ᠪᠦ᠋ ᠰᠢᠶᠤᠤ ᠯᠢᠨ ᠥᠪᠦᠷ ᠮᠤᠩᠭᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠭᠡ ᠰᠤᠷᠭᠠᠭᠤᠯᠢ ᠳᠤ ᠴᠠᠭ ᠤᠨ ᠪᠠᠶᠢᠳᠠᠯ ᠲᠦᠷᠦ ᠶᠢᠨ ᠪᠤᠳᠤᠯᠭ᠎ᠠ ᠶᠢᠨ ᠮᠡᠳᠡᠬᠦᠯᠦᠯᠳᠠ ᠬᠢᠬᠦ ᠳᠡᠭᠡᠨ ᠳᠤᠮᠳᠠᠳᠤ ᠶᠢᠨ ᠵᠡᠬᠦᠳᠦ ᠶᠢ ᠳᠡᠷᠭᠡᠯᠰᠢᠬᠦᠯᠬᠦ ᠠᠭᠤᠤ ᠶᠡᠭᠡ ᠦᠢᠯᠡᠳᠦᠯᠭᠡ ᠶᠢᠨ ᠳᠤᠮᠳᠠ ᠦᠪᠡᠷ ᠤᠨ ᠠᠮᠢᠳᠤᠷᠠᠬᠤᠢ ᠶᠢᠨ ᠦᠷᠳᠡᠭ ᠢᠶᠠᠨ ᠪᠡᠶᠡᠯᠡᠬᠦᠯᠳᠤᠭᠡᠢ ᠭᠡᠵᠦ ᠵᠠᠯᠠᠭᠤ ᠰᠤᠷᠤᠬᠴᠢᠳ ᠢ ᠵᠤᠷᠢᠬᠵᠢᠭᠤᠯᠪᠠ
ᠨᠡᠶᠢᠲᠡᠯᠡᠭᠰᠡᠨ ᠴᠠᠭ᠄
2019/10/24
    10 ᠰᠠᠷ᠎ᠠ ᠶᠢᠨ 22᠎ ᠤᠨ ᠡᠳᠦᠷ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠳᠡᠳ᠋ ᠱᠦᠵᠢ᠂ ᠦᠪᠡᠷᠲᠡᠭᠡᠨ ᠵᠠᠰᠠᠬᠤ ᠤᠷᠤᠨ ᠤ ᠲᠡᠷᠢᠬᠦᠯᠡᠭᠴᠢ ᠪᠦ᠋ ᠰᠢᠶᠤᠤ ᠯᠢᠨ ᠥᠪᠦᠷ ᠮᠤᠩᠭᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠭᠡ ᠰᠤᠷᠭᠠᠭᠤᠯᠢ ᠳᠤ ᠢᠷᠡᠵᠦ᠂ ᠦᠷᠭᠡᠨ ᠤᠯᠠᠨ ᠪᠠᠭᠰᠢ ᠰᠤᠷᠤᠬᠴᠢ ᠳᠤ ᠴᠠᠭ ᠤᠨ ᠪᠠᠶᠢᠳᠠᠯ ᠲᠦᠷᠦ ᠶᠢᠨ ᠪᠤᠳᠤᠯᠭ᠎ᠠ ᠶᠢᠨ ᠮᠡᠳᠡᠬᠦᠯᠦᠯᠳᠠ ᠬᠢᠪᠡ᠃     ᠮᠡᠳᠡᠬᠦᠯᠦᠯᠳᠠ ᠶᠢᠨ ᠬᠤᠷᠠᠯ ᠳᠡᠭᠡᠷ᠎ᠠ᠂ ᠪᠦ᠋ ᠰᠢᠶᠤᠤ ᠯᠢᠨ ᠳᠤᠮᠳᠠᠳᠤ ᠤᠯᠤᠰ ᠤᠨ ᠡᠪ ᠬᠠᠮᠳᠤᠴᠤᠳ ᠤᠨ ᠤᠬ ᠰᠠᠨᠠᠭ᠎ᠠ ᠪᠠ ᠡᠬᠦᠷᠭᠡ ᠬᠠᠷᠢᠭᠤᠴᠠᠯᠭ᠎ᠠ᠂ ᠮᠠᠷᠺᠰ ᠤᠨ ᠦᠵᠡᠯ ᠪᠤᠯ ᠮᠠᠨ ᠤ ᠨᠠᠮ ᠪᠠᠶᠢᠭᠤᠯᠬᠤ ᠤᠯᠤᠰ ᠪᠠᠶᠢᠭᠤᠯᠬᠤ ᠦᠨᠳᠦᠰᠦᠨ ᠵᠢᠯᠤᠭᠤᠳᠬᠤ ᠦᠵᠡᠯ ᠰᠠᠨᠠᠭ᠎ᠠ ᠮᠦᠨ᠂ ᠳᠤᠮᠳᠠᠳᠤ ᠤᠯᠤᠰ ᠤᠨ ᠡᠪ ᠬᠠᠮᠳᠦ ᠨᠠᠮ ᠤᠨ ᠦᠨᠳᠦᠰᠦᠨ ᠠᠵᠢᠯ ᠤᠨ ᠱᠤᠭᠤᠮ᠂ ᠡᠪ ᠬᠠᠮᠳᠤᠴᠤᠳ ᠪᠤᠯ ᠬᠤᠪᠢᠰᠬᠠᠯᠴᠢᠳ ᠮᠦᠨ ᠭᠡᠬᠦ ᠲᠦᠷᠪᠡᠨ ᠲᠠᠯ᠎ᠠ ᠪᠠᠷ ᠭᠤᠤᠯᠳᠠᠭᠤᠯᠵᠤ᠂ ᠨᠠᠮ ᠪᠠᠶᠢᠭᠤᠯᠤᠭᠳᠠᠭᠰᠠᠨ 98 ᠵᠢᠯ ᠤᠨ ᠲᠤᠷᠰᠢᠬᠢ᠂ ᠰᠢᠨ᠎ᠠ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠲᠤᠷᠰᠢᠬᠢ ᠮᠠᠨ ᠤ ᠨᠠᠮ ᠤᠨ ︽ᠳᠤᠮᠳᠠᠳᠤ ᠤᠯᠤᠰ ᠤᠨ ᠠᠷᠠᠳ ᠲᠦᠮᠡᠨ ᠳᠤ ᠵᠤᠯ ᠵᠢᠷᠭᠠᠯ ᠡᠳ᠋ᠯᠡᠭᠦᠯᠵᠤ᠂ ᠳᠤᠮᠳᠠᠳᠤ ᠶᠢᠨ ᠦᠨᠳᠦᠰᠦᠳᠡᠨ ᠤ ᠰᠡᠷᠬᠦᠨ ᠮᠠᠨᠳᠤᠯᠳᠠ ᠶᠢ ᠪᠡᠶᠡᠯᠡᠭᠦᠯᠬᠦ︾᠎ ᠶᠢᠨ ᠲᠦᠯᠦᠭᠡ ᠲᠡᠮᠡᠴᠡᠭᠰᠡᠨ ᠲᠡᠦᠭᠡᠨ ᠶᠠᠪᠤᠴᠠ ᠪᠠ ᠠᠭᠤᠤ ᠶᠡᠭᠡ ᠠᠮᠵᠢᠯᠳᠠ ᠶᠢ ᠡᠷᠬᠢᠴᠡᠬᠦᠯᠵᠦ᠂ ᠮᠠᠨ ᠤ ᠬᠤᠪᠢᠰᠬᠠᠯᠳᠤ ᠵᠠᠰᠠᠭ ᠤᠨ ᠡᠷᠭᠡ ᠬᠠᠮᠢᠭ᠎ᠠ ᠠᠴᠠ ᠢᠷᠡᠭᠰᠡᠨ᠂ ᠰᠢᠨ᠎ᠠ ᠳᠤᠮᠳᠠᠳᠤ ᠤᠯᠤᠰ ᠢ ᠭᠡᠷᠬᠢᠨ ᠪᠠᠶᠢᠭᠤᠯᠤᠭᠰᠠᠨ᠂ ᠭᠡᠷᠬᠢᠨ ᠬᠦᠭᠵᠢᠬᠦᠯᠦᠭᠡᠳ ᠦᠨᠦᠳᠦᠷ ᠲᠤ ᠬᠦᠷᠭᠡᠭᠰᠡᠨ ᠢ ᠪᠠᠳᠤ ᠴᠡᠭᠡᠵᠢᠯᠡᠬᠦ ᠭᠡᠷᠡᠭᠲᠡᠢ ᠭᠡᠵᠦ ᠴᠢᠬᠤᠯᠠᠴᠢᠯᠠᠪᠠ᠃     ᠲᠡᠷᠡ᠂ ᠥᠪᠦᠷ ᠮᠤᠩᠭᠤᠯ ᠪᠤᠯ ᠨᠠᠮ ᠤᠨ ᠤᠳᠤᠷᠢᠳᠤᠯᠭ᠎ᠠ ᠳᠤᠤᠷ᠎ᠠ ᠬᠠᠮᠤᠭ ᠤᠨ ᠡᠷᠳᠡ ᠪᠠᠶᠢᠭᠤᠯᠤᠭᠳᠠᠭᠰᠠᠨ ᠴᠦᠭᠡᠨ ᠲᠤᠭᠠᠳᠦ ᠦᠨᠳᠦᠰᠦᠳᠡᠨ ᠤ ᠦᠪᠡᠷᠲᠡᠭᠡᠨ ᠵᠠᠰᠠᠬᠤ ᠤᠷᠤᠨ ᠪᠤᠯᠤᠨ᠎ᠠ᠂ ᠪᠠᠰᠠᠴᠤ ᠨᠠᠮ ᠤᠨ ᠬᠠᠮᠤᠭ ᠤᠨ ᠡᠷᠳᠡ ᠠᠵᠢᠯ ᠦᠷᠨᠢᠬᠦᠯᠦᠭᠰᠡᠨ ᠭᠠᠵᠠᠷ ᠤᠷᠤᠨ ᠤ ᠨᠢᠭᠡ ᠪᠤᠯᠤᠨ᠎ᠠ᠂ ᠪᠢᠳᠠ ᠡᠨᠡ ᠡᠳᠦᠷ ᠤᠨ ᠠᠮᠵᠢᠯᠳᠠ ᠪᠠ ᠠᠮᠢᠳᠤᠷᠠᠯ ᠬᠢᠯᠪᠠᠷ ᠪᠤᠰᠤ ᠪᠠᠷ ᠢᠷᠡᠭᠰᠡᠨ ᠢ ᠤᠢᠢᠯᠠᠭᠠᠨ ᠮᠡᠳᠡᠵᠦ᠂ ᠮᠠᠨ ᠤ ᠬᠤᠪᠢᠰᠬᠠᠯ ᠤᠨ ᠤᠳᠤᠮᠰᠢᠯ ᠪᠠ ᠢᠷᠠᠭᠤ ᠠᠯᠳᠠᠷᠳᠦ ᠤᠯᠠᠮᠵᠢᠯᠠᠯ ᠢᠶᠠᠨ ᠰᠠᠶᠢᠳᠤᠷ ᠰᠠᠬᠢᠨ ᠬᠠᠮᠠᠭᠠᠯᠠᠵᠦ᠂ ᠰᠠᠶᠢᠳᠤᠷ ᠵᠠᠯᠭᠠᠮᠵᠢᠯᠠᠬᠤ ᠭᠡᠷᠡᠭᠲᠡᠢ ᠭᠡᠵᠦ ᠴᠢᠬᠤᠯᠠᠴᠢᠯᠠᠵᠠᠢ᠃     ᠪᠦ᠋ ᠰᠢᠶᠤᠤ ᠯᠢᠨ᠂ ᠥᠪᠦᠷ ᠮᠤᠩᠭᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠭᠡ ᠰᠤᠷᠭᠠᠭᠤᠯᠢ ᠨᠢ ᠡᠳ᠋ ᠤᠨ ᠵᠠᠰᠠᠭ ᠠᠵᠤ ᠠᠬᠤᠢ ᠶᠢᠨ ᠴᠢᠳᠠᠪᠤᠷᠢᠳᠠᠨ ᠢ ᠬᠦᠮᠦᠵᠢᠬᠦᠯᠬᠦ᠂ ᠦᠪᠡᠷᠲᠡᠭᠡᠨ ᠵᠠᠰᠠᠬᠤ ᠤᠷᠤᠨ ᠤ ᠴᠢᠨᠠᠷ ᠰᠠᠶᠢᠳᠠᠢ ᠬᠦᠭᠵᠢᠯᠳᠠ ᠳᠤ ᠦᠢᠯᠡᠴᠢᠯᠡᠬᠦ ᠵᠡᠷᠭᠡ ᠲᠠᠯ᠎ᠠ ᠪᠠᠷ ᠦᠪᠡᠷᠮᠢᠴᠡ ᠳᠠᠪᠠᠭᠤᠯᠢᠭ ᠲᠠᠢ ᠪᠦᠭᠡᠳ ᠪᠠᠰᠠ ᠴᠢᠬᠤᠯᠠ ᠶᠡᠭᠡ ᠬᠠᠷᠢᠭᠤᠴᠠᠯᠭ᠎ᠠ ᠶᠢ ᠡᠬᠦᠷᠭᠡᠯᠡᠵᠦ ᠪᠠᠶᠢᠭ᠎ᠠ ᠶᠤᠮ᠃ ᠰᠢ ᠶᠢᠨ ᠫᠢᠩ ᠤᠨ ᠰᠢᠨ᠎ᠠ ᠴᠠᠭ ᠦᠶ᠎ᠠ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠬᠤ ᠶᠢ ᠪᠠᠷᠢᠮᠳᠠᠯᠠᠵᠦ᠂ ᠶᠤᠰᠤ ᠰᠤᠷᠳᠠᠬᠤᠨ ᠢᠶᠠᠷ ᠬᠦᠮᠦᠨ ᠢ ᠬᠦᠮᠦᠵᠢᠬᠦᠯᠬᠦ ᠡᠨᠡ ᠬᠦ ᠭᠤᠤᠯ ᠭᠤᠭᠴᠤᠭ᠎ᠠ ᠶᠢ ᠴᠢᠩᠳᠠᠯᠠᠵᠤ᠂ ᠦᠷᠭᠡᠨ ᠤᠯᠠᠨ ᠪᠠᠭᠰᠢ ᠰᠤᠷᠤᠬᠴᠢ ᠶᠢ ᠬᠦᠳᠦᠯᠦᠨ ᠵᠢᠯᠤᠭᠤᠳᠴᠦ ᠪᠠᠶᠢᠭᠠᠳ ᠵᠠᠮ ᠤᠨ ᠢᠳᠡᠭᠡᠯ᠂ ᠤᠨᠤᠯ ᠤᠨ ᠢᠳᠡᠭᠡᠯ᠂ ᠪᠠᠶᠢᠭᠤᠯᠤᠯ ᠤᠨ ᠢᠳᠡᠭᠡᠯ᠂ ᠰᠤᠶᠤᠯ ᠤᠨ ᠢᠳᠡᠭᠡᠯ ᠢ ᠨᠢ ᠪᠠᠳᠤᠳᠬᠠᠬᠤ ᠭᠡᠷᠡᠭᠲᠡᠢ᠃ ᠦᠷᠭᠡᠨ ᠤᠯᠠᠨ ᠪᠠᠭᠰᠢ ᠨᠠᠷ ᠦᠪᠡᠷ ᠤᠨ ᠡᠷᠳᠡᠮ ᠮᠡᠳᠡᠯᠭᠡ ᠪᠡ ᠬᠡᠪ ᠰᠤᠷᠳᠠᠯ ᠢᠶᠠᠷ ᠢᠶᠠᠨ ᠰᠤᠷᠤᠬᠴᠢᠳ ᠢᠶᠠᠨ ᠨᠦᠯᠦᠭᠡᠯᠡᠨ᠂ ᠰᠤᠷᠤᠬᠴᠢᠳ ᠢᠶᠠᠨ ᠬᠦᠮᠦᠵᠢᠬᠦᠯᠵᠦ᠂ ᠲᠡᠷᠢᠬᠦᠨ ᠤ ᠦᠵᠡᠯ ᠰᠠᠨᠠᠭ᠎ᠠ ᠰᠤᠶᠤᠯ ᠤᠨ ᠳᠠᠮᠵᠢᠭᠤᠯᠤᠬᠴᠢ᠂ ᠨᠠᠮ ᠤᠨ ᠲᠦᠷᠦ ᠪᠠᠷᠢᠬᠤ ᠶᠢᠨ ᠡᠷᠡᠰ ᠪᠠᠳᠤ ᠳᠡᠮᠵᠢᠭᠴᠢ᠂ ᠰᠤᠷᠤᠬᠴᠢᠳ ᠤᠨ ᠡᠷᠡᠬᠦᠯ ᠢᠶᠠᠷ ᠦᠰᠦᠨ ᠪᠤᠶᠢᠵᠢᠬᠤ ᠶᠢᠨ ᠵᠢᠯᠤᠭᠤᠳᠤᠬᠴᠢ ᠪᠠ ᠵᠠᠮᠴᠢᠯᠠᠬᠴᠢ ᠪᠤᠯᠬᠤ ᠭᠡᠷᠡᠭᠲᠡᠢ ᠭᠡᠵᠦ ᠵᠢᠭᠠᠵᠦ ᠭᠠᠷᠭᠠᠪᠠ᠃     ᠪᠦ᠋ ᠰᠢᠶᠤᠤ ᠯᠢᠨ ᠵᠠᠯᠠᠭᠤ ᠰᠤᠷᠤᠬᠴᠢᠳ ᠢ ᠳᠤᠮᠳᠠᠳᠤ ᠶᠢᠨ ᠦᠨᠳᠦᠰᠦᠳᠡᠨ ᠤ ᠲᠡᠦᠭᠡ᠂ ᠳᠤᠮᠳᠠᠳᠤ ᠤᠯᠤᠰ ᠤᠨ ᠬᠤᠪᠢᠰᠬᠠᠯ ᠤᠨ ᠲᠡᠦᠭᠡ᠂ ᠦᠭᠡᠷᠡᠴᠢᠯᠡᠯᠳᠠ ᠨᠡᠭᠡᠭᠡᠯᠳᠠ ᠶᠢᠨ ᠲᠡᠦᠭᠡ ᠶᠢ ᠬᠦᠨᠵᠡᠭᠡᠢ ᠰᠤᠷᠤᠯᠴᠠᠨ ᠤᠢᠢᠯᠠᠭᠠᠵᠦ᠂ ᠬᠦᠰᠡᠯᠡᠩ ᠢᠳᠡᠭᠡᠯ ᠪᠢᠰᠢᠷᠡᠯ ᠢᠶᠠᠨ ᠪᠠᠳᠤᠳᠬᠠᠨ᠂ ᠰᠤᠷᠤᠬᠴᠢ ᠪᠠᠶᠢᠬᠤ ᠦᠶ᠎ᠠ ᠪᠠᠨ ᠨᠠᠨᠳᠢᠩᠨᠡᠵᠦ᠂ ᠡᠷᠳᠡᠮ ᠮᠡᠳᠡᠯᠭᠡ ᠪᠠᠨ ᠡᠯᠪᠡᠭᠵᠢᠬᠦᠯᠦᠨ᠂ ᠴᠢᠳᠠᠪᠤᠷᠢ ᠤᠬᠠᠭᠠᠨ ᠢᠶᠠᠨ ᠨᠡᠮᠡᠭᠳᠡᠭᠦᠯᠵᠦ᠂ ᠳᠤᠮᠳᠠᠳᠤ ᠶᠢᠨ ᠵᠡᠬᠦᠳᠦ ᠶᠢ ᠳᠡᠷᠭᠡᠯᠰᠢᠬᠦᠯᠬᠦ ᠠᠭᠤᠤ ᠶᠡᠭᠡ ᠦᠢᠯᠡᠳᠦᠯᠭᠡ ᠶᠢᠨ ᠳᠤᠮᠳᠠ ᠦᠪᠡᠷ ᠤᠨ ᠠᠮᠢᠳᠤᠷᠠᠬᠤᠢ ᠶᠢᠨ ᠦᠷᠳᠡᠭ ᠢᠶᠠᠨ ᠪᠡᠶᠡᠯᠡᠬᠦᠯᠳᠦᠭᠡᠢ᠃ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠦᠢᠯᠡᠰ ᠲᠤ ᠨᠡᠩ ᠶᠡᠭᠡ ᠦᠢᠯᠡᠳᠦᠯ ᠦᠵᠡᠬᠦᠯᠵᠦ᠂ ︽ᠵᠢᠱᠢᠶᠡᠴᠢ ᠦᠪᠡᠷᠲᠡᠭᠡᠨ ᠵᠠᠰᠠᠬᠤ ᠤᠷᠤᠨ︾᠎ ᠤ ᠡᠷᠬᠢᠮ ᠳᠡᠭᠡᠳᠦ ᠢᠷᠠᠭᠤ ᠠᠯᠳᠠᠷ ᠢᠶᠠᠨ ᠬᠠᠮᠳᠤ ᠪᠠᠷ ᠬᠠᠮᠠᠭᠠᠯᠠᠳᠤᠭᠠᠢ ᠭᠡᠵᠦ ᠵᠤᠷᠢᠬᠵᠢᠭᠤᠯᠵᠠᠢ᠃     ᠮᠡᠳᠡᠬᠦᠯᠦᠯᠳᠠ ᠶᠢᠨ ᠬᠤᠷᠠᠯ ᠤᠨ ᠳᠠᠷᠠᠭ᠎ᠠ᠂ ᠪᠦ᠋ ᠰᠢᠶᠤᠤ ᠯᠢᠨ ᠡᠳ᠋ ᠤᠨ ᠵᠠᠰᠠᠭ ᠠᠵᠤ ᠠᠬᠤᠢ ᠶᠢᠨ ᠶᠡᠭᠡ ᠰᠤᠷᠭᠠᠭᠤᠯᠢ ᠶᠢᠨ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠰᠠᠷ᠎ᠠ ᠶᠢᠨ ᠠᠵᠢᠯᠯᠠᠭ᠎ᠠ ᠳᠤ ᠤᠷᠤᠯᠴᠠᠪᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号