ᠥᠪᠥᠷ ᠮᠣᠩᠭᠤᠯ ᠤᠨ 5 ᠲᠡᠦᠬᠡ ᠰᠣᠶᠣᠯ ᠤᠨ ᠵᠡᠭᠡᠯᠢ ᠲᠤᠭᠤᠷᠢᠭ ︽ᠭᠤᠤᠯᠳᠠᠯᠭ᠎ᠠ ᠲᠠᠢ ᠬᠠᠮᠠᠭᠠᠯᠠᠯᠲᠠ︾᠎ ᠳᠤ ᠤᠷᠤᠪᠠ
ᠨᠡᠶᠢᠲᠡᠯᠡᠭᠰᠡᠨ ᠴᠠᠭ᠄
2019/1/10
     ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤᠷᠴᠢᠮᠬᠠᠨ ᠤᠯᠠᠭᠠᠨᠴᠠᠪ ᠬᠤᠲᠠ ᠶᠢᠨ ᠨᠠᠢᠮᠠᠨ ᠶᠡᠭᠡ ᠰᠠᠩ ᠬᠦᠮᠦᠷᠭᠡ᠂ ᠤᠯᠠᠭᠠᠨᠴᠠᠪ ᠬᠤᠲᠠ ᠶᠢᠨ ᠵᠢᠨᠢᠩ ᠮᠢᠬ᠎ᠠ ᠪᠣᠯᠪᠠᠰᠤᠷᠠᠭᠤᠯᠬᠤ ᠬᠠᠮᠲᠤᠷᠠᠭᠰᠠᠨ ᠦᠢᠯᠡᠳᠪᠦᠷᠢ ᠶᠢᠨ ᠲᠡᠤᠬᠡ ᠰᠣᠶᠣᠯ ᠤᠨ ᠵᠡᠭᠡᠯᠢ ᠲᠣᠭᠤᠷᠢᠭ᠂ ᠤᠯᠠᠭᠠᠨᠴᠠᠪ ᠬᠤᠲᠠ ᠶᠢᠨ ᠳᠥᠷᠪᠡᠳ ᠬᠤᠰᠢᠭᠤᠨ ᠤ ᠬᠤᠩᠭᠤᠷ ᠲᠡᠤᠬᠡ ᠰᠣᠶᠣᠯ ᠤᠨ ᠵᠡᠭᠡᠯᠢ ᠲᠣᠭᠤᠷᠢᠭ᠂ ᠰᠢᠯᠢ ᠶᠢᠨ ᠭᠤᠤᠯ ᠠᠶᠢᠮᠠᠭ ᠤᠨ ᠰᠢᠯᠢ ᠶᠢᠨ ᠬᠤᠲᠠ ᠶᠢᠨ ᠪᠠᠶᠢᠰᠡ ᠶᠢᠨ ᠰᠦᠮ᠎ᠡ ᠶᠢᠨ ᠲᠡᠦᠬᠡ ᠰᠣᠶᠣᠯ ᠤᠨ ᠵᠡᠭᠡᠯᠢ ᠲᠣᠭᠤᠷᠢᠭ ᠪᠣᠯᠤᠨ ᠰᠢᠯᠢ ᠶᠢᠨ ᠭᠤᠤᠯ ᠠᠶᠢᠮᠠᠭ ᠤᠨ ᠳᠣᠯᠣᠨ ᠨᠠᠭᠤᠷ ᠪᠠᠯᠭᠠᠰᠤ ᠶᠢᠨ ᠬᠤᠷᠠᠯ ᠤᠨ ᠣᠷᠳᠣᠨ ᠤ ᠲᠡᠤᠬᠡ ᠰᠣᠶᠣᠯ ᠤᠨ ᠵᠡᠭᠡᠯᠢ ᠲᠣᠭᠤᠷᠢᠭ ᠵᠡᠷᠭᠡ 5 ᠲᠡᠤᠬᠡ ᠰᠣᠶᠣᠯ ᠤᠨ ᠵᠡᠭᠡᠯᠢ ᠲᠣᠭᠤᠷᠢᠭ ᠢ ᠵᠢᠷᠭᠤᠳᠤᠭᠠᠷ ᠪᠦᠯᠦᠭ ᠦᠪᠡᠷᠲᠡᠭᠡᠨ ᠵᠠᠰᠠᠬᠤ ᠣᠷᠣᠨ ᠤ ᠲᠠᠰ ᠤᠨ ᠲᠡᠤᠬᠡ ᠰᠣᠶᠣᠯ ᠤᠨ ᠵᠡᠭᠡᠯᠢ ᠲᠤᠭᠤᠷᠢᠭ ᠢᠶᠠᠷ ᠲᠤᠭᠲᠠᠭᠠᠭᠰᠠᠨ ᠪᠦᠭᠡᠳ ᠨᠡᠶᠢᠭᠡᠮ ᠳᠤ ᠨᠡᠶᠢᠲᠡᠯᠡᠪᠡ᠃      ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠱᠠᠭᠠᠷᠳᠠᠭᠰᠠᠨ ᠨᠢ᠂ ᠡᠯ᠎ᠡ ᠬᠤᠯᠪᠣᠭᠳᠠᠯ ᠪᠦᠬᠦᠢ ᠭᠠᠵᠠᠷ ᠣᠷᠣᠨ ᠪᠠ ᠰᠠᠯᠠᠭ᠎ᠠ ᠮᠦᠴᠢᠷ ᠤᠳ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠤᠲᠠ ᠬᠥᠳᠡᠭᠡ ᠶᠢᠨ ᠲᠥᠯᠥᠪᠵᠢᠭᠦᠯᠭᠡ ᠶᠢᠨ ᠬᠠᠤᠯᠢ︾᠂ ︽ᠲᠡᠤᠬᠡ ᠰᠣᠶᠣᠯ ᠤᠨ ᠨᠠᠷᠠᠲᠤ ᠬᠤᠲᠠ ᠨᠠᠷᠠᠲᠤ ᠪᠠᠯᠭᠠᠰᠤ ᠨᠠᠷᠠᠲᠤ ᠲᠣᠰᠬᠤᠨ ᠢ ᠬᠠᠮᠠᠭᠠᠯᠠᠬᠤ ᠲᠦᠷᠢᠮ︾ ᠪᠣᠯᠤᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠲᠠ ᠬᠥᠳᠡᠭᠡ ᠶᠢᠨ ᠲᠥᠯᠥᠪᠵᠢᠭᠦᠯᠭᠡ ᠶᠢᠨ ᠲᠦᠷᠢᠮ︾ ᠵᠡᠷᠭᠡ ᠬᠠᠤᠯᠢ ᠴᠠᠭᠠᠵᠠ ᠬᠠᠤᠯᠢ ᠲᠣᠭᠲᠠᠭᠠᠯ ᠶᠤᠰᠤᠭᠠᠷ᠂ ᠲᠡᠤᠬᠡ ᠰᠣᠶᠣᠯ ᠤᠨ ᠵᠡᠭᠡᠯᠢ ᠲᠣᠭᠤᠷᠢᠭ ᠢ ᠬᠠᠮᠠᠭᠠᠯᠠᠬᠤ ᠲᠥᠯᠥᠪᠵᠢᠭᠦᠯᠭᠡ ᠶᠢ ᠬᠠᠤᠯᠢ ᠶᠣᠰᠣᠭᠠᠷ ᠵᠣᠬᠢᠶᠠᠨ ᠪᠠᠶᠢᠭᠤᠯᠵᠤ ᠨᠠᠶᠢᠷᠠᠭᠤᠯᠤᠨ ᠵᠤᠬᠢᠶᠠᠵᠤ᠂ ᠬᠠᠮᠠᠭᠠᠯᠠᠯᠲᠠ ᠬᠠᠮᠢᠶᠠᠷᠤᠯᠲᠠ ᠶᠢᠨ ᠠᠵᠢᠯ ᠤᠨ ᠲᠣᠭᠲᠠᠴᠠ ᠶᠢ ᠪᠦᠷᠢᠨᠰᠢᠭᠦᠯᠦᠨ ᠲᠡᠭᠦᠯᠳᠡᠷᠵᠢᠭᠦᠯᠵᠦ᠂ ᠥᠪᠡᠷᠲᠡᠭᠡᠨ ᠵᠠᠰᠠᠬᠤ ᠣᠷᠣᠨ ᠤ ᠲᠠᠰ ᠤᠨ ᠲᠡᠤᠬᠡ ᠰᠣᠶᠣᠯ ᠤᠨ ᠵᠡᠭᠡᠯᠢ ᠲᠣᠭᠤᠷᠢᠭ ᠤᠨ ᠬᠠᠮᠠᠭᠠᠯᠠᠯᠲᠠ ᠶᠢᠨ ᠠᠵᠢᠯ ᠢ ᠯᠠᠪᠳᠠᠭᠤᠨ ᠪᠠᠲᠤᠲᠠᠶ ᠰᠠᠶᠢᠲᠤᠷ ᠬᠢᠬᠦ ᠬᠡᠷᠡᠭᠲᠡᠶ ᠭᠡᠵᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号