10 ᠰᠠᠷ᠎ᠠ ᠶᠢᠨ 21 ᠤ ᠡᠳᠤᠷ᠂ ᠦᠪᠤᠷ ᠮᠤᠩᠭᠤᠯ ᠤᠨ ᠨᠢᠬᠡᠳᠤᠮᠡᠯ ᠹᠷᠤᠨᠲ ᠤᠨ ᠠᠷᠪᠠᠳᠤᠭᠠᠷ | ᠬᠤᠭᠤᠴᠠᠭᠠᠨ ᠤ ︽ᠰᠡᠳᠬᠢᠯ ᠨᠢᠬᠡᠳᠤᠨ ᠰᠤᠷᠤᠯᠴᠠᠵᠥ ᠶᠤᠰᠤ ᠰᠤᠷᠳᠠᠬᠤᠨ ᠢᠶᠠᠷ ᠬᠥᠰᠡᠯ ᠢᠶᠠᠨ ᠲᠡᠷᠭᠡᠯᠰᠢᠬᠦᠯᠬᠦ︾ | ᠬᠤᠤᠰ ᠰᠠᠷ᠎ᠠ ᠶᠢᠨ ᠨᠤᠮ ᠤᠩᠰᠢᠬᠤ ᠬᠤᠷᠡᠯ ᠦᠪᠤᠷ ᠮᠤᠩᠭᠤᠯ ᠤᠨ ᠦᠵᠡᠰᠬᠦᠯᠡᠩ ᠤᠨ ᠤᠷᠳᠤᠨ ᠳᠤ ᠬᠤᠷᠡᠯᠳᠤᠪᠡ᠃ | ᠲᠤᠰ ᠬᠤᠭᠤᠴᠠᠭᠠᠨ ᠤ ᠨᠤᠮ ᠤᠩᠰᠢᠬᠤ ᠬᠤᠷᠡᠯ ᠤᠨ ᠭᠤᠤᠯ ᠰᠡᠳᠤᠪ ᠪᠤᠯ ᠶᠡᠷᠤᠩᠬᠡᠢ ᠱᠦᠵᠢ ᠰᠢ ᠶᠢᠨ ᠫᠢᠩ ᠤᠨ | ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠬᠳᠠᠭᠰᠠᠠ 70 ᠵᠢᠯ ᠤᠨ ᠤᠢ ᠶᠢ ᠪᠡᠯᠬᠡᠯᠡᠬᠦ ᠶᠡᠭᠡ | ᠬᠤᠷᠡᠯ ᠲᠡᠭᠡᠷᠡᠬᠢ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠰᠤᠷᠤᠯᠴᠠᠨ᠎ᠠ᠃ | ᠦᠪᠡᠷᠳᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠬᠡᠨ ᠤ ᠲᠡᠳ᠋ ᠲᠡᠷᠢᠬᠦᠯᠡᠭᠴᠢ᠂ | ᠠᠷᠠᠳᠴᠢᠯᠠᠬᠰᠠᠠ ᠬᠤᠯᠪᠤᠭ᠎ᠠ ᠶᠢᠨ ᠦᠪᠤᠷ ᠮᠤᠩᠭᠤᠯ ᠤᠷᠤᠨ ᠤ ᠬᠤᠷᠢᠶᠡᠨ ᠤ ᠡᠷᠬᠢᠯᠡᠭᠴᠢ ᠬᠡᠰᠢᠬᠦᠨ ᠳ᠋ᠦᠩ | ᠡᡁᠧᠩ ᠢᠤᠢ ᠨᠤᠮ ᠤᠩᠰᠢᠬᠤ ᠬᠤᠷᠡᠯ ᠳᠤ ᠤᠷᠤᠯᠴᠠᠵᠠᠢ᠃ | ᠬᠤᠷᠡᠯ ᠤᠨ ᠬᠤᠭᠤᠴᠠᠭᠠᠨ ᠳᠤ᠂ ᠯᠢᠦ ᠴᠧᠨ ᠰᠢ᠂ ᠸᠠᠩ ᠱᠤᠤ ᠮᠢᠩ᠂ ᠶᠠᠩ ᠸᠧᠨ ᠬᠤᠸᠠ ᠵᠡᠷᠬᠡ | ᠦᠪᠡᠷᠳᠡᠭᠡᠨ ᠵᠠᠰᠠᠬᠤ ᠤᠷᠤᠨ ᠤ ᠨᠢᠬᠡᠳᠤᠮᠡᠯ ᠹᠷᠤᠨᠲ ᠤᠨ ᠡᠯ᠎ᠡ ᠬᠦᠷᠢᠶᠡᠨ ᠤ 7 ᠲᠦᠯᠥᠬᠡᠯᠡᠭᠴᠢ ᠬᠦᠮᠥᠨ | ᠰᠤᠷᠤᠯᠴᠠᠬᠰᠠᠠ ᠤᠢᠢᠯᠠᠭᠠᠯᠳᠡ ᠪᠠᠨ ᠰᠤᠯᠢᠯᠴᠠᠵᠥ᠂ ᠲᠡᠳᠡᠨ ᠤ ᠠᠭᠤᠤ ᠶᠡᠭᠡ ᠡᠬᠡ ᠤᠯᠤᠰ ᠲᠠᠢ ᠪᠠᠨ ᠬᠠᠮᠳᠤ | ᠦᠰᠦᠨ ᠪᠤᠶᠢᠵᠢᠵᠥ ᠲᠠᠪᠰᠢᠬᠰᠠᠠ ᠰᠡᠳᠬᠢᠯ ᠬᠦᠳᠡᠯᠤᠮᠡ ᠦᠯᠢᠬᠡᠷ ᠢᠶᠠᠨ ᠬᠤᠪᠢᠶᠠᠯᠴᠠᠭᠰᠠᠠ ᠪᠠᠶᠢᠨ᠎ᠠ᠃ ᠴᠢᠯᠥᠬᠡᠳᠡᠢ | ᠶᠠᠷᠢᠯᠴᠠᠬᠤ ᠭᠤᠭᠴᠤᠭ᠎ᠠ ᠳᠤ᠂ ᠬᠤᠷᠡᠯ ᠳᠤ ᠤᠷᠤᠯᠴᠠᠭᠰᠠᠳ ᠦᠪᠡᠷ ᠤᠨ ᠰᠤᠷᠤᠯᠴᠠᠭᠰᠠᠠ ᠲᠦᠷᠦᠭᠳᠡᠯ ᠢᠶᠠᠨ | ᠶᠠᠷᠢᠬᠰᠠᠠ ᠪᠦᠬᠡᠳ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠠ ᠨᠠᠮ ᠤᠨ ᠲᠦᠪ ᠬᠤᠷᠢᠶᠡᠨ ᠤ | ᠲᠤᠭᠤᠷᠢᠨ ᠳᠤ ᠨᠡᠩ ᠨᠢᠬᠳᠠᠷᠠᠨ ᠪᠦᠯᠬᠦᠮᠳᠡᠵᠥ᠂ ᠤᠭ ᠰᠠᠨᠠᠭ᠎ᠠ ᠪᠠᠨ ᠦᠯᠥ ᠮᠠᠷᠳᠠᠵᠥ᠂ ᠡᠬᠦᠷᠬᠡ | ᠬᠠᠷᠢᠭᠤᠴᠠᠯᠭ᠎ᠠ ᠪᠠᠨ ᠪᠡᠳᠤ ᠴᠡᠬᠡᠵᠢᠯᠡᠵᠥ᠂ ᠶᠡᠷᠤᠩᠬᠡᠢ ᠱᠦᠵᠢ ᠰᠢ ᠶᠢᠨ ᠫᠢᠩ ᠤᠨ ᠬᠠᠶᠢᠷ᠎ᠡ ᠬᠠᠯᠠᠮᠵᠢᠯᠠᠯ ᠪᠤᠯᠤᠨ | ᠬᠦᠰᠡᠯ ᠨᠡᠶᠢᠳᠡᠯᠭ᠎ᠠ ᠶᠢ ᠬᠦᠰᠡᠷᠳᠡᠬᠦᠯᠬᠦ ᠦᠬᠡᠢ ᠪᠠᠶᠢᠵᠥ᠂ ᠦᠵᠡᠰᠬᠦᠯᠡᠩᠳᠤ ᠰᠠᠶᠢᠬᠠᠨ ᠦᠪᠤᠷ ᠮᠤᠩᠭᠤᠯ ᠢᠶᠠᠨ | ᠪᠦᠳᠦᠬᠡᠨ ᠪᠠᠶᠢᠭᠤᠯᠵᠥ᠂ ᠠᠭᠤᠤ ᠶᠡᠭᠡ ᠲᠤᠮᠳᠠᠳᠤ ᠶᠢᠨ ᠵᠡᠬᠦᠳᠤ ᠪᠠᠨ ᠬᠠᠮᠳᠤ ᠪᠠᠷ ᠲᠡᠷᠭᠡᠯᠰᠢᠬᠦᠯᠬᠦ ᠶᠢᠨ ᠲᠦᠯᠥᠬᠡ | ᠴᠦᠬᠦᠷᠡᠰᠢ ᠦᠬᠡᠢ ᠲᠡᠮᠡᠴᠡᠨ᠎ᠡ ᠬᠡᠵᠥ ᠢᠯᠡᠳᠬᠡᠵᠡᠬᠡᠪᠡ᠃ |