8 ᠳ᠋ᠤᠭᠠᠷ ᠰᠠᠷ᠎ᠠ ᠶᠢᠨ 23 ᠤ ᠡᠳᠦᠷ᠂ ᠥᠪᠡᠷᠲᠡᠭᠡᠨ ᠵᠠᠰᠠᠬᠤ ᠣᠷᠣᠨ ᠤ ᠠᠷᠪᠠᠨ ᠳᠥᠷᠪᠡᠳᠦᠭᠡᠷ | ᠬᠤᠭᠤᠴᠠᠭᠠᠨ ᠤ ᠪᠡᠶ᠎ᠡ ᠶᠢᠨ ᠲᠠᠮᠢᠷ ᠤᠨ ᠴᠤᠭᠯᠠᠭᠠᠨ ᠤ ᠬᠦᠨᠳᠦ ᠬᠥᠩᠭᠡᠨ ᠪᠡᠶ᠎ᠡ ᠶᠢᠨ ᠲᠠᠮᠢᠷ᠂ ᠬᠦᠨᠳᠦ ᠡᠷᠭᠦᠯᠲᠡ᠂ | ᠤᠮᠪᠠᠯᠲᠠ᠂ ᠲᠦᠷᠭᠡᠨ ᠬᠦᠷᠳᠦᠲᠦ ᠭᠤᠯᠭᠤᠭᠤᠷ᠂ ᠣᠯᠠᠨ ᠤᠯᠤᠰ ᠤᠨ ᠮᠠᠶ᠋ᠢᠭ ᠤᠨ ᠪᠥᠬᠡ 5 ᠶᠡᠭᠡ ᠲᠦᠷᠦᠯ ᠤᠨ | ᠤᠷᠤᠯᠳᠤᠭᠠᠨ ᠳᠤ 55 ᠠᠯᠲᠠᠨ ᠮᠧᠳᠠᠯ ᠰᠢᠯᠭᠠᠷᠠᠭᠤᠯᠪᠠ᠃ | ᠬᠦᠨᠳᠦ ᠬᠥᠩᠭᠡᠨ ᠪᠡᠶ᠎ᠡ ᠶᠢᠨ ᠲᠠᠮᠢᠷ ᠤᠨ ᠤᠷᠤᠯᠳᠤᠭᠠᠨ ᠤ ᠵᠦᠢᠯ ᠳᠤ ᠡᠷᠡᠭᠲᠡᠶ ᠶᠢᠨ ᠵᠡᠭᠡᠷᠡᠩᠬᠡᠢ᠂ | ᠡᠷᠡᠭᠲᠡᠶ ᠶᠢᠨ ᠭᠤᠷᠪᠠᠨ ᠠᠯᠬᠤᠮ ᠤᠨ ᠦᠰᠦᠷᠦᠯᠲᠡ᠂ ᠡᠮᠡᠭᠲᠡᠶ ᠶᠢᠨ 3000 ᠮᠧᠲᠷ ᠵᠡᠷᠭᠡ 15 ᠪᠠᠭ᠎ᠠ | ᠲᠦᠷᠦᠯ ᠤᠨ ᠠᠯᠲᠠᠨ ᠮᠧᠳᠠᠯ ᠰᠢᠯᠭᠠᠷᠠᠭᠤᠯᠪᠠ︔ ᠬᠦᠨᠳᠦ ᠡᠷᠭᠦᠯᠲᠡ ᠶᠢᠨ ᠵᠦᠢᠯ ᠳᠤ ᠬᠦᠬᠡᠭᠴᠢᠨ ᠳᠡᠰ ᠤᠨ | ᠡᠮᠡᠭᠲᠡᠢ ᠶᠢᠨ 53 ᠺᠢᠯᠣᠭ᠍ᠷᠠᠮ᠂ ᠬᠦᠬᠡᠭᠴᠢᠨ ᠳᠡᠰ ᠤᠨ ᠡᠷᠡᠭᠲᠡᠢ ᠶᠢᠨ 56 ᠺᠢᠯᠣᠭ᠍ᠷᠠᠮ᠂ ᠤᠯᠠᠭᠠᠨ ᠳᠡᠰ ᠤᠨ | ᠡᠮᠡᠭᠲᠡᠢ ᠶᠢᠨ 48 ᠺᠢᠯᠣᠭ᠍ᠷᠠᠮ ᠤᠨ ᠳᠡᠰ ᠤᠨ ᠵᠡᠷᠭᠡ 11 ᠪᠠᠭ᠎ᠠ ᠲᠦᠷᠦᠯ ᠤᠨ ᠠᠯᠲᠠᠨ ᠮᠧᠳᠠᠯ ᠰᠢᠯᠭᠠᠷᠠᠭᠤᠯᠪᠠ︔ | ᠤᠮᠪᠠᠯᠲᠠ ᠳᠤ ᠬᠦᠬᠡ ᠳᠡᠰ ᠤᠨ ᠡᠮᠡᠭᠲᠡᠶ ᠶᠢᠨ 4 × 100 ᠮᠧᠲᠷ ᠤᠨ ᠴᠢᠯᠥᠭᠡᠲᠦ ᠤᠮᠪᠠᠯᠲᠠ ᠶᠢᠨ ᠪᠤᠤᠬᠢᠶ᠎ᠠ | ᠤᠷᠤᠯᠳᠤᠭᠠᠨ ᠪᠠ ᠬᠦᠬᠡ ᠳᠡᠰ ᠤᠨ ᠡᠮᠡᠭᠲᠡᠶ ᠶᠢᠨ 4 × 100 ᠮᠧᠲᠷ ᠤᠨ ᠬᠤᠯᠢᠮᠠᠭ ᠪᠤᠤᠬᠢᠶ᠎ᠠ ᠤᠷᠤᠯᠳᠤᠭᠠᠨ ᠤ | 2 ᠠᠯᠲᠠᠨ ᠮᠧᠳᠠᠯ ᠢ ᠰᠢᠯᠭᠠᠷᠠᠭᠤᠯᠪᠠ︔ ᠲᠦᠷᠭᠡᠨ ᠬᠦᠷᠳᠦᠲᠦ ᠭᠤᠯᠭᠤᠭᠤᠷ ᠤᠷᠤᠯᠳᠤᠭᠠᠨ ᠳᠤ ᠬᠦᠬᠡᠭᠴᠢᠨ | ᠳᠡᠰ ᠤᠨ ᠡᠮᠡᠭᠲᠡᠢ ᠶᠢᠨ 3000 ᠮᠧᠲᠷ ᠤᠨ ᠰᠢᠭᠰᠢᠭᠳᠡᠯ ᠤᠷᠤᠯᠳᠤᠭᠠᠨ ᠵᠡᠷᠭᠡ 4 ᠠᠯᠲᠠᠨ ᠮᠧᠳᠠᠯ | ᠰᠢᠯᠭᠠᠷᠠᠭᠤᠯᠪᠠ︔ ᠣᠯᠠᠨ ᠤᠯᠤᠰ ᠤᠨ ᠮᠠᠶ᠋ᠢᠭ ᠤᠨ ᠪᠥᠬᠡ ᠶᠢᠨ ᠲᠠᠮᠢᠷᠴᠢᠨ ᠳᠤ ᠡᠮᠡᠭᠲᠡᠶ ᠶᠢᠨ ᠤᠯᠠᠭᠠᠨ ᠳᠡᠰ ᠤᠨ | ᠴᠢᠯᠥᠭᠡᠲᠦ ᠮᠠᠶ᠋ᠢᠭ ᠤᠨ 38 ᠺᠢᠯᠣᠭ᠍ᠷᠠᠮ ᠤᠨ ᠳᠡᠰ᠂ ᠡᠮᠡᠭᠲᠡᠢ ᠶᠢᠨ ᠬᠦᠬᠡ ᠳᠡᠰ ᠤᠨ ᠴᠢᠯᠥᠭᠡᠲᠦ ᠮᠠᠶ᠋ᠢᠭ ᠤᠨ 48 | ᠺᠢᠯᠣᠭ᠍ᠷᠠᠮ ᠤᠨ ᠳᠡᠰ᠂ ᠡᠮᠡᠭᠲᠡᠢ ᠶᠢᠨ ᠬᠦᠬᠡ ᠳᠡᠰ ᠤᠨ ᠴᠢᠯᠥᠭᠡᠲᠦ ᠮᠠᠶ᠋ᠢᠭ ᠤᠨ 53 ᠺᠢᠯᠣᠭ᠍ᠷᠠᠮ ᠤᠨ ᠳᠡᠰ ᠤᠨ ᠵᠡᠷᠭᠡ | 23 ᠠᠯᠲᠠᠨ ᠮᠧᠳᠠᠯ ᠰᠢᠯᠭᠠᠷᠠᠭᠤᠯᠪᠠ᠃ | ᠰᠤᠷᠪᠤᠯᠵᠢᠯᠠᠭᠴᠢ ᠡᠬᠡ ᠪᠢᠴᠢᠭ ᠢᠶᠠᠨ ᠨᠡᠶᠢᠲᠡᠯᠡᠬᠦ ᠪᠣᠯᠲᠠᠯ᠎ᠠ᠂ ᠲᠣᠰ ᠬᠤᠭᠤᠴᠠᠭᠠᠨ ᠤ ᠪᠦᠬᠦ ᠤᠷᠤᠨ ᠤ | ᠪᠡᠶ᠎ᠡ ᠶᠢᠨ ᠲᠠᠮᠢᠷ ᠤᠨ ᠴᠤᠭᠯᠠᠭᠠᠨ ᠤ ᠠᠶᠢᠮᠠᠭ ᠬᠤᠲᠠ ᠶᠢᠨ ᠳᠤᠭᠤᠶᠢᠯᠠᠩ ᠤᠨ ᠤᠷᠤᠯᠳᠤᠭᠠᠨ ᠳᠤ ᠬᠥᠯᠥᠨ | ᠪᠤᠶᠢᠷ ᠤᠨ ᠠᠩᠭᠢ 164 ᠠᠯᠲᠠᠨ ᠮᠧᠳᠠᠯ ᠢᠶᠠᠷ ᠠᠯᠲᠠᠨ ᠮᠧᠳᠠᠯ ᠤᠨ ᠲᠡᠷᠢᠭᠦᠨ ᠳᠤ ᠲᠤᠳᠤᠷᠠᠵᠤ᠂ ᠬᠥᠬᠡᠬᠤᠲᠠ ᠶᠢᠨ | ᠠᠩᠭᠢ 139 ᠠᠯᠲᠠᠨ ᠮᠧᠳᠠᠯ ᠢᠶᠠᠷ ᠬᠤᠶᠠᠳᠤᠭᠠᠷ ᠲᠤ ᠲᠤᠳᠤᠷᠠᠵᠤ᠂ ᠤᠯᠠᠭᠠᠨᠴᠠᠪ ᠬᠤᠲᠠ 122 ᠠᠯᠲᠠᠨ | ᠮᠧᠳᠠᠯ ᠢᠶᠠᠷ ᠭᠤᠷᠪᠠᠳᠤᠭᠠᠷ ᠲᠤ ᠲᠤᠳᠤᠷᠠᠵᠠᠢ᠃ |