ᠳᠥᠷᠪᠡᠳ ᠬᠤᠰᠢᠭᠤᠨ ᠤ ᠪᠤᠯᠴᠢᠷᠬᠠᠶ ᠶᠢᠨ ᠬᠤᠯᠤᠭᠠᠨ᠎ᠠ ᠶᠢᠨ ᠬᠢᠵᠢᠭ ᠤᠨ ᠡᠪᠡᠳᠴᠢᠲᠡᠨ ᠲᠠᠢ ᠨᠢᠭᠲᠠ ᠣᠶᠢᠷᠠᠳᠣᠭᠰᠠᠨ ᠬᠦᠮᠦᠰ ᠲᠤ ᠠᠨᠠᠭᠠᠬᠤ ᠤᠬᠠᠭᠠᠨ ᠤ ᠠᠵᠢᠭᠯᠠᠯᠲᠠ ᠬᠢᠬᠦ ᠪᠠᠨ ᠵᠣᠭᠰᠣᠪᠠ
ᠨᠡᠶᠢᠲᠡᠯᠡᠭᠰᠡᠨ ᠴᠠᠭ᠄
2019/12/5
     ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠠᠯᠪᠠᠨ ᠰᠦᠯᠵᠢᠶ᠎ᠡ ᠮᠡᠳᠡᠭᠡ ᠨᠡᠶᠢᠲᠡᠯᠡᠪᠡ᠄ 12 ᠳ᠋ᠣᠭᠠᠷ ᠰᠠᠷ᠎ᠠ ᠶᠢᠨ 4᠎ ᠤ ᠡᠳᠦᠷ ᠤᠨ ᠦᠳᠡ ᠶᠢᠨ ᠡᠮᠦᠨ᠎ᠡ ᠪᠣᠯᠲᠠᠯ᠎ᠠ᠂ ᠤᠯᠠᠭᠠᠨᠴᠠᠪ ᠬᠤᠲᠠ ᠶᠢᠨ ᠳᠥᠷᠪᠡᠳ ᠬᠤᠰᠢᠭᠤᠨ ᠤ ᠪᠤᠯᠴᠢᠷᠬᠠᠶ ᠶᠢᠨ ᠬᠤᠯᠤᠭᠠᠨ᠎ᠠ ᠶᠢᠨ ᠬᠢᠵᠢᠭ ᠤᠨ ᠡᠪᠡᠳᠴᠢᠲᠡᠨ ᠲᠠᠢ ᠨᠢᠭᠲᠠ ᠣᠶᠢᠷᠠᠳᠣᠭᠰᠠᠨ ᠬᠦᠮᠦᠰ ᠲᠤ ᠠᠨᠠᠭᠠᠬᠤ ᠤᠬᠠᠭᠠᠨ ᠤ ᠠᠵᠢᠭᠯᠠᠯᠲᠠ ᠬᠢᠬᠦ ᠬᠤᠭᠤᠴᠠᠭ᠎ᠠ ᠨᠢ ᠳᠦᠭᠦᠷᠴᠦ᠂ ᠬᠠᠯᠠᠭᠤᠷᠠᠬᠤ ᠵᠡᠷᠭᠡ ᠬᠡᠪ ᠤᠨ ᠪᠤᠰᠤ ᠪᠠᠶᠢᠳᠠᠯ ᠥᠬᠡᠶ ᠪᠤᠯᠬᠤᠷ ᠠᠨᠠᠭᠠᠬᠤ ᠤᠬᠠᠭᠠᠨ ᠤ ᠠᠵᠢᠭᠯᠠᠯᠲᠠ ᠬᠢᠬᠦ ᠪᠠᠨ ᠵᠣᠭᠰᠣᠪᠠ᠃      ᠣᠳᠣᠬᠠᠨ ᠳᠤ᠂ ᠳᠥᠷᠪᠡᠳ ᠬᠤᠰᠢᠭᠤᠨ ᠤ ᠪᠤᠯᠴᠢᠷᠬᠠᠶ ᠶᠢᠨ ᠬᠤᠯᠤᠭᠠᠨ᠎ᠠ ᠶᠢᠨ ᠬᠢᠵᠢᠭ ᠣᠯᠤᠭᠰᠠᠨ ᠡᠪᠡᠳᠴᠢᠲᠡᠨ ᠮᠥᠨ ᠯᠡ ᠳᠥᠷᠪᠡᠳ ᠬᠤᠰᠢᠭᠤᠨ ᠤ ᠠᠷᠠᠳ ᠤᠨ ᠡᠮᠨᠡᠯᠭᠡ ᠶᠢᠨ ᠬᠤᠷᠢᠶ᠎ᠠ ᠳᠤ ᠲᠤᠰᠠᠭᠠᠷᠯᠠᠨ ᠡᠮᠨᠡᠨ ᠵᠠᠰᠠᠵᠤ᠂ ᠶᠡᠷᠦᠩᠬᠡᠶ  ᠪᠠᠶᠢᠳᠠᠯ ᠨᠢ ᠲᠣᠭᠲᠠᠭᠤᠨ ᠪᠠᠶᠢᠵᠤ᠂ ᠤᠯᠤᠰ ᠪᠠ ᠥᠪᠡᠷᠲᠡᠭᠡᠨ ᠵᠠᠰᠠᠬᠤ ᠣᠷᠣᠨ ᠤ ᠲᠤᠰᠬᠠᠶ ᠮᠡᠷᠭᠡᠵᠢᠯᠲᠡᠨ ᠮᠥᠨ ᠬᠦ ᠳᠥᠷᠪᠡᠳ ᠬᠤᠰᠢᠭᠤᠨ ᠳᠤ ᠠᠪᠤᠷᠠᠨ ᠵᠠᠰᠠᠬᠤ ᠠᠵᠢᠯ ᠢ ᠵᠢᠯᠣᠭᠤᠳᠬᠤ ᠳᠤ ᠣᠷᠣᠯᠴᠠᠵᠤ ᠪᠠᠶᠢᠨ᠎ᠠ᠃ ᠬᠤᠸᠠᠳᠧ ᠰᠢᠶᠠᠨ ᠤ ᠪᠤᠯᠴᠢᠷᠬᠠᠶ ᠶᠢᠨ ᠬᠤᠯᠤᠭᠠᠨ᠎ᠠ ᠶᠢᠨ ᠬᠢᠵᠢᠭ ᠤᠨ ᠡᠪᠡᠳᠴᠢᠲᠡᠨ ᠢᠳᠡᠪᠬᠢᠲᠡᠢ ᠡᠮᠨᠡᠨ ᠵᠠᠰᠠᠬᠤ ᠪᠠᠷ ᠳᠠᠮᠵᠢᠨ᠂ 12 ᠳ᠋ᠣᠭᠠᠷ ᠰᠠᠷ᠎ᠠ ᠶᠢᠨ 1᠎ ᠤ ᠡᠳᠣᠷ ᠤᠨ ᠦᠳᠡ ᠶᠢᠨ ᠬᠤᠶᠢᠨ᠎ᠠ ᠠᠴᠠ ᠡᠬᠢᠯᠡᠨ ᠡᠮ ᠬᠡᠷᠡᠭᠯᠡᠬᠦ ᠪᠠᠨ ᠪᠣᠯᠢᠵᠤ᠂ ᠶᠡᠷᠦᠩᠬᠡᠶ ᠪᠠᠶᠢᠳᠠᠯ ᠨᠢ ᠲᠣᠭᠲᠠᠭᠤᠨ ᠪᠠᠶᠢᠵᠤ᠂ ᠣᠳᠣᠬᠠᠨ ᠳᠤ ᠲᠤᠰᠠᠭᠠᠷᠯᠠᠨ ᠠᠵᠢᠭᠯᠠᠵᠤ ᠪᠠᠶᠢᠨ᠎ᠠ᠃ ᠦᠨᠤ ᠪᠣᠯᠲᠠᠯ᠎ᠠ᠂ ᠣᠷᠣᠨ ᠤ ᠳᠣᠲᠣᠷ᠎ᠠ ᠰᠢᠨ᠎ᠡ ᠬᠢᠵᠢᠭ ᠡᠪᠡᠳᠴᠢᠨ ᠤ ᠵᠢᠱᠢᠶ᠎ᠠ ᠢᠯᠡᠷᠡᠭᠰᠡᠨ ᠥᠬᠡᠶ᠂ ᠪᠥᠬᠦ ᠣᠷᠣᠨ ᠤ ᠬᠤᠯᠤᠭᠠᠨ᠎ᠠ ᠬᠢᠵᠢᠭ ᠤᠨ ᠪᠠᠶᠢᠳᠠᠯ ᠢ ᠬᠢᠨᠠᠨ ᠬᠡᠮᠵᠢᠬᠦ ᠵᠢᠴᠢ ᠰᠡᠷᠭᠡᠶᠢᠯᠡᠨ ᠡᠵᠡᠮᠳᠡᠬᠦ ᠠᠵᠢᠯ ᠦᠷᠭᠦᠯᠵᠢᠯᠡᠨ ᠭᠦᠨᠵᠡᠭᠡᠶ ᠦᠷᠨᠢᠵᠤ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号