| | 1 ᠳ᠋ᠦ᠋ᠭᠡᠷ ᠰᠠᠷ᠎ᠠ ᠶᠢᠨ 7 ᠤ ᠡᠳᠦᠷ ᠤᠨ ᠦᠳᠡ ᠶᠢᠨ ᠬᠤᠶᠢᠨ᠎ᠠ᠂ ᠪᠦᠬᠦ ᠤᠷᠤᠨ ᠤ ᠫᠤᠤ ᠰᠤᠮᠤ ᠲᠡᠯᠪᠡᠷᠡᠬᠦ | ᠡᠳ᠋ ᠤᠨ ᠬᠠᠤᠯᠢ ᠪᠤᠰᠤ ᠠᠵᠢᠯᠯᠠᠭ᠎ᠠ ᠳᠤ ᠴᠤᠬᠢᠯᠳᠠ ᠦᠭᠴᠤ ᠴᠡᠭᠴᠡᠯᠡᠨ ᠵᠠᠰᠠᠬᠤ ᠲᠤᠰᠬᠠᠢ ᠠᠵᠢᠯᠯᠠᠭ᠎ᠠ ᠶᠢᠨ | ᠠᠬᠢᠭᠤᠯᠬᠤ ᠬᠤᠷᠠᠯ ᠬᠤᠷᠠᠯᠳᠤᠪᠠ᠃ | ᠦᠪᠡᠷᠳᠡᠬᠡᠨ ᠵᠠᠰᠠᠬᠤ ᠤᠷᠤᠨ ᠤ ᠲᠡᠳ᠋ ᠲᠡᠷᠢᠬᠦᠯᠡᠭᠴᠢ᠂ ᠳᠤᠳᠤᠭᠠᠳᠤ ᠶᠢ ᠬᠠᠮᠠᠭᠠᠯᠠᠬᠤ ᠳᠢᠩᠬᠢᠮ ᠤᠨ | ᠲᠠᠷᠤᠭ᠎ᠠ ᠶᠠᠩ ᠸᠧᠢ ᠳ᠋ᠦᠩ ᠬᠤᠷᠠᠯ ᠳᠤ ᠤᠷᠤᠯᠴᠠᠭᠠᠳ ᠶᠠᠷᠢᠶ᠎ᠠ ᠲᠠᠯᠪᠢᠵᠠᠢ᠃ | ᠶᠠᠩ ᠸᠧᠢ ᠳ᠋ᠦᠩ ᠴᠢᠬᠤᠯᠠᠴᠢᠯᠠᠭᠰᠠᠨ ᠨᠢ᠂ 2019 ᠤᠨ ᠤ ᠫᠤᠤ ᠰᠤᠮᠤ ᠲᠡᠯᠪᠡᠷᠡᠬᠦ ᠡᠳ᠋ ᠤᠨ ᠬᠠᠤᠯᠢ | ᠪᠤᠰᠤ ᠠᠵᠢᠯᠯᠠᠭ᠎ᠠ ᠳᠤ ᠴᠤᠬᠢᠯᠳᠠ ᠦᠭᠴᠤ ᠴᠡᠭᠴᠡᠯᠡᠨ ᠵᠠᠰᠠᠬᠤ ᠲᠤᠰᠬᠠᠢ ᠠᠵᠢᠯᠯᠠᠭ᠎ᠠ ᠶᠢ ᠰᠠᠶᠢᠳᠤᠷ ᠦᠷᠨᠢᠬᠦᠯᠵᠤ᠂ | ᠪᠦᠬᠦ ᠤᠷᠤᠨ ᠤ ᠡᠯ᠎ᠠ ᠭᠠᠵᠠᠷ ᠤᠷᠤᠨ ᠡᠯ᠎ᠠ ᠰᠠᠯᠠᠭ᠎ᠠ ᠮᠦᠴᠢᠷ ᠤᠳ ᠤᠯᠤᠰ ᠲᠦᠷᠤ ᠶᠢᠨ ᠵᠤᠬᠰᠤᠴᠠ ᠪᠠᠨ | ᠴᠢᠨᠠᠬᠰᠢᠳᠠ ᠲᠡᠭᠡᠭᠰᠢᠯᠡᠬᠦᠯᠵᠤ᠂ ᠠᠵᠢᠯ ᠤᠨ ᠭᠤᠤᠯᠳᠠᠯᠭ᠎ᠠ ᠪᠠᠨ ᠲᠤᠪᠤᠶᠢᠯᠭᠠᠵᠤ᠂ ᠰᠦᠯᠵᠢᠶ᠎ᠠ ᠪᠠᠷ ᠰᠠᠷᠢᠭᠠᠯᠠᠬᠤ ᠶᠢ | ᠴᠢᠩᠭ᠎ᠠ ᠬᠢᠵᠠᠭᠠᠷᠯᠠᠵᠤ᠂ ᠬᠢᠯᠢ ᠪᠠᠷ ᠲᠠᠯᠳᠠᠭᠤᠷ ᠠᠷᠠᠯᠵᠢᠶᠠᠯᠠᠬᠤ ᠳᠤ ᠴᠢᠩᠭ᠎ᠠ ᠴᠤᠬᠢᠯᠳᠠ ᠦᠭᠴᠤ᠂ ᠪᠠᠷᠠᠭᠠᠨ ᠤ | ᠢᠯᠡᠭᠡᠯᠲᠡ ᠶᠢ ᠴᠢᠩᠭ᠎ᠠ ᠪᠠᠶᠢᠴᠠᠭᠠᠵᠤ᠂ ᠪᠠᠷᠠᠭᠠᠨ ᠤ ᠢᠯᠡᠭᠡᠯᠲᠡ ᠶᠢᠨ ︽ᠭᠤᠷᠪᠠᠨ 100%︾ ᠶᠢ ᠪᠠᠳᠤᠯᠠᠬᠤ | ᠠᠷᠭ᠎ᠠ ᠬᠡᠮᠵᠢᠶ᠎ᠠ ᠶᠢ ᠴᠢᠩᠭ᠎ᠠ ᠨᠠᠶᠢᠳᠠᠪᠤᠷᠢᠵᠢᠭᠤᠯᠬᠤ ᠭᠡᠷᠡᠭᠳᠠᠢ᠃ ᠬᠦᠴᠦᠨ ᠢ ᠨᠢᠬᠡᠳᠦᠯᠳᠡᠢ ᠳᠦᠯᠦᠪᠵᠢᠬᠦᠯᠬᠦ ᠶᠢ | ᠴᠢᠨᠠᠬᠰᠢᠳᠠ ᠴᠢᠩᠭᠠᠳᠬᠠᠵᠦ᠂ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠬᠤ ᠠᠵᠢᠯ ᠢ ᠴᠢᠩᠭᠠᠳᠬᠠᠵᠦ᠂ ᠠᠪᠠ ᠶᠢᠨ | ᠤᠷᠤᠨ᠂ ᠮᠠᠯᠵᠢᠬᠤ ᠤᠷᠤᠨ᠂ ᠰᠢᠭᠤᠢᠢᠳᠦ ᠤᠷᠤᠨ᠂ ᠠᠭᠤᠷᠬᠠᠢ ᠶᠢᠨ ᠤᠷᠤᠨ ︽ᠳᠦᠷᠪᠡᠨ ᠭᠠᠵᠠᠷ ᠤᠷᠤᠨ︾ ᠢ | ᠴᠢᠩᠭ᠎ᠠ ᠬᠠᠮᠢᠶᠠᠷᠴᠤ᠂ ᠡᠯ᠎ᠠ ᠳᠦᠷᠦᠯ ᠤᠨ ᠴᠤᠬᠢᠯᠳᠠ ᠦᠭᠴᠤ ᠴᠡᠭᠴᠡᠯᠡᠨ ᠵᠠᠰᠠᠬᠤ ᠠᠷᠭ᠎ᠠ ᠬᠡᠮᠵᠢᠶ᠎ᠠ ᠶᠢ ᠦᠨᠡᠨ ᠬᠦ | ᠲᠤᠭᠤᠰᠢᠲᠠᠢ ᠨᠠᠶᠢᠳᠠᠪᠤᠷᠢᠵᠢᠭᠤᠯᠵᠦ᠂ ᠡᠩᠬᠡ ᠳᠦᠪᠰᠢᠨ ᠦᠪᠦᠷ ᠮᠤᠩᠭᠤᠯ ᠤᠨ ᠪᠦᠳᠦᠬᠡᠨ ᠪᠠᠶᠢᠭᠤᠯᠤᠯᠳᠠ ᠶᠢ | ᠠᠬᠢᠭᠤᠯᠬᠤ᠂ ᠨᠡᠶᠢᠭᠡᠮ ᠤᠨ ᠶᠡᠭᠡ ᠳᠠᠯ᠎ᠠ ᠶᠢᠨ ᠦᠷᠬᠦᠯᠵᠢᠯᠡᠨ ᠠᠮᠤᠷ ᠳᠤᠬᠳᠠᠭᠤᠨ ᠪᠠᠶᠢᠬᠤ ᠶᠢ ᠬᠠᠮᠠᠭᠠᠯᠠᠬᠤ ᠳᠤ | ᠨᠡᠩ ᠶᠡᠭᠡ ᠰᠢᠨ᠎ᠡ ᠬᠤᠪᠢ ᠨᠠᠮᠠᠷᠢ ᠦᠵᠡᠬᠦᠯᠬᠦ ᠬᠡᠷᠡᠭᠳᠡᠢ ᠭᠡᠵᠡᠢ᠃ | ᠤᠢᠢᠯᠠᠭᠠᠬᠰᠠᠨ ᠢᠶᠠᠷ᠂ 2017 ᠤᠨ ᠤ ᠬᠢ ᠲᠠᠢ ᠬᠠᠷᠢᠴᠠᠭᠤᠯᠪᠠᠯ᠂ 2018 ᠤᠨ ᠳᠤ ᠪᠦᠬᠦ ᠤᠷᠤᠨ ᠤ | ᠫᠤᠤ ᠰᠤᠮᠤ ᠲᠠᠢ ᠬᠤᠯᠪᠤᠬᠳᠠᠬᠰᠠᠨ ᠶᠠᠯᠠᠳᠤ ᠬᠡᠷᠡᠭ ᠤᠨ ᠨᠤᠷᠮ᠎ᠠ 50% ᠪᠠᠷ ᠪᠠᠭᠤᠷᠠᠵᠦ᠂ ᠳᠡᠯᠪᠡᠴᠢᠯ ᠤᠨ ᠬᠡᠷᠡᠭ | ᠤᠨ ᠨᠤᠷᠮ᠎ᠠ 100% ᠪᠠᠷ ᠪᠠᠭᠤᠷᠠᠵᠦ᠂ ᠫᠤᠤ ᠰᠤᠮᠤ ᠳᠡᠯᠪᠡᠷᠡᠬᠦ ᠡᠳ᠋ ᠯᠦᠭᠡ ᠬᠤᠯᠪᠤᠬᠳᠠᠬᠰᠠᠨ ᠬᠡᠷᠡᠭ ᠤᠨ ᠨᠤᠷᠮ᠎ᠠ | 32% ᠢᠶᠠᠷ ᠪᠠᠭᠤᠷᠠᠵᠦ᠂ ᠫᠤᠤ ᠰᠤᠮᠤ ᠳᠡᠯᠪᠡᠷᠡᠬᠦ ᠡᠳ᠋ ᠯᠦᠭᠡ ᠬᠤᠯᠪᠤᠬᠳᠠᠬᠰᠠᠨ ᠶᠠᠯᠠᠳᠤ ᠠᠵᠢᠯᠯᠠᠭ᠎ᠠ ᠶᠢ | ᠪᠦᠳᠦᠮᠵᠢᠳᠡᠢ ᠬᠤᠷᠢᠬᠯᠠᠬᠰᠠᠨ ᠪᠠᠶᠢᠨ᠎ᠠ᠃ |