ᠥᠪᠡᠷᠲᠡᠭᠡᠨ ᠵᠠᠰᠠᠬᠤ ᠤᠷᠤᠨ ᠤ ᠠᠷᠪᠠᠨ ᠭᠤᠷᠪᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠤᠶᠠᠳᠤᠭᠠᠷ ᠬᠤᠷᠠᠯ ᠤᠨ ᠰᠠᠨᠠᠯ ᠵᠦᠪᠯᠡᠯᠭᠡ ᠶᠢ ᠬᠢᠨᠠᠨ ᠪᠠᠶᠢᠴᠠᠭᠠᠬᠤ ᠵᠦᠪᠯᠡᠯ 13 ᠰᠠᠨᠠᠯ ᠵᠦᠪᠯᠡᠯᠭᠡ ᠶᠢ ᠶᠡᠭᠡ ᠬᠤᠷᠠᠯ ᠤᠨ ᠰᠠᠨᠠᠯ ᠵᠦᠪᠯᠡᠯᠭᠡ ᠪᠠᠷ ᠲᠤᠬᠳᠠᠭᠠᠪᠠ
ᠨᠡᠶᠢᠲᠡᠯᠡᠭᠰᠡᠨ ᠴᠠᠭ᠄
2019/1/30
     1 ᠳ᠋ᠦ᠋ᠭᠡᠷ ᠰᠠᠷ᠎ᠠ ᠶᠢᠨ 29᠎ ᠤ ᠡᠳᠦᠷ ᠤᠨ ᠦᠳᠡ ᠶᠢᠨ ᠡᠮᠦᠨ᠎ᠠ᠂ ᠦᠪᠡᠷᠳᠡᠭᠡᠨ ᠵᠠᠰᠠᠬᠤ ᠤᠷᠤᠨ ᠤ ᠠᠷᠪᠠᠨ ᠭᠤᠷᠪᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠤᠶᠠᠳᠤᠭᠠᠷ ᠬᠤᠷᠠᠯ ᠤᠨ ᠰᠠᠨᠠᠯ ᠵᠦᠪᠯᠡᠯᠭᠡ ᠶᠢ ᠬᠢᠨᠠᠨ ᠪᠠᠶᠢᠴᠠᠭᠠᠬᠤ ᠵᠦᠪᠯᠡᠯ ᠬᠤᠷᠠᠯ ᠬᠢᠵᠤ᠂ 13 ᠰᠠᠨᠠᠯ ᠵᠦᠪᠯᠡᠯᠭᠡ ᠶᠢ ᠦᠪᠡᠷᠳᠡᠭᠡᠨ ᠵᠠᠰᠠᠬᠤ ᠤᠷᠤᠨ ᠤ ᠠᠷᠪᠠᠨ ᠭᠤᠷᠪᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠤᠶᠠᠳᠤᠭᠠᠷ ᠬᠤᠷᠠᠯ ᠤᠨ ᠶᠡᠭᠡ ᠬᠤᠷᠠᠯ ᠤᠨ ᠰᠠᠨᠠᠯ ᠵᠦᠪᠯᠡᠯᠭᠡ ᠪᠠᠷ ᠬᠢᠨᠠᠨ ᠪᠠᠶᠢᠴᠠᠭᠠᠵᠤ ᠲᠤᠬᠳᠠᠭᠠᠪᠠ᠃      ᠶᠡᠭᠡ ᠬᠤᠷᠠᠯ ᠤᠨ ᠲᠡᠷᠢᠭᠦᠯᠡᠭᠴᠢᠳ ᠤᠨ ᠪᠦᠯᠬᠦᠮ ᠤᠨ ᠪᠠᠶᠢᠩᠭᠤ ᠶᠢᠨ ᠲᠡᠷᠢᠭᠦᠯᠡᠭᠴᠢ᠂ ᠰᠠᠨᠠᠯ ᠵᠦᠪᠯᠡᠯᠭᠡ ᠶᠢ ᠬᠢᠨᠠᠨ ᠪᠠᠶᠢᠴᠠᠭᠠᠬᠤ ᠵᠦᠪᠯᠡᠯ ᠤᠨ ᠡᠷᠬᠢᠯᠡᠭᠴᠢ ᠬᠡᠰᠢᠭᠦᠨ ᠯᠢᠶᠠᠨ ᠰᠦ᠋ ᠬᠤᠷᠠᠯ ᠡᠷᠬᠢᠯᠡᠵᠤ᠂ ᠶᠡᠭᠡ ᠬᠤᠷᠠᠯ ᠤᠨ ᠲᠡᠷᠢᠭᠦᠯᠡᠭᠴᠢᠳ ᠤᠨ ᠪᠦᠯᠬᠦᠮ ᠤᠨ ᠪᠠᠶᠢᠩᠭᠤ ᠶᠢᠨ ᠲᠡᠷᠢᠭᠦᠯᠡᠭᠴᠢ ᠱᠢ ᠸᠧᠨ ᠰᠢᠤᠸᠠᠢ ᠬᠤᠷᠠᠯ ᠳᠤ ᠤᠷᠤᠯᠴᠠᠵᠠᠢ᠃      ᠦᠪᠡᠷᠳᠡᠭᠡᠨ ᠵᠠᠰᠬᠠᠤ ᠤᠷᠤᠨ ᠤ ᠠᠷᠪᠠᠨ ᠭᠤᠷᠪᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠎ ᠤᠨ ᠶᠡᠭᠡ ᠬᠤᠷᠠᠯ ᠤᠨ ᠬᠤᠶᠠᠳᠤᠭᠠᠷ ᠬᠤᠷᠠᠯ ᠤᠨ ᠬᠤᠭᠤᠴᠠᠭᠠᠨ ᠳᠤ᠂ ᠲᠦᠯᠦᠭᠡᠯᠡᠭᠴᠢᠳ ᠬᠠᠤᠯᠢ ᠳᠤ ᠲᠤᠬᠳᠠᠭᠠᠬᠰᠠᠨ ᠡᠮᠬᠢ ᠲᠠᠷᠠᠭᠠᠯᠠᠯ ᠪᠠ ᠱᠠᠭᠠᠷᠳᠠᠯᠭ᠎ᠠ ᠶᠤᠰᠤᠭᠠᠷ᠂ ᠡᠭᠦᠷᠭᠡ ᠬᠠᠷᠢᠭᠤᠴᠠᠯᠭ᠎ᠠ ᠪᠠᠨ ᠬᠢᠨᠠᠮᠠᠭᠠᠢ ᠬᠦᠢᠴᠡᠳᠭᠡᠵᠤ᠂ ᠶᠡᠭᠡ ᠬᠤᠷᠠᠯ ᠠᠴᠠ ᠲᠤᠬᠳᠠᠭᠠᠬᠰᠠᠨ ᠰᠠᠨᠠᠯ ᠵᠦᠪᠯᠡᠯᠭᠡ ᠶᠢ ᠬᠤᠷᠢᠶᠠᠨ ᠠᠪᠬᠤ ᠬᠠᠮᠤᠭ ᠰᠡᠭᠦᠯᠴᠢ ᠶᠢᠨ ᠴᠠᠭ ︵1 ᠳ᠋ᠦ᠋ᠭᠡᠷ ᠰᠠᠷ᠎ᠠ ᠶᠢᠨ 28᠎ ᠤ ᠡᠳᠦᠷ ᠤᠨ 12 ᠴᠠᠭ︶᠎ ᠠᠴᠠ ᠡᠮᠦᠨ᠎ᠠ᠂ ᠲᠦᠯᠦᠭᠡᠯᠡᠭᠴᠢᠳ ᠎ ᠤᠨ ᠪᠦᠯᠬᠦᠮ ᠪᠠ 10᠎ ᠠᠴᠠ ᠲᠡᠭᠡᠭᠰᠢ ᠲᠦᠯᠦᠭᠡᠯᠡᠭᠴᠢ ᠨᠡᠷ᠎ᠠ ᠬᠤᠯᠪᠤᠭᠠᠯᠠᠬᠤ ᠬᠡᠯᠪᠡᠷᠢ ᠪᠠᠷ 30 ᠰᠠᠨᠠᠯ ᠵᠦᠪᠯᠡᠯᠭᠡ ᠲᠡᠪᠰᠢᠬᠦᠯᠵᠡᠢ᠃ ᠰᠠᠨᠠᠯ ᠵᠦᠪᠯᠡᠯᠭᠡ ᠶᠢ ᠬᠢᠨᠠᠨ ᠪᠠᠶᠢᠴᠠᠭᠠᠬᠤ ᠵᠦᠪᠯᠡᠯ ᠨᠠᠷᠢᠨ ᠬᠢᠨᠠᠮᠠᠭᠠᠢ ᠬᠢᠨᠠᠨ ᠪᠠᠶᠢᠴᠠᠭᠠᠬᠤ ᠪᠠᠷ ᠲᠡᠮᠵᠢᠨ ︽ᠦᠪᠦᠷ ᠮᠤᠩᠭᠤᠯ ᠤᠨ ᠦᠪᠡᠷᠳᠡᠭᠡᠨ ᠵᠠᠰᠬᠠᠤ ᠤᠷᠤᠨ ᠤ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠤᠨ ᠲᠦᠷᠢᠮ︾᠎ ᠢ ᠲᠤᠬᠳᠠᠭᠠᠬᠤ ᠲᠤᠬᠠᠢ ᠵᠡᠷᠭᠡ 13 ᠰᠠᠨᠠᠯ ᠵᠦᠪᠯᠡᠯᠭᠡ ᠶᠢᠨ ᠢᠷᠡᠯᠳᠡ ᠨᠢ ᠲᠤᠳᠤᠷᠬᠠᠢ᠂ ᠦᠨᠳᠦᠰᠦᠯᠡᠯ ᠨᠢ ᠬᠦᠢᠴᠡᠳ᠂ ᠲᠦᠰᠦᠯ ᠨᠢ ᠪᠤᠳᠠᠳᠠᠢ᠂ ᠰᠠᠨᠠᠯ ᠵᠦᠪᠯᠡᠯᠭᠡ ᠶᠢᠨ ᠨᠦᠬᠦᠴᠡᠯ ᠳᠤ ᠨᠡᠶᠢᠴᠡᠭᠦ ᠲᠤᠯᠠ ᠶᠡᠭᠡ ᠬᠤᠷᠠᠯ ᠤᠨ ᠰᠠᠨᠠᠯ ᠵᠦᠪᠯᠡᠯᠭᠡ ᠪᠤᠯᠭᠠᠬᠤ ᠪᠠᠷ ᠰᠠᠨᠠᠭᠤᠯᠵᠠᠢ᠃      ᠤᠳᠤ ᠪᠤᠯᠳᠠᠯ᠎ᠠ᠂ ᠶᠡᠭᠡ ᠬᠤᠷᠠᠯ ᠤᠨ ᠨᠠᠷᠢᠨ ᠪᠢᠴᠢᠭ ᠤᠨ ᠭᠠᠵᠠᠷ ᠪᠠᠰᠠ ᠲᠦᠯᠦᠭᠡᠯᠡᠭᠴᠢᠳ ᠤᠨ ᠰᠠᠨᠠᠭᠤᠯᠭ᠎ᠠ᠂ ᠰᠢᠭᠦᠮᠵᠢᠯᠡᠯ ᠪᠠ ᠰᠠᠨᠠᠯ ᠢ 519 ᠬᠤᠪᠢ ᠬᠤᠷᠢᠶᠠᠨ ᠤᠯᠵᠠᠢ᠃ ᠦᠪᠡᠷᠳᠡᠭᠡᠨ ᠵᠠᠰᠠᠬᠤ ᠤᠷᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠬᠤᠷᠠᠯ ᠲᠡᠭᠦᠰᠦᠭᠰᠡᠨ ᠤ ᠲᠠᠷᠠᠭ᠎ᠠ ᠬᠤᠷᠢᠶᠠᠨ ᠤᠯᠤᠬᠰᠠᠨ ᠲᠦᠯᠦᠭᠡᠯᠡᠭᠴᠢᠳ ᠤᠨ ᠰᠠᠨᠠᠯ ᠰᠠᠨᠠᠭᠤᠯᠭ᠎ᠠ ᠶᠢ ᠲᠦᠪᠯᠡᠷᠡᠭᠦᠯᠦᠨ ᠬᠠᠮᠢᠶ᠎ᠠ ᠪᠦᠬᠦᠢ ᠪᠠᠶᠢᠭᠤᠯᠭ᠎ᠠ ᠳᠤ ᠲᠤᠰᠢᠶᠠᠨ ᠰᠢᠢᠳᠪᠦᠷᠢᠯᠡᠭᠦᠯᠦᠨ᠎ᠡ᠂ ᠲᠠᠭᠠᠭᠠᠨ ᠰᠢᠢᠳᠪᠦᠷᠢᠯᠡᠭᠦ ᠬᠠᠮᠢᠶ᠎ᠠ ᠪᠦᠬᠦᠢ ᠪᠠᠶᠢᠭᠤᠯᠭ᠎ᠠ ᠲᠤᠬᠳᠠᠭᠠᠯ ᠶᠤᠰᠤᠭᠠᠷ ᠬᠢᠨᠠᠮᠠᠭᠠᠢ ᠰᠢᠢᠳᠪᠦᠷᠢᠯᠡᠭᠦ ᠪᠦᠭᠡᠳ ᠲᠤᠰᠢᠶᠠᠨ ᠰᠢᠢᠳᠪᠦᠷᠢᠯᠡᠭᠦᠯᠭᠦ ᠶᠢ ᠬᠠᠷᠢᠭᠤᠴᠠᠬᠰᠠᠨ ᠡᠳᠦᠷ ᠠᠴᠠ ᠡᠬᠢᠯᠡᠨ 3 ᠰᠠᠷ᠎ᠠ ᠠᠴᠠ 6 ᠰᠠᠷ᠎ᠠ ᠶᠢᠨ ᠲᠤᠳᠤᠷ᠎ᠠ ᠲᠦᠯᠦᠭᠡᠯᠡᠭᠴᠢᠳ ᠲᠤ ᠬᠠᠷᠢᠭᠤᠯᠳᠠ ᠦᠭᠭᠦ ᠪᠤᠯᠤᠨ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号