ᠡᠯ᠎ᠡ ᠠᠶᠢᠮᠠᠭ ᠬᠤᠳᠠ ᠶᠢᠨ ᠮᠡᠳᠡᠭᠦᠯᠦᠭᠰᠡᠨ ᠡᠨᠧᠷᠭᠢ ᠶᠢᠨ ᠦᠨ᠎ᠡ ᠬᠠᠩᠰᠢ ᠶᠢ ᠬᠢᠨᠠᠨ ᠬᠡᠮᠵᠢᠭᠰᠡᠨ ᠲᠤᠭ᠎ᠠ | ᠪᠠᠷᠢᠮᠲᠠ ᠠᠴᠠ ᠦᠵᠡᠪᠡᠯ᠂ 2018 ᠤᠨ ᠤ 6 ᠳ᠋ᠤᠭᠠᠷ ᠰᠠᠷ᠎ᠠ ᠳᠤ᠂ ᠪᠦᠬᠦ ᠣᠷᠣᠨ ᠤ ᠬᠥᠳᠡᠯᠭᠡᠭᠴᠢ ᠬᠦᠴᠦᠨ ᠤ | ᠨᠡᠭᠦᠷᠡᠰᠦᠨ ᠤ ᠠᠭᠤᠷᠬᠠᠶ ᠶᠢᠨ ᠠᠮᠠᠰᠠᠷ ᠤᠨ ᠳ᠋ᠦᠩᠨᠡᠨ ᠪᠤᠳᠤᠭᠰᠠᠨ ᠦᠨ᠎ᠡ᠂ ᠴᠠᠬᠢᠯᠭᠠᠨ ᠨᠡᠭᠦᠷᠡᠰᠦ ᠬᠤᠳᠠᠯᠳᠤᠨ | ᠣᠷᠣᠭᠤᠯᠬᠤ ᠦᠨ᠎ᠡ ᠴᠥᠮ ᠪᠠᠭ᠎ᠠ ᠬᠡᠮᠵᠢᠶ᠎ᠡ ᠪᠠᠷ ᠦᠰᠴᠦ᠂ ᠪᠣᠯᠪᠠᠰᠤᠷᠠᠭᠤᠯᠤᠭᠰᠠᠨ ᠲᠣᠰᠣᠨ ᠤ ᠰᠤᠯᠠ ᠪᠠᠷ | ᠪᠣᠷᠣᠯᠠᠭᠤᠯᠬᠤ ᠦᠨ᠎ᠡ ᠬᠤᠶᠠᠷ ᠤᠳᠠᠭ᠎ᠠ ᠪᠠᠭᠤᠷᠠᠵᠤ᠂ ᠠᠵᠤ ᠦᠶᠯᠡᠳᠪᠦᠷᠢ ᠳᠤ ᠬᠡᠷᠡᠭᠯᠡᠬᠦ ᠴᠠᠬᠢᠯᠭᠠᠨ ᠤ ᠦᠨ᠎ᠡ | ᠲᠤᠭᠲᠠᠭᠤᠨ ᠪᠤᠯᠵᠠᠢ᠃ | ᠨᠢᠭᠡ᠂ ᠨᠡᠭᠦᠷᠡᠰᠦ | 6 ᠳ᠋ᠤᠭᠠᠷ ᠰᠠᠷ᠎ᠠ ᠳᠤ ᠪᠦᠬᠦ ᠣᠷᠣᠨ ᠤ ᠬᠥᠳᠡᠯᠭᠡᠭᠴᠢ ᠬᠦᠴᠦᠨ ᠤ ᠨᠡᠭᠦᠷᠡᠰᠦᠨ ᠤ ᠳᠤᠮᠳᠠᠴᠢ ᠳ᠋ᠦᠩᠨᠡᠨ | ᠪᠤᠳᠤᠭᠰᠠᠨ ᠦᠨ᠎ᠡ ᠲᠣᠨ ᠪᠦᠷᠢ ᠳᠡᠭᠡᠨ 203.03 ᠲᠥᠭᠦᠷᠢᠭ ᠪᠠᠶᠢᠵᠤ᠂ 2018 ᠤᠨ ᠤ 5 ᠳ᠋ᠤᠭᠠᠷ | ᠰᠠᠷ᠎ᠠ ᠶᠢᠨ ᠬᠢ ᠲᠠᠢ ᠬᠠᠷᠢᠴᠠᠭᠤᠯᠪᠠᠯ ︵ᠭᠠᠷᠠᠬᠠᠨ ᠬᠠᠷᠢᠴᠠᠯ ᠢᠶᠠᠷ︶ 1.09% ᠪᠠᠷ ᠥᠰᠴᠦ᠂ 2017 ᠤᠨ ᠤ | 6 ᠳ᠋ᠤᠭᠠᠷ ᠰᠠᠷ᠎ᠠ ᠶᠢᠨ ᠬᠢ ᠲᠠᠢ ᠬᠠᠷᠢᠴᠠᠭᠤᠯᠪᠠᠯ ︵ᠠᠳᠠᠯᠢ ᠬᠤᠭᠤᠴᠠᠭᠠᠨ ᠤ ᠬᠢ ᠠᠴᠠ︶ 3.48% ᠪᠠᠷ ᠦᠰᠴᠡᠢ | ᠃ | 6 ᠳ᠋ᠤᠭᠠᠷ ᠰᠠᠷ᠎ᠠ ᠳᠤ᠂ ᠪᠥᠬᠦ ᠣᠷᠣᠨ ᠤ ᠴᠠᠬᠢᠯᠭᠠᠨ ᠨᠡᠭᠦᠷᠡᠰᠦᠨ ᠤ ᠳᠤᠮᠳᠠᠴᠢ ᠬᠤᠳᠠᠯᠳᠤᠨ ᠣᠷᠣᠭᠤᠯᠬᠤ | ᠦᠨ᠎ᠡ ᠲᠣᠨ ᠪᠦᠷᠢ ᠳᠡᠭᠡᠨ 202.69 ᠲᠥᠭᠦᠷᠢᠭ ᠪᠠᠶᠢᠵᠤ᠂ ᠭᠠᠷᠬᠠᠨ ᠬᠠᠷᠢᠴᠠᠯ ᠤᠨ ᠥᠰᠥᠯᠲᠡ ᠨᠢ 2.29% | ᠪᠤᠯᠵᠤ᠂ ᠠᠳᠠᠯᠢ ᠬᠤᠭᠤᠴᠠᠭᠠᠨ ᠤ ᠬᠢ ᠠᠴᠠ 1.40% ᠪᠠᠭᠤᠷᠠᠵᠠᠢ︔ ᠪᠠᠷᠢᠮᠵᠢᠶ᠎ᠠ ᠨᠡᠭᠦᠷᠡᠰᠦ ︵7000 | ᠺᠢᠯᠣᠺᠠᠯᠣᠷᠢ︶ ᠪᠠᠷ ᠨᠤᠭᠤᠯᠤᠨ ᠪᠤᠳᠤᠭᠰᠠᠨ ᠤ ᠳᠠᠷᠠᠭᠠᠬᠢ ᠳᠤᠮᠳᠠᠴᠢ ᠬᠡᠮᠵᠢᠭᠳᠡᠯ ᠨᠢ ᠲᠣᠨ ᠪᠦᠷᠢ ᠳᠡᠭᠡᠨ | 370.13 ᠲᠥᠭᠦᠷᠢᠭ ᠪᠠᠶᠢᠵᠤ᠂ ᠭᠠᠷᠬᠠᠨ ᠬᠠᠷᠢᠴᠠᠯ ᠤᠨ ᠥᠰᠥᠯᠲᠡ ᠨᠢ 1.73% ᠪᠤᠯᠵᠤ᠂ ᠠᠳᠠᠯᠢ | ᠬᠤᠭᠤᠴᠠᠭᠠᠨ ᠤ ᠬᠢ ᠠᠴᠠ 1.94% ᠪᠠᠭᠤᠷᠠᠵᠠᠢ᠃ | 7 ᠳ᠋ᠤᠭᠠᠷ ᠰᠠᠷ᠎ᠠ ᠳᠤ᠂ ᠪᠦᠬᠦ ᠤᠯᠤᠰ ᠤᠨ ᠬᠡᠪᠴᠢᠶᠡᠨ ᠳᠤ ᠨᠡᠶᠢᠳᠡᠮ ᠳᠡᠭᠡᠨ ᠠᠭᠤᠷ ᠠᠮᠢᠰᠬᠤᠯ | ᠬᠠᠯᠠᠭᠤᠷᠠᠭᠰᠠᠨ ᠠᠴᠠ ᠴᠠᠬᠢᠯᠭᠠᠨ ᠭᠠᠷᠭᠠᠬᠤ ᠦᠢᠯᠡᠳᠪᠦᠷᠢ ᠶᠢᠨ ᠡᠳᠦᠷ ᠤᠨ ᠬᠤᠷᠣᠭᠳᠠᠯ ᠨᠢ ᠤᠯᠠᠮ ᠨᠢᠭᠡ ᠠᠯᠬᠤᠮ | ᠳᠡᠭᠡᠭᠰᠢᠯᠡᠵᠦ᠂ ᠡᠭᠦᠨ ᠤ ᠬᠠᠮᠲᠤ ᠣᠷᠴᠢᠨ ᠲᠣᠭᠤᠷᠢᠨ ᠤ ᠬᠠᠮᠠᠭᠠᠯᠠᠯᠲᠠ᠂ ᠠᠮᠤᠷ ᠲᠦᠪᠰᠢᠨ ᠤ ᠪᠠᠶᠢᠴᠠᠭᠠᠯᠲᠠ | ᠵᠡᠷᠭᠡ ᠬᠦᠴᠦᠨ ᠵᠦᠢᠯ ᠤᠨ ᠨᠥᠯᠥᠭᠡᠯᠡᠯ ᠠᠴᠠ ᠪᠤᠯᠵᠤ᠂ ᠬᠠᠩᠭᠠᠯᠭ᠎ᠠ ᠪᠠᠭ᠎ᠠ ᠤᠳᠠᠭᠠᠰᠢᠷᠠᠭᠰᠠᠨ ᠢᠶᠠᠷ᠂ | ᠵᠢᠱᠢᠯᠲᠡ ᠪᠠᠷ ᠦᠨ᠎ᠡ ᠨᠢ ᠪᠠᠰᠠ ᠪᠠᠭ᠎ᠠ ᠬᠡᠮᠵᠢᠶ᠎ᠡ ᠪᠠᠷ ᠦᠰᠬᠦ ᠪᠤᠯᠤᠨ᠎ᠠ᠃ | ᠬᠤᠶᠠᠷ᠂ ᠪᠣᠯᠪᠠᠰᠤᠷᠠᠭᠤᠯᠤᠭᠰᠠᠨ ᠲᠤᠰᠤ | 6 ᠳ᠋ᠤᠭᠠᠷ ᠰᠠᠷ᠎ᠠ ᠶᠢᠨ 9 ᠤ ᠡᠳᠦᠷ ᠪᠣᠯᠪᠠᠰᠤᠷᠠᠭᠤᠯᠤᠭᠰᠠᠨ ᠲᠣᠰᠣᠨ ᠤ ᠦᠨ᠎ᠡ ᠪᠠᠭ᠎ᠠ ᠬᠡᠮᠵᠢᠶ᠎ᠡ ᠪᠠᠷ | ᠪᠠᠭᠤᠷᠠᠵᠤ᠂ 92 ᠨᠤᠮᠧᠷᠲᠤ ᠴᠢᠶ᠋ᠢᠦ ᠲᠣᠰᠣ᠂ 95 ᠨᠣᠮᠧᠷᠲᠤ ᠴᠢᠶ᠋ᠢᠦ ᠲᠣᠰᠣ᠂ 0 ᠨᠤᠮᠧᠷᠲᠤ ᠴᠠᠶᠢᠶ᠋ᠢᠦ ᠲᠣᠰᠣ᠂ | — 10 ᠨᠤᠮᠧᠷᠲᠤ ᠴᠠᠶᠢᠶ᠋ᠢᠦ ᠲᠣᠰᠣ ᠶᠢᠨ ᠪᠦᠬᠦ ᠤᠷᠤᠨ ᠤ ᠵᠢᠵᠢᠭᠯᠡᠨ ᠬᠤᠳᠠᠯᠳᠤᠬᠤ ᠳᠤᠮᠳᠠᠴᠢ ᠦᠨ᠎ᠡ ᠲᠣᠨ | ᠪᠦᠷᠢ ᠲᠤᠰ ᠲᠤᠰ 9630 ᠲᠦᠬᠦᠷᠢᠭ᠂ 10175 ᠲᠦᠬᠦᠷᠢᠭ᠂ 8055 ᠲᠦᠬᠦᠷᠢᠭ᠂ 8538 ᠲᠦᠬᠦᠷᠢᠭ | ᠪᠤᠯᠤᠨ ᠪᠠᠭᠤᠷᠠᠵᠤ᠂ ᠦᠨ᠎ᠡ ᠲᠣᠬᠢᠷᠠᠭᠤᠯᠬᠤ ᠠᠴᠠ ᠡᠮᠦᠨᠡᠬᠢ ᠲᠠᠢ ᠬᠠᠷᠢᠴᠠᠭᠤᠯᠪᠠᠯ ᠴᠢᠶ᠋ᠢᠦ ᠲᠣᠰᠣ ᠪᠣᠯᠤᠨ ᠴᠠᠶᠢᠶ᠋ᠢᠦ | ᠲᠣᠰᠣᠨ ᠤ ᠦᠨ᠎ᠡ ᠶᠢ ᠲᠤᠰ ᠲᠤᠰ 1.41%᠂ 1.53% ᠪᠠᠭᠤᠷᠠᠵᠤ᠂ ᠠᠳᠠᠯᠢ ᠬᠤᠭᠤᠴᠠᠭᠠᠨ ᠤ ᠬᠢ ᠲᠠᠢ | ᠬᠠᠷᠢᠴᠠᠭᠤᠯᠪᠠᠯ ᠴᠢᠶ᠋ᠢᠦ ᠲᠣᠰᠣ ᠪᠣᠯᠤᠨ ᠴᠠᠶᠢᠶ᠋ᠢᠦ ᠲᠣᠰᠣᠨ ᠤ ᠦᠨ᠎ᠡ ᠲᠤᠰ ᠲᠤᠰ 17.90%᠂ 19.87% | ᠦᠰᠴᠡᠢ᠃ 6 ᠳ᠋ᠤᠭᠠᠷ ᠰᠠᠷ᠎ᠠ ᠶᠢᠨ 26 ᠤ ᠡᠳᠦᠷ ᠪᠣᠯᠪᠠᠰᠤᠷᠠᠭᠤᠯᠤᠭᠰᠠᠨ ᠳᠣᠰᠣᠠ ᠤ ᠦᠨ᠎ᠡ ᠲᠠᠭᠢᠠ ᠪᠠᠭ᠎ᠠ | ᠬᠡᠮᠵᠢᠶ᠎ᠡ ᠪᠠᠷ ᠪᠠᠭᠤᠷᠠᠵᠤ᠂ 92 ᠨᠤᠮᠧᠷᠲᠤ ᠴᠢᠶ᠋ᠢᠦ ᠲᠣᠰᠣ᠂ 95 ᠨᠣᠮᠧᠷᠲᠤ ᠴᠢᠶ᠋ᠢᠦ ᠲᠣᠰᠣ᠂ 0 ᠨᠤᠮᠧᠷᠲᠤ | ᠴᠠᠶᠢᠶ᠋ᠢᠦ ᠲᠣᠰᠣ᠂ -10 ᠨᠤᠮᠧᠷᠲᠤ ᠴᠠᠶᠢᠶ᠋ᠢᠦ ᠲᠣᠰᠣ ᠶᠢᠨ ᠪᠥᠬᠦ ᠣᠷᠣᠨ ᠤ ᠵᠢᠵᠢᠭᠯᠡᠨ ᠬᠤᠳᠠᠯᠳᠤᠬᠤ ᠳᠤᠮᠳᠠᠴᠢ | ᠦᠨ᠎ᠡ ᠲᠣᠨ ᠪᠦᠷᠢ ᠲᠤᠰ ᠲᠤᠰ 9572 ᠲᠥᠭᠦᠷᠢᠭ᠂ 10114 ᠲᠥᠭᠦᠷᠢᠭ᠂ 8000 ᠲᠥᠭᠦᠷᠢᠭ᠂ 8480 | ᠲᠥᠭᠦᠷᠢᠭ ᠪᠤᠯᠤᠨ ᠪᠠᠭᠤᠷᠠᠵᠤ᠂ ᠦᠨ᠎ᠡ ᠶᠢ ᠲᠣᠬᠢᠷᠠᠭᠤᠯᠬᠤ ᠠᠴᠠ ᠡᠮᠦᠨᠡᠬᠢ ᠲᠠᠢ ᠬᠠᠷᠢᠴᠠᠭᠤᠯᠪᠠᠯ ᠴᠢᠶ᠋ᠢᠦ ᠲᠣᠰᠣ | ᠪᠣᠯᠤᠨ ᠴᠠᠶᠢᠶ᠋ᠢᠦ ᠲᠣᠰᠣᠨ ᠤ ᠦᠨ᠎ᠡ ᠲᠤᠰ ᠲᠤᠰ 0.60%᠂ 0.68% ᠪᠠᠭᠤᠷᠠᠵᠤ᠂ ᠠᠳᠠᠯᠢ | ᠬᠤᠭᠤᠴᠠᠭᠠᠨ ᠤ ᠬᠢ ᠲᠠᠢ ᠬᠠᠷᠢᠴᠠᠭᠤᠯᠪᠠᠯ ᠴᠢᠶ᠋ᠢᠦ ᠲᠣᠰᠣ ᠪᠣᠯᠤᠨ ᠴᠠᠶᠢᠶ᠋ᠢᠦ ᠲᠣᠰᠣᠨ ᠤ ᠦᠨ᠎ᠡ ᠲᠤᠰ ᠲᠤᠰ | 21.13%᠂ 23.46% ᠦᠰᠴᠡᠢ᠃ | ᠭᠤᠷᠪᠠ᠂ ᠠᠵᠤ ᠦᠢᠯᠡᠳᠪᠦᠷᠢ ᠳᠤ ᠬᠡᠷᠡᠭᠯᠡᠬᠦ ᠴᠠᠬᠢᠯᠭᠠᠨ | 6 ᠳ᠋ᠤᠭᠠᠷ ᠰᠠᠷ᠎ᠠ ᠳᠤ᠂ ᠪᠠᠷᠠᠭᠤᠨ ᠣᠷᠣᠨ ᠤ ᠴᠠᠬᠢᠯᠭᠠᠨ ᠲᠣᠤᠷ ᠤᠨ ᠡᠩ ᠤᠨ ᠠᠵᠤ ᠦᠢᠯᠡᠳᠪᠦᠷᠢ ᠶᠢᠨ | ᠴᠠᠬᠢᠯᠭᠠᠨ ᠬᠡᠷᠡᠭᠯᠡᠯᠲᠡ ︵35 ᠺᠢᠯᠤᠸᠠᠲ ᠠᠴᠠ ᠳᠡᠭᠡᠭᠰᠢᠬᠢ ᠴᠠᠬᠢᠯᠭᠠᠨ︶ ᠶᠢᠨ ᠦᠨ᠎ᠡ ᠨᠢ ᠺᠢᠯᠤᠸᠠᠲ ᠴᠠᠭ ᠪᠦᠷᠢ | 0.5443 ᠲᠥᠭᠦᠷᠢᠭ ᠪᠣᠯᠵᠤ᠂ ᠵᠡᠭᠦᠨ ᠣᠷᠣᠨ ᠤ ᠴᠠᠬᠢᠯᠭᠠᠨ ᠲᠣᠣᠷ ᠤᠨ ᠤᠯᠠᠭᠠᠨᠬᠠᠳᠠ᠂ ᠲᠦᠩᠯᠢᠶᠣᠤ ᠶᠢᠨ | ᠴᠠᠬᠢᠯᠭᠠᠨ ᠲᠣᠣᠷ ᠤᠨ ᠡᠩ ᠤᠨ ᠠᠵᠤ ᠦᠢᠯᠡᠳᠪᠦᠷᠢ ᠶᠢᠨ ᠴᠠᠬᠢᠯᠭᠠᠨ ᠬᠡᠷᠡᠭᠯᠡᠯᠲᠡ ︵35 ᠺᠢᠯᠤᠸᠠᠲ ᠠᠴᠠ | ᠳᠡᠭᠡᠭᠰᠢᠬᠢ ᠴᠠᠬᠢᠯᠭᠠᠨ︶ ᠶᠢᠨ ᠦᠨ᠎ᠡ ᠨᠢ ᠺᠢᠯᠤᠸᠠᠲ ᠴᠠᠭ ᠪᠦᠷᠢ 0.746 ᠲᠥᠭᠦᠷᠢᠭ ᠪᠤᠯᠵᠠᠢ︔ ᠪᠠᠷᠠᠭᠤᠨ | ᠣᠷᠣᠨ ᠤ ᠴᠠᠬᠢᠯᠭᠠᠨ ᠲᠣᠤᠷ ᠤᠨ ᠲᠤᠮᠤ ᠠᠵᠤ ᠦᠢᠯᠡᠳᠪᠦᠷᠢ ᠶᠢᠨ ᠴᠠᠬᠢᠯᠭᠠᠨ ᠬᠡᠷᠡᠭᠯᠡᠯᠲᠡ ︵35 ᠠᠴᠠ | ᠳᠡᠭᠡᠭᠰᠢᠬᠢ ᠴᠠᠬᠢᠯᠭᠠᠨ︶ ᠶᠢᠨ ᠦᠨ᠎ᠡ ᠨᠢ ᠺᠢᠯᠤᠸᠠᠲ ᠴᠠᠭ ᠪᠦᠷᠢ 0.4328 ᠲᠥᠭᠦᠷᠢᠭ ᠪᠠᠶᠢᠵᠤ᠂ ᠵᠡᠭᠦᠨ | ᠣᠷᠣᠨ ᠤ ᠴᠠᠬᠢᠯᠭᠠᠨ ᠲᠣᠣᠷ ᠤᠨ ᠤᠯᠠᠭᠠᠨᠬᠠᠳᠠ᠂ ᠲᠦᠩᠯᠢᠶᠣᠤ ᠶᠢᠨ ᠴᠠᠬᠢᠯᠭᠠᠨ ᠲᠣᠣᠷ ᠤᠨ ᠲᠣᠮᠣ ᠠᠵᠤ | ᠦᠢᠯᠡᠳᠪᠦᠷᠢ ᠶᠢᠨ ᠴᠠᠬᠢᠯᠭᠠᠨ ᠬᠡᠷᠡᠭᠯᠡᠯᠲᠡ ︵35 ᠺᠢᠯᠤᠸᠠᠲ ᠠᠴᠠ ᠳᠡᠭᠡᠭᠰᠢᠬᠢ ᠴᠠᠬᠢᠯᠭᠠᠨ︶ ᠶᠢᠨ ᠦᠨ᠎ᠡ ᠨᠢ | ᠺᠢᠯᠤᠸᠠᠲ ᠴᠠᠭ ᠪᠦᠷᠢ 0.443 ᠲᠥᠭᠦᠷᠢᠭ ᠪᠣᠯᠵᠤ᠂ ᠦᠨ᠎ᠡ ᠨᠢ ᠴᠥᠮ ᠲᠦᠷᠦᠭᠦᠤ ᠰᠠᠷ᠎ᠠ ᠶᠢᠨ ᠬᠢ ᠲᠠᠢ ᠠᠳᠠᠯᠢ | ᠪᠤᠯᠵᠠᠢ᠃ |