ᠮᠠ ᠰᠢᠤᠸᠠᠢ ᠵᠢᠶᠦ᠋ᠨ ᠤᠯᠠᠭᠠᠨᠴᠠᠪ ᠬᠤᠳᠠ ᠳᠤ ᠪᠠᠶᠢᠴᠠᠭᠠᠨ ᠰᠤᠳᠤᠯᠤᠯᠳᠡ ᠬᠢᠬᠦ ᠳᠤ ᠪᠠᠨ ᠴᠢᠬᠤᠯᠠᠴᠢᠯᠠᠬᠰᠠᠠ ᠨᠢ ᠶᠠᠳᠠᠭᠤ ᠠᠴᠠ ᠠᠩᠬᠢᠵᠢᠷᠠᠭᠤᠯᠬᠤ ᠰᠢᠪᠳᠤᠯᠤᠯᠲᠠ ᠶᠢᠨ ᠳᠠᠶᠢᠯᠠᠯᠳᠤᠭᠠᠨ ᠤ ᠴᠢᠬᠤᠯᠠ ᠶᠡᠭᠡ ᠤᠯᠤᠰ ᠲᠦᠷᠦ ᠶᠢᠨ ᠬᠠᠷᠢᠭᠤᠴᠠᠯᠭ᠎ᠠ ᠶᠢ ᠡᠷᠡᠰ ᠡᠬᠦᠷᠬᠡᠯᠡᠵᠥ ᠶᠠᠳᠠᠭᠤ ᠬᠦᠴᠢᠷᠳᠡᠯᠳᠡᠢ ᠤᠯᠠᠨ ᠲᠦᠮᠡᠨ ᠳᠤ ᠦᠨᠡᠨ ᠬᠦ ᠠᠰᠢᠬ ᠬᠦᠷᠳᠡᠬᠡᠵᠥ ᠲᠡᠳᠡᠨ ᠢ ᠦᠨᠡᠨ ᠬᠦ ᠶᠠᠳᠠᠭᠤ ᠠᠴᠠ ᠠᠩᠬᠢᠵᠢᠷᠠᠭᠤᠯᠬᠤ ᠬᠡᠷᠡᠭᠳᠡᠢ ᠭᠡᠵᠡᠢ
ᠨᠡᠶᠢᠲᠡᠯᠡᠭᠰᠡᠨ ᠴᠠᠭ᠄
2019/4/15
     4 ᠳ᠋ᠤᠭᠡᠷ ᠰᠠᠷ᠎ᠠ ᠶᠢᠨ 10᠎ ᠤ ᠡᠳᠤᠷ ᠠᠴᠠ 11᠎ ᠤ ᠡᠳᠤᠷ ᠪᠤᠯᠳᠠᠯ᠎ᠠ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠡᠨ ᠤ ᠪᠠᠶᠢᠩᠭᠤ ᠶᠢᠨ ᠬᠡᠰᠢᠬᠦᠨ᠂ ᠦᠪᠡᠷᠳᠡᠭᠡᠨ ᠵᠠᠰᠠᠬᠤ ᠤᠷᠤᠨ ᠤ ᠪᠠᠶᠢᠩᠭᠤ ᠶᠢᠨ ᠲᠡᠳ᠋ ᠲᠡᠷᠢᠬᠦᠯᠡᠭᠴᠢ ᠮᠠ ᠰᠢᠤᠸᠠᠢ ᠵᠢᠶᠦ᠋ᠨ ᠤᠯᠠᠭᠠᠨᠴᠠᠪ ᠬᠤᠳᠠ ᠶᠢᠨ ᠰᠢᠩ ᠾᠧ ᠰᠢᠶᠠᠨ᠂ ᠵᠢᠨᠢᠩ ᠲᠤᠭᠤᠷᠢᠭ ᠲᠤ ᠪᠠᠶᠢᠴᠠᠭᠠᠨ ᠰᠤᠳᠤᠯᠤᠯᠳᠡ ᠬᠢᠪᠡ᠃      ᠰᠢᠩ ᠾᠧ ᠰᠢᠶᠠᠨ ᠳᠤ᠂ ᠮᠠ ᠰᠢᠤᠸᠠᠢ ᠵᠢᠶᠦ᠋ᠨ ᠲᠤᠮᠳᠠᠳᠤ ᠤᠯᠤᠰ ᠤᠨ ᠪᠠᠯ ᠴᠢᠯᠠᠭᠤᠨ ᠤ ᠠᠵᠥ ᠦᠢᠯᠡᠰ ᠎ ᠤᠨ ᠬᠦᠷᠢᠶᠡᠯᠡᠩ ᠲᠤᠭᠤᠷᠢᠭ᠂ ᠤᠯᠠᠭᠠᠨᠴᠠᠪ ᠬᠤᠳᠠ ᠶᠢᠨ ᠶᠡᠷᠤᠩᠬᠡᠶᠢᠯᠡᠭᠰᠡᠡ ᠪᠠᠷᠠᠭᠠᠨ ᠤ ᠬᠦᠢᠯᠬᠡᠬᠡᠨ ᠤ ᠠᠵᠥ ᠦᠢᠯᠡᠰ ᠤᠨ ᠬᠦᠷᠢᠶᠡᠯᠡᠩ ᠲᠤᠭᠤᠷᠢᠭ ᠲᠤ ᠠᠵᠥ ᠠᠬᠤᠶᠢᠯᠠᠯ ᠤᠨ ᠦᠢᠯᠡᠳᠪᠤᠷᠢᠯᠡᠯ ᠤᠨ ᠠᠵᠢᠯᠯᠠᠭᠠᠨ ᠤ ᠪᠠᠶᠢᠳᠠᠯ ᠢ ᠰᠢᠨᠵᠢᠯᠡᠨ ᠪᠠᠶᠢᠴᠠᠭᠠᠵᠥ᠂ ᠲᠦᠪ ᠤᠨ ᠨᠢᠭᠡᠴᠢ ᠶᠢᠨ ᠴᠡᠭ ᠲᠤᠭᠳᠠᠭᠠᠨ ᠬᠠᠪᠰᠤᠷᠤᠨ ᠲᠡᠳᠬᠦᠬᠦ ᠠᠵᠥ ᠠᠬᠤᠶᠢᠯᠠᠯ ᠪᠤᠯᠬᠤ ᠲᠦᠩ ᠡᡁᠧᠩ ᠠᠮᠤ ᠲᠤᠰᠤᠨ ᠤ ᠠᠷᠠᠯᠵᠢᠶᠠᠨ ᠤ ᠬᠢᠵᠠᠭᠠᠷᠳᠤ ᠺᠤᠮᠫᠠᠨᠢ ᠪᠤᠯᠤᠨ ᠬᠡᠰᠡᠭ ᠶᠠᠳᠠᠭᠤ ᠬᠦᠴᠢᠷᠳᠡᠯᠳᠡᠢ ᠡᠷᠦᠬᠡ ᠳᠤ ᠬᠦᠨᠵᠡᠬᠡᠶᠢᠷᠡᠨ᠂ ᠠᠵᠥ ᠦᠢᠯᠡᠰ ᠢᠶᠠᠷ ᠶᠠᠳᠠᠭᠤ ᠶᠢ ᠲᠡᠳᠬᠦᠬᠦ ᠵᠡᠷᠬᠡ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠤᠬᠰᠠᠠ ᠪᠠᠶᠢᠳᠠᠯ ᠢ ᠨᠠᠷᠢᠨ ᠤᠶᠢᠯᠠᠭᠠᠪᠠ᠃ ᠮᠠ ᠰᠢᠤᠸᠠᠢ ᠵᠢᠶᠦ᠋ᠨ ᠴᠢᠬᠤᠯᠠᠴᠢᠯᠠᠬᠤ ᠳᠤ ᠪᠠᠨ᠂ ᠶᠡᠷᠤᠩᠬᠡᠢ ᠱᠦᠵᠢ ᠰᠢ ᠶᠢᠨ ᠫᠢᠩ ᠤᠨ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠥᠬᠡᠯᠡᠭᠴᠢᠳ ᠤᠨ ᠶᠡᠭᠡ ᠬᠤᠷᠡᠯ ᠤᠨ ᠬᠤᠶᠠᠳᠤᠭᠠᠷ ᠬᠤᠷᠡᠯ ᠤᠨ ᠦᠪᠤᠷ ᠮᠤᠩᠭᠤᠯ ᠎ ᠤᠨ ᠲᠦᠯᠥᠬᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠦᠶ᠎ᠡ ᠳᠤ ᠬᠡᠯᠡᠭᠰᠡᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠬᠦᠨᠵᠡᠬᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠥ᠂ ᠠᠵᠥ ᠦᠢᠯᠡᠰ ᠤᠨ ᠪᠠᠶᠢᠷᠢ ᠲᠤᠭᠳᠠᠭᠠᠯᠳᠠ ᠶᠢ ᠤᠨᠤᠪᠴᠢᠳᠠᠢ ᠪᠤᠯᠭᠠᠵᠥ᠂ ᠠᠵᠥ ᠦᠢᠯᠡᠰ ᠤᠨ ᠪᠠᠶᠢᠷᠢᠰᠢᠯ ᠢ ᠰᠢᠯᠢᠳᠡᠭᠵᠢᠬᠦᠯᠵᠥ᠂ ᠠᠮᠢ ᠠᠬᠤᠢ ᠎ ᠶᠢ ᠤᠷᠢᠳ ᠢᠶᠠᠷ ᠪᠤᠳᠤᠯᠬᠢᠯᠠᠬᠤ᠂ ᠪᠤᠬᠢᠷᠳᠤᠯ ᠦᠭᠡᠢ ᠬᠦᠭᠵᠢᠯᠳᠠ ᠪᠠᠷ ᠤᠳᠤᠷᠢᠳᠤᠮᠵᠢ ᠪᠤᠯᠭᠠᠭᠰᠠᠠ ᠴᠢᠨᠠᠷ ᠰᠠᠶᠢᠳᠠᠢ ᠬᠦᠭᠵᠢᠯᠳᠡ ᠶᠢᠨ ᠰᠢᠨ᠎ᠡ ᠵᠠᠮ ᠢ ᠴᠢᠷᠮᠠᠶᠢᠨ ᠰᠦᠪᠡᠭᠴᠢᠯᠡᠬᠦ ᠬᠡᠷᠡᠭᠳᠡᠢ᠃ ᠶᠠᠳᠠᠭᠤ ᠠᠴᠠ ᠠᠩᠬᠢᠵᠢᠷᠠᠭᠤᠯᠬᠤ ᠰᠢᠪᠳᠤᠯᠤᠯᠲᠠ ᠶᠢᠨ ᠴᠢᠬᠤᠯᠠ ᠶᠡᠭᠡ ᠤᠯᠤᠰ ᠲᠦᠷᠦ ᠶᠢᠨ ᠬᠠᠷᠢᠭᠤᠴᠠᠯᠭ᠎ᠠ ᠶᠢ ᠡᠷᠡᠰ ᠡᠬᠦᠷᠬᠡᠯᠡᠵᠥ᠂ ᠲᠦᠪ ᠤᠨ ᠨᠢᠬᠡᠴᠢ ᠶᠢᠨ ᠴᠡᠭ ᠲᠤᠭᠳᠠᠭᠠᠨ ᠬᠠᠪᠰᠤᠷᠤᠨ ᠲᠡᠳᠬᠦᠬᠦ ᠠᠵᠢᠯ ᠳᠤ ᠪᠦᠬᠦ ᠬᠦᠴᠦ ᠪᠠᠷ ᠢᠶᠠᠨ ᠬᠠᠮᠵᠢᠯᠴᠠᠵᠥ᠂ ᠬᠠᠪᠰᠤᠷᠤᠨ ᠲᠡᠳᠬᠦᠬᠦ ᠲᠦᠯᠥᠪᠯᠡᠭᠡ ᠪᠤᠯᠤᠨ ᠲᠦᠷᠦᠯ ᠵᠦᠢᠯ ᠢ ᠨᠠᠶᠢᠳᠠᠪᠤᠷᠢᠵᠢᠭᠤᠯᠵᠥ ᠦᠷ᠎ᠡ ᠪᠦᠳᠦᠮᠵᠢ ᠤᠯᠬᠤ ᠶᠢ ᠠᠬᠢᠭᠤᠯᠵᠥ᠂ ᠶᠠᠳᠠᠭᠤ ᠬᠦᠴᠢᠷᠳᠡᠯᠳᠡᠢ ᠤᠯᠠᠨ ᠲᠦᠮᠡᠨ ᠳᠤ ᠦᠨᠡᠨ ᠬᠦ ᠠᠰᠢᠬ ᠬᠦᠷᠳᠡᠬᠡᠵᠥ᠂ ᠲᠡᠳᠡᠨ ᠢ ᠦᠨᠡᠨ ᠬᠦ ᠶᠠᠳᠠᠭᠤ ᠠᠴᠠ ᠠᠩᠬᠢᠵᠢᠷᠠᠭᠤᠯᠬᠤ ᠬᠡᠷᠡᠭᠳᠡᠢ ᠬᠡᠪᠠ᠃      ᠵᠢᠨᠢᠩ ᠲᠤᠭᠤᠷᠢᠭ ᠲᠤ᠂ ᠮᠠ ᠰᠢᠤᠸᠠᠢ ᠵᠢᠶᠦ᠋ᠨ ᠴᠢᠶᠤᠤ ᠰᠢ ᠶᠢᠨ ᠲᠦᠬᠦᠮ ᠪᠦᠳᠦᠴᠡᠳᠤ ᠤᠷᠤᠨ ᠰᠠᠭᠤᠴᠠ ᠎ ᠶᠢᠨ ᠲᠤᠭᠤᠷᠢᠭ ᠢ ᠦᠬᠡᠷᠡᠴᠢᠯᠡᠨ ᠪᠠᠶᠢᠭᠤᠯᠬᠤ ᠲᠦᠷᠦᠯ ᠵᠦᠢᠯ ᠢ ᠪᠠᠶᠢᠴᠠᠭᠠᠨ ᠦᠵᠡᠵᠥ ᠱᠠᠭᠠᠷᠳᠠᠬᠤ ᠳᠤ ᠪᠠᠨ᠂ ᠠᠬᠢᠴᠠ ᠪᠠᠨ ᠶᠡᠭᠡ ᠪᠠᠷ ᠲᠦᠷᠬᠡᠳᠬᠡᠵᠥ᠂ ᠤᠷᠤᠨ ᠰᠠᠭᠤᠴᠠ ᠬᠦᠴᠢᠷᠳᠡᠢ ᠪᠠᠶᠢᠭ᠎ᠠ ᠤᠯᠠᠨ ᠲᠦᠮᠡᠨ ᠢ ᠡᠷᠳᠡᠬᠡᠨ ᠰᠢᠨ᠎ᠡ ᠤᠷᠤᠨ ᠰᠠᠭᠤᠴᠠ ᠳᠤ ᠰᠠᠭᠤᠯᠭᠠᠬᠤ ᠬᠡᠷᠡᠭᠳᠡᠢ ᠬᠡᠪᠠ᠃ ᠤᠢ ᠰᠢᠭᠤᠢ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠬᠦ ᠶᠡᠭᠡ ᠠᠩᠭᠢ ᠶᠢᠨ ᠰᠠᠭᠤᠷᠢᠨ ᠳᠤ ᠪᠠᠶᠢᠴᠠᠭᠠᠬᠤ ᠦᠶ᠎ᠠ ᠳᠤ᠂ ᠲᠡᠷᠡ ᠴᠢᠬᠤᠯᠠᠴᠢᠯᠠᠬᠤ ᠳᠤ ᠪᠠᠨ ︽ᠲᠠᠪᠤ ᠶᠢ ᠪᠠᠶᠢᠡᠭᠭᠤᠵᠢᠭᠤᠯᠬᠤ︾ ᠱᠠᠭᠠᠷᠳᠠᠯᠭ᠎ᠠ ᠶᠤᠰᠤᠭᠠᠷ᠂ ᠰᠡᠷᠡᠮᠵᠢᠯᠡᠯ ᠢᠶᠠᠨ ᠪᠠᠷᠢᠮᠲᠠᠯᠠᠵᠤ᠂ ᠪᠤᠯᠪᠠᠰᠤᠷᠠᠯ ᠬᠢᠬᠦ ᠪᠠᠨ ᠴᠢᠩᠭᠠᠳᠬᠠᠵᠤ᠂ ᠤᠢ ᠰᠢᠭᠤᠢ ᠨᠤᠲᠤᠭ ᠪᠡᠯᠴᠢᠭᠡᠷ ᠤᠨ ᠲᠦᠢᠮᠡᠷ ᠡᠭᠦᠰᠬᠦ ᠶᠢ ᠡᠷᠡᠰ ᠬᠤᠷᠢᠬᠯᠠᠬᠤ ᠬᠡᠷᠡᠭᠲᠡᠢ ᠭᠡᠪᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号