠵᠢ ᠶᠢᠨ ᠠᠶᠤᠩᠭ᠎ᠠ ᠴᠠᠬᠢᠯᠭᠠᠨ ᠢ ᠰᠡᠷᠭᠡᠶᠢᠯᠡᠨ ᠬᠠᠮᠠᠭᠠᠯᠠᠬᠤ ᠲᠤᠨᠤᠭ ᠳᠥᠬᠦᠭᠡᠷᠦᠮᠵᠢ ᠶᠢ ᠭᠤᠤᠯ ᠴᠣᠠᠠᠴᠠ ᠶᠢᠨ ᠪᠡᠷᠢᠯᠭ᠎ᠠ ᠯᠤᠭ᠎ᠠ ᠬᠠᠮᠳᠣ ᠳᠤᠨᠢ ᠵᠢᠷᠣᠠᠠᠯᠠᠨ ᠳᠥᠯᠥᠪᠯᠡᠵᠦ᠂ ᠬᠠᠮᠳᠣ ᠳᠤᠨᠢ ᠪᠠᠶᠢᠭᠤᠯᠵᠦ᠂ ᠬᠠᠮᠳᠣ ᠳᠤᠨᠢ ᠠᠰᠢᠠᠠᠯᠠᠯᠳᠡ ᠳᠤ ᠣᠷᠣᠭᠤᠯᠥᠨ ᠭᠡᠷᠡᠭᠯᠡᠬᠦ ᠭᠡᠷᠡᠭᠳᠡᠢ᠃
ᠰᠢᠨ᠎ᠡ ᠪᠠᠷ ᠪᠠᠶᠢᠭᠤᠯᠬᠤ᠂ ᠦᠭᠡᠷᠡᠴᠢᠯᠡᠨ ᠪᠠᠶᠢᠭᠤᠯᠬᠤ᠂ ᠦᠷᠭᠡᠳᠭᠡᠨ ᠪᠠᠶᠢᠭᠤᠯᠬᠤ ᠪᠦᠳᠦᠭᠡᠨ ᠪᠠᠶᠢᠭᠤᠯᠥᠯᠳᠡ ᠶᠢᠨ ᠪᠡᠷᠢᠯᠭ᠎ᠠ ᠶᠢᠨ ᠠᠶᠤᠩᠭ᠎ᠠ ᠴᠠᠬᠢᠯᠭᠠᠨ ᠢ ᠰᠡᠷᠭᠡᠶᠢᠯᠡᠨ ᠬᠠᠮᠠᠭᠠᠯᠠᠬᠤ ᠲᠤᠨᠤᠭ ᠳᠥᠬᠦᠭᠡᠷᠦᠮᠵᠢ ᠶᠢ ᠵᠢᠷᠣᠠᠠᠯᠠᠨ ᠳᠥᠯᠥᠪᠯᠡᠬᠦ ᠪᠠ ᠪᠠᠶᠢᠭᠤᠯᠬᠤ ᠠᠵᠢᠯ ᠢ ᠵᠤᠬᠢᠬᠤ ᠪᠦᠳᠦᠭᠡᠨ ᠪᠠᠶᠢᠭᠤᠯᠥᠯᠳᠡ᠂ ᠵᠠᠰᠠᠮᠠᠯ ᠵᠠᠮ᠂ ᠣᠰᠣᠨ ᠵᠠᠮ᠂ ᠳᠡᠮᠥᠷ ᠵᠠᠮ᠂ ᠠᠷᠡᠳ ᠤᠨ ᠠᠭᠠᠷ ᠤᠨ ᠠᠶᠠᠯᠠᠯ᠂ ᠣᠰᠣᠨ ᠠᠰᠢᠠᠠᠯᠠᠯᠳᠡ᠂ ᠴᠠᠬᠢᠯᠭᠠᠨ ᠬᠦᠴᠣᠨ᠂ ᠴᠦᠮ᠎ᠠ ᠶᠢᠨ ᠴᠠᠬᠢᠯᠭᠠᠨ᠂ ᠴᠢᠮᠡᠭᠡ ᠬᠤᠯᠪᠤᠭ᠎ᠠ ᠵᠡᠷᠭᠡ ᠲᠣᠰᠬᠠᠢ ᠮᠡᠷᠭᠡᠵᠢᠯ ᠤᠨ ᠪᠡᠷᠢᠯᠭ᠎ᠠ ᠶᠢᠨ ᠵᠢᠷᠤᠭ ᠳᠥᠯᠥᠪᠯᠡᠭᠡ᠂ ᠪᠡᠷᠢᠯᠭ᠎ᠠ ᠪᠠᠷᠢᠬᠤ ᠬᠢᠷᠢ ᠬᠡᠮ ᠣᠯᠥᠠᠠᠰᠠᠨ ᠨᠢᠭᠡᠴᠡ ᠠᠴᠠ ᠡᠬᠦᠷᠭᠡᠯᠡᠵᠦ ᠪᠤᠯᠥᠨ᠎ᠠ︾ ᠬᠡᠵᠦ ᠵᠠᠰᠠᠪᠦᠷᠢ
ᠣᠷᠣᠭᠤᠯᠪᠡ᠃
ᠠᠷᠪᠡᠨ ᠳᠥᠷᠪᠡᠳᠣᠭᠡᠷ ᠵᠦᠢᠯ ᠢ ᠠᠷᠪᠡᠨ ᠭᠤᠷᠪᠠᠳᠣᠭᠠᠷ ᠵᠦᠢᠯ ᠪᠤᠯᠭᠠᠨ ᠵᠠᠰᠠᠵᠤ᠂ ︽ᠲᠣᠰᠣᠨ ᠬᠦᠮᠦᠷᠭᠡ᠂ ᠰᠢᠳᠠᠮᠠᠬᠠᠢ ᠬᠡᠢ ᠶᠢᠨ ᠬᠦᠮᠥᠷᠭᠡ᠂ ᠳᠡᠷᠢ ᠰᠣᠮᠥ ᠶᠢᠨ ᠬᠦᠮᠦᠷᠭᠡ᠂ ᠬᠢᠮᠢ ᠶᠢᠨ ᠵᠦᠢᠯᠡᠰ ᠤᠨ ᠬᠦᠮᠦᠷᠭᠡ ᠪᠤᠯᠥᠨ ᠬᠤᠸᠡᠷ ᠫᠣᠤᠵᠢᠩ᠂ ᠴᠢᠯᠠᠭᠤᠨ ᠲᠣᠰᠣᠨ ᠤ ᠬᠢᠮᠢ ᠶᠢᠨ ᠠᠵᠦ ᠦᠢᠯᠡᠳᠪᠦᠷᠢ ᠶᠢᠨ ᠨᠣᠴᠣᠮᠠᠳᠠᠭᠠᠢ ᠳᠡᠯᠪᠡᠷᠡᠮᠡᠳᠡᠭᠡᠢ ᠪᠦᠳᠦᠭᠡᠨ ᠪᠠᠶᠢᠭᠤᠯᠥᠯᠳᠡ ᠶᠢᠨ ᠪᠡᠷᠢᠯᠭ᠎ᠠ ᠪᠠ ᠳᠡᠯᠡᠪᠤᠷ ᠭᠠᠵᠡᠷ᠂ ᠠᠶᠤᠩᠭ᠎ᠠ ᠴᠠᠬᠢᠯᠭᠠᠨ ᠠᠮᠠᠷᠬᠠᠨ ᠡᠬᠦᠰᠬᠦ ᠭᠠᠵᠡᠷ ᠲᠠᠬᠢ ᠠᠭᠤᠷᠬᠠᠢ ᠶᠢᠨ ᠲᠤᠭᠤᠷᠢᠭ᠂ ᠵᠢᠭᠤᠯᠴᠢᠯᠠᠯ ᠤᠨ ᠦᠵᠡᠮᠵᠢ ᠶᠢᠨ ᠣᠷᠣᠨ ᠪᠤᠶᠤ ᠠᠰᠢᠠᠠᠯᠠᠯᠳᠡ ᠳᠤ ᠣᠷᠣᠭᠤᠯᠥᠬᠠᠰᠠᠨ ᠪᠡᠷᠢᠯᠭ᠎ᠠ ︵ᠪᠠᠶᠢᠭᠤᠯᠬᠤ︶᠂ ᠪᠡᠯᠡᠳᠭᠡᠮᠵᠢ ᠵᠡᠷᠭᠡ ᠳᠤ ᠠᠶᠤᠩᠭ᠎ᠠ ᠴᠠᠬᠢᠯᠭᠠᠨ ᠢ ᠰᠡᠷᠭᠡᠶᠢᠯᠡᠨ ᠬᠠᠮᠠᠭᠠᠯᠠᠬᠤ ᠲᠤᠨᠤᠭ ᠳᠥᠬᠦᠭᠡᠷᠦᠮᠵᠢ ᠶᠢ ᠲᠣᠰᠬᠠᠶᠢᠯᠠᠨ ᠣᠠᠠᠰᠠᠷᠡᠬᠤ ᠴᠢᠬᠤᠯᠠᠳᠡᠢ ᠳᠡᠯᠡᠪᠤᠷ ᠭᠠᠵᠡᠷ᠂ ᠵᠢᠴᠢ ᠠᠶᠤᠩᠭ᠎ᠠ ᠴᠠᠬᠢᠯᠭᠠᠨ ᠤ ᠳᠥᠭᠰᠢᠬᠦᠷᠢ ᠶᠡᠬᠡᠳᠡᠢ ᠪᠦᠭᠡᠳ ᠠᠶᠤᠩᠭ᠎ᠠ ᠰᠡᠷᠭᠡᠶᠢᠯᠡᠬᠦ ᠪᠡᠷᠢᠮᠵᠢᠶ᠎ᠠ ᠪᠠ ᠵᠢᠷᠣᠮᠯᠠᠯ ᠦᠭᠡᠢ᠂ ᠣᠨᠴᠣᠭᠤᠢ ᠨᠣᠳᠠᠯᠠᠯᠳᠡ ᠬᠢᠬᠦ ᠴᠢᠬᠤᠯᠠᠳᠡᠢ ᠲᠣᠮᠥ ᠭᠡᠯᠪᠡᠷᠢ ᠶᠢᠨ ᠳᠥᠷᠦᠯ ᠵᠦᠢᠯ ᠳᠤ᠂ ᠳᠡᠬᠦᠨ ᠤ ᠠᠶᠤᠩᠭ᠎ᠠ ᠴᠠᠬᠢᠯᠭᠠᠨ ᠢ ᠰᠡᠷᠭᠡᠶᠢᠯᠡᠨ ᠬᠠᠮᠠᠭᠠᠯᠠᠬᠤ ᠲᠤᠨᠤᠭ ᠳᠥᠬᠦᠭᠡᠷᠦᠮᠵᠢ ᠶᠢᠨ ᠵᠢᠷᠤᠭ ᠳᠥᠯᠥᠪᠯᠡᠭᠡ ᠶᠢ ᠬᠢᠨᠡᠨ ᠲᠣᠠᠠᠳᠠᠭᠠᠬᠤ ᠪᠠ ᠠᠵᠢᠯ ᠲᠠᠭᠤᠰᠴᠥ ᠰᠢᠯᠭᠠᠨ ᠠᠪᠬᠤ ᠶᠢ ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠬᠠᠷᠢᠭᠤᠴᠠᠨ᠎ᠠ᠃ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠵᠢᠷᠤᠭ ᠳᠥᠯᠥᠪᠯᠡᠭᠡ ᠨᠢ ᠬᠢᠨᠡᠨ ᠰᠢᠯᠭᠠᠬᠤ ᠶᠢ ᠦᠩᠭᠡᠷᠡᠭᠡᠭᠰᠡᠨ ᠪᠠᠶᠢᠪᠠᠯ᠂ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠨᠢ ︽ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠵᠢᠷᠤᠭ ᠳᠥᠯᠥᠪᠯᠡᠭᠡ ᠶᠢᠨ ᠬᠢᠨᠡᠨ ᠵᠦᠪᠰᠢᠶᠡᠷᠡᠭᠰᠡᠨ ᠪᠢᠴᠢᠭ︾ ᠤᠯᠭᠤᠬᠤ ᠭᠡᠷᠡᠭᠳᠡᠢ᠃ ᠵᠢᠷᠤᠭ ᠳᠥᠯᠥᠪᠯᠡᠭᠡ ᠶᠢᠨ ᠬᠢᠨᠡᠨ ᠰᠢᠯᠭᠠᠬᠤ ᠶᠢ ᠳᠠᠮᠵᠢᠭᠰᠠᠨ ᠦᠭᠡᠢ ᠪᠤᠶᠥ ᠬᠢᠨᠡᠨ ᠰᠢᠯᠭᠠᠬᠤ ᠳᠤ ᠬᠢᠷᠢ ᠳᠡᠩᠴᠡᠭᠰᠡᠨ ᠦᠭᠡᠢ ᠪᠠᠶᠢᠪᠠᠯ᠂ ᠪᠦᠳᠦᠭᠡᠨ ᠪᠠᠶᠢᠭᠤᠯᠬᠤ ᠨᠢᠭᠡᠴᠡ ᠨᠢ ᠪᠡᠷᠢᠯᠭ᠎ᠠ ᠳᠤ ᠭᠡᠷᠡᠭᠯᠡᠵᠦ ᠪᠤᠯᠬᠤ ᠦᠭᠡᠢ᠃ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠨᠢ ᠠᠵᠢᠯ ᠲᠠᠭᠤᠰᠴᠥ ᠰᠢᠯᠭᠠᠨ ᠠᠪᠬᠤ ᠶᠢ ᠦᠩᠭᠡᠷᠡᠬᠡᠭᠰᠡᠨ ᠪᠠᠶᠢᠪᠠᠯ᠂ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠠᠴᠠ ︽ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠵᠢᠷᠤᠭ ᠳᠥᠯᠥᠪᠯᠡᠭᠡ ᠶᠢᠨ ᠬᠢᠨᠡᠨ ᠵᠦᠪᠰᠢᠶᠡᠷᠡᠭᠰᠡᠨ ᠪᠢᠴᠢᠭ︾ ᠤᠯᠭᠤᠬᠤ ᠭᠡᠷᠡᠭᠳᠡᠢ᠃ ᠠᠵᠢᠯ ᠲᠠᠭᠤᠰᠴᠦ ᠰᠢᠯᠭᠠᠨ ᠠᠪᠬᠤ ᠶᠢ ᠳᠠᠮᠵᠢᠭᠰᠠᠨ ᠦᠭᠡᠢ ᠪᠤᠶᠤ ᠰᠢᠯᠭᠠᠨ ᠠᠪᠬᠤ ᠳᠤ ᠬᠢᠷᠢ ᠳᠡᠩᠴᠡᠭᠰᠡᠨ ᠦᠭᠡᠢ ᠪᠠᠶᠢᠪᠠᠯ᠂ ᠲᠣᠰᠢᠶᠡᠨ ᠭᠡᠷᠡᠭᠯᠡᠬᠦᠯᠵᠦ ᠪᠤᠯᠬᠤ ᠦᠭᠡᠢ᠃
ᠭᠡᠷ ᠪᠠᠶᠢᠰᠢᠩ ᠤᠨ ᠪᠠᠷᠢᠯᠭ᠎ᠠ᠂ ᠬᠤᠳᠡ ᠶᠢᠨ ᠶᠠᠪᠤᠳᠡᠯ ᠤᠨ ᠰᠠᠭᠤᠷᠢ ᠪᠡᠯᠡᠳᠭᠡᠮᠵᠢ᠂ ᠵᠠᠰᠠᠮᠠᠯ ᠵᠠᠮ᠂ ᠣᠰᠣᠨ ᠵᠠᠮ᠂ ᠳᠡᠮᠥᠷ ᠵᠠᠮ᠂ ᠠᠷᠡᠳ ᠤᠨ ᠠᠭᠠᠷ ᠤᠨ ᠠᠶᠠᠯᠠᠯ᠂ ᠣᠰᠣᠨ ᠠᠰᠢᠠᠠᠯᠠᠯᠳᠡ᠂ ᠴᠠᠬᠢᠯᠭᠠᠨ ᠬᠦᠴᠣᠨ᠂ ᠴᠦᠮ᠎ᠠ ᠶᠢᠨ ᠴᠠᠬᠢᠯᠭᠠᠨ᠂ ᠴᠢᠮᠡᠭᠡ ᠬᠤᠯᠪᠤᠭ᠎ᠠ ᠵᠡᠷᠭᠡ ᠪᠦᠳᠦᠭᠡᠨ ᠪᠠᠶᠢᠭᠤᠯᠥᠯᠳᠡ ᠶᠢᠨ ᠪᠡᠷᠢᠯᠭ᠎ᠠ ᠶᠢᠨ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠨᠢ᠂ ᠵᠤᠬᠢᠬᠤ ᠬᠦᠷᠢᠶ᠎ᠡ ᠴᠡᠷᠠᠭ᠎ᠠ ᠶᠢᠨ ᠳᠣᠳᠣᠷᠡᠬᠢ ᠪᠦᠳᠦᠭᠡᠨ ᠪᠠᠶᠢᠭᠤᠯᠥᠯᠳᠡ ᠶᠢᠨ ᠪᠡᠷᠢᠯᠭ᠎ᠠ ᠶᠢᠨ ᠠᠶᠣᠩᠭ᠎ᠠ ᠰᠡᠷᠭᠡᠶᠢᠯᠡᠬᠦ ᠶᠢᠨ ᠬᠠᠮᠢᠶᠡᠷᠦᠯᠳᠡ ᠶᠢ ᠬᠠᠷᠢᠭᠤᠴᠠᠨ᠎ᠠ︾ ᠬᠡᠵᠦ ᠵᠠᠰᠠᠪᠤᠷᠢ ᠣᠷᠣᠭᠤᠯᠪᠡ᠃
ᠠᠷᠪᠡᠨ ᠲᠠᠪᠤᠳᠣᠭᠠᠷ ᠵᠦᠢᠯ᠂ ᠠᠷᠪᠠᠨ ᠵᠢᠷᠭᠤᠳᠣᠭᠠᠷ ᠵᠦᠢᠯ᠂ ᠠᠷᠪᠡᠨ ᠲᠤᠯᠥᠳᠣᠭᠠᠷ ᠵᠦᠢᠯ ᠢ
ᠬᠠᠰᠣᠪᠡ᠃
ᠬᠤᠷᠢᠳᠣᠭᠠᠷ ᠵᠦᠢᠯ ᠢ ᠠᠷᠪᠡᠨ ᠵᠢᠷᠭᠤᠳᠣᠭᠠᠷ ᠵᠦᠢᠯ ᠪᠤᠯᠭᠠᠨ ᠵᠠᠰᠠᠵᠤ᠂ ︽ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠪᠠᠶᠢᠴᠠᠭᠠᠨ ᠰᠢᠨᠵᠢᠯᠳᠡ ᠶᠢ ᠡᠷᠬᠢᠯᠡᠵᠦ ᠪᠦᠬᠦᠢ ᠪᠠᠶᠢᠭᠤᠯᠥᠮᠵᠢ ᠨᠢ᠂ ᠣᠯᠥᠰ ᠤᠨ ᠲᠣᠠᠠᠳᠠᠭᠠᠯ ᠶᠣᠰᠣᠭᠠᠷ ᠦᠪᠡᠷᠳᠡᠭᠡᠨ ᠵᠠᠰᠠᠬᠤ ᠣᠷᠣᠨ ᠤ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠶᠢᠨ ᠣᠯᠭᠤᠠᠠᠰᠠᠨ ᠬᠢᠷᠢ ᠭᠡᠮ ᠤᠨ ᠦᠨᠡᠮᠯᠠᠯ ᠤᠨ ᠪᠢᠴᠢᠭ ᠢ ᠣᠯᠬᠤ ᠶᠢᠨ ᠬᠠᠮᠳᠣ᠂ ᠬᠢᠷᠢ ᠭᠡᠮ ᠤᠨ ᠳᠡᠰ ᠵᠡᠷᠭᠡ ᠶᠢᠨ ᠬᠦᠷᠢᠶ᠎ᠡ ᠭᠡᠪᠴᠢᠶ᠎ᠠ ᠶᠢᠨ ᠳᠣᠳᠣᠷ᠎ᠠ ᠪᠠᠶᠢᠴᠠᠭᠠᠨ ᠰᠢᠨᠵᠢᠬᠦ ᠠᠵᠢᠯ ᠢ ᠡᠷᠬᠢᠯᠡᠨ᠎ᠠ᠃
ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠪᠠᠶᠢᠴᠠᠭᠠᠨ ᠰᠢᠨᠵᠢᠯᠳᠡ ᠶᠢ ᠡᠷᠬᠢᠯᠡᠵᠦ ᠪᠦᠬᠦᠢ ᠪᠠᠶᠢᠭᠤᠯᠥᠮᠵᠢ ᠨᠢ ᠣᠯᠥᠰ ᠤᠨ ᠬᠤᠯᠪᠤᠠᠠᠳᠡᠯ ᠪᠦᠬᠦᠢ ᠪᠡᠷᠢᠮᠵᠢᠶ᠎ᠠ ᠪᠠ ᠵᠢᠷᠣᠮᠯᠠᠯ ᠢ ᠴᠢᠩᠭ᠎ᠠ ᠭᠡᠷᠡᠭᠵᠢᠬᠦᠯᠵᠦ᠂ ᠪᠠᠶᠢᠴᠠᠭᠠᠨ ᠰᠢᠨᠵᠢᠬᠦ ᠳᠥᠷᠢᠮ ᠢ ᠪᠠᠶᠢᠭᠤᠯᠥᠨ ᠪᠦᠷᠢᠨᠰᠢᠬᠦᠯᠵᠦ᠂ ᠪᠠᠶᠢᠴᠠᠭᠠᠨ ᠰᠢᠨᠵᠢᠬᠦ ᠮᠡᠳᠡᠬᠦᠯᠥᠯᠳᠡ ᠶᠢᠨ ᠦᠨᠡᠨ ᠪᠤᠳᠠᠳᠤ ᠴᠢᠨᠡᠷ᠂ ᠰᠢᠨᠵᠢᠯᠡᠬᠦ ᠣᠬᠠᠭᠠᠨᠴᠢ ᠴᠢᠨᠠᠷ ᠪᠠ ᠲᠥᠪ ᠭᠤᠣᠯᠴᠢ ᠴᠢᠨᠡᠷ ᠢ ᠪᠠᠳᠣᠯᠠᠨ᠎ᠠ︾ ᠬᠡᠵᠦ ᠵᠠᠰᠠᠪᠤᠷᠢ ᠣᠷᠣᠭᠤᠯᠪᠡ᠃
ᠬᠤᠷᠢᠨ ᠨᠢᠭᠡᠳᠣᠭᠡᠷ ᠵᠦᠢᠯ ᠢ ᠠᠷᠪᠡᠨ ᠲᠤᠯᠥᠳᠣᠭᠠᠷ ᠵᠦᠢᠯ ᠪᠤᠯᠭᠠᠨ ᠵᠠᠰᠠᠵᠤ᠂ ︽ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠪᠡᠷᠢᠯᠭ᠎ᠠ ᠳᠤ ᠮᠦᠷᠲᠡᠨ ᠪᠠᠶᠢᠴᠠᠭᠠᠬᠤ ᠳᠥᠷᠢᠮ ᠢ ᠭᠡᠷᠡᠭᠵᠢᠬᠦᠯᠦᠨ᠎ᠡ᠃ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠪᠠᠶᠢᠴᠠᠭᠠᠨ ᠰᠢᠨᠵᠢᠯᠳᠡ ᠶᠢ ᠡᠷᠬᠢᠯᠡᠵᠦ ᠪᠦᠬᠦᠢ ᠪᠠᠶᠢᠭᠤᠯᠥᠮᠵᠢ ᠨᠢ ᠪᠠᠶᠢᠴᠠᠭᠠᠨ ᠰᠢᠨᠵᠢᠭᠰᠡᠨ ᠲᠤᠭ᠎ᠠ ᠪᠡᠷᠢᠮᠳᠡ ᠶᠢ ᠳᠡᠮᠳᠡᠭᠯᠡᠨ᠂ ᠪᠦᠷᠢᠳᠭᠡᠨ ᠳᠡᠩᠰᠡ ᠡᠪᠭᠡᠮᠡᠯ ᠵᠤᠬᠢᠶᠡᠬᠤ ᠶᠢᠨ ᠬᠠᠮᠳᠣ᠂ ᠪᠠᠶᠢᠴᠠᠭᠠᠨ ᠰᠢᠨᠵᠢᠭᠰᠡᠨ ᠮᠡᠳᠡᠬᠦᠯᠥᠯᠳᠡ ᠭᠠᠷᠭᠠᠨ᠎ᠠ︾ ᠬᠡᠵᠦ ᠵᠠᠰᠠᠪᠤᠷᠢ ᠣᠷᠣᠭᠤᠯᠪᠡ᠃
ᠬᠤᠷᠢᠨ ᠲᠣᠯᠥᠳᠣᠭᠠᠷ ᠵᠦᠢᠯ ᠢ ᠬᠤᠷᠢᠨ ᠭᠤᠷᠪᠠᠳᠣᠭᠠᠷ ᠵᠦᠢᠯ ᠪᠤᠯᠭᠠᠨ ᠵᠠᠰᠠᠵᠤ᠂ ︽ᠦᠪᠡᠷᠳᠡᠭᠡᠨ ᠵᠠᠰᠠᠬᠤ ᠣᠷᠣᠨ ᠤ ᠴᠠᠭ ᠠᠭᠤᠷ ᠤᠨ ᠰᠢᠨᠵᠢᠯᠡᠭᠡᠨ ᠤ ᠨᠡᠶᠢᠭᠡᠮᠯᠢᠭ ᠨᠢ ᠲᠣᠰ ᠵᠠᠰᠠᠭ ᠵᠠᠬᠢᠷᠭᠠᠨ ᠤ ᠣᠷᠣᠨ ᠪᠦᠰᠡ ᠶᠢᠨ ᠳᠣᠳᠣᠷᠡᠬᠢ ᠠᠶᠤᠩᠭ᠎ᠠ ᠰᠡᠷᠭᠡᠶᠢᠯᠡᠬᠦ ᠲᠣᠰᠬᠠᠢ ᠮᠡᠷᠭᠡᠵᠢᠯ ᠤᠨ ᠠᠵᠢᠯᠳᠡᠨ ᠤ ᠴᠢᠳᠡᠪᠦᠷᠢ ᠳᠤ ᠦᠨᠡᠯᠡᠯᠳᠡ ᠬᠢᠬᠦ ᠶᠢ ᠬᠠᠷᠢᠭᠤᠴᠠᠨ᠎ᠠ︾ ᠬᠡᠵᠦ ᠵᠠᠰᠠᠪᠦᠷᠢ ᠣᠷᠣᠭᠤᠯᠪᠡ᠃
ᠭᠤᠴᠢᠨ ᠲᠣᠯᠥᠳᠣᠭᠠᠷ ᠵᠦᠢᠯ ᠢ ᠭᠤᠴᠢᠨ ᠭᠤᠷᠪᠠᠳᠣᠭᠠᠷ ᠵᠦᠢᠯ ᠪᠤᠯᠭᠠᠨ ᠵᠠᠰᠠᠵᠤ᠂ ︽ᠬᠤᠰᠢᠭᠤ ᠰᠢᠶᠡᠨ ᠤ ᠱᠠᠳᠣᠨ ᠠᠴᠠ ᠳᠠᠬᠡᠭᠰᠢᠬᠢ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠵᠢᠴᠢ ᠬᠤᠯᠪᠤᠠᠠᠳᠡᠯ ᠪᠦᠬᠦᠢ ᠰᠠᠯᠠᠭ᠎ᠠ ᠮᠦᠴᠢᠷ ᠪᠠ ᠳᠡᠬᠦᠨ ᠤ ᠠᠵᠢᠯᠳᠡᠨ ᠨᠢ ᠳᠤᠤᠷᠠᠬᠢ ᠦᠢᠯᠡ ᠠᠵᠢᠯᠯᠠᠭ᠎ᠠ ᠶᠢᠨ ᠨᠢᠭᠡ ᠨᠢ ᠪᠠᠶᠢᠪᠠᠯ᠂ ᠰᠢᠭᠤᠳ ᠬᠠᠷᠢᠭᠤᠴᠠᠵᠦ ᠪᠠᠶᠢᠭ᠎ᠠ ᠭᠤᠤᠯᠴᠢᠯᠠᠨ ᠬᠠᠮᠢᠶᠡᠷᠬᠤ ᠠᠵᠢᠯᠳ᠋ᠨᠨ ᠪᠤᠶᠤ ᠰᠢᠭᠤᠳ ᠬᠠᠷᠢᠭᠤᠴᠠᠵᠦ ᠪᠠᠶᠢᠭ᠎ᠠ ᠠᠵᠢᠯᠲᠠᠨ ᠳᠤ ᠬᠠᠦᠯᠢ ᠶᠣᠰᠣᠭᠠᠷ ᠵᠠᠰᠠᠭ ᠵᠠᠬᠢᠷᠭᠠᠨ ᠤ ᠰᠢᠳᠭᠡᠯ ᠦᠭᠭᠦᠨ᠎ᠡ︔ ᠶᠠᠯ᠎ᠠ ᠳᠤ ᠬᠦᠷᠦᠭᠰᠡᠨ ᠪᠠᠶᠢᠪᠠᠯ᠂ ᠬᠠᠦᠯᠢ ᠶᠣᠰᠣᠭᠠᠷ ᠡᠷᠡᠬᠦᠥ ᠶᠢᠨ ᠭᠡᠷᠩ ᠤᠨ ᠬᠠᠷᠢᠭᠤᠴᠠᠯᠭ᠎ᠠ ᠨᠡᠭᠡᠮᠵᠢᠯᠡᠨ᠎ᠠ ᠬᠡᠵᠦ ᠵᠠᠰᠠᠪᠦᠷᠢ ᠣᠷᠣᠭᠤᠯᠪᠡ᠄
︵ᠨᠢᠭᠡ︶ ᠨᠦᠬᠦᠴᠡᠯ ᠳᠤ ᠨᠡᠶᠢᠴᠡᠬᠦ ᠦᠭᠡᠢ ᠨᠢᠭᠡᠴᠡ ᠳᠤ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠪᠠᠶᠢᠴᠠᠭᠠᠨ ᠰᠢᠨᠵᠢᠬᠦ ᠬᠢᠷᠢ ᠬᠡᠮ ᠤᠨ ᠦᠨᠡᠮᠯᠠᠯ ᠤᠨ ᠪᠢᠴᠢᠭ ᠣᠯᠭᠤᠠᠠᠰᠠᠨ︔
︵ᠬᠤᠶᠡᠷ︶ ᠮᠡᠷᠭᠡᠵᠢᠯ ᠤᠨ ᠪᠡᠷᠢᠮᠵᠢᠶ᠎ᠠ ᠳᠤ ᠨᠡᠶᠢᠴᠡᠬᠦ ᠦᠭᠡᠢ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠵᠢᠷᠤᠭ ᠳᠥᠯᠥᠪᠯᠡᠭᠡ ᠶᠢᠨ ᠳᠥᠰᠥᠯ ᠳᠤ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠵᠢᠷᠤᠭ ᠳᠥᠯᠥᠪᠯᠡᠭᠡ ᠶᠢᠨ ᠬᠢᠨᠡᠨ ᠵᠦᠪᠰᠢᠶᠡᠷᠡᠭᠰᠡᠨ ᠪᠢᠴᠢᠭ ᠭᠠᠷᠭᠠᠵᠦ ᠦᠭᠬᠦᠭᠰᠡᠨ︔
︵ᠭᠤᠷᠪᠡ︶ ᠱᠠᠭᠠᠷᠳᠡᠯᠭ᠎ᠠ ᠳᠤ ᠨᠡᠶᠢᠴᠡᠬᠦ ᠦᠭᠡᠢ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠵᠢᠷᠤᠭ ᠳᠥᠯᠥᠪᠯᠡᠭᠡ ᠳᠤ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠰᠢᠯᠭᠠᠨ ᠠᠪᠤᠠᠠᠰᠠᠨ ᠰᠠᠨᠠᠯ ᠤᠨ ᠪᠢᠴᠢᠭ ᠭᠠᠷᠭᠠᠵᠦ ᠦᠭᠬᠦᠭᠰᠡᠨ︔
︵ᠳᠥᠷᠪᠡ︶ ᠠᠶᠣᠩᠭ᠎ᠠ ᠴᠠᠬᠢᠯᠭᠠᠨ ᠤ ᠭᠠᠢ ᠭᠠᠮᠰᠢᠭ ᠤᠨ ᠪᠠᠶᠢᠳᠡᠯ ᠢᠶᠠᠨ ᠨᠢᠭᠤᠨ ᠳᠡᠯᠳᠡᠯᠠᠭᠠᠳ ᠮᠡᠳᠡᠬᠦᠯᠥᠭᠰᠡᠨ ᠦᠭᠡᠢ᠂ ᠬᠤᠳᠡᠯ ᠬᠠᠭᠤᠷᠮᠠᠭ ᠢᠶᠠᠷ ᠮᠡᠳᠡᠬᠦᠯᠥᠭᠰᠡᠨ ᠪᠤᠶᠤ ᠣᠳᠠᠭᠠᠰᠢᠷᠡᠭᠤᠯᠥᠭᠠᠳ ᠮᠡᠳᠡᠬᠦᠯᠥᠭᠰᠡᠨ ᠦᠭᠡᠢ︔
︵ᠲᠠᠪᠤ︶ ᠠᠶᠤᠩᠭ᠎ᠠ ᠴᠠᠬᠢᠯᠭᠠᠨ ᠤ ᠭᠠᠢ ᠭᠠᠮᠰᠢᠭ ᠤᠨ ᠪᠠᠴᠢᠮ ᠪᠠᠶᠢᠳᠡᠯ ᠢ ᠠᠷᠭᠠᠴᠠᠬᠤ ᠣᠷᠢᠳᠴᠢᠯᠬᠠᠰᠠᠨ ᠳᠥᠰᠥᠯ ᠤᠨ ᠱᠠᠭᠠᠷᠳᠡᠯᠭ᠎ᠠ ᠶᠣᠰᠣᠭᠠᠷ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠭᠰᠡᠨ ᠦᠭᠡᠢ︔
︵ᠵᠢᠷᠭᠤᠭ᠎ᠠ︶ ᠠᠶᠤᠩᠭ᠎ᠠ ᠴᠠᠬᠢᠯᠭᠠᠨ ᠤ ᠭᠠᠢ ᠭᠠᠮᠰᠢᠭ ᠢ ᠰᠠᠷᠭᠡᠶᠢᠯᠡᠨ ᠬᠤᠷᠢᠠᠠᠯᠠᠬᠤ᠂ ᠪᠠᠴᠢᠮ ᠪᠠᠶᠢᠳᠡᠯ ᠢ ᠠᠷᠭᠠᠴᠠᠨ ᠰᠢᠢᠳᠪᠦᠷᠢᠯᠡᠬᠦ ᠲᠣᠮᠳᠡ ᠬᠤᠪᠢ ᠶᠢᠨ ᠨᠠᠶᠢᠷ ᠢᠶᠠᠷ ᠬᠠᠦᠯᠢ ᠶᠣᠰᠣ ᠶᠢ ᠵᠦᠷᠢᠴᠡᠭᠰᠡᠨ᠂ ᠠᠯᠪᠡᠨ ᠲᠥᠰᠢᠶᠡᠯ ᠳᠠᠭᠠᠨ ᠠᠯᠮᠠᠶᠢᠷᠡᠨ ᠣᠰᠣᠯᠳ᠋ᠬᠠᠰᠠᠨ᠂ ᠡᠷᠬᠡ ᠲᠣᠰᠢᠶᠡᠯ ᠢᠶᠠᠨ ᠲᠣᠷ᠎ᠠ ᠪᠠᠷ ᠭᠡᠷᠡᠭᠯᠡᠭᠰᠡᠨ ᠪᠤᠰᠣᠳ ᠦᠢᠯᠡ ᠠᠵᠢᠯᠯᠠᠭ᠎ᠠ ᠲᠠᠢ ᠪᠠᠶᠢᠬᠤ᠃︾
ᠭᠤᠴᠢ ᠶᠢᠰᠣᠳᠣᠭᠡᠷ ᠵᠦᠢᠯ ᠢ ᠭᠤᠴᠢᠨ ᠲᠠᠪᠤᠳᠣᠭᠠᠷ ᠵᠦᠢᠯ ᠪᠤᠯᠭᠠᠨ ᠵᠠᠰᠠᠵᠤ᠂ ︽ᠲᠣᠰ ᠠᠷᠭ᠎ᠠ ᠶᠢᠨ ᠲᠣᠠᠠᠳᠠᠭᠠᠯ ᠠᠴᠠ ᠵᠦᠷᠢᠴᠡᠵᠦ ᠳᠤᠤᠷᠠᠬᠢ ᠦᠢᠯᠡ ᠠᠵᠢᠯᠯᠠᠭ᠎ᠠ ᠶᠢᠨ ᠨᠢᠭᠡ ᠨᠢ ᠪᠠᠶᠢᠪᠠᠯ᠂ ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠠᠴᠠ ᠬᠤᠭᠤᠴᠠᠭ᠎ᠠ ᠬᠢᠵᠠᠭᠠᠷᠯᠡᠨ ᠵᠠᠯᠠᠷᠡᠭᠤᠯᠬᠤ ᠪᠠᠷ ᠵᠠᠷᠯᠢᠠᠠᠳᠠᠵᠦ᠂ ᠬᠤᠭᠤᠴᠠᠭ᠎ᠠ ᠨᠢ ᠦᠩᠭᠡᠷᠡᠭᠡᠳ ᠵᠠᠯᠠᠷᠡᠭᠤᠯᠥᠠᠠᠰᠠᠨ ᠦᠭᠡᠢ ᠪᠠᠶᠢᠪᠠᠯ᠂ 1 ᠳᠥᠮᠡᠨ ᠳᠥᠬᠦᠷᠢᠭ ᠠᠴᠠ ᠲᠣᠷᠣᠠᠠᠰᠢ ᠵᠤᠭᠤᠰ ᠢᠶᠠᠷ ᠲᠣᠷᠭᠤᠭᠠᠨ᠎ᠠ︔ ᠪᠠᠶᠢᠳᠡᠯ ᠨᠢ ᠬᠦᠨᠳᠦ ᠨᠣᠴᠢᠳᠡᠢ ᠪᠠᠶᠢᠪᠡᠯ᠂ 1 ᠳᠥᠮᠡᠡ ᠳᠥᠬᠦᠷᠢᠭ ᠠᠴᠠ ᠳᠡᠭᠡᠭᠰᠢ 3 ᠳᠥᠮᠡᠨ ᠳᠥᠬᠦᠷᠢᠭ ᠠᠴᠠ ᠲᠣᠷᠣᠠᠠᠰᠢ ᠵᠤᠭᠤᠰ ᠢᠶᠠᠷ ᠲᠤᠷᠭᠤᠭᠠᠵᠦ᠂ ᠪᠣᠰᠣᠳ ᠲᠤ ᠬᠤᠬᠢᠷᠡᠯ ᠣᠴᠠᠷᠡᠭᠤᠯᠥᠠᠠᠰᠠᠨ ᠪᠠᠶᠢᠪᠠᠯ᠂ ᠬᠠᠦᠯᠢ ᠶᠣᠰᠣᠭᠠᠷ ᠳᠥᠯᠥᠬᠦ ᠬᠠᠷᠢᠭᠤᠴᠠᠯᠭ᠎ᠠ ᠡᠬᠦᠷᠭᠡᠯᠡᠨ᠎ᠠ᠃ ᠬᠠᠦᠯᠢ ᠴᠠᠭᠠᠵᠠ᠂ ᠵᠠᠰᠠᠭ ᠵᠠᠬᠢᠷᠭᠠᠨ ᠤ ᠬᠠᠦᠯᠢ ᠲᠣᠠᠠᠳᠠᠭᠠᠯ ᠳᠤ ᠪᠤᠰᠣᠳ ᠰᠢᠳᠭᠡᠯ ᠦᠭᠬᠦ ᠲᠣᠠᠠᠳᠠᠭᠠᠯ ᠲᠠᠢ ᠪᠠᠶᠢᠪᠠᠯ᠂ ᠲᠡᠷᠡ ᠲᠣᠠᠠᠳᠠᠭᠠᠯ ᠢ ᠭᠡᠷᠡᠭᠵᠢᠬᠦᠯᠦᠨ᠎ᠡ ᠬᠡᠵᠦ ᠵᠠᠰᠠᠪᠦᠷᠢ ᠣᠷᠣᠭᠤᠯᠪᠡ᠄
︵ᠨᠢᠭᠡ︶ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠤᠭᠰᠠᠷᠠᠬᠤ ᠴᠢᠬᠤᠯᠠᠲᠠᠢ ᠪᠠᠶᠢᠬᠤ ᠳᠤ ᠣᠠᠠᠰᠠᠷᠡᠬᠰᠠᠨ ᠦᠭᠡᠢ︔
︵ᠬᠤᠶᠡᠷ︶ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠬᠢᠷᠢ ᠴᠢᠳᠠᠮᠵᠢ ᠶᠢ ᠪᠦᠷᠢᠯᠳᠦᠬᠦᠯᠥᠭᠰᠡᠨ ᠦᠭᠡᠢ ᠵᠢᠴᠢ ᠬᠢᠷᠢ ᠴᠢᠳᠠᠮᠵᠢ ᠶᠢᠨ ᠭᠡᠪᠴᠢᠶ᠎ᠠ ᠠᠴᠠ ᠭᠡᠳᠣᠷᠡᠳᠡᠯᠠ ᠪᠠᠶᠢᠴᠠᠭᠠᠨ ᠰᠢᠨᠵᠢᠬᠦ ᠠᠵᠢᠯᠯᠠᠭ᠎ᠠ
ᠡᠷᠬᠢᠯᠡᠭᠰᠡᠨ︔
︵ᠭᠤᠷᠪᠡ︶ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢᠨ ᠵᠢᠷᠤᠭ ᠳᠥᠯᠥᠪᠯᠡᠭᠡ ᠨᠢ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠶᠢᠨ ᠬᠢᠨᠡᠨ ᠰᠢᠯᠭᠠᠬᠤ ᠶᠢ ᠳᠠᠮᠵᠢᠭᠰᠠᠨ ᠦᠭᠡᠢ ᠪᠤᠶᠤ ᠬᠢᠨᠡᠨ ᠰᠢᠯᠭᠠᠭᠠᠳ ᠬᠢᠷᠢ ᠳᠡᠩᠴᠡᠭᠰᠡᠨ ᠦᠭᠡᠢ ᠪᠠᠶᠢᠳᠡᠯ᠎ᠠ ᠲᠣᠷ᠎ᠠ ᠪᠠᠷ ᠢᠶᠠᠨ ᠪᠠᠶᠢᠭᠤᠯᠥᠠᠠᠰᠠᠨ︔
︵ᠳᠥᠷᠪᠡ︶ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠨᠢ ᠠᠵᠢᠯ ᠲᠠᠭᠤᠰᠴᠥ ᠰᠢᠯᠭᠠᠨ ᠠᠪᠬᠤ ᠶᠢ ᠳᠠᠮᠵᠢᠭᠰᠠᠨ ᠦᠭᠡᠢ ᠪᠤᠶᠤ ᠰᠢᠯᠭᠠᠨ ᠠᠪᠬᠤ ᠳᠤ ᠬᠢᠷᠢ ᠳᠡᠩᠴᠡᠭᠰᠡᠨ ᠦᠭᠡᠢ ᠪᠠᠶᠢᠳᠡᠯ᠎ᠠ ᠲᠣᠷ᠎ᠠ ᠪᠠᠷ ᠢᠶᠠᠨ ᠲᠣᠰᠢᠶᠡᠵᠦ ᠭᠡᠷᠡᠭᠯᠡᠬᠦᠯᠥᠭᠰᠡᠨ︔
︵ᠲᠠᠪᠤ︶ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠨᠢ ᠠᠵᠢᠯ ᠲᠠᠭᠤᠰᠴᠥ ᠰᠢᠯᠭᠠᠨ ᠠᠪᠬᠤ ᠳᠤ ᠬᠢᠷᠢ ᠳᠡᠩᠴᠡᠭᠰᠡᠨ ᠦᠭᠡᠢ ᠪᠠᠶᠢᠵᠦ᠂ ᠴᠠᠭ ᠠᠭᠤᠷ ᠤᠨ ᠭᠤᠣᠯᠴᠢᠯᠠᠨ ᠬᠠᠮᠢᠶᠡᠷᠬᠤ ᠪᠠᠶᠢᠭᠤᠯᠥᠮᠵᠢ ᠠᠴᠠ ᠬᠤᠭᠤᠴᠠᠭ᠎ᠠ ᠬᠢᠵᠠᠭᠠᠷᠯᠠᠨ ᠴᠡᠭᠴᠡᠯᠡᠨ ᠦᠭᠡᠷᠡᠴᠢᠯᠡᠭᠦᠯᠬᠦ ᠪᠠᠷ ᠵᠠᠷᠯᠢᠠᠠᠳᠠᠭᠰᠠᠨ ᠪᠠᠶᠢᠬᠤ ᠳᠤ᠂ ᠬᠤᠭᠤᠴᠠᠭ᠎ᠠ ᠨᠢ ᠦᠩᠭᠡᠷᠡᠭᠡᠳ ᠴᠡᠭᠴᠡᠯᠡᠨ ᠦᠭᠡᠷᠡᠴᠢᠯᠡᠭᠰᠡᠨ ᠦᠭᠡᠢ︔
︵ᠵᠢᠷᠭᠤᠭ᠎ᠠ︶ ᠠᠶᠤᠩᠭ᠎ᠠ ᠰᠡᠷᠭᠡᠶᠢᠯᠡᠬᠦ ᠲᠤᠨᠤᠭ ᠳᠥᠬᠦᠭᠡᠷᠦᠮᠵᠢ ᠶᠢ ᠭᠡᠷᠡᠭᠯᠡᠭᠰᠡᠨ ᠨᠢᠭᠡᠴᠡ ᠨᠢ ᠲᠣᠠᠠᠳᠠᠭᠠᠯ ᠶᠣᠰᠣᠭᠠᠷ ᠲᠣᠠᠠᠳᠠᠮᠠᠯ ᠬᠤᠭᠤᠴᠠᠭ᠎ᠠ ᠲᠠᠢ ᠪᠠᠷ ᠪᠠᠶᠢᠴᠠᠭᠠᠨ ᠰᠢᠨᠵᠢᠭᠰᠡᠨ ᠦᠭᠡᠢ ᠪᠤᠶᠤ ᠪᠠᠶᠢᠴᠠᠭᠠᠨ ᠰᠢᠨᠵᠢᠬᠦ ᠪᠠᠷ ᠲᠠᠮᠵᠢᠭᠠᠳ ᠬᠢᠷᠢ ᠲᠡᠩᠴᠡᠭᠰᠡᠨ ᠦᠭᠡᠢ ᠪᠠᠶᠢᠭᠠᠳ ᠪᠠᠰᠠ ᠴᠡᠭᠴᠡᠯᠡᠨ ᠦᠭᠡᠷᠡᠴᠢᠯᠡᠬᠦ ᠶᠢ ᠳᠡᠪᠴᠢᠭᠰᠡᠨ᠃︾
ᠶᠢᠰᠦ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠬᠦᠮᠦᠨ ᠤ ᠬᠦᠴᠥ ᠪᠠᠷ ᠴᠠᠭ ᠠᠭᠠᠷ ᠢ ᠨᠦᠯᠥᠬᠡᠯᠡᠬᠦ ᠶᠢᠨ ᠬᠠᠮᠢᠶᠡᠷᠦᠯᠳᠡ ᠶᠢᠨ ᠠᠷᠭ᠎ᠠ︾ ︵2010 ᠣᠨ ᠤ 12 ᠳ᠋ᠣᠭᠠᠷ ᠰᠡᠷ᠎ᠠ ᠶᠢᠨ 2 ᠤᠨ ᠡᠳᠦᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 179 ᠳ᠋ᠣᠭᠡᠷ ᠲᠣᠭᠠᠳᠣ ᠪᠠᠷ ᠨᠡᠶᠢᠳᠡᠯᠡᠪᠡ︶ ᠶᠢᠨ ᠠᠷᠪᠠᠳᠣᠭᠠᠷ ᠵᠦᠢᠯ ᠢ ︽ᠬᠦᠮᠦᠨ ᠤ ᠬᠦᠴᠥ ᠪᠠᠷ ᠴᠠᠭ ᠠᠭᠠᠷ ᠢ ᠨᠦᠯᠥᠭᠡᠯᠡᠬᠦ ᠠᠵᠢᠯ ᠢ ᠡᠷᠬᠢᠯᠡᠵᠦ ᠪᠦᠬᠦᠢ ᠵᠤᠬᠢᠶᠡᠨ ᠪᠠᠶᠢᠭᠤᠯᠥᠯᠳᠡ ᠨᠢ ᠦᠪᠡᠷᠳᠡᠭᠡᠨ ᠵᠠᠰᠠᠬᠤ ᠣᠷᠣᠨ ᠤ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠶᠢᠨ ᠲᠣᠠᠠᠳᠠᠭᠠᠠᠠᠰᠠᠨ ᠨᠦᠬᠦᠴᠡᠯ ᠢ ᠪᠦᠷᠢᠯᠳᠦᠬᠦᠯᠬᠦ ᠭᠡᠷᠡᠭᠳᠡᠢ ᠬᠡᠵᠦ ᠵᠠᠰᠠᠪᠦᠷᠢ ᠣᠷᠣᠭᠤᠯᠪᠡ᠄
︵ᠨᠢᠭᠡ︶ ᠬᠠᠦᠯᠢ ᠶᠢᠨ ᠡᠷᠭᠡᠳᠡᠨ ᠤ ᠬᠢᠷᠢ ᠭᠡᠮ ᠲᠠᠢ ᠪᠠᠶᠢᠬᠤ︔
︵ᠬᠤᠶᠡᠷ︶ ᠨᠢᠰᠭᠡᠯ ᠫᠤᠥᠳᠡᠬᠤ ᠫᠤᠥ᠂ ᠲᠡᠶᠢᠷᠥᠯᠳᠦ ᠰᠣᠮᠥ ᠬᠠᠷᠪᠤᠬᠤ ᠲᠣᠨᠤᠭ ᠳᠥᠬᠦᠭᠡᠷᠦᠮᠵᠢ ᠵᠢᠴᠢ ᠶᠡᠭᠡ ᠫᠣᠥ ᠶᠢᠨ ᠰᠣᠮᠥ ᠶᠢᠨ ᠬᠦᠮᠦᠷᠭᠡ᠂ ᠲᠡᠶᠢᠷᠥᠯᠳᠦ ᠰᠣᠮᠥ ᠶᠢᠨ ᠬᠦᠮᠦᠷᠭᠡ ᠵᠡᠷᠭᠡ ᠰᠠᠭᠤᠷᠢ ᠪᠡᠯᠡᠳᠭᠡᠮᠵᠢ ᠲᠠᠢ ᠪᠠᠶᠢᠬᠤ ᠶᠢᠨ ᠬᠠᠮᠳᠣ᠂ ᠣᠯᠥᠰ ᠤᠨ ᠠᠯᠪᠠᠳᠡᠯᠭᠠ ᠶᠢᠨ ᠴᠢᠨᠡᠷᠳᠡᠢ ᠪᠡᠷᠢᠮᠵᠢᠶ᠎ᠠ ᠪᠠ ᠬᠤᠯᠪᠤᠠᠠᠳᠡᠯ ᠪᠦᠬᠦᠢ ᠠᠮᠥᠷ ᠳᠥᠪᠰᠢᠨ ᠤ ᠬᠠᠮᠢᠶᠡᠷᠦᠯᠳᠡ ᠶᠢᠨ ᠲᠣᠠᠠᠳᠠᠭᠠᠯ ᠳᠤ ᠨᠡᠶᠢᠴᠡᠭᠰᠡᠨ ᠪᠠᠶᠢᠬᠤ︔
︵ᠭᠤᠷᠪᠡ︶ ᠬᠦᠮᠦᠨ ᠤ ᠬᠦᠴᠥ ᠪᠠᠷ ᠴᠠᠭ ᠠᠭᠠᠷ ᠢ ᠨᠦᠯᠥᠬᠡᠯᠡᠬᠦ ᠠᠵᠢᠯ ᠤᠨ ᠵᠢᠯᠥᠭᠤᠳᠬᠤ ᠰᠢᠰᠲ᠋ᠧᠮ ᠪᠠ ᠨᠢᠰᠦᠯᠳᠡ ᠶᠢ ᠵᠠᠬᠢᠷᠬᠤ ᠰᠠᠯᠠᠭ᠎ᠠ ᠮᠦᠴᠢᠷ ᠯᠦᠭᠡ ᠬᠠᠷᠢᠯᠴᠠᠵᠦ ᠳᠡᠶᠢᠯᠬᠦ ᠴᠢᠮᠡᠭᠡ ᠬᠤᠯᠪᠤᠭ᠎ᠠ ᠶᠢᠨ ᠪᠠᠭᠠᠵᠢ ᠲᠠᠢ ᠪᠠᠶᠢᠬᠤ︔ ︵ᠳᠥᠷᠪᠡ︶ ᠬᠠᠮᠢᠶ᠎ᠠ ᠪᠦᠬᠦᠢ ᠠᠮᠥᠷ ᠳᠥᠪᠰᠢᠨ ᠤ ᠬᠠᠮᠢᠶᠡᠷᠦᠯᠳᠡ ᠶᠢᠨ ᠳᠥᠷᠢᠮ ᠵᠢᠴᠢ ᠲᠣᠬᠠᠶᠢᠯᠬᠠᠰᠠᠨ ᠠᠵᠢᠯ ᠤᠨ ᠵᠢᠷᠣᠮᠯᠠᠯ ᠲᠠᠢ ᠪᠠᠶᠢᠬᠤ︔
︵ᠲᠠᠪᠤ︶ ᠬᠠᠦᠯᠢ ᠴᠠᠭᠠᠵᠠ᠂ ᠬᠠᠦᠯᠢ ᠲᠣᠠᠠᠳᠠᠭᠠᠯ ᠳᠤ ᠲᠣᠠᠠᠳᠠᠭᠠᠠᠠᠰᠠᠨ ᠪᠤᠰᠣᠳ ᠨᠦᠬᠦᠴᠡᠯ᠃︾
ᠠᠷᠪᠡᠨ ᠨᠢᠭᠡᠳᠣᠭᠡᠷ ᠵᠦᠢᠯ ᠢ ︽ᠬᠦᠮᠦᠨ ᠤ ᠬᠦᠴᠥ ᠪᠠᠷ ᠴᠠᠭ ᠠᠭᠠᠷ ᠢ ᠨᠦᠯᠥᠬᠡᠯᠡᠬᠦ ᠠᠵᠢᠯ ᠢ ᠡᠷᠬᠢᠯᠡᠵᠦ ᠪᠦᠬᠦᠢ ᠵᠤᠬᠢᠶᠡᠨ ᠪᠠᠶᠢᠭᠤᠯᠥᠯᠳᠡ ᠨᠢ ᠲᠣᠬᠠᠢ ᠶᠢᠨ ᠭᠠᠵᠡᠷ ᠤᠨ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠳᠤ ᠳᠡᠩᠰᠡᠯᠡᠭᠤᠯᠥᠠᠠᠰᠠᠨ ᠪᠠᠶᠢᠬᠤ ᠭᠡᠷᠡᠭᠳᠡᠢ︾ ᠬᠡᠵᠦ ᠵᠠᠰᠠᠪᠦᠷᠢ ᠣᠷᠣᠭᠤᠯᠪᠡ᠃
ᠠᠷᠪᠡᠨ ᠬᠤᠶᠠᠳᠣᠭᠠᠷ ᠵᠦᠢᠯ ᠢ ︽ᠬᠦᠮᠦᠨ ᠤ ᠬᠦᠴᠥ ᠪᠠᠷ ᠴᠠᠭ ᠠᠭᠠᠷ ᠢ ᠨᠦᠯᠥᠬᠡᠯᠡᠬᠦ ᠠᠵᠢᠯ ᠢ ᠡᠷᠬᠢᠯᠡᠵᠦ ᠪᠦᠬᠦᠢ ᠬᠦᠮᠦᠰ ᠨᠢ ᠦᠪᠡᠷᠳᠡᠭᠡᠨ ᠵᠠᠰᠠᠬᠤ ᠣᠷᠣᠨ ᠤ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠶᠢᠨ ᠬᠤᠯᠪᠤᠠᠠᠳᠡᠯ ᠪᠦᠬᠦᠢ ᠲᠣᠠᠠᠳᠠᠭᠠᠯ ᠶᠣᠰᠣᠭᠠᠷ᠂ ᠲᠣᠠᠠᠳᠠᠮᠠᠯ ᠬᠤᠭᠤᠴᠠᠭ᠎ᠠ ᠲᠠᠢ ᠪᠠᠷ ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠶᠢᠨ ᠵᠤᠬᠢᠶᠡᠨ ᠪᠠᠶᠢᠭᠤᠯᠥᠠᠠᠰᠠᠨ ᠲᠣᠬᠠᠶᠢᠯᠬᠠᠰᠠᠨ ᠠᠵᠢᠯ ᠮᠡᠷᠭᠡᠵᠢᠯ ᠤᠨ ᠪᠤᠯᠪᠠᠰᠣᠷᠡᠭᠤᠯᠥᠯ ᠪᠠ ᠠᠮᠥᠷ ᠳᠥᠪᠰᠢᠨ ᠤ ᠪᠤᠯᠪᠠᠰᠣᠷᠡᠭᠤᠯᠥᠯ ᠳᠤ ᠣᠷᠣᠯᠴᠠᠨ᠎ᠠ︾ ᠬᠡᠵᠦ ᠵᠠᠰᠠᠪᠦᠷᠢ ᠣᠷᠣᠭᠤᠯᠪᠡ᠃
ᠭᠤᠴᠢᠨ ᠬᠤᠶᠠᠳᠣᠭᠠᠷ ᠵᠦᠢᠯ ᠢ ︽ᠲᠣᠰ ᠠᠷᠭ᠎ᠠ ᠶᠢᠨ ᠲᠣᠠᠠᠳᠠᠭᠠᠯ ᠠᠴᠠ ᠵᠦᠷᠢᠴᠠᠵᠦ᠂ ᠳᠤᠤᠷᠠᠬᠢ ᠦᠢᠯᠡ ᠠᠵᠢᠯᠯᠠᠭ᠎ᠠ ᠶᠢᠨ ᠨᠢᠭᠡ ᠨᠢ ᠪᠠᠶᠢᠪᠠᠯ᠂ ︽ᠪᠦᠬᠦᠲᠡ ᠨᠡᠶᠢᠷᠡᠮᠳᠡᠬᠤ ᠲᠣᠮᠳᠠᠳᠣ ᠠᠷᠡᠳ ᠣᠯᠥᠰ ᠤᠨ ᠴᠠᠭ ᠠᠭᠤᠷ ᠤᠨ ᠬᠠᠦᠯᠢ︾ ᠪᠠ ︽ᠬᠦᠮᠦᠨ ᠤ ᠬᠦᠴᠥ ᠪᠠᠷ ᠴᠠᠭ ᠠᠭᠠᠷ ᠢ ᠨᠦᠯᠥᠬᠡᠯᠡᠬᠦ ᠬᠠᠮᠢᠶᠡᠷᠦᠯᠳᠡ ᠶᠢᠨ ᠳᠥᠷᠢᠮ︾ ᠤᠨ ᠲᠣᠠᠠᠳᠠᠭᠠᠯ ᠶᠤᠰᠣᠭᠠᠷ ᠲᠣᠷᠭᠤᠭᠠᠨ᠎ᠠ ᠬᠡᠵᠦ ᠵᠠᠰᠠᠪᠦᠷᠢ ᠣᠷᠣᠭᠤᠯᠪᠡ᠄
︵ᠨᠢᠭᠡ︶ ᠦᠪᠡᠷᠳᠡᠭᠡᠨ ᠵᠠᠰᠠᠬᠤ ᠣᠷᠣᠨ ᠤ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠶᠢᠨ ᠲᠣᠠᠠᠳᠠᠭᠠᠠᠠᠰᠠᠨ ᠨᠦᠬᠦᠴᠡᠯ ᠳᠤ ᠦᠯᠥ ᠨᠡᠶᠢᠴᠡᠬᠦ ᠠᠵᠢᠯ ᠤᠨ ᠵᠤᠬᠢᠶᠡᠨ ᠪᠠᠶᠢᠭᠤᠯᠥᠯᠳᠡ ᠨᠢ ᠬᠦᠮᠦᠨ ᠤ ᠬᠦᠴᠥ ᠪᠠᠷ ᠴᠠᠭ ᠠᠭᠠᠷ ᠢ ᠨᠦᠯᠥᠬᠡᠯᠡᠬᠦ ᠠᠵᠢᠯ ᠢ ᠭᠡᠷᠡᠭᠵᠢᠬᠦᠯᠥᠭᠰᠡᠨ︔
︵ᠬᠤᠶᠡᠷ︶ ᠵᠦᠪᠰᠢᠶᠡᠷᠡᠭᠰᠡᠨ ᠠᠭᠠᠷ ᠤᠨ ᠣᠷᠣᠨ ᠤ ᠠᠵᠢᠯ ᠪᠠ ᠠᠵᠢᠯ ᠤᠨ ᠴᠠᠭ ᠬᠤᠭᠤᠴᠠᠭ᠎ᠠ ᠶᠣᠰᠣᠭᠠᠷ ᠬᠦᠮᠦᠨ ᠤ ᠬᠦᠴᠥ ᠪᠠᠷ ᠴᠠᠭ ᠠᠭᠠᠷ ᠢ ᠨᠦᠯᠥᠭᠡᠯᠡᠬᠦ ᠠᠵᠢᠯ ᠢ ᠬᠢᠭᠰᠡᠨ ᠦᠭᠡᠢ︔
︵ᠭᠤᠷᠪᠡ︶ ᠬᠦᠮᠦᠨ ᠤ ᠬᠦᠴᠥ ᠪᠠᠷ ᠴᠠᠭ ᠠᠭᠠᠷ ᠢ ᠨᠦᠯᠥᠭᠡᠯᠡᠬᠦ ᠠᠵᠢᠯ ᠤᠨ ᠵᠢᠷᠣᠮᠯᠠᠯ ᠪᠠ ᠠᠵᠢᠯᠯᠠᠬᠤ ᠳᠥᠷᠢᠮ ᠠᠴᠠ ᠵᠦᠷᠢᠴᠡᠭᠰᠡᠨ︔
︵ᠳᠥᠷᠪᠡ︶ ᠬᠦᠮᠦᠨ ᠤ ᠬᠦᠴᠥ ᠪᠠᠷ ᠴᠠᠭ ᠠᠭᠠᠷ ᠢ ᠨᠦᠯᠥᠭᠡᠯᠡᠬᠦ ᠠᠵᠢᠯ ᠳᠤ ᠲᠣᠰᠬᠠᠢ ᠭᠡᠷᠡᠭᠯᠡᠬᠦ ᠲᠤᠨᠤᠭ ᠳᠥᠬᠦᠭᠡᠷᠦᠮᠵᠢ ᠶᠢ ᠬᠦᠮᠦᠨ ᠤ ᠬᠦᠴᠥ ᠪᠠᠷ ᠪᠤᠰᠣ ᠴᠠᠭ ᠠᠭᠠᠷ ᠢ ᠨᠦᠯᠥᠭᠡᠯᠡᠬᠦ ᠠᠵᠢᠯ ᠤᠨ ᠨᠢᠭᠡᠴᠡ ᠪᠠ ᠬᠤᠪᠢ ᠬᠦᠮᠦᠨ ᠳᠤ ᠰᠢᠯᠵᠢᠬᠦᠯᠥᠨ ᠦᠭᠬᠦᠭᠰᠡᠨ ᠪᠤᠶᠤ ᠵᠢᠭᠡᠯᠡᠬᠦᠯᠥᠨ ᠦᠭᠬᠦᠭᠰᠡᠨ︔
︵ᠲᠠᠪᠤ︶ ᠬᠦᠮᠦᠨ ᠤ ᠬᠦᠴᠥ ᠪᠠᠷ ᠴᠠᠭ ᠠᠭᠠᠷ ᠢ ᠨᠦᠯᠥᠭᠡᠯᠡᠬᠦ ᠠᠵᠢᠯ ᠳᠤ ᠲᠣᠰᠬᠠᠢ ᠭᠡᠷᠡᠭᠯᠡᠬᠦ ᠲᠤᠨᠤᠭ ᠳᠥᠬᠦᠭᠡᠷᠦᠮᠵᠢ ᠶᠢ ᠬᠦᠮᠦᠨ ᠤ ᠬᠦᠴᠥ ᠪᠠᠷ ᠪᠤᠰᠣ ᠴᠠᠭ ᠠᠭᠠᠷ ᠢ ᠨᠦᠯᠥᠭᠡᠯᠡᠬᠦ ᠠᠵᠢᠯ ᠯᠤᠭ᠎ᠠ ᠬᠠᠮᠢᠶ᠎ᠠ ᠦᠭᠡᠢ ᠠᠵᠢᠯᠯᠠᠭ᠎ᠠ ᠳᠤ ᠭᠡᠷᠡᠭᠯᠡᠭᠰᠡᠨ︔
︵ᠵᠢᠷᠭᠤᠭ᠎ᠠ︶ ᠬᠦᠮᠦᠨ ᠤ ᠬᠦᠴᠥ ᠪᠠᠷ ᠴᠠᠭ ᠠᠭᠠᠷ ᠢ ᠨᠦᠯᠥᠭᠡᠯᠡᠬᠦ ᠠᠵᠢᠯ ᠤᠨ ᠰᠠᠭᠤᠷᠢ ᠪᠠᠯᠡᠳᠭᠡᠮᠵᠢ ᠪᠠ ᠲᠣᠰᠬᠠᠢ ᠲᠣᠨᠤᠭ ᠳᠥᠬᠦᠭᠡᠷᠦᠮᠵᠢ ᠶᠢ ᠲᠣᠷ᠎ᠠ ᠪᠠᠷ ᠨᠡᠬᠦᠯᠭᠡᠭᠰᠡᠡ᠂ ᠡᠵᠡᠯᠡᠭᠰᠡᠨ ᠪᠠ ᠬᠤᠬᠢᠷᠡᠭᠤᠯᠥᠠᠠᠰᠠᠨ᠃︾
ᠭᠤᠴᠢᠨ ᠭᠤᠷᠪᠠᠳᠣᠭᠠᠷ ᠵᠦᠢᠯ ᠢ ︽ᠲᠣᠰ ᠠᠷᠭ᠎ᠠ ᠶᠢᠨ ᠲᠣᠠᠠᠳᠠᠭᠠᠯ ᠠᠴᠠ ᠵᠦᠷᠢᠴᠡᠵᠦ᠂ ᠳᠤᠤᠷᠠᠬᠢ ᠦᠢᠯᠡ ᠠᠵᠢᠯᠯᠠᠭ᠎ᠠ ᠶᠢᠨ ᠨᠢᠭᠡ ᠨᠢ ᠪᠠᠶᠢᠪᠠᠯ᠂ ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠨᠢ ᠵᠠᠯᠠᠷᠡᠭᠤᠯᠬᠤ ᠪᠠᠷ ᠵᠠᠷᠯᠢᠠᠠᠳᠠᠨᠠ︔ ᠰᠢᠭᠤᠳ ᠬᠠᠷᠢᠭᠤᠴᠠᠵᠦ ᠪᠠᠶᠢᠭ᠎ᠠ ᠭᠤᠤᠯᠴᠢᠯᠠᠨ ᠬᠠᠮᠢᠶᠡᠷᠬᠤ ᠠᠵᠢᠯᠳᠡᠨ ᠪᠤᠶᠤ ᠰᠢᠭᠤᠳ ᠬᠠᠷᠢᠭᠤᠴᠠᠯᠭ᠎ᠠ ᠲᠠᠢ ᠬᠦᠮᠦᠨ ᠳᠤ ᠬᠠᠤᠯᠢ ᠶᠤᠰᠤᠭᠠᠷ ᠵᠠᠰᠠᠭ ᠵᠠᠬᠢᠷᠭᠠᠨ ᠤ ᠰᠢᠳᠭᠡᠯ ᠦᠭᠭᠦᠨ᠎ᠡ᠂ ᠪᠤᠰᠣᠳ ᠲᠤ ᠬᠤᠬᠢᠷᠡᠯ ᠣᠴᠡᠷᠡᠭᠤᠯᠥᠠᠠᠰᠠᠨ ᠪᠠᠶᠢᠪᠠᠯ᠂ ᠬᠠᠦᠯᠢ ᠶᠣᠰᠣᠭᠠᠷ ᠳᠥᠯᠥᠬᠦ ᠬᠠᠷᠢᠭᠤᠴᠠᠯᠭ᠎ᠠ ᠡᠬᠦᠷᠭᠡᠯᠡᠨ᠎ᠠ︔ ᠶᠠᠯ᠎ᠠ ᠳᠤ ᠬᠦᠷᠦᠭᠰᠡᠨ ᠪᠠᠶᠢᠪᠠᠯ᠂ ᠬᠠᠦᠯᠢ ᠶᠣᠰᠣᠭᠠᠷ ᠡᠷᠡᠬᠦᠥ ᠶᠢᠨ ᠭᠡᠷᠩ ᠤᠨ ᠬᠠᠷᠢᠭᠤᠴᠠᠯᠭ᠎ᠠ ᠨᠡᠭᠡᠮᠵᠢᠯᠠᠨ᠎ᠠ ᠬᠡᠵᠦ ᠵᠠᠰᠠᠪᠦᠷᠢ ᠣᠷᠣᠭᠤᠯᠪᠡ᠃
︵ᠨᠢᠭᠡ︶ ᠬᠦᠮᠦᠨ ᠤ ᠬᠦᠴᠥ ᠪᠠᠷ ᠴᠠᠭ ᠠᠭᠠᠷ ᠢ ᠨᠦᠯᠥᠭᠡᠯᠡᠬᠦ ᠠᠵᠢᠯ ᠤᠨ ᠠᠵᠢᠯᠳᠡᠨ ᠨᠢ ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠶᠢᠨ ᠵᠤᠬᠢᠶᠡᠨ ᠪᠠᠶᠢᠭᠤᠯᠥᠠᠠᠰᠠᠨ ᠲᠤᠬᠠᠶᠢᠯᠠᠭᠰᠠᠨ ᠮᠡᠷᠭᠡᠵᠢᠯ ᠤᠨ ᠪᠤᠯᠪᠠᠰᠣᠷᠡᠭᠤᠯᠥᠯ ᠪᠠ ᠠᠮᠥᠷ ᠳᠥᠪᠰᠢᠨ ᠤ ᠪᠤᠯᠪᠠᠰᠣᠷᠡᠭᠤᠯᠥᠯ ᠢ ᠦᠩᠭᠡᠷᠡᠭᠡᠭᠰᠡᠨ ᠦᠭᠡᠢ︔
︵ᠬᠤᠶᠡᠷ︶ ᠨᠢᠰᠦᠯᠳᠡ ᠶᠢ ᠵᠠᠬᠢᠷᠬᠤ ᠰᠠᠯᠠᠭ᠎ᠠ ᠮᠦᠴᠢᠷ ᠤᠨ ᠨᠡᠶᠢᠳᠡᠯᠡᠭᠰᠡᠨ ᠠᠵᠢᠯᠯᠠᠬᠤ ᠶᠢ ᠵᠤᠠᠠᠰᠣᠭᠠᠬᠤ ᠵᠢᠭᠠᠪᠦᠷᠢ ᠶᠢ ᠣᠯᠥᠭᠠᠳ ᠠᠵᠢᠯ ᠢᠶᠠᠨ ᠵᠣᠠᠠᠰᠣᠭᠠᠠᠠᠰᠠᠨ ᠦᠭᠡᠢ︔
︵ᠭᠤᠷᠪᠡ︶ ᠣᠨ ᠤ ᠪᠠᠶᠢᠴᠠᠭᠠᠯᠳᠡ ᠶᠢ ᠳᠠᠮᠵᠢᠭᠰᠠᠨ ᠦᠭᠡᠢ᠂ ᠣᠨ ᠤ ᠪᠠᠶᠢᠴᠠᠭᠠᠯᠳᠡ ᠳᠤ ᠬᠢᠷᠢ ᠳᠡᠩᠴᠡᠭᠰᠡᠨ ᠦᠭᠡᠢ᠂ ᠬᠦᠴᠣᠨ ᠲᠠᠢ ᠬᠤᠭᠤᠴᠠᠭ᠎ᠠ ᠠᠴᠠ ᠪᠠᠨ ᠭᠡᠳᠦᠷᠡᠭᠰᠡᠨ ᠵᠢᠴᠢ ᠭᠡᠷᠡᠭᠯᠡᠬᠡᠨ ᠠᠴᠠ ᠭᠠᠷᠣᠠᠠᠰᠠᠨ ᠬᠦᠮᠦᠨ ᠤ ᠬᠦᠴᠥ ᠪᠠᠷ ᠴᠠᠭ ᠠᠭᠠᠷ ᠢ ᠨᠦᠯᠥᠭᠡᠯᠡᠬᠦ ᠠᠵᠢᠯ ᠳᠤ ᠲᠣᠰᠬᠠᠢ ᠭᠡᠷᠡᠭᠯᠡᠬᠦ ᠲᠤᠨᠤᠭ ᠳᠥᠬᠦᠭᠡᠷᠦᠮᠵᠢ ᠶᠢ ᠭᠡᠷᠡᠭᠯᠡᠭᠰᠡᠨ᠃︾
ᠠᠷᠪᠡ᠂ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠭᠤᠷ ᠠᠮᠢᠰᠬᠤᠯ ᠤᠨ ᠡᠬᠢ ᠪᠠᠶᠠᠯᠢᠭ ᠢ ᠨᠡᠭᠡᠭᠡᠨ ᠠᠰᠢᠠᠠᠯᠠᠬᠤ ᠪᠠ ᠬᠠᠮᠠᠭᠠᠯᠠᠬᠤ ᠠᠷᠭ᠎ᠠ︾ ︵2015 ᠣᠨ ᠤ 6 ᠳ᠋ᠣᠭᠠᠷ ᠰᠡᠷ᠎ᠠ ᠶᠢᠨ 30 ᠤ ᠡᠳᠦᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 124 ᠳ᠋ᠣᠭᠡᠷ ᠲᠣᠭᠠᠳᠣ ᠪᠠᠷ ᠨᠡᠶᠢᠳᠡᠯᠡᠪᠡ︶ ᠶᠢᠨ ᠭᠤᠴᠢᠨ ᠨᠢᠭᠡᠳᠣᠭᠡᠷ ᠵᠦᠢᠯ ᠢ ︽ᠠᠭᠤᠷ ᠠᠮᠢᠰᠬᠤᠯ ᠤᠨ ᠪᠤᠯᠥᠮᠵᠢᠳᠦ ᠴᠢᠨᠡᠷ ᠤᠨ ᠨᠣᠳᠡᠯᠡᠯᠳᠡ ᠶᠢ ᠳᠥᠷᠥ ᠶᠢᠨ ᠶᠠᠪᠤᠳᠡᠯ ᠤᠨ ᠬᠤᠷᠢᠶ᠎ᠠ ᠶᠢᠨ ᠴᠠᠭ ᠠᠭᠤᠷ ᠤᠨ ᠭᠤᠤᠯᠴᠢᠯᠠᠨ ᠬᠠᠮᠢᠶᠡᠷᠬᠤ ᠪᠠᠶᠢᠭᠤᠯᠥᠮᠵᠢ ᠠᠴᠠ ᠨᠣᠳᠡᠯᠡᠨ ᠵᠦᠪᠰᠢᠶᠡᠷᠡᠭᠰᠡᠨ ᠠᠭᠤᠷ ᠠᠮᠢᠰᠬᠤᠯ ᠤᠨ ᠪᠤᠯᠥᠮᠵᠢᠳᠥ ᠴᠢᠨᠡᠷ ᠢ ᠨᠣᠳᠡᠯᠡᠬᠤ ᠴᠢᠳᠡᠪᠦᠷᠢ ᠲᠠᠢ ᠪᠠᠶᠢᠭᠤᠯᠥᠮᠵᠢ ᠠᠴᠠ ᠬᠢᠨ᠎ᠠ᠃
ᠠᠭᠤᠷ ᠠᠮᠢᠰᠬᠤᠯ ᠤᠨ ᠪᠤᠯᠥᠮᠵᠢᠳᠦ ᠴᠢᠨᠡᠷ ᠲᠤ ᠨᠣᠳᠡᠯᠡᠯᠳᠡ ᠬᠢᠬᠦ ᠪᠠᠶᠢᠭᠤᠯᠥᠮᠵᠢ ᠨᠢ ᠠᠭᠤᠷ ᠠᠮᠢᠰᠬᠤᠯ ᠤᠨ ᠪᠤᠯᠥᠮᠵᠢᠳᠦ ᠴᠢᠨᠡᠷ ᠤᠨ ᠨᠣᠳᠡᠯᠡᠯᠳᠡ ᠬᠢᠵᠦ᠂ ᠣᠯᠥᠰ ᠤᠨ ᠴᠠᠭ ᠠᠭᠤᠷ ᠤᠨ ᠮᠡᠷᠭᠡᠵᠢᠯ ᠤᠨ ᠪᠡᠷᠢᠮᠵᠢᠶ᠎ᠠ ᠳᠤ ᠨᠡᠶᠢᠴᠡᠭᠰᠡᠨ ᠴᠠᠭ ᠠᠭᠤᠷ ᠤᠨ ᠮᠠᠲ᠋ᠧᠷᠢᠶᠡᠯ ᠢ ᠭᠡᠷᠡᠭᠯᠡᠬᠦ ᠭᠡᠷᠡᠭᠳᠡᠢ᠃ ᠠᠭᠤᠷ ᠠᠮᠢᠰᠬᠤᠯ ᠤᠨ ᠪᠤᠯᠥᠮᠵᠢᠳᠦ ᠴᠢᠨᠡᠷ ᠤᠨ ᠨᠣᠳᠡᠯᠡᠯᠳᠡ ᠶᠢᠨ ᠮᠡᠳᠡᠬᠦᠯᠥᠯᠳᠡ ᠶᠢ ᠭᠠᠷᠭᠠᠬᠤ ᠶᠢᠨ ᠬᠠᠮᠳᠣ ᠨᠣᠳᠡᠯᠡᠯᠳᠡ ᠶᠢᠨ ᠮᠡᠳᠡᠬᠦᠯᠥᠯᠳᠡ ᠶᠢᠨ ᠰᠢᠨᠵᠢᠯᠡᠬᠦ ᠣᠬᠠᠭᠠᠨᠴᠢ ᠴᠢᠨᠡᠷ᠂ ᠦᠨᠡᠨ ᠪᠤᠳᠡᠳᠣ ᠴᠢᠨᠡᠷ ᠲᠤ ᠬᠠᠷᠢᠭᠤᠴᠠᠨ᠎ᠠ︾ ᠭᠡᠵᠦ ᠵᠠᠰᠠᠪᠦᠷᠢ ᠣᠷᠣᠭᠤᠯᠪᠡ᠃
ᠠᠷᠪᠡᠨ ᠨᠢᠭᠡ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠨᠡᠶᠢᠲᠡ ᠶᠢᠨ ᠠᠰᠠᠷᠡᠮᠵᠢ ᠶᠢᠨ ᠣᠢ ᠶᠢᠨ ᠬᠠᠮᠢᠶᠡᠷᠦᠯᠳᠡ ᠶᠢᠨ ᠠᠷᠭ᠎ᠠ︾ ︵2007 ᠣᠨ ᠤ 10 ᠳ᠋ᠣᠭᠠᠷ ᠰᠡᠷ᠎ᠠ ᠶᠢᠨ 23 ᠤ ᠡᠳᠦᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 152 ᠳ᠋ᠣᠭᠠᠷ ᠲᠣᠭᠠᠳᠣ ᠪᠠᠷ ᠨᠡᠶᠢᠳᠡᠯᠡᠵᠦ᠂ 2012 ᠣᠨ ᠤ 4 ᠳ᠋ᠣᠭᠡᠷ ᠰᠡᠷ᠎ᠠ ᠶᠢᠨ 26 ᠤ ᠡᠳᠣᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 186 ᠳ᠋ᠣᠭᠠᠷ ᠲᠣᠭᠠᠳᠣ ᠪᠠᠷ ᠵᠠᠰᠠᠪᠦᠷᠢ ᠣᠷᠣᠭᠤᠯᠪᠡ︶ ᠶᠢᠨ ᠬᠤᠷᠢᠨ ᠭᠤᠷᠪᠠᠳᠣᠭᠠᠷ ᠵᠦᠢᠯ ᠢ ︽ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠠᠷᠠᠳ ᠤᠨ ᠵᠠᠰᠠᠭ ᠤᠨ ᠣᠷᠳᠣᠨ ᠨᠢ ᠣᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ ᠨᠦᠬᠦᠪᠦᠷᠢ ᠶᠢᠨ ᠪᠡᠯᠡ ᠮᠦᠡᠭᠬᠦ ᠶᠢ ᠪᠠᠶᠢᠭᠤᠯᠵᠦ᠂ ᠨᠡᠶᠢᠲᠡ ᠶᠢᠨ ᠠᠰᠠᠷᠡᠮᠵᠢ ᠶᠢᠨ ᠣᠢ ᠶᠢᠨ ᠬᠠᠮᠢᠶᠡᠷᠦᠯᠳᠡ ᠶᠢᠨ ᠬᠠᠷᠢᠭᠤᠴᠠᠯᠭᠠᠳᠦ ᠨᠢᠭᠡᠴᠡ ᠪᠠ ᠬᠤᠪᠢ ᠬᠦᠮᠦᠨ ᠤ ᠬᠠᠮᠢᠶᠡᠷᠴᠥ ᠬᠠᠮᠠᠭᠠᠯᠠᠬᠤ ᠲᠤᠮᠳᠡ ᠡᠬᠦᠰᠦᠭᠰᠡᠨ ᠣᠶᠢᠵᠢᠭᠤᠯᠬᠤ᠂ ᠪᠤᠶᠢᠵᠢᠭᠤᠯᠬᠤ᠂ ᠬᠠᠮᠠᠭᠠᠯᠠᠬᠤ ᠪᠠ ᠬᠠᠮᠢᠶᠡᠷᠬᠤ ᠵᠡᠷᠭᠡ ᠰᠦᠢᠳᠭᠡᠯ ᠤᠨ ᠵᠠᠷᠣᠴᠠᠭᠤᠯᠭ᠎ᠠ ᠪᠠ ᠠᠰᠢᠭ ᠣᠯᠵᠠᠪᠦᠷᠢ ᠶᠢᠨ ᠨᠦᠬᠦᠪᠦᠷᠢ ᠦᠭᠬᠦ ᠳᠤ ᠭᠡᠷᠡᠭᠯᠡᠨ᠎ᠡ᠃ ᠣᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ ᠨᠦᠬᠦᠪᠦᠷᠢ ᠶᠢᠨ ᠪᠡᠯᠡ ᠮᠦᠡᠭᠬᠦ ᠶᠢᠨ ᠪᠤᠳᠡᠳᠡᠢ ᠬᠠᠮᠢᠶᠡᠷᠣᠯᠳᠡ ᠶᠢᠨ ᠠᠷᠭ᠎ᠠ ᠶᠢ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠣᠢ ᠰᠢᠭᠤᠢ ᠶᠢᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠠᠴᠠ ᠦᠪᠡᠷᠳᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠲᠠᠢ ᠬᠠᠮᠳᠤᠷᠠᠨ᠂ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠳᠤ ᠮᠡᠳᠡᠬᠦᠯᠥᠨ ᠵᠦᠪᠰᠢᠶᠡᠷᠡᠬᠦᠯᠥᠭᠰᠡᠨ ᠤ ᠳᠡᠷᠠᠭ᠎ᠠ ᠭᠡᠷᠡᠭᠵᠢᠬᠦᠯᠦᠨ᠎ᠡ᠃ ᠣᠯᠥᠰ ᠤᠨ ᠭᠤᠤᠯᠳᠡᠯᠭ᠎ᠠ ᠲᠠᠢ ᠨᠡᠶᠢᠲᠡ ᠶᠢᠨ ᠠᠰᠠᠷᠡᠮᠵᠢ ᠶᠢᠨ ᠣᠢ ᠶᠢᠨ ᠨᠦᠬᠦᠪᠦᠷᠢ ᠦᠭᠬᠦ ᠶᠠᠪᠤᠳᠡᠯ ᠢ ᠣᠯᠥᠰ ᠤᠨ ᠬᠤᠯᠪᠤᠠᠠᠳᠡᠯ ᠪᠦᠬᠦᠢ ᠲᠣᠠᠠᠳᠠᠭᠠᠯ ᠶᠣᠰᠣᠭᠠᠷ ᠭᠡᠷᠡᠭᠵᠢᠬᠦᠯᠥᠨ᠎ᠠ︾ ᠭᠡᠵᠥ ᠵᠠᠰᠠᠪᠦᠷᠢ ᠣᠷᠣᠭᠤᠯᠪᠡ᠃
ᠬᠤᠷᠢᠨ ᠳᠥᠷᠪᠡᠳᠣᠭᠡᠷ ᠵᠦᠢᠯ ᠢ ︽ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠠᠷᠠᠳ ᠤᠨ ᠵᠠᠰᠠᠭ ᠤᠨ ᠣᠷᠳᠣᠨ ᠤ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠨᠢ ᠡᠳ᠋ ᠤᠨ ᠵᠠᠰᠠᠭ ᠤᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠲᠠᠢ ᠬᠠᠮᠳᠤᠷᠠᠨ ᠣᠯᠥᠰ ᠤᠨ ᠲᠣᠠᠠᠳᠠᠭᠠᠯ ᠶᠣᠰᠣᠭᠠᠷ᠂ ᠣᠨ ᠤ ᠣᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ ᠨᠦᠬᠦᠪᠦᠷᠢ ᠶᠢᠨ ᠪᠡᠯᠡ ᠮᠦᠡᠭᠬᠦ ᠶᠢᠨ ᠭᠡᠷᠡᠭᠵᠢᠬᠦᠯᠬᠦ ᠳᠥᠰᠥᠯ ᠢ ᠨᠡᠶᠢᠷᠡᠭᠤᠯᠥᠨ ᠵᠤᠬᠢᠶᠡᠵᠦ᠂ ᠠᠶᠢᠮᠠᠭ ᠤᠨ ᠵᠠᠬᠢᠷᠭ᠎ᠠ᠂ ᠲᠣᠭᠤᠷᠢᠭ ᠪᠠᠶᠢᠭᠤᠯᠥᠠᠠᠰᠠᠨ ᠬᠤᠳᠡ ᠶᠢᠨ ᠠᠷᠡᠳ ᠤᠨ ᠵᠠᠰᠠᠭ ᠤᠨ ᠣᠷᠳᠣᠨ ᠤ ᠣᠢ ᠰᠢᠭᠤᠢ ᠪᠠ ᠡᠳ᠋ ᠤᠨ ᠵᠠᠰᠠᠭ ᠤᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠢᠶᠠᠷ ᠵᠦᠪᠰᠢᠶᠡᠷᠡᠬᠦᠯᠥᠭᠰᠡᠨ ᠤ ᠳᠡᠷᠠᠭ᠎ᠠ ᠭᠡᠷᠡᠭᠵᠢᠬᠦᠯᠬᠦ ᠶᠢᠨ ᠬᠠᠮᠳᠣ᠂ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠣᠢ ᠰᠢᠭᠤᠢ ᠶᠢᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠪᠤᠯᠥᠨ ᠡᠳ᠋ ᠤᠨ ᠵᠠᠰᠠᠭ ᠤᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠲᠤ ᠮᠡᠳᠡᠬᠦᠯᠥᠨ ᠳᠡᠩᠰᠡᠯᠡᠭᠤᠯᠥᠨᠠ᠃
ᠵᠦᠪᠰᠢᠶᠡᠷᠡᠬᠦᠯᠥᠭᠰᠡᠨ ᠣᠨ ᠤ ᠣᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ ᠨᠦᠬᠦᠪᠦᠷᠢ ᠶᠢᠨ ᠪᠡᠯᠡ ᠮᠦᠡᠭᠬᠦ ᠶᠢᠨ ᠭᠡᠷᠡᠭᠵᠢᠬᠦᠯᠬᠦ ᠳᠥᠰᠥᠯ ᠢ ᠦᠭᠡᠷᠡᠴᠢᠯᠡᠵᠦ ᠪᠤᠯᠬᠤ ᠦᠭᠡᠢ︔ ᠦᠨᠡᠨᠬᠦ ᠦᠭᠡᠷᠡᠴᠢᠯᠡᠬᠦ ᠴᠢᠬᠤᠯᠠᠳᠡᠢ ᠪᠠᠶᠢᠪᠠᠯ᠂ ᠣᠣᠯ ᠤᠨ ᠬᠢᠨᠡᠨ ᠵᠦᠪᠰᠢᠶᠡᠷᠡᠭᠰᠡᠨ ᠰᠠᠯᠠᠭ᠎ᠠ ᠮᠦᠴᠢᠷ ᠢᠶᠠᠷ ᠵᠦᠪᠰᠢᠶᠡᠷᠡᠬᠦᠯᠬᠦ ᠭᠡᠷᠡᠭᠳᠡᠢ︾ ᠭᠡᠵᠦ ᠵᠠᠰᠠᠪᠦᠷᠢ ᠣᠷᠣᠭᠤᠯᠪᠡ᠃
ᠬᠤᠷᠢᠨ ᠲᠠᠪᠤᠳᠣᠭᠠᠷ ᠵᠦᠢᠯ ᠢ ︽ᠣᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ ᠨᠦᠬᠦᠪᠦᠷᠢ ᠶᠢᠨ ᠪᠡᠯᠡ ᠮᠦᠡᠭᠬᠦ ᠳᠤ ᠲᠤᠰᠬᠠᠢ ᠬᠠᠮᠢᠶᠡᠷᠦᠯᠳᠡ ᠶᠢ ᠭᠡᠷᠡᠭᠵᠢᠬᠦᠯᠵᠦ᠂ ᠲᠣᠰᠬᠠᠢ ᠵᠤᠭᠤᠰ ᠢ ᠲᠣᠰᠬᠠᠢ ᠵᠦᠢᠯ ᠳᠤᠨᠢ ᠭᠡᠷᠡᠭᠯᠡᠬᠦ ᠭᠡᠷᠡᠭᠳᠡᠢ᠃ ᠣᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ ᠨᠦᠬᠦᠪᠦᠷᠢ ᠦᠭᠬᠦ ᠪᠡᠯᠡ ᠮᠦᠡᠭᠬᠦ ᠶᠢ ᠶᠠᠮᠠᠷᠪᠡ ᠨᠢᠭᠡᠴᠡ ᠪᠠ ᠬᠤᠪᠢ ᠬᠦᠮᠦᠨ ᠨᠡᠬᠦᠯᠭᠡᠨ ᠭᠡᠷᠡᠭᠯᠡᠬᠦ ᠪᠠ ᠰᠢᠬᠠᠨ ᠡᠵᠡᠯᠡᠵᠦ ᠳᠡᠰᠣᠳᠡᠨ ᠦᠯᠡᠳᠡᠭᠡᠵᠦ ᠪᠤᠯᠬᠤ ᠦᠭᠡᠢ︾ ᠭᠡᠵᠦ ᠵᠠᠰᠠᠪᠦᠷᠢ ᠣᠷᠣᠭᠤᠯᠪᠡ᠃
ᠬᠤᠷᠢᠨ ᠵᠢᠷᠭᠤᠳᠣᠭᠠᠷ ᠵᠦᠢᠯ ᠢ ︽ᠨᠡᠶᠢᠲᠡ ᠶᠢᠨ ᠠᠰᠠᠷᠡᠮᠵᠢ ᠶᠢᠨ ᠣᠢ ᠶᠢᠨ ᠬᠠᠮᠠᠭᠠᠯᠠᠯᠳᠡ ᠪᠠ ᠪᠦᠳᠦᠭᠡᠨ ᠪᠠᠶᠢᠭᠤᠯᠥᠯᠳᠡ ᠳᠤ ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠠᠷᠠᠳ ᠤᠨ ᠵᠠᠰᠠᠭ ᠤᠨ ᠣᠷᠳᠣᠨ ᠤ ᠣᠢ ᠰᠢᠭᠤᠢ ᠶᠢᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠤᠨ ᠨᠡᠶᠢᠲᠡ ᠶᠢᠨ ᠠᠰᠠᠷᠡᠮᠵᠢ ᠶᠢᠨ ᠣᠢ ᠶᠢᠨ ᠬᠠᠮᠢᠶᠡᠷᠦᠯᠳᠡ ᠶᠢᠨ ᠪᠠᠶᠢᠭᠤᠯᠥᠮᠵᠢ ᠦᠪᠡᠰᠣᠪᠡᠨ ᠪᠠᠶᠢᠴᠠᠭᠠᠬᠤ ᠶᠢ ᠭᠡᠷᠡᠭᠵᠢᠬᠦᠯᠵᠦ᠂ ᠠᠶᠢᠮᠠᠭ ᠤᠨ ᠵᠠᠬᠢᠷᠭ᠎ᠠ᠂ ᠲᠣᠭᠤᠷᠢᠭ ᠪᠠᠶᠢᠭᠤᠯᠥᠠᠠᠰᠠᠨ ᠬᠤᠳᠡ ᠶᠢᠨ ᠠᠷᠡᠳ ᠤᠨ ᠵᠠᠰᠠᠭ ᠤᠨ ᠣᠷᠳᠣᠨ ᠤ ᠣᠢ ᠰᠢᠭᠤᠢ ᠶᠢᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠤᠨ ᠨᠡᠶᠢᠲᠡ ᠶᠢᠨ ᠠᠰᠠᠷᠡᠮᠵᠢ ᠶᠢᠨ ᠣᠢ ᠶᠢᠨ ᠬᠠᠮᠢᠶᠡᠷᠦᠯᠳᠡ ᠶᠢᠨ ᠪᠠᠶᠢᠭᠤᠯᠥᠮᠵᠢ ᠳᠡᠪᠳᠡᠨ ᠪᠠᠶᠢᠴᠠᠭᠠᠵᠦ᠂ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠣᠢ ᠰᠢᠭᠤᠢ ᠶᠢᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠤᠨ ᠠᠰᠠᠷᠡᠮᠵᠢ ᠶᠢᠨ ᠣᠢ ᠶᠢᠨ ᠬᠠᠮᠢᠶᠡᠷᠦᠯᠳᠡ ᠶᠢᠨ ᠪᠠᠶᠢᠭᠤᠯᠥᠮᠵᠢ ᠬᠢᠨᠡᠨ ᠪᠠᠶᠢᠴᠠᠭᠠᠬᠤ ᠭᠤᠷᠪᠠᠨ ᠱᠠᠳᠣ ᠪᠠᠶᠢᠴᠠᠭᠠᠨ ᠰᠢᠯᠭᠠᠨ ᠠᠪᠬᠤ ᠳᠥᠷᠢᠮ ᠢ ᠭᠡᠷᠡᠭᠵᠢᠬᠦᠯᠥᠨ᠎ᠡ᠃
ᠨᠡᠶᠢᠲᠡ ᠶᠢᠨ ᠠᠰᠠᠷᠡᠮᠵᠢ ᠶᠢᠨ ᠣᠢ ᠶᠢᠨ ᠬᠠᠮᠠᠭᠠᠯᠠᠯᠳᠡ ᠪᠠ ᠪᠦᠳᠦᠭᠡᠨ ᠪᠠᠶᠢᠭᠤᠯᠥᠯᠳᠡ ᠶᠢ ᠪᠠᠶᠢᠴᠠᠭᠠᠵᠦ ᠰᠢᠯᠭᠠᠨ ᠠᠪᠬᠤ ᠠᠭᠤᠯᠭ᠎ᠠ ᠳᠤ᠄ ᠨᠡᠶᠢᠲᠡ ᠶᠢᠨ ᠠᠰᠠᠷᠡᠮᠵᠢ ᠶᠢᠨ ᠣᠢ ᠶᠢᠨ ᠬᠠᠮᠠᠭᠠᠯᠠᠯᠳᠡ ᠬᠠᠮᠢᠶᠡᠷᠦᠯᠳᠡ ᠶᠢᠨ ᠬᠠᠦᠯᠢ ᠴᠠᠭᠠᠵᠠ᠂ ᠬᠠᠦᠯᠢ ᠲᠣᠠᠠᠳᠠᠭᠠᠯ᠂ ᠳᠥᠷᠢᠮ ᠲᠣᠠᠠᠳᠠᠭᠠᠯ ᠢ ᠲᠣᠣᠱᠯᠠᠭᠤᠯᠥᠨ ᠨᠡᠶᠢᠳᠡᠪᠦᠷᠢᠵᠢᠭᠤᠯᠥᠠᠠᠰᠠᠨ ᠪᠠᠶᠢᠳᠡᠯ᠂ ᠬᠠᠮᠠᠭᠠᠯᠠᠯᠳᠡ ᠬᠠᠮᠢᠶᠡᠷᠦᠯᠳᠡ ᠶᠢᠨ ᠡᠯ᠎ᠠ ᠵᠦᠢᠯ ᠤᠨ ᠬᠦᠢᠴᠡᠳᠭᠡᠯ ᠲᠤᠭ᠎ᠠ ᠶᠢᠨ ᠭᠡᠷᠡᠭᠵᠢᠬᠦᠯᠥᠭᠰᠡᠨ ᠪᠠᠶᠢᠳᠡᠯ᠂ ᠣᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ ᠨᠦᠬᠦᠪᠦᠷᠢ ᠶᠢᠨ ᠪᠡᠯᠡ ᠮᠦᠡᠭᠬᠦ ᠶᠢ ᠭᠡᠷᠡᠭᠯᠡᠭᠰᠡᠨ ᠪᠠᠶᠢᠳᠡᠯ᠂ ᠳᠡᠩᠰᠡ ᠡᠪᠭᠡᠮᠡᠯ᠂ ᠳ᠋ᠠᠶᠢᠲ᠋ᠠ ᠶᠢᠨ ᠬᠦᠮᠦᠷᠭᠡ ᠶᠢ ᠪᠦᠳᠦᠭᠡᠨ ᠪᠠᠶᠢᠭᠤᠯᠥᠠᠠᠰᠠᠨ ᠪᠠᠶᠢᠳᠡᠯ ᠵᠡᠷᠭᠡ ᠶᠢ ᠪᠠᠭᠳᠠᠭᠠᠬᠤ ᠭᠡᠷᠡᠭᠳᠡᠢ︾ ᠭᠡᠵᠦ ᠵᠠᠰᠠᠪᠤᠷᠢ ᠣᠷᠣᠭᠤᠯᠪᠡ᠃
ᠭᠤᠴᠢᠳᠣᠭᠠᠷ ᠵᠦᠢᠯ ᠢ ︽ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠣᠷᠣᠨ ᠨᠣᠳᠤᠭ ᠤᠨ ᠠᠷᠠᠳ ᠤᠨ ᠵᠠᠰᠠᠭ ᠤᠨ ᠣᠷᠳᠣᠨ ᠤ ᠬᠤᠯᠪᠤᠠᠠᠳᠡᠯ ᠪᠦᠬᠦᠢ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠤᠨ ᠠᠵᠢᠯᠳᠡᠨ᠂ ᠳᠣᠣᠷᠠᠬᠢ ᠦᠢᠯᠨ ᠠᠵᠢᠯᠠᠯᠭ᠎ᠠ ᠶᠢᠨ ᠨᠢᠭᠡ ᠨᠢ ᠪᠠᠶᠢᠪᠠᠯ᠂ ᠵᠠᠰᠠᠭ ᠵᠠᠬᠢᠷᠭᠠᠨ ᠤ ᠰᠢᠳᠭᠡᠯ ᠦᠭᠭᠦᠨ᠎ᠡ︔ ᠶᠡᠯ᠎ᠠ ᠳᠤ ᠬᠦᠷᠦᠭᠰᠡᠨ ᠪᠠᠶᠢᠪᠠᠯ᠂ ᠡᠷᠡᠬᠦᠥ ᠶᠢᠨ ᠭᠡᠷᠩ ᠤᠨ ᠬᠠᠷᠢᠭᠤᠴᠠᠯᠭ᠎ᠠ ᠨᠡᠭᠡᠮᠵᠢᠯᠠᠨ᠎ᠠ ᠭᠡᠵᠦ ᠵᠠᠰᠠᠪᠦᠷᠢ ᠣᠷᠣᠭᠤᠯᠪᠡ᠄
︵ᠨᠢᠭᠡ︶ ᠲᠣᠰ ᠠᠷᠭ᠎ᠠ ᠶᠢᠨ ᠲᠣᠠᠠᠳᠠᠭᠠᠯ ᠠᠴᠠ ᠵᠦᠷᠢᠴᠡᠵᠦ᠂ ᠣᠢ ᠰᠢᠭᠤᠢ ᠶᠢᠨ ᠠᠮᠢ ᠠᠬᠤᠢ ᠶᠢᠨ ᠴᠢᠳᠠᠮᠵᠢ ᠳᠤ ᠡᠪᠳᠡᠯᠡᠭᠡ ᠣᠴᠠᠷᠡᠭᠤᠯᠬᠤ ᠳᠥᠷᠦᠯ ᠵᠦᠢᠯ ᠢ ᠵᠦᠪᠰᠢᠶᠡᠷᠡᠭᠰᠡᠨ︔
︵ᠬᠤᠶᠡᠷ︶ ᠣᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ ᠨᠦᠬᠦᠪᠦᠷᠢ ᠶᠢᠨ ᠪᠡᠯᠡ ᠮᠦᠡᠭᠬᠦ ᠶᠢ ᠨᠡᠬᠦᠯᠬᠡᠨ ᠭᠡᠷᠡᠭᠯᠡᠭᠰᠡᠨ᠂ ᠰᠢᠬᠠᠨ ᠡᠵᠡᠯᠡᠭᠰᠡᠨ᠂ ᠳᠡᠰᠣᠳᠡᠨ ᠦᠯᠡᠳᠡᠭᠡᠭᠰᠡᠨ︔
︵ᠭᠤᠷᠪᠡ︶ ᠲᠣᠰ ᠠᠷᠭ᠎ᠠ ᠶᠢᠨ ᠲᠣᠠᠠᠳᠠᠭᠠᠯ ᠠᠴᠠ ᠵᠦᠷᠢᠴᠡᠵᠦ᠂ ᠬᠠᠮᠢᠶᠠᠷᠥᠨ ᠬᠠᠮᠠᠭᠠᠯᠠᠬᠤ ᠬᠠᠷᠢᠭᠤᠴᠠᠯᠭ᠎ᠠ ᠶᠢ ᠡᠬᠦᠷᠭᠡᠯᠡᠭᠰᠡᠨ ᠠᠰᠠᠷᠡᠮᠵᠢ ᠶᠢᠨ ᠣᠢ ᠶᠢᠨ ᠬᠠᠷᠢᠭᠤᠴᠠᠯᠭᠠᠳᠣ ᠨᠢᠭᠡᠴᠡ ᠪᠠ ᠬᠤᠪᠢ ᠬᠦᠮᠦᠨ ᠯᠦᠭᠡ ᠠᠰᠠᠷᠡᠮᠵᠢ ᠶᠢᠨ ᠣᠢ ᠶᠢᠨ ᠬᠠᠮᠢᠶᠡᠷᠦᠨ ᠬᠠᠮᠠᠭᠠᠯᠠᠬᠤ ᠭᠡᠷ᠎ᠠ ᠲᠣᠠᠠᠳᠠᠬᠰᠠᠨ ᠦᠭᠡᠢ︔
︵ᠳᠥᠷᠪᠡ︶ ᠪᠤᠰᠣᠳ ᠡᠷᠬᠡ ᠲᠣᠰᠢᠶᠡᠯ ᠢᠶᠠᠨ ᠲᠣᠷ᠎ᠠ ᠪᠠᠷ ᠭᠡᠷᠡᠭᠯᠡᠨ᠂ ᠠᠯᠪᠡᠨ ᠲᠥᠰᠢᠶᠡᠯ ᠳᠠᠭᠠᠨ ᠠᠯᠮᠠᠶᠢᠷᠡᠨ ᠣᠰᠣᠯᠳᠠᠵᠦ᠂ ᠬᠤᠪᠢ ᠶᠢᠨ ᠨᠠᠶᠢᠷ ᠢᠶᠠᠷ ᠬᠠᠦᠯᠢ ᠶᠣᠰᠣ ᠶᠢ ᠵᠦᠷᠢᠴᠡᠨ ᠠᠰᠠᠷᠡᠮᠵᠢ ᠶᠢᠨ ᠣᠢ ᠶᠢ ᠬᠤᠬᠢᠷᠡᠭᠤᠯᠥᠠᠠᠰᠠᠨ᠃︾
ᠠᠷᠪᠡᠨ ᠬᠤᠶᠡᠷ᠂ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠡᠳ ᠤᠨ ᠬᠡᠷᠡᠭᠯᠡᠭᠡᠨ ᠤ ᠨᠢᠰᠭᠡᠯ ᠤᠨ ᠪᠠᠭᠤᠳᠡᠯ ᠤᠨ ᠬᠠᠮᠢᠶᠡᠷᠦᠯᠳᠡ ᠶᠢᠨ ᠠᠷᠭ᠎ᠠ︾ ︵2014 ᠣᠨ ᠤ 1 ᠳ᠋ᠣᠭᠡᠷ ᠰᠡᠷ᠎ᠠ ᠶᠢᠨ 24 ᠤ ᠡᠳᠣᠷ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 200 ᠳ᠋ᠣᠭᠠᠷ ᠲᠣᠭᠠᠳᠦ ᠪᠠᠷ ᠨᠡᠶᠢᠳᠡᠯᠡᠪᠡ︶ ᠶᠢᠨ ᠳᠥᠷᠪᠡᠳᠣᠭᠡᠷ ᠵᠦᠢᠯ ᠢ᠄ ︽ᠨᠢᠰᠭᠡᠯ ᠤᠨ ᠪᠠᠭᠤᠳᠡᠯ ᠨᠢ ᠣᠯᠡᠨ ᠨᠡᠶᠢᠲᠡ ᠶᠢᠨ ᠰᠠᠭᠤᠷᠢ ᠪᠡᠯᠡᠳᠭᠡᠮᠵᠢ ᠳᠤ ᠬᠠᠷᠢᠶᠡᠯᠬᠠᠳᠠᠨᠠ᠃ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠨᠢ ᠨᠢᠰᠭᠡᠯ ᠤᠨ ᠪᠠᠭᠤᠳᠡᠯ ᠤᠨ ᠬᠠᠮᠠᠭᠠᠯᠠᠯᠳᠡ ᠶᠢᠨ ᠠᠵᠢᠯ ᠤᠨ ᠣᠳᠣᠷᠢᠳᠣᠯᠭ᠎ᠠ ᠪᠠ ᠬᠢᠨᠡᠯᠳᠡ ᠳᠡᠯᠪᠢᠬᠤ ᠶᠢ ᠴᠢᠩᠭᠠᠳᠬᠠᠵᠦ᠂ ᠨᠢᠰᠭᠡᠯ ᠤᠨ ᠪᠠᠭᠤᠳᠡᠯ ᠤᠨ ᠪᠦᠳᠦᠭᠡᠨ ᠪᠠᠶᠢᠭᠤᠯᠥᠯᠳᠡ ᠪᠠ ᠬᠦᠭᠵᠢᠯᠳᠡ ᠶᠢ ᠣᠯᠥᠰ ᠠᠷᠡᠳ ᠤᠨ ᠠᠵᠦ ᠠᠬᠤᠢ ᠪᠠ ᠨᠡᠶᠢᠭᠡᠮ ᠤᠨ ᠬᠦᠭᠵᠢᠯᠳᠡ ᠶᠢᠨ ᠳᠥᠯᠥᠪᠵᠢᠬᠦᠯᠭᠡ ᠳᠤ ᠣᠷᠣᠭᠤᠯᠬᠤ ᠶᠢᠨ ᠬᠠᠮᠳᠣ᠂ ᠨᠢᠭᠡᠨᠳᠡ ᠪᠠᠶᠢᠭᠤᠯᠥᠠᠠᠰᠠᠨ ᠠᠷᠡᠳ ᠤᠨ ᠠᠭᠠᠷ ᠤᠨ ᠠᠶᠠᠯᠠᠯ ᠤᠨ ᠬᠦᠭᠵᠢᠯᠳᠡ ᠶᠢᠨ ᠲᠣᠰᠬᠠᠢ ᠪᠡᠯᠡ ᠮᠦᠡᠭᠬᠦ ᠪᠠᠷ ᠪᠠᠳᠣᠯᠠᠨ᠎ᠠ᠃
ᠨᠢᠰᠭᠡᠯ ᠤᠨ ᠪᠠᠭᠤᠳᠡᠯ ᠤᠨ ᠪᠠᠶᠢᠭ᠎ᠠ ᠭᠠᠵᠠᠷ ᠤᠨ ᠬᠤᠰᠢᠭᠤ ᠰᠢᠶᠡᠨ ᠤ ᠱᠠᠳᠣᠨ ᠠᠴᠠ ᠳᠡᠭᠡᠭᠰᠢᠬᠢ ᠠᠷᠠᠳ ᠤᠨ ᠵᠠᠰᠠᠭ ᠤᠨ ᠣᠷᠳᠣᠨ ᠨᠢ ᠬᠠᠦᠯᠢ ᠶᠣᠰᠣᠭᠠᠷ ᠨᠢᠰᠭᠡᠯ ᠤᠨ ᠪᠠᠭᠤᠳᠡᠯ ᠳᠤ ᠬᠢᠨᠡᠯᠳᠡ ᠬᠠᠮᠢᠶᠡᠷᠦᠯᠳᠡ ᠭᠡᠷᠡᠭᠵᠢᠬᠦᠯᠵᠦ᠂ ᠨᠢᠰᠭᠡᠯ ᠤᠨ ᠪᠠᠭᠤᠳᠡᠯ ᠤᠨ ᠬᠠᠮᠢᠶᠡᠷᠦᠯᠳᠡ ᠶᠢᠨ ᠳᠡᠯ᠎ᠠ ᠶᠢᠨ ᠴᠢᠬᠤᠯᠡ ᠶᠡᠭᠡ ᠠᠰᠠᠭᠤᠳᠡᠯ ᠢ ᠵᠤᠬᠢᠶᠡᠨ ᠪᠠᠶᠢᠭᠤᠯᠥᠨ ᠵᠣᠬᠢᠴᠠᠭᠤᠯᠬᠤ ᠪᠠ ᠰᠢᠢᠳᠪᠦᠷᠢᠯᠡᠨ᠎ᠠ︾ ᠭᠡᠵᠦ ᠵᠠᠰᠠᠪᠦᠷᠢ ᠣᠷᠣᠭᠤᠯᠪᠡ᠃
ᠭᠤᠴᠢᠨ ᠭᠤᠷᠪᠠᠳᠣᠭᠠᠷ ᠵᠦᠢᠯ ᠢ ︽ᠨᠢᠰᠭᠡᠯ ᠤᠨ ᠪᠠᠭᠤᠳᠡᠯ ᠤᠨ ᠴᠡᠪᠡᠷ ᠠᠭᠠᠷ ᠤᠨ ᠬᠠᠮᠠᠭᠠᠯᠠᠯᠳᠡ ᠶᠢᠨ ᠣᠷᠣᠨ ᠤ ᠳᠣᠳᠣᠷ᠎ᠠ ᠲᠣᠣᠷᠡᠬᠢ ᠮᠡᠳᠣ ᠠᠵᠢᠯᠯᠠᠭ᠎ᠠ ᠡᠷᠬᠢᠯᠡᠬᠦ ᠶᠢ ᠴᠠᠭᠠᠵᠠᠯᠠᠨ᠎ᠠ ᠬᠡᠵᠦ ᠵᠠᠰᠠᠪᠤᠷᠢ ᠣᠷᠣᠭᠤᠯᠪᠡ᠄
︵ᠨᠢᠭᠡ︶ ᠶᠡᠭᠡ ᠭᠡᠮᠵᠢᠶᠡᠨ ᠤ ᠣᠳᠤᠭ᠎ᠠ ᠣᠨᠢᠶᠡᠷ᠂ ᠲᠣᠭᠤᠰᠦ᠂ ᠳᠥᠯᠥ᠂ ᠬᠠᠶᠢᠬᠠᠳᠠᠯ ᠬᠡᠢ ᠵᠡᠷᠭᠡ ᠨᠢᠰᠦᠯᠳᠡ ᠶᠢᠨ ᠠᠮᠥᠷ ᠳᠥᠪᠰᠢᠨ ᠢ ᠨᠦᠯᠥᠭᠡᠯᠡᠬᠦ ᠪᠤᠳᠡᠰ ᠢ ᠭᠠᠳ᠋ᠬᠠᠰᠢᠯᠠᠭᠤᠯᠥᠠᠠᠰᠠᠨ︔
︵ᠬᠤᠶᠡᠷ︶ ᠬᠠᠷᠪᠤᠯᠭ᠎ᠠ ᠶᠢᠨ ᠳᠡᠯᠡᠪᠡᠢ᠂ ᠰᠢᠷᠦᠬᠦᠨ ᠳᠡᠯᠪᠡᠷᠡᠬᠦ ᠡᠳ᠋ ᠤᠨ ᠬᠦᠮᠦᠷᠭᠡ ᠵᠡᠷᠭᠡ ᠨᠢᠰᠦᠯᠳᠡ ᠶᠢᠨ ᠠᠮᠥᠷ ᠳᠥᠪᠰᠢᠨ ᠢ ᠨᠦᠯᠥᠭᠡᠯᠡᠬᠦ ᠪᠡᠷᠢᠯᠭ᠎ᠠ ᠪᠤᠶᠤ ᠪᠣᠰᠣᠳ ᠪᠡᠯᠡᠳᠭᠡᠮᠵᠢ ᠶᠢ ᠰᠡᠯᠪᠢᠨ ᠪᠠᠶᠢᠭᠤᠯᠥᠠᠠᠰᠠᠨ︔
︵ᠭᠤᠷᠪᠡ︶ ᠨᠢᠰᠭᠡᠯ ᠤᠨ ᠪᠠᠭᠤᠳᠡᠯ ᠤᠨ ᠦᠵᠡᠭᠳᠡᠬᠦ ᠠᠶᠠᠯᠠᠯ ᠤᠨ ᠲᠣᠰᠠᠯᠠᠬᠤ ᠪᠡᠯᠡᠳᠭᠡᠮᠵᠢ ᠶᠢ ᠭᠡᠷᠡᠭᠯᠡᠬᠦ ᠪᠤᠶᠤ ᠨᠢᠰᠭᠡᠯᠴᠢ ᠶᠢᠨ ᠬᠠᠷᠠᠭᠠᠰᠣ ᠶᠢ ᠨᠦᠯᠥᠭᠡᠯᠡᠬᠦ ᠭᠡᠷᠡᠯᠳᠦᠬᠦᠯᠬᠡ᠂ ᠳᠡᠮᠳᠡᠭ ᠪᠤᠶᠤ ᠪᠤᠳᠡᠰ ᠢ
ᠪᠠᠶᠢᠷᠢᠯᠠᠭᠤᠯᠥᠠᠠᠰᠠᠨ︔
︵ᠳᠥᠷᠪᠡ︶ ᠨᠢᠰᠦᠯᠳᠡ ᠶᠢᠨ ᠠᠮᠥᠷ ᠳᠥᠪᠰᠢᠨ ᠢ ᠨᠦᠯᠥᠭᠡᠯᠡᠬᠦ ᠪᠤᠶᠤ ᠨᠢᠰᠭᠡᠯ ᠤᠨ ᠪᠠᠭᠤᠳᠡᠯ ᠤᠨ ᠠᠶᠠᠯᠠᠯ ᠤᠨ ᠲᠣᠰᠠᠯᠠᠬᠤ ᠪᠡᠯᠡᠳᠭᠡᠮᠵᠢ ᠶᠢ ᠭᠡᠷᠡᠭᠯᠡᠬᠦ ᠶᠢ ᠨᠦᠯᠥᠭᠡᠯᠡᠬᠦ ᠣᠷᠭᠤᠮᠠᠯ ᠢ ᠳᠡᠷᠢᠬᠰᠠᠨ︔
︵ᠲᠠᠪᠤ︶ ᠨᠢᠰᠦᠯᠳᠡ ᠶᠢᠨ ᠠᠮᠥᠷ ᠳᠥᠪᠰᠢᠨ ᠢ ᠨᠦᠯᠥᠭᠡᠯᠡᠬᠦ ᠰᠢᠪᠠᠭᠤ ᠶᠢᠨ ᠳᠥᠷᠦᠯ᠂ ᠠᠪᠠ ᠶᠢᠨ ᠬᠠᠷᠴᠠᠭᠠᠢ ᠨᠢᠰᠭᠡᠬᠦ᠂ ᠵᠢᠯᠣᠭᠤᠴᠢ ᠦᠭᠡᠢ ᠨᠢᠰᠭᠡᠯ ᠨᠢᠰᠬᠡᠬᠦ᠂ ᠴᠢᠯᠥᠭᠡᠳᠦ ᠭᠡᠢ ᠪᠦᠮᠪᠦᠭᠡ᠂ ᠣᠶᠠᠭᠠᠳᠦ ᠬᠡᠢ ᠪᠦᠮᠪᠦᠭᠡ᠂ ᠬᠡᠶᠢᠳᠦ ᠣᠩᠭᠤᠴᠠ᠂ ᠢᠯᠴᠢᠳᠦ ᠬᠡᠢ ᠪᠦᠮᠪᠦᠭᠡ᠂ ᠬᠠᠯᠢᠬᠤ ᠨᠢᠰᠬᠡᠯ᠂ ᠬᠦᠳᠡᠯᠭᠡᠬᠦᠷᠳᠦ ᠰᠢᠬᠦᠷ᠂ ᠲᠡᠭᠳᠡᠬᠦᠷ ᠳ᠋ᠧᠩᠯᠥ᠂ ᠴᠠᠭᠠᠰᠣᠨ ᠰᠢᠪᠠᠭᠤ ᠪᠠ ᠪᠤᠰᠣᠳ ᠳᠡᠭᠳᠡᠬᠦ ᠪᠤᠳᠡᠰ ᠢ ᠨᠢᠰᠭᠡᠭᠰᠡᠨ︔
︵ᠵᠢᠷᠭᠤᠭ᠎ᠠ︶ ᠶᠡᠭᠡ ᠭᠡᠮᠵᠢᠶᠡᠨ ᠤ ᠣᠳᠤᠭ᠎ᠠ ᠣᠨᠢᠶᠡᠷ ᠲᠠᠢ ᠳᠡᠷᠢᠮᠡᠯ ᠤᠨ ᠡᠰᠢ ᠰᠦᠷᠡᠯ᠂ ᠬᠤᠭ ᠨᠣᠪᠰᠢ ᠵᠡᠷᠭᠡ ᠪᠤᠳᠡᠰ ᠢ ᠰᠢᠳᠠᠭᠠᠭᠰᠠᠨ ᠪᠣᠶᠤ ᠬᠤᠸᠡᠷ ᠫᠣᠥᠵᠢᠩ ᠳᠡᠯᠪᠢᠬᠰᠠᠨ︔
︵ᠲᠤᠯᠤᠭ᠎ᠠ︶ ᠨᠢᠰᠭᠡᠯ ᠤᠨ ᠪᠠᠭᠤᠳᠡᠯ ᠤᠨ ᠭᠠᠳᠠᠨ᠎ᠠ 5 ᠮᠧᠲᠷ ᠤᠨ ᠬᠦᠷᠢᠶ᠎ᠠ ᠭᠡᠪᠴᠢᠶ᠎ᠠ ᠳᠣᠳᠣᠷ᠎ᠠ᠂ ᠪᠡᠷᠢᠯᠭ᠎ᠠ ᠪᠡᠷᠢᠬᠤ᠂ ᠮᠣᠳᠣ ᠳᠡᠷᠢᠬᠤ ᠪᠣᠶᠤ ᠨᠦᠬᠡ ᠮᠠᠯᠳᠠᠬᠤ᠂ ᠪᠤᠳᠡᠰ ᠣᠪᠣᠭᠠᠯᠠᠬᠤ ᠵᠡᠷᠭᠡ ᠨᠢᠰᠭᠡᠯ ᠤᠨ ᠪᠠᠭᠤᠳᠡᠯ ᠤᠨ ᠵᠦᠭᠡᠭᠡᠪᠦᠷᠢ ᠡᠵᠡᠩᠨᠡᠯᠳᠡ ᠶᠢᠨ ᠠᠮᠥᠷ ᠳᠥᠪᠰᠢᠨ ᠢ ᠨᠦᠯᠥᠭᠡᠯᠡᠬᠦ ᠠᠵᠢᠯᠯᠠᠭ᠎ᠠ ᠶᠢ ᠡᠷᠬᠢᠯᠡᠭᠰᠡᠨ︔
︵ᠨᠠᠢᠮᠠ︶ ᠬᠤᠭ ᠨᠣᠪᠰᠢ ᠶᠢᠨ ᠵᠠᠳᠠᠭᠠᠢ ᠳᠡᠯᠡᠪᠡᠢ᠂ ᠠᠯᠠᠵᠦ ᠨᠢᠳᠣᠯᠬᠤ ᠳᠡᠯᠡᠪᠡᠢ᠂ ᠳᠡᠵᠢᠭᠡᠨ ᠦᠷᠡᠵᠢᠬᠦᠯᠬᠦ ᠳᠡᠯᠡᠪᠡᠢ ᠵᠡᠷᠭᠡ ᠳᠡᠯᠡᠪᠤᠷ ᠭᠠᠵᠡᠷ ᠢ ᠪᠠᠶᠢᠷᠢᠯᠠᠭᠤᠯᠥᠠᠠᠰᠠᠨ︔
︵ᠶᠢᠰᠦ︶ ᠨᠢᠰᠭᠡᠯ ᠤᠨ ᠪᠠᠭᠤᠳᠡᠯ ᠤᠨ ᠭᠠᠵᠡᠷ ᠣᠷᠣᠨ ᠤ ᠣᠰᠥ ᠭᠠᠳ᠋ᠬᠠᠰᠢᠯᠠᠭᠤᠯᠬᠤ᠂ ᠴᠢᠮᠡᠭᠡ ᠬᠤᠯᠪᠤᠭ᠎ᠠ᠂ ᠴᠠᠬᠢᠯᠭᠠᠨ ᠬᠠᠩᠭᠠᠬᠤ ᠵᠡᠷᠭᠡ ᠪᠡᠯᠡᠳᠭᠡᠮᠵᠢ ᠶᠢ ᠡᠵᠡᠯᠡᠭᠰᠡᠨ ᠪᠠ ᠡᠪᠳᠡᠭᠰᠡᠨ︔
︵ᠠᠷᠪᠡ︶ ᠬᠠᠦᠯᠢ ᠴᠠᠭᠠᠵᠠ᠂ ᠬᠠᠦᠯᠢ ᠲᠣᠠᠠᠳᠠᠭᠠᠯ᠂ ᠳᠥᠷᠢᠮ ᠲᠣᠠᠠᠳᠠᠭᠠᠯ ᠳᠤ ᠲᠣᠠᠠᠳᠠᠭᠠᠠᠠᠰᠠᠨ ᠨᠢᠰᠭᠡᠯ ᠤᠨ ᠪᠠᠭᠤᠳᠡᠯ ᠤᠨ ᠴᠠᠪᠡᠷ ᠠᠭᠠᠷ ᠤᠨ ᠬᠠᠮᠠᠭᠠᠯᠠᠯᠳᠡ ᠶᠢ ᠨᠦᠯᠥᠭᠡᠯᠡᠭᠰᠡᠨ ᠪᠤᠰᠣᠳ
ᠦᠢᠯᠡ ᠠᠵᠢᠯᠯᠠᠭ᠎ᠠ᠃︾
ᠲᠣᠰ ᠲᠣᠠᠠᠳᠠᠭᠠᠯ ᠢ ᠨᠡᠶᠢᠳᠡᠯᠡᠭᠰᠡᠨ ᠡᠳᠣᠷ ᠠᠴᠠ ᠡᠬᠢᠯᠡᠨ ᠭᠡᠷᠡᠭᠵᠢᠬᠦᠯᠦᠨ᠎ᠡ᠃
︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠬᠤᠳᠡ ᠪᠠᠯᠭᠠᠰᠣ ᠶᠢᠨ ᠢᠳᠡᠭᠡᠨ ᠣᠮᠳᠠᠭᠠᠨ ᠵᠤᠭ᠎ᠠ ᠴᠠᠩᠭᠡᠯ ᠤᠨ ᠦᠢᠯᠡᠴᠢᠯᠡᠭᠡᠨ ᠤ ᠦᠢᠯᠡᠰ ᠤᠨ ᠣᠷᠴᠢᠨ ᠲᠤᠭᠤᠷᠢᠨ ᠢ ᠬᠠᠮᠠᠭᠠᠯᠠᠬᠤ ᠬᠠᠮᠢᠶᠡᠷᠦᠯᠳᠡ ᠶᠢᠨ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠳᠡᠯ᠎ᠠ ᠨᠣᠳᠤᠭ ᠤᠨ ᠭᠡᠭᠡᠷ᠎ᠠ ᠶᠢᠨ ᠣᠷᠭᠤᠮᠠᠯ ᠢ ᠳᠡᠬᠦᠵᠦ ᠴᠣᠠᠠᠯᠠᠭᠤᠯᠬᠤ ᠪᠠ ᠬᠤᠳᠠᠯᠳᠣᠨ ᠠᠪᠬᠤ ᠬᠠᠮᠢᠶᠡᠷᠦᠯᠳᠡ ᠶᠢᠨ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠮᠥ ᠪᠤᠳᠠᠭ᠎ᠠ ᠶᠢᠨ ᠬᠦᠢᠯᠬᠡᠬᠡᠡ ᠤ ᠬᠠᠮᠢᠶᠡᠷᠦᠯᠳᠡ ᠶᠢᠨ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠦᠨ᠎ᠠ ᠬᠠᠩᠰᠢ ᠶᠢᠨ ᠭᠡᠷᠡᠴᠢᠯᠡᠯ ᠤᠨ ᠬᠠᠮᠢᠶᠡᠷᠦᠯᠳᠡ ᠶᠢᠨ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠣᠰᠣ ᠠᠪᠬᠤ ᠵᠦᠪᠰᠢᠶᠡᠷᠡᠯ ᠪᠠ ᠣᠰᠣᠨ ᠤ ᠡᠬᠢ ᠪᠠᠶᠠᠯᠢᠭ ᠤᠨ ᠰᠦᠢᠳᠭᠡᠯ ᠳᠡᠳᠡᠪᠦᠷᠢᠯᠡᠵᠦ ᠬᠠᠮᠢᠶᠡᠷᠬᠤ ᠶᠢᠨ ᠭᠡᠷᠡᠭᠵᠢᠬᠦᠯᠬᠦ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠭᠠᠵᠡᠷ ᠲᠤᠤᠷᠡᠬᠢ ᠣᠰᠣᠨ ᠤ ᠬᠠᠮᠢᠶᠡᠷᠦᠯᠳᠡ ᠶᠢᠨ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠶᠤᠩᠭ᠎ᠠ ᠰᠡᠷᠭᠡᠶᠢᠯᠡᠵᠦ ᠭᠠᠮᠰᠢᠭ ᠢ ᠪᠠᠭᠠᠰᠬᠠᠬᠤ ᠶᠢᠨ ᠬᠠᠮᠢᠶᠡᠷᠦᠯᠳᠡ ᠶᠢᠨ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠬᠦᠮᠦᠨ ᠤ ᠬᠦᠴᠥ ᠪᠠᠷ ᠴᠠᠭ ᠠᠭᠠᠷ ᠢ ᠨᠦᠯᠥᠬᠡᠯᠡᠬᠦ ᠶᠢᠨ ᠬᠠᠮᠢᠶᠡᠷᠦᠯᠳᠡ ᠶᠢᠨ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠭᠤᠷ ᠠᠮᠢᠰᠬᠤᠯ ᠤᠨ ᠡᠬᠢ ᠪᠠᠶᠠᠯᠢᠭ ᠢ ᠨᠡᠭᠡᠭᠡᠨ ᠠᠰᠢᠠᠠᠯᠠᠬᠤ ᠪᠠ ᠬᠠᠮᠠᠭᠠᠯᠠᠬᠤ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠨᠡᠶᠢᠲᠡ ᠶᠢᠨ ᠠᠰᠠᠷᠡᠮᠵᠢ ᠶᠢᠨ ᠣᠢ ᠶᠢᠨ ᠬᠠᠮᠢᠶᠡᠷᠦᠯᠳᠡ ᠶᠢᠨ ᠠᠷᠭ᠎ᠠ︾ ︽ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠡᠳ ᠤᠨ ᠠᠭᠠᠷ ᠤᠨ ᠠᠶᠠᠯᠠᠯ ᠤᠨ ᠨᠢᠰᠭᠡᠯ ᠤᠨ ᠪᠠᠭᠤᠳᠡᠯ ᠤᠨ ᠬᠠᠮᠢᠶᠡᠷᠦᠯᠳᠡ ᠶᠢᠨ ᠠᠷᠭ᠎ᠠ︾ ᠳᠤ ᠲᠣᠰ ᠲᠣᠠᠠᠳᠠᠭᠠᠯ ᠢ ᠦᠨᠳᠣᠰᠣᠯᠡᠨ ᠵᠤᠬᠢᠬᠤ ᠵᠠᠰᠠᠪᠦᠷᠢ ᠣᠷᠣᠭᠤᠯᠵᠦ᠂ ᠳᠡᠬᠢᠨ ᠰᠢᠨ᠎ᠡ ᠪᠠᠷ ᠨᠡᠶᠢᠳᠡᠯᠡᠨ᠎ᠠ᠃