ᠪᠥᠬᠦ ᠤᠯᠤᠰ ᠤᠨ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠭᠠᠬᠤ ᠠᠯᠪᠠᠨ ᠭᠡᠷ ᠤᠨ ︽ᠴᠡᠭ ᠲᠤ ᠰᠠᠭᠤᠵᠤ ᠭᠡᠰᠡᠭ ᠤᠷᠤᠨ ᠢ ᠲᠠᠶᠢᠴᠢᠯᠠᠬᠤ︾ ᠪᠠᠶᠢᠴᠠᠭᠠᠨ ᠰᠤᠳᠤᠯᠤᠯᠳᠠ ᠶᠢᠨ ᠠᠵᠢᠯ ᠤᠨ ᠬᠠᠷᠢᠭᠤ ᠮᠡᠳᠡᠭᠦᠯᠦᠯᠳᠡ ᠶᠢᠨ ᠬᠤᠷᠠᠯ ᠬᠦᠬᠡᠬᠤᠳᠠ ᠳᠤ ᠬᠤᠷᠠᠯᠳᠤᠵᠠᠢ  ᠯᠢᠶᠠᠩ ᠶᠠᠨ ᠱᠦᠨ ᠬᠤᠷᠠᠯ ᠢ ᠡᠷᠬᠢᠯᠡᠨ ᠶᠠᠷᠢᠶ᠎ᠠ ᠲᠠᠯᠪᠢᠵᠤ ᠯᠢᠨ ᠱᠤᠤ ᠴᠦᠨ ᠪᠠᠢ ᠢᠤᠢ ᠭᠠᠩ ᠤᠷᠤᠯᠴᠠᠵᠠᠢ
ᠨᠡᠶᠢᠲᠡᠯᠡᠭᠰᠡᠨ ᠴᠠᠭ᠄
2019/12/9
      12 ᠰᠠᠷ᠎ᠠ ᠶᠢᠨ 7᠎ ᠤ ᠡᠳᠦᠷ ᠪᠦᠬᠦ ᠤᠯᠤᠰ ᠤᠨ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠭᠠᠬᠤ ᠠᠯᠪᠠᠨ ᠭᠡᠷ ᠤᠨ ︽ᠴᠡᠭ ᠲᠤ ᠰᠠᠭᠤᠵᠤ ᠭᠡᠰᠡᠭ ᠤᠷᠤᠨ ᠢ ᠲᠠᠶᠢᠴᠢᠯᠠᠬᠤ︾ ᠪᠠᠶᠢᠴᠠᠭᠠᠨ ᠰᠤᠳᠤᠯᠤᠯᠳᠠ ᠶᠢᠨ ᠠᠵᠢᠯ ᠎ ᠤᠨ ᠬᠠᠷᠢᠭᠤ ᠮᠡᠳᠡᠭᠦᠯᠦᠯᠳᠡ ᠶᠢᠨ ᠬᠤᠷᠠᠯ ᠬᠦᠬᠡᠬᠤᠳᠠ ᠳᠤ ᠬᠤᠷᠠᠯᠳᠤᠵᠠᠢ᠃ ᠬᠤᠷᠠᠯ ᠳᠤ ︽ᠤᠷᠳᠤ ᠬᠤᠭᠤᠴᠠᠭᠠᠨ ᠳᠤ ᠪᠦᠲᠦᠮᠵᠢᠳᠠᠢ ᠪᠠᠶᠢᠵᠤ ᠪᠠᠶᠢᠩᠭᠤ ᠵᠠᠰᠠᠬᠤ︾ ᠬᠠᠷᠠᠯᠳᠠ ᠶᠢᠨ ᠱᠠᠭᠠᠷᠳᠠᠯᠭ᠎ᠠ ᠪᠠᠷ ᠭᠤᠤᠯᠳᠠᠭᠤᠯᠵᠤ᠂ ᠲᠤᠰᠬᠠᠢ ᠲᠡᠮᠡᠴᠡᠯ ᠤᠨ ᠬᠦᠭᠵᠢᠯᠳᠡ ᠶᠢᠨ ᠬᠠᠨᠳᠤᠰᠢ ᠶᠢ ᠰᠢᠨᠵᠢᠯᠡᠬᠦ ᠤᠬᠠᠭᠠᠨᠴᠢ ᠪᠠᠷ ᠰᠤᠳᠤᠯᠤᠨ ᠮᠠᠭᠠᠳᠯᠠᠵᠤ᠂ ᠳᠤᠪᠤᠶᠢᠮ᠎ᠠ ᠠᠰᠠᠭᠤᠳᠠᠯ ᠢ ᠵᠠᠳᠠᠯᠵᠤ᠂ ᠰᠡᠳᠭᠢᠮᠵᠢ ᠠᠷᠭ᠎ᠠ ᠬᠡᠮᠵᠢᠶ᠎ᠠ ᠶᠢ ᠰᠤᠳᠤᠯᠤᠨ᠂ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠭᠠᠬᠤ ᠲᠤᠰᠬᠠᠢ ᠲᠡᠮᠡᠴᠡᠯ ᠤᠨ ᠠᠵᠢᠯ ᠢ ᠵᠢᠯᠤᠭᠤᠳᠤᠨ ᠠᠬᠢᠭᠤᠯᠵᠠᠢ᠃      ᠪᠦᠬᠦ ᠤᠯᠤᠰ ᠤᠨ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠭᠠᠬᠤ ᠠᠯᠪᠠᠨ ᠭᠡᠷ ᠤᠨ ᠳᠡᠳ᠋ ᠡᠷᠬᠢᠯᠡᠭᠴᠢ᠂ ᠲᠦᠪ ᠤᠨ ᠤᠬᠠᠭᠤᠯᠬᠤ ᠬᠡᠯᠳᠡᠰ ᠤᠨ ᠳᠡᠳ᠋ ᠳᠠᠷᠤᠭ᠎ᠠ ᠯᠢᠶᠠᠩ ᠶᠠᠨ ᠱᠦᠨ ᠬᠤᠷᠠᠯ ᠢ ᠡᠷᠬᠢᠯᠡᠭᠰᠡᠨ ᠪᠦᠭᠡᠳ ᠶᠠᠷᠢᠶ᠎ᠠ ᠲᠠᠯᠪᠢᠪᠠ᠃ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠳᠡᠳ᠋ ᠱᠦᠵᠢ᠂ ᠤᠯᠤᠰ ᠲᠦᠷᠦ ᠬᠠᠤᠯᠢ ᠴᠠᠭᠠᠵᠠ ᠶᠢᠨ ᠬᠤᠷᠢᠶᠠᠨ ᠤ ᠱᠦᠵᠢ ᠯᠢᠨ ᠱᠤᠤ ᠴᠦᠨ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠭᠦᠨ᠂ ᠤᠬᠠᠭᠤᠯᠬᠤ ᠬᠡᠯᠳᠡᠰ ᠤᠨ ᠳᠠᠷᠤᠭ᠎ᠠ ᠪᠠᠢ ᠢᠤᠢ ᠭᠠᠩ ᠬᠤᠷᠠᠯ ᠳᠤ ᠤᠷᠤᠯᠴᠠᠪᠠ᠃      ᠯᠢᠶᠠᠩ ᠶᠠᠨ ᠱᠦᠨ᠂ ᠬᠤᠶᠠᠷ ᠵᠢᠯ ᠤᠨ ᠲᠤᠷᠰᠢ ᠦᠪᠦᠷ ᠮᠤᠩᠭᠤᠯ᠂ ᠪᠡᠭᠡᠵᠢᠩ᠂ ᠲᠢᠶᠠᠨᠵᠢᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠬᠠᠷᠭᠤᠭᠤᠯᠤᠨ ᠪᠠᠷᠢᠮᠵᠢᠶᠠᠯᠠᠬᠤ ᠶᠢ ᠪᠠᠷᠢᠮᠳᠠᠯᠠᠵᠤ᠂ ᠤᠯᠤᠰ ᠲᠦᠷᠦ ᠶᠢᠨ ᠬᠠᠷᠢᠭᠤᠴᠠᠯᠭ᠎ᠠ ᠪᠠᠨ ᠪᠠᠬᠢᠵᠢᠭᠦᠯᠵᠤ᠂ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠭᠠᠬᠤ ᠲᠤᠰᠬᠠᠢ ᠲᠡᠮᠡᠴᠡᠯ ᠳᠤ ᠵᠤᠭᠰᠤᠴᠠ ᠦᠨᠳᠦᠷ᠂ ᠬᠦᠴᠦᠯᠡᠴᠡ ᠶᠡᠭᠡ᠂ ᠠᠷᠭ᠎ᠠ ᠬᠡᠮᠵᠢᠶ᠎ᠠ ᠪᠤᠳᠠᠳᠠᠢ᠂ ᠦᠷ᠎ᠠ ᠪᠦᠲᠦᠮᠵᠢ ᠰᠠᠶᠢᠨ ᠤᠨᠴᠠᠯᠢᠭ ᠢᠯᠡᠷᠡᠭᠦᠯᠵᠤ᠂ ᠨᠠᠮ ᠤᠨ ᠰᠤᠷᠳᠠᠯ ᠵᠠᠰᠠᠭ ᠤᠨ ᠰᠤᠷᠳᠠᠯ ᠨᠡᠶᠢᠭᠡᠮ ᠤᠨ ᠰᠤᠷᠳᠠᠯ ᠮᠡᠳᠡᠭᠳᠡᠮ᠎ᠠ ᠴᠡᠪᠡᠷᠰᠢᠵᠤ᠂ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ ᠨᠡᠩ ᠪᠠᠬᠢᠵᠢᠵᠤ᠂ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠨᠡᠩ ᠰᠢᠯᠢᠳᠡᠭᠵᠢᠵᠤ᠂ ᠠᠷᠠᠳ ᠲᠦᠮᠡᠨ ᠲᠤᠰᠬᠠᠢ ᠲᠡᠮᠡᠴᠡᠯ ᠤᠨ ᠠᠪᠴᠢᠷᠠᠭᠰᠠᠨ ︽ᠠᠰᠢᠬ ᠲᠤᠰᠠ︾᠎ ᠶᠢ ᠦᠨᠡᠨ ᠬᠦ ᠮᠡᠳᠡᠷᠡᠨ ᠤᠶᠢᠯᠠᠭᠠᠵᠠᠢ ᠭᠡᠵᠤ ᠵᠢᠭᠠᠵᠤ ᠭᠠᠷᠭᠠᠪᠠ᠃      ᠯᠢᠶᠠᠩ ᠶᠠᠨ ᠱᠦᠨ᠂ ᠡᠷᠬᠡᠪᠰᠢ ᠳᠤᠰᠬᠠᠢ ᠳᠡᠮᠡᠴᠡᠯ ᠢ ︽ᠤᠬ ᠰᠠᠨᠠᠭ᠎ᠠ ᠪᠠᠨ ᠦᠯᠦ ᠮᠡᠷᠳᠡᠵᠦ ᠡᠬᠦᠷᠬᠡ ᠬᠠᠷᠢᠭᠤᠴᠠᠯᠭ᠎ᠠ ᠪᠠᠨ ᠪᠠᠳᠤ ᠴᠡᠬᠡᠵᠢᠯᠡᠬᠦ︾ ᠭᠤᠤᠯ ᠰᠡᠳᠦᠪᠳᠦ ᠬᠦᠮᠦᠵᠢᠯ ᠯᠦᠭᠡ ᠤᠶᠠᠯᠳᠤᠭᠤᠯᠬᠤ ᠬᠡᠷᠡᠭᠳᠡᠢ᠃ ᠴᠢᠬᠤᠯᠠ ᠶᠡᠭᠡ ᠬᠠᠷ᠎ᠠ ᠪᠦᠯᠦᠭᠳᠡᠨ ᠬᠠᠷᠬᠢᠰ ᠬᠦᠴᠦᠨ ᠲᠠᠢ ᠬᠤᠯᠪᠤᠬᠳᠠᠬᠰᠠᠨ ᠬᠡᠷᠡᠭ ᠢ ᠳᠤᠬᠢᠳᠡᠢ ᠰᠠᠶᠢᠲᠤᠷ ᠰᠢᠢᠳᠪᠤᠷᠢᠯᠡᠵᠦ᠂ ᠤᠯᠠᠨ ᠳᠦᠮᠡᠨ ᠤ ᠭᠤᠤᠯ ᠴᠤᠬᠴᠠ ᠶᠢᠨ ᠪᠠᠶᠢᠷᠢ ᠰᠠᠭᠤᠷᠢ ᠶᠢ ᠳᠤᠪᠤᠶᠢᠯᠭᠠᠨ᠂ ᠤᠷᠤᠯᠴᠠᠬᠤ ᠬᠠᠯᠠᠭᠤᠨ ᠰᠡᠳᠬᠢᠯᠬᠡ ᠶᠢ ᠨᠢ ᠤᠷᠮᠠᠰᠢᠭᠤᠯᠵᠦ᠂ ᠬᠤᠶᠠᠳᠤᠭᠠᠷ ᠳᠠᠶᠢᠯᠠᠯᠳᠤᠭᠠᠨ ᠤ ᠳᠠᠯᠠᠪᠤᠷ ᠢ ᠢᠳᠡᠪᠬᠢᠳᠡᠢ ᠨᠡᠬᠡᠬᠡᠬᠦ ᠬᠡᠷᠡᠭᠳᠡᠢ᠃ ᠡᠷᠬᠡᠪᠰᠢ ᠠᠵᠢᠯ ᠳᠦᠷᠦᠯ ᠢ ᠴᠡᠭᠴᠡᠯᠡᠨ ᠵᠠᠰᠠᠬᠤ ᠠᠵᠢᠯ ᠢ ᠬᠦᠨᠵᠡᠬᠡᠢ ᠠᠬᠢᠭᠤᠯᠵᠦ᠂ ᠵᠠᠮ ᠬᠠᠷᠢᠯᠴᠠᠭ᠎ᠠ ᠳᠡᠬᠡᠬᠡᠪᠤᠷᠢ᠂ ᠠᠭᠤᠷᠬᠠᠢ ᠶᠢᠨ ᠭᠠᠷᠤᠯᠳᠠ ᠡᠬᠢ ᠪᠠᠶᠠᠯᠢᠬ᠂ ᠪᠠᠷᠢᠯᠭ᠎ᠠ ᠶᠢᠨ ᠢᠨᠵᠧᠨᠧᠷᠢᠩ᠂ ᠦᠢᠯᠡᠴᠢᠯᠡᠭᠡ ᠵᠤᠭ᠎ᠠ ᠴᠡᠩᠬᠡᠯ ᠵᠡᠷᠬᠡ ᠤᠯᠠᠮᠵᠢᠯᠠᠯᠳᠤ ᠠᠵᠢᠯ ᠳᠦᠷᠦᠯ᠂ ᠮᠦᠩᠬᠦᠨ ᠬᠦᠢᠯᠬᠡᠬᠡ᠂ ᠰᠦᠯᠵᠢᠶ᠎ᠠ᠂ ᠬᠠᠮᠳᠤ ᠪᠠᠷ ᠡᠳ᠋ᠯᠡᠬᠦ ᠠᠵᠦ ᠠᠬᠤᠢ ᠵᠡᠷᠬᠡ ᠰᠢᠨ᠎ᠠ ᠪᠠᠷ ᠪᠤᠢ ᠪᠤᠯᠤᠬᠰᠠᠨ ᠠᠵᠢᠯ ᠳᠦᠷᠦᠯ ᠬᠦᠷᠢᠶᠡᠨ ᠤ ᠳᠤᠭᠤᠷᠢᠨ ᠳᠤ᠂ ᠬᠠᠤᠯᠢ ᠬᠡᠷᠡᠭᠵᠢᠬᠦᠯᠬᠦ ᠬᠠᠤᠯᠢ ᠶᠠᠪᠤᠭᠤᠯᠬᠤ ᠬᠠᠮᠵᠢᠯᠴᠠᠭᠠᠨ ᠤ ᠳᠤᠬᠳᠠᠴᠠ ᠶᠢ ᠪᠦᠷᠢᠨᠰᠢᠬᠦᠯᠵᠦ᠂ ᠠᠶᠤᠯ ᠳᠦᠭᠰᠢᠬᠦᠷᠢ ᠬᠡᠮ ᠰᠤᠭᠤᠬ ᠢ ᠮᠡᠳᠡᠭᠳᠡᠬᠦ ᠳᠤᠬᠳᠠᠴᠠ᠂ ᠴᠢᠬᠤᠯᠠ ᠶᠡᠭᠡ ᠬᠡᠷᠡᠭ ᠤᠨ ᠬᠠᠮᠵᠢᠯᠴᠠᠭᠠᠨ ᠤ ᠳᠤᠬᠳᠠᠴᠠ᠂ ︽ᠭᠤᠷᠪᠠᠨ ᠪᠢᠴᠢᠭ ᠨᠢᠬᠡ ᠵᠠᠬᠢᠳᠠᠯ︾᠎ ᠤᠨ ᠳᠤᠰᠬᠠᠬᠤ ᠳᠤᠬᠳᠠᠴᠠ ᠶᠢ ᠪᠠᠶᠢᠭᠤᠯᠵᠦ᠂ ᠰᠠᠨᠠᠭᠠᠴᠢᠯᠠᠭ᠎ᠠ ᠠᠴᠠ ᠪᠠᠨ ᠬᠢᠨᠡᠨ ᠬᠠᠮᠢᠶᠠᠷᠬᠤ ᠳᠤᠬᠳᠠᠴᠠ᠂ ᠬᠤᠯᠪᠤᠭᠠᠯᠠᠨ ᠬᠢᠨᠡᠨ ᠬᠠᠮᠢᠶᠠᠷᠬᠤ ᠳᠤᠬᠳᠠᠴᠠ᠂ ᠭᠤᠤᠯᠳᠠᠯᠭ᠎ᠠ ᠲᠠᠢ ᠬᠢᠨᠡᠨ ᠬᠠᠮᠢᠶᠠᠷᠬᠤ ᠳᠤᠬᠳᠠᠴᠠ ᠵᠡᠷᠬᠡ ᠪᠠᠶᠢᠩᠭᠤᠵᠢᠬᠰᠠᠨ ᠬᠢᠨᠡᠨ ᠬᠠᠮᠢᠶᠠᠷᠬᠤ ᠳᠤᠬᠳᠠᠴᠠ ᠶᠢ ᠳᠡᠬᠦᠯᠳᠡᠷᠵᠢᠬᠦᠯᠵᠦ᠂ ᠭᠤᠤᠯᠳᠠᠯᠭ᠎ᠠ ᠲᠠᠢ ᠠᠵᠢᠯ ᠳᠦᠷᠦᠯ ᠬᠦᠷᠢᠶᠡᠨ ᠤ ᠬᠠᠷ᠎ᠠ ᠪᠦᠯᠦᠭᠳᠡᠨ ᠬᠠᠷᠬᠢᠰ ᠬᠦᠴᠦᠨ ᠢ ᠰᠡᠷᠬᠡᠶᠢᠯᠡᠬᠦ ᠴᠢᠳᠠᠪᠤᠷᠢ ᠶᠢ ᠳᠡᠬᠡᠭᠰᠢᠯᠡᠬᠦᠯᠬᠦ ᠬᠡᠷᠡᠭᠳᠡᠢ᠃ ᠡᠷᠬᠡᠪᠰᠢ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ ᠶᠢ ᠪᠠᠶᠢᠭᠤᠯᠤᠨ ᠬᠦᠴᠦᠷᠬᠡᠭᠵᠢᠬᠦᠯᠵᠦ᠂ ᠨᠡᠶᠢᠭᠡᠮ ᠤᠨ ᠵᠠᠰᠠᠯᠳᠠ ᠶᠢᠨ ᠤᠳᠤᠬᠢᠴᠢᠯᠠᠯᠳᠠ ᠶᠢ ᠠᠬᠢᠭᠤᠯᠵᠦ᠂ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠭᠠᠬᠤ ᠳᠤᠰᠬᠠᠢ ᠳᠡᠮᠡᠴᠡᠯ ᠢ ᠬᠦᠨᠳᠡᠯᠡᠨ ᠢᠶᠠᠷ ᠦᠷᠬᠡᠳᠬᠡᠬᠦ᠂ ᠭᠤᠯᠳᠤ ᠪᠠᠷ ᠬᠦᠨᠵᠡᠬᠡᠶᠢᠷᠡᠬᠦᠯᠬᠦ ᠶᠢ ᠠᠬᠢᠭᠤᠯᠵᠦ᠂  ᠲᠠᠰᠤᠷᠠᠯ ᠦᠭᠡᠢ ᠰᠢᠨ᠎ᠠ ᠰᠢᠪᠳᠤᠯᠤᠯᠳᠠ ᠤᠯᠬᠤ ᠬᠡᠷᠡᠭᠳᠡᠢ ᠬᠡᠵᠦ ᠴᠢᠬᠤᠯᠠᠴᠢᠯᠠᠪᠠ᠃      ᠬᠤᠷᠠᠯ ᠳᠡᠬᠡᠷ᠎ᠠ ᠦᠪᠦᠷ ᠮᠤᠩᠭᠤᠯ᠂ ᠪᠡᠬᠡᠵᠢᠩ᠂ ᠳᠢᠶᠠᠨᠵᠢᠨ ᠵᠡᠷᠬᠡ ᠭᠤᠷᠪᠠᠨ ᠭᠠᠵᠠᠷ ᠤᠷᠤᠨ ᠤ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠭᠠᠬᠤ ᠠᠯᠪᠡᠨ ᠬᠡᠷ ᠤᠨ ᠬᠠᠷᠢᠭᠤᠴᠠᠯᠭᠠᠳᠠᠨ ᠳᠤᠰ ᠳᠤᠰ ᠳᠤᠰᠬᠠᠢ ᠳᠡᠮᠡᠴᠡᠯ ᠎ ᠤᠨ ᠠᠵᠢᠯ ᠤᠨ ᠪᠠᠶᠢᠳᠠᠯ ᠤᠨ ᠬᠠᠷᠢᠭᠤ ᠮᠡᠳᠡᠬᠦᠯᠦᠯᠳᠡ ᠬᠢᠪᠡ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号