ᠢᠷᠡᠬᠦ 3 ᠡᠳᠦᠷ ᠲᠤ᠂ ᠬᠦᠢᠲᠡᠨ ᠤᠷᠤᠰᠬᠠᠯ ᠤᠨ ᠨᠥᠯᠥᠭᠡ ᠪᠠᠷ᠂ ᠮᠠᠨ ᠤ ᠣᠷᠣᠨ ᠤ ᠶᠡᠬᠡᠩᠬᠢ ᠭᠠᠵᠠᠷ ᠲᠤ | ᠶᠡᠭᠡ ᠰᠠᠯᠬᠢᠯᠠᠵᠤ ᠳᠤᠯᠠᠭᠠᠨ ᠤ ᠬᠡᠮᠵᠢᠶ᠎ᠡ ᠪᠠᠭᠤᠷᠠᠵᠤ᠂ ᠳᠤᠮᠳᠠ ᠵᠡᠭᠦᠨ ᠬᠡᠰᠡᠭ ᠤᠨ ᠭᠠᠵᠠᠷ ᠣᠷᠣᠨ ᠳᠤ ᠪᠣᠷᠣᠭᠠᠨ᠂ | ᠴᠠᠰᠤ ᠪᠣᠷᠣᠭᠠᠨ ᠬᠤᠯᠢᠯᠳᠤᠨ ᠣᠷᠣᠬᠤ ᠪᠤᠶᠤ ᠴᠠᠰᠤ ᠣᠷᠣᠬᠤ ᠪᠣᠯᠣᠨ᠎ᠠ᠃ ᠵᠢᠱᠢᠯᠲᠡ ᠪᠠᠷ ᠣᠷᠳᠣᠰ ᠬᠤᠲᠠ ᠶᠢᠨ | ᠵᠡᠭᠦᠨ ᠬᠡᠰᠡᠭ᠂ ᠬᠥᠬᠡᠬᠤᠲᠠ ᠶᠢᠨ ᠡᠮᠦᠨ᠎ᠡ ᠬᠡᠰᠡᠭ᠂ ᠤᠯᠠᠭᠠᠨᠴᠠᠪ ᠬᠤᠲᠠ ᠶᠢᠨ ᠡᠮᠦᠨ᠎ᠡ ᠬᠡᠰᠡᠭ᠂ ᠰᠢᠯᠢ ᠶᠢᠨ | ᠭᠤᠤᠯ ᠠᠶᠢᠮᠠᠭ᠂ ᠤᠯᠠᠭᠠᠨᠬᠠᠳᠠ ᠬᠤᠲᠠ᠂ ᠲᠦᠩᠯᠢᠶᠣᠤ ᠬᠤᠲᠠ᠂ ᠬᠢᠩᠭᠠᠨ ᠠᠶᠢᠮᠠᠭ᠂ ᠬᠥᠯᠥᠨ ᠪᠤᠶᠢᠷ | ᠬᠤᠲᠠ ᠳᠤ ᠪᠣᠷᠣᠭᠠᠨ᠂ ᠴᠠᠰᠤ ᠪᠣᠷᠣᠭᠠᠨ ᠬᠤᠯᠢᠯᠳᠤᠨ ᠣᠷᠣᠬᠤ ᠪᠤᠶᠤ ᠴᠠᠰᠤ ᠣᠷᠣᠬᠤ ᠪᠣᠯᠣᠨ᠎ᠠ᠂ | ᠲᠤᠨᠤᠳᠠᠰᠤᠨ ᠤ ᠬᠡᠮᠵᠢᠶ᠎ᠡ 0.1 ᠠᠴᠠ 9.9 ᠮᠢᠯᠢᠮᠧᠲᠷ ᠪᠠᠶᠢᠵᠤ᠂ ᠡᠭᠦᠨ ᠳᠤ ᠬᠥᠯᠥᠨ ᠪᠤᠶᠢᠷ ᠬᠤᠲᠠ ᠶᠢᠨ ᠵᠡᠭᠦᠨ | ᠬᠤᠶᠢᠲᠤ ᠬᠡᠰᠡᠭ ᠤᠨ ᠲᠤᠨᠤᠳᠠᠰᠤᠨ ᠤ ᠬᠡᠮᠵᠢᠶ᠎ᠡ 10 ᠠᠴᠠ 24.9 ᠮᠢᠯᠢᠮᠧᠲᠷ ᠲᠤ ᠬᠦᠷᠬᠦ ᠪᠣᠯᠣᠨ᠎ᠠ᠃ ᠪᠦᠬᠦ | ᠣᠷᠣᠨ ᠤ ᠶᠡᠬᠡᠩᠬᠢ ᠭᠠᠵᠠᠷ ᠤᠨ ᠠᠭᠠᠷ ᠤᠨ ᠳᠤᠯᠠᠭᠠᠨ 6 ᠭᠷᠠᠳᠦ᠋ᠰ ᠣᠷᠴᠢᠮ ᠪᠠᠭᠤᠷᠠᠵᠤ᠂ ᠪᠠᠷᠠᠭᠤᠨ ᠬᠡᠰᠡᠭ ᠤᠨ | ᠬᠤᠶᠢᠲᠤ ᠪᠡᠶ᠎ᠡ᠂ ᠳᠤᠮᠳᠠ ᠬᠡᠰᠡᠭ ᠤᠨ ᠵᠡᠭᠦᠨ ᠪᠡᠶ᠎ᠡ ᠶᠢᠨ ᠭᠠᠵᠠᠷ ᠣᠷᠣᠨ ᠤ ᠠᠭᠠᠷ ᠤᠨ ᠳᠤᠯᠠᠭᠠᠨ 8 ᠭᠷᠠᠳᠦ᠋ᠰ | ᠣᠷᠴᠢᠮ ᠪᠠᠭᠤᠷᠠᠵᠤ᠂ ᠶᠡᠬᠡᠩᠬᠢ ᠭᠠᠵᠠᠷ ᠣᠷᠣᠨ ᠳᠤ ᠪᠠᠷᠠᠭᠤᠨ ᠠᠴᠠ 4᠂ 5 ᠲᠡᠰ ᠤᠨ ᠰᠠᠯᠬᠢ ᠰᠠᠯᠬᠢᠯᠠᠬᠤ ᠪᠤᠶᠤ | ᠡᠷᠭᠢᠭᠡᠳ ᠪᠠᠷᠠᠭᠤᠨ ᠬᠤᠶᠢᠨ᠎ᠠ ᠠᠴᠠ ᠰᠠᠯᠬᠢᠯᠠᠵᠤ᠂ ᠬᠡᠰᠡᠭ ᠲᠤ ᠪᠠᠨ 6᠂ 7 ᠳᠡᠰ ᠢᠶᠠᠷ ᠰᠠᠯᠬᠢᠯᠠᠨ᠎ᠠ᠂ ᠳᠤᠮᠳᠠ | ᠬᠡᠰᠡᠭ ᠪᠠᠷᠠᠭᠤᠨ ᠬᠡᠰᠡᠭ ᠤᠨ ᠬᠤᠶᠢᠲᠤ ᠪᠡᠶ᠎ᠡ ᠶᠢᠨ ᠵᠠᠷᠢᠮ ᠭᠠᠵᠠᠷ ᠲᠤ ᠡᠯᠡᠰᠦᠨ ᠰᠢᠭᠤᠷᠭ᠎ᠠ ᠳᠡᠭᠳᠡᠬᠦ ᠪᠣᠯᠣᠨ᠎ᠠ᠃ | ᠣᠯᠠᠨ ᠨᠡᠶᠢᠲᠡ ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ ᠤᠳ ᠴᠠᠭ ᠠᠭᠤᠷ ᠤᠨ ᠬᠤᠪᠢᠷᠠᠯᠲᠠ ᠶᠢ ᠨᠢᠭᠲᠠ | ᠠᠩᠬᠠᠷᠴᠤ᠂ ᠠᠭᠠᠷ ᠤᠨ ᠳᠤᠯᠠᠭᠠᠨ ᠪᠠᠭᠤᠷᠠᠬᠤ ᠣᠷᠣᠨ ᠪᠦᠰᠡ ᠶᠢᠨ ᠬᠢᠨ ᠴᠠᠭ ᠲᠤᠬᠠᠶ ᠳᠤ ᠨᠢ ᠬᠤᠪᠴᠠᠰᠤ | ᠬᠤᠨᠠᠷ ᠢᠶᠠᠨ ᠵᠤᠵᠠᠭᠠᠯᠠᠵᠤ᠂ ᠮᠠᠯᠵᠢᠬᠤ ᠲᠠᠷᠢᠶᠠᠯᠠᠬᠤ ᠣᠷᠣᠨ ᠳᠤ ᠬᠢᠷᠠᠭᠤ ᠬᠥᠯᠳᠡᠬᠦ ᠶᠢ ᠰᠡᠷᠭᠡᠶᠢᠯᠡᠬᠦ ᠠᠵᠢᠯ ᠢ ᠴᠠᠭ | ᠲᠤᠬᠠᠶ ᠳᠤ ᠨᠢ ᠥᠷᠨᠢᠭᠦᠯᠬᠦ ᠬᠡᠷᠡᠭᠲᠡᠶ᠃ | |