ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠮᠥᠨ ᠤ ᠬᠦᠴᠦᠨ ᠤ ᠡᠬᠢ ᠪᠠᠶᠠᠯᠢᠭ ᠪᠠ | ᠨᠡᠶᠢᠭᠡᠮ ᠤᠨ ᠪᠠᠲᠤᠯᠠᠭ᠎ᠠ ᠶᠢᠨ ᠲᠢᠩᠬᠢᠮ᠂ ᠡᠳ᠋ ᠤᠨ ᠵᠠᠰᠠᠭ ᠤᠨ ᠲᠢᠩᠬᠢᠮ ᠬᠤᠯᠪᠣᠭᠠᠯᠠᠵᠤ ᠲᠦᠷᠦᠭᠦᠬᠡᠨ ︽ | ᠨᠡᠶᠢᠭᠡᠮ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠤᠷᠠᠭᠤᠯᠬᠤ ᠬᠤᠯᠪᠣᠭᠳᠠᠯ ᠪᠦᠬᠦᠢ ᠠᠰᠠᠭᠤᠳᠠᠯ ᠤᠨ | ᠲᠤᠬᠠᠢ ᠮᠡᠳᠡᠭᠳᠡᠯ︾ ᠢ ᠳᠣᠷᠣᠭᠰᠢ ᠲᠠᠷᠬᠠᠭᠠᠪᠠ᠂ ᠡᠭᠦᠨ ᠳᠤ 5 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠨ᠂ | ᠬᠤᠲᠠ ᠪᠠᠯᠭᠠᠰᠤ ᠶᠢᠨ ᠠᠵᠢᠯᠲᠠᠨ ᠤ ᠦᠨᠳᠦᠰᠦᠨ ᠨᠠᠰᠤᠵᠢᠯ ᠤᠨ ᠳᠠᠭᠠᠳᠬᠠᠯ ︵ᠠᠵᠤ ᠠᠬᠤᠶᠢᠯᠠᠯ ᠪᠠ | ᠪᠠᠶᠢᠭᠤᠯᠭ᠎ᠠ ᠶᠢᠨ ᠠᠵᠢᠯ ᠦᠢᠯᠡᠰ ᠤᠨ ᠨᠢᠭᠡᠴᠢ ᠶᠢᠨ ᠦᠨᠳᠦᠰᠦᠨ ᠨᠠᠰᠤᠵᠢᠯ ᠤᠨ ᠳᠠᠭᠠᠳᠬᠠᠯ ᠪᠠᠭᠲᠠᠨ᠎ᠠ︶ ᠤᠨ | ᠨᠢᠭᠡᠴᠢ ᠶᠢᠨ ᠲᠤᠰᠢᠶᠠᠬᠤ ᠰᠦᠢᠳᠬᠡᠯ ᠤᠨ ᠬᠠᠷᠢᠴᠠᠯ ᠢ ᠨᠢᠭᠡᠳᠦᠯᠲᠡᠢ ᠪᠠᠷ 16% ᠪᠣᠯᠲᠠᠯ᠎ᠠ ᠪᠠᠭᠤᠷᠠᠭᠤᠯᠤᠨ᠎ᠠ︔ | ᠠᠵᠢᠯ ᠠᠯᠳᠠᠭᠰᠠᠳ ᠤᠨ ᠳᠠᠭᠠᠳᠬᠠᠯ᠂ ᠠᠵᠢᠯ ᠠᠴᠠ ᠪᠣᠯᠣᠭᠰᠠᠨ ᠭᠡᠮᠲᠦᠯ ᠤᠨ ᠳᠠᠭᠠᠳᠬᠠᠯ ᠤᠨ ᠰᠦᠢᠳᠬᠡᠯ ᠤᠨ | ᠨᠣᠷᠮ᠎ᠠ ᠶᠢ ᠦᠷᠭᠦᠯᠵᠢᠯᠡᠨ ᠱᠠᠲᠤᠴᠢ ᠴᠢᠨᠠᠷᠲᠠᠢ ᠪᠠᠷ ᠪᠠᠭᠤᠷᠠᠭᠤᠯᠤᠨ᠎ᠠ︔ ᠨᠡᠶᠢᠭᠡᠮ ᠤᠨ ᠳᠠᠭᠠᠳᠬᠠᠯ ᠤᠨ ᠲᠤᠰᠢᠶᠠᠬᠤ | ᠰᠦᠢᠳᠬᠡᠯ ᠤᠨ ᠰᠠᠭᠤᠷᠢ ᠲᠤᠭ᠎ᠠ ᠶᠢᠨ ᠲᠥᠷᠥ ᠶᠢᠨ ᠪᠣᠳᠣᠯᠭ᠎ᠠ ᠳᠤ ᠲᠣᠬᠢᠷᠠᠭᠤᠯᠤᠯᠲᠠ ᠬᠢᠬᠦ ᠪᠠ | ᠲᠡᠭᠦᠯᠳᠡᠷᠵᠢᠭᠦᠯᠦᠨ᠎ᠡ ᠭᠡᠵᠦ ᠲᠣᠳᠣᠷᠬᠠᠶᠢᠯᠠᠪᠠ᠃ ᠲᠡᠭᠡᠪᠡᠯ᠂ ᠲᠤᠰ ᠤᠳᠠᠭᠠᠨ ᠤ ᠨᠡᠶᠢᠭᠡᠮ ᠤᠨ ᠳᠠᠭᠠᠳᠬᠠᠯ ᠤᠨ | ᠰᠦᠢᠳᠬᠡᠯ ᠤᠨ ᠨᠣᠷᠮ᠎ᠠ ᠶᠢ ᠪᠠᠭᠤᠷᠠᠭᠤᠯᠤᠭᠰᠠᠨ ᠨᠢ ᠶᠠᠮᠠᠷ ᠶᠠᠮᠠᠷ ᠶᠠᠮᠠᠷ ᠲᠠᠯ᠎ᠠ ᠪᠠᠷ ᠠᠰᠢᠭ ᠲᠤᠰᠠ ᠲᠠᠢ ᠪᠣᠢ︖ | ᠨᠠᠰᠤᠵᠢᠯ ᠤᠨ ᠳᠠᠭᠠᠳᠬᠠᠯ ᠤᠨ ᠨᠢᠭᠡᠴᠢ ᠶᠢᠨ ᠲᠤᠰᠢᠶᠠᠬᠤ ᠰᠦᠢᠳᠬᠡᠯ ᠤᠨ ᠬᠠᠷᠢᠴᠠᠯ ᠢ ᠪᠠᠭᠤᠷᠠᠭᠤᠯᠤᠭᠰᠠᠨ ᠨᠢ ᠠᠵᠤ | ᠠᠬᠤᠶᠢᠯᠠᠯ ᠤᠨ ᠠᠵᠢᠯᠲᠠᠨ ᠪᠠ ᠠᠮᠢᠳᠤᠯᠢᠭ ᠢᠶᠠᠷ ᠠᠵᠢᠯ ᠣᠯᠣᠭᠰᠠᠳ ᠤᠨ ᠲᠤᠰᠢᠶᠠᠬᠤ ᠰᠦᠢᠳᠬᠡᠯ ᠤᠨ | ᠳᠠᠷᠤᠭᠠᠰᠤ ᠶᠢ ᠬᠥᠩᠭᠡᠯᠡᠵᠦ ᠴᠢᠳᠠᠨ᠎ᠠ ᠦᠦ︖ ᠠᠵᠢᠯᠲᠠᠨ ᠤ ᠨᠠᠰᠤᠵᠢᠯ ᠤᠨ ᠳᠠᠭᠠᠳᠬᠠᠯ ᠤᠨ ᠰᠦᠢᠳᠬᠡᠯ ᠤᠨ | ᠨᠣᠷᠮ᠎ᠠ ᠶᠢ ᠪᠠᠭᠤᠷᠠᠭᠤᠯᠤᠭᠰᠠᠨ ᠤ ᠳᠠᠷᠠᠭ᠎ᠠ᠂ ᠠᠵᠢᠯᠲᠠᠨ ᠤ ᠨᠠᠰᠤᠵᠢᠯ ᠤᠨ ᠮᠥᠩᠭᠦ ᠶᠢᠨ ᠬᠢᠷᠢ ᠲᠦᠪᠰᠢᠨ ᠳᠤ | ᠨᠥᠯᠥᠭᠡ ᠲᠠᠢ ᠦᠦ︖ ᠥᠪᠡᠷᠲᠡᠭᠡᠨ ᠵᠠᠰᠠᠬᠤ ᠣᠷᠣᠨ ᠤ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ | ᠪᠠᠲᠤᠯᠠᠭ᠎ᠠ ᠶᠢᠨ ᠲᠢᠩᠬᠢᠮ᠂ ᠡᠳ᠋ ᠤᠨ ᠵᠠᠰᠠᠭ ᠤᠨ ᠲᠢᠩᠬᠢᠮ᠂ ᠡᠮᠴᠢᠯᠡᠭᠡ ᠶᠢᠨ ᠪᠠᠲᠤᠯᠠᠭ᠎ᠠ ᠶᠢᠨ ᠲᠣᠪᠴᠢᠶ᠎ᠠ᠂ | ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠭᠠᠶᠢᠯᠢ ᠶᠢᠨ ᠶᠠᠪᠤᠳᠠᠯ ᠤᠨ ᠲᠣᠪᠴᠢᠶ᠎ᠠ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠨ ᠠᠴᠠ ᠳᠡᠭᠡᠷ᠎ᠡ | ᠶᠠᠷᠢᠭᠰᠠᠨ ᠬᠠᠯᠠᠮᠰᠢᠯ ᠠᠰᠠᠭᠤᠳᠠᠯ ᠳᠤ ᠲᠠᠶᠢᠯᠤᠮᠵᠢ ᠬᠢᠵᠡᠢ᠃ | ᠠᠰᠢᠭ ᠲᠤᠰᠠ ᠨᠢᠭᠡ᠄ ᠠᠵᠤ ᠠᠬᠤᠶᠢᠯᠠᠯ ᠤᠨ ᠳᠠᠷᠤᠭᠠᠰᠤ ᠶᠢ 60 ᠳ᠋ᠦᠩᠰᠢᠭᠤᠷ ᠲᠥᠭᠦᠷᠢᠭ ᠠᠴᠠ | ᠳᠡᠭᠡᠭᠰᠢ ᠬᠥᠩᠭᠡᠯᠡᠵᠦ ᠪᠣᠯᠣᠨ᠎ᠠ | ᠲᠤᠰ ᠤᠳᠠᠭᠠᠨ ᠤ ᠨᠡᠶᠢᠭᠡᠮ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠤᠷᠠᠭᠤᠯᠤᠭᠰᠠᠨ ᠤ | ᠳᠠᠷᠠᠭᠠᠬᠢ ᠵᠢᠱᠢᠭᠰᠡᠨ ᠦᠷ᠎ᠡ ᠪᠦᠲᠦᠮᠵᠢ ᠶᠢᠨ ᠲᠤᠬᠠᠢ᠂ ᠥᠪᠡᠷᠲᠡᠭᠡᠨ ᠵᠠᠰᠠᠬᠤ ᠣᠷᠣᠨ ᠤ ᠬᠥᠮᠥᠨ ᠤ ᠬᠦᠴᠦᠨ ᠤ | ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠤᠨ ᠳᠠᠷᠤᠭ᠎ᠠ ᠨᠠ ᠸᠧᠢ ᠴᠢᠩ ᠲᠠᠨᠢᠯᠴᠠᠭᠤᠯᠬᠤ ᠳᠤ ᠪᠠᠨ᠂ | ᠨᠡᠶᠢᠭᠡᠮ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠤᠷᠠᠭᠤᠯᠬᠤ᠂ ᠲᠤᠰᠢᠶᠠᠬᠤ ᠰᠦᠢᠳᠬᠡᠯ ᠤᠨ ᠰᠠᠭᠤᠷᠢ | ᠲᠤᠭ᠎ᠠ ᠶᠢᠨ ᠲᠥᠷᠥ ᠶᠢᠨ ᠪᠣᠳᠣᠯᠭ᠎ᠠ ᠳᠤ ᠲᠣᠬᠢᠷᠠᠭᠤᠯᠤᠯᠲᠠ ᠬᠢᠬᠦ ᠨᠢ ᠪᠦᠬᠦ ᠣᠷᠣᠨ ᠤ ᠬᠤᠲᠠ ᠬᠥᠳᠡᠭᠡ ᠶᠢᠨ ᠡᠯ᠎ᠡ | ᠲᠥᠷᠥᠯ ᠤᠨ ᠪᠦᠬᠦ ᠠᠵᠤ ᠠᠬᠤᠶᠢᠯᠠᠯ᠂ ᠪᠠᠶᠢᠭᠤᠯᠭ᠎ᠠ ᠶᠢᠨ ᠠᠵᠢᠯ ᠦᠢᠯᠡᠰ ᠤᠨ ᠨᠢᠭᠡᠴᠢ ᠪᠠ ᠥᠷᠭᠡᠨ ᠣᠯᠠᠨ | ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠵᠢᠴᠢ ᠠᠮᠢᠳᠤᠯᠢᠭ ᠢᠶᠠᠷ ᠠᠵᠢᠯ ᠣᠯᠣᠭᠰᠠᠳ ᠲᠤ ᠠᠰᠢᠭ | ᠬᠦᠷᠲᠡᠭᠡᠨ᠎ᠡ᠃ ᠨᠠᠰᠤᠵᠢᠯ ᠤᠨ ᠳᠠᠭᠠᠳᠬᠠᠯ ᠤᠨ ᠨᠢᠭᠡᠴᠢ ᠶᠢᠨ ᠲᠤᠰᠢᠶᠠᠬᠤ ᠰᠦᠢᠳᠬᠡᠯ ᠤᠨ ᠬᠠᠷᠢᠴᠠᠯ ᠢ 16% | ᠪᠣᠯᠲᠠᠯ᠎ᠠ ᠪᠠᠭᠤᠷᠠᠭᠤᠯᠤᠭᠰᠠᠨ ᠨᠢ᠂ ᠮᠠᠨ ᠤ ᠣᠷᠣᠨ ᠤ ᠡᠭᠦᠨ ᠠᠴᠠ ᠡᠮᠦᠨ᠎ᠡ ᠬᠡᠷᠡᠭᠵᠢᠭᠦᠯᠦᠭᠰᠡᠨ ᠱᠠᠲᠤᠴᠢ | ᠴᠢᠨᠠᠷᠲᠠᠢ ᠪᠠᠷ 19% ᠪᠣᠯᠲᠠᠯ᠎ᠠ ᠪᠠᠭᠠᠷᠠᠭᠤᠯᠬᠤ ᠲᠥᠷᠥ ᠶᠢᠨ ᠪᠣᠳᠣᠯᠭ᠎ᠠ ᠲᠠᠢ ᠬᠠᠷᠢᠴᠠᠭᠤᠯᠪᠠᠯ᠂ ᠨᠢᠭᠡ ᠯᠠ | ᠤᠳᠠᠭ᠎ᠠ ᠳᠡᠭᠡᠷ᠎ᠡ 3 ᠵᠠᠭᠤᠨ ᠤ ᠴᠡᠭ ᠢᠶᠠᠷ ᠪᠠᠭᠤᠷᠠᠭᠤᠯᠵᠤ᠂ ᠪᠠᠭᠤᠷᠠᠭᠤᠯᠤᠭᠰᠠᠨ ᠬᠡᠮᠵᠢᠶ᠎ᠡ ᠨᠢ 15.8% ᠳᠤ | ᠬᠦᠷᠪᠡ᠃ ᠰᠢᠯᠭᠠᠨ ᠪᠣᠳᠣᠭᠰᠠᠨ ᠢ ᠦᠨᠳᠦᠰᠦᠯᠡᠪᠡᠯ᠂ 2019 ᠣᠨ ᠳᠤ ᠨᠠᠰᠤᠵᠢᠯ ᠤᠨ ᠳᠠᠭᠠᠳᠬᠠᠯ ᠤᠨ | ᠰᠦᠢᠳᠬᠡᠯ ᠤᠨ ᠨᠣᠷᠮ᠎ᠠ ᠶᠢ ᠪᠠᠭᠤᠷᠠᠭᠤᠯᠤᠨ᠂ ᠠᠵᠢᠯ ᠠᠯᠳᠠᠭᠰᠠᠳ ᠤᠨ ᠳᠠᠭᠠᠳᠬᠠᠯ᠂ ᠠᠵᠢᠯ ᠠᠴᠠ ᠪᠣᠯᠣᠭᠰᠠᠨ | ᠭᠡᠮᠲᠦᠯ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠦᠷᠭᠦᠯᠵᠢᠯᠡᠨ ᠱᠠᠲᠤᠴᠢ ᠴᠢᠨᠠᠷᠲᠠᠢ ᠪᠠᠷ ᠪᠠᠭᠤᠷᠠᠭᠤᠯᠬᠤ | ᠪᠠ ᠨᠠᠰᠤᠵᠢᠯ ᠤᠨ ᠳᠠᠭᠠᠳᠬᠠᠯ ᠤᠨ ᠲᠤᠰᠢᠶᠠᠬᠤ ᠰᠦᠢᠳᠬᠡᠯ ᠤᠨ ᠰᠠᠭᠤᠷᠢ ᠲᠤᠭ᠎ᠠ ᠶᠢᠨ ᠲᠥᠷᠥ ᠶᠢᠨ ᠪᠣᠳᠣᠯᠭ᠎ᠠ ᠳᠤ | ᠲᠣᠬᠢᠷᠠᠭᠤᠯᠤᠯᠲᠠ ᠬᠢᠬᠦ ᠨᠢ᠂ ᠵᠢᠱᠢᠯᠲᠡ ᠪᠠᠷ ᠠᠵᠤ ᠠᠬᠤᠶᠢᠯᠠᠯ ᠤᠨ ᠳᠠᠷᠤᠭᠠᠰᠤ ᠶᠢ 60 ᠳ᠋ᠦᠩᠰᠢᠭᠤᠷ | ᠲᠥᠭᠦᠷᠢᠭ ᠠᠴᠠ ᠳᠡᠭᠡᠭᠰᠢ ᠬᠥᠩᠭᠡᠯᠡᠵᠦ᠂ ᠡᠭᠦᠨ ᠤ ᠤᠯᠠᠮ ᠢᠶᠠᠷ ᠠᠵᠤ ᠠᠬᠤᠶᠢᠯᠠᠯ ᠤᠨ ᠳᠠᠷᠤᠭᠠᠰᠤ ᠶᠢ ᠶᠡᠭᠡ | ᠬᠡᠮᠵᠢᠶ᠎ᠡ ᠪᠠᠷ ᠬᠥᠩᠭᠡᠯᠡᠵᠦ᠂ ᠵᠠᠬ᠎ᠠ ᠳᠡᠯᠭᠡᠭᠦᠷ ᠤᠨ ᠠᠮᠢᠳᠤ ᠬᠦᠴᠦᠨ ᠢ ᠤᠯᠠᠨ ᠨᠢᠭᠡ ᠠᠯᠬᠤᠮ ᠬᠥᠭᠵᠢᠭᠡᠨ᠎ᠡ ᠭᠡᠵᠡᠢ᠃ | | ᠠᠰᠢᠭ ᠲᠤᠰᠠ ᠬᠤᠶᠠᠷ᠄ ᠳᠠᠭᠠᠳᠬᠠᠯ ᠳᠤ ᠣᠷᠣᠯᠴᠠᠭᠰᠠᠳ ᠰᠦᠢᠳᠬᠡᠯ ᠳᠤᠲᠠᠭᠤ ᠲᠤᠰᠢᠶᠠᠬᠤ ᠪᠣᠯᠣᠨ᠎ᠠ | ᠲᠤᠰ ᠤᠳᠠᠭᠠᠨ ᠤ ᠠᠵᠢᠯᠲᠠᠨ ᠤ ᠨᠠᠰᠤᠵᠢᠯ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ | ᠪᠠᠭᠤᠷᠠᠭᠤᠯᠤᠭᠰᠠᠨ ᠨᠢ ᠠᠵᠤ ᠠᠬᠤᠶᠢᠯᠠᠯ ᠤᠨ ᠳᠠᠷᠤᠭᠠᠰᠤ ᠶᠢ ᠶᠡᠭᠡ ᠬᠡᠮᠵᠢᠶ᠎ᠡ ᠪᠠᠷ ᠬᠥᠩᠭᠡᠯᠡᠪᠡ᠂ ᠲᠡᠭᠡᠪᠡᠯ ᠠᠵᠤ | ᠠᠬᠤᠶᠢᠯᠠᠯ ᠤᠨ ᠠᠵᠢᠯᠲᠠᠨ ᠪᠠ ᠠᠮᠢᠳᠤᠯᠢᠭ ᠢᠶᠠᠷ ᠠᠵᠢᠯ ᠣᠯᠣᠭᠰᠠᠳ ᠵᠡᠷᠭᠡ ᠳᠠᠭᠠᠳᠬᠠᠯ ᠳᠤ ᠣᠷᠣᠯᠴᠠᠭᠰᠠᠳ ᠲᠤ | ᠠᠪᠴᠤ ᠬᠡᠯᠡᠪᠡᠯ᠂ ᠰᠦᠢᠳᠬᠡᠯ ᠲᠤᠰᠢᠶᠠᠬᠤ ᠳᠠᠷᠤᠭᠠᠰᠤ ᠶᠢ ᠨᠢ ᠮᠥᠨ ᠬᠦ ᠬᠥᠩᠭᠡᠯᠡᠵᠦ ᠴᠢᠳᠠᠨ᠎ᠠ ᠦᠦ︖ | ᠡᠭᠦᠨ ᠳᠤ᠂ ᠨᠠ ᠸᠧᠢ ᠴᠢᠩ ᠲᠠᠶᠢᠯᠤᠮᠵᠢ ᠬᠢᠬᠦ ᠳᠤ ᠪᠠᠨ᠂ ᠲᠤᠰ ᠤᠳᠠᠭᠠᠨ ᠤ ᠨᠡᠶᠢᠭᠡᠮ ᠤᠨ ᠳᠠᠭᠠᠳᠬᠠᠯ ᠤᠨ | ᠰᠦᠢᠳᠬᠡᠯ ᠤᠨ ᠨᠣᠷᠮ᠎ᠠ ᠶᠢ ᠪᠠᠭᠤᠷᠠᠭᠤᠯᠤᠭᠰᠠᠨ ᠨᠢ᠂ ᠠᠵᠢᠯᠲᠠᠨ ᠬᠤᠪᠢ ᠬᠥᠮᠥᠨ ᠳᠤ ᠠᠪᠴᠤ ᠬᠡᠯᠡᠪᠡᠯ ᠰᠦᠢᠳᠬᠡᠯ | ᠲᠤᠰᠢᠶᠠᠬᠤ ᠳᠠᠷᠤᠭᠠᠰᠤ ᠶᠢ ᠨᠢ ᠦᠨᠡᠨ ᠬᠦ ᠪᠠᠭᠤᠷᠠᠭᠤᠯᠵᠤ ᠪᠣᠯᠣᠨ᠎ᠠ ᠭᠡᠵᠡᠢ᠃ | ᠡᠩ ᠲᠡᠷᠢᠭᠦᠨ ᠳᠤ᠂ ᠠᠵᠤ ᠠᠬᠤᠶᠢᠯᠠᠯ ᠤᠨ ᠠᠵᠢᠯᠲᠠᠳ ᠲᠤ ᠠᠪᠴᠤ ᠬᠡᠯᠡᠪᠡᠯ᠂ ᠤᠤᠯ ᠤᠨ ᠲᠥᠷᠥ ᠶᠢᠨ | ᠪᠣᠳᠣᠯᠭ᠎ᠠ ᠶᠢᠨ ᠲᠣᠭᠲᠠᠭᠠᠯ ᠨᠢ᠂ ᠬᠤᠪᠢ ᠬᠥᠮᠥᠨ ᠤ ᠲᠤᠰᠢᠶᠠᠬᠤ ᠰᠦᠢᠳᠬᠡᠯ ᠤᠨ ᠰᠠᠭᠤᠷᠢ ᠲᠤᠭ᠎ᠠ ᠶᠢ ᠬᠠᠮᠤᠭ ᠤᠨ | ᠳᠣᠣᠷ᠎ᠠ ᠳᠤ ᠪᠠᠨ ᠬᠤᠲᠠ ᠪᠠᠯᠭᠠᠰᠤ ᠶᠢᠨ ᠬᠤᠪᠢ ᠪᠠᠷ ᠢᠶᠠᠨ ᠡᠵᠡᠩᠨᠡᠭᠰᠡᠨ ᠪᠤᠰᠤ ᠨᠢᠭᠡᠴᠢ ᠳᠤ ᠠᠵᠢᠯ | ᠣᠯᠣᠭᠰᠠᠳ ᠤᠨ ᠳᠤᠮᠳᠠᠴᠢ ᠴᠠᠯᠢᠩ ᠤᠨ 60% ᠠᠴᠠ ᠳᠣᠣᠷ᠎ᠠ ᠪᠠᠶᠢᠯᠭᠠᠵᠤ ᠪᠣᠯᠬᠤ ᠦᠭᠡᠢ᠃ ᠡᠨᠡ ᠤᠳᠠᠭᠠᠨ ᠤ | ᠨᠡᠶᠢᠭᠡᠮ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠤᠷᠠᠭᠤᠯᠤᠭᠰᠠᠨ ᠤ ᠳᠠᠷᠠᠭ᠎ᠠ᠂ ᠳᠡᠭᠡᠷ᠎ᠡ ᠣᠨ ᠤ | ᠥᠪᠡᠷᠲᠡᠭᠡᠨ ᠵᠠᠰᠠᠬᠤ ᠣᠷᠣᠨ ᠤ ᠬᠤᠲᠠ ᠪᠠᠯᠭᠠᠰᠤ ᠶᠢᠨ ᠬᠤᠪᠢ ᠪᠠᠷ ᠢᠶᠠᠨ ᠡᠵᠡᠩᠨᠡᠭᠰᠡᠨ ᠪᠤᠰᠤ ᠨᠢᠭᠡᠴᠢ ᠳᠤ ᠠᠵᠢᠯ | ᠣᠯᠣᠭᠰᠠᠳ ᠤᠨ ᠳᠤᠮᠳᠠᠴᠢ ᠴᠠᠯᠢᠩ ᠪᠠ ᠬᠤᠲᠠ ᠪᠠᠯᠭᠠᠰᠤ ᠶᠢᠨ ᠬᠤᠪᠢ ᠪᠠᠷ ᠢᠶᠠᠨ ᠡᠵᠡᠩᠨᠡᠭᠰᠡᠨ ᠨᠢᠭᠡᠴᠢ ᠳᠤ ᠠᠵᠢᠯ | ᠣᠯᠣᠭᠰᠠᠳ ᠤᠨ ᠳᠤᠮᠳᠠᠴᠢ ᠴᠠᠯᠢᠩ ᠤᠨ ᠰᠠᠭᠤᠷᠢ ᠲᠤᠭ᠎ᠠ ᠪᠠᠷ ᠦᠷᠡᠵᠢᠭᠦᠯᠦᠨ ᠪᠣᠳᠣᠭᠰᠠᠨ ᠪᠦᠬᠦ ᠰᠢᠰᠲ᠋ᠧᠮ ᠤᠨ | ᠬᠢᠨ ᠤ ᠬᠤᠲᠠ ᠪᠠᠯᠭᠠᠰᠤ ᠶᠢᠨ ᠨᠢᠭᠡᠴᠢ ᠳᠤ ᠠᠵᠢᠯ ᠣᠯᠣᠭᠰᠠᠳ ᠤᠨ ᠳᠤᠮᠳᠠᠴᠢ ᠴᠠᠯᠢᠩ ᠢᠶᠠᠷ ᠨᠠᠰᠤᠵᠢᠯ ᠤᠨ | ᠳᠠᠭᠠᠳᠬᠠᠯ ᠤᠨ ᠬᠤᠪᠢ ᠬᠥᠮᠥᠨ ᠤ ᠲᠤᠰᠢᠶᠠᠬᠤ ᠰᠦᠢᠳᠬᠡᠯ ᠤᠨ ᠰᠠᠭᠤᠷᠢ ᠲᠤᠭ᠎ᠠ ᠶᠢᠨ ᠳᠡᠭᠡᠳᠦ ᠳᠣᠣᠷᠠᠳᠤ | ᠬᠢᠵᠠᠭᠠᠷ ᠢ ᠬᠠᠷᠭᠤᠭᠤᠯᠤᠨ ᠲᠣᠭᠲᠠᠭᠠᠨ᠎ᠠ᠂ ᠢᠩᠭᠢᠵᠦ ᠲᠣᠬᠢᠷᠠᠭᠤᠯᠬᠤ ᠨᠢ ᠳᠠᠭᠠᠳᠬᠠᠯ ᠳᠤ ᠣᠷᠣᠯᠴᠠᠭᠰᠠᠳ ᠤᠨ | ᠪᠣᠳᠠᠲᠠᠢ ᠳᠤᠮᠳᠠᠴᠢ ᠴᠠᠯᠢᠩ ᠤᠨ ᠬᠢᠷᠢ ᠲᠦᠪᠰᠢᠨ ᠢ ᠨᠡᠩ ᠵᠦᠢ ᠵᠣᠬᠢᠰᠲᠠᠢ ᠪᠠᠷ ᠲᠤᠰᠬᠠᠵᠤ ᠴᠢᠳᠠᠨ᠎ᠠ᠃ ᠭᠡᠲᠡᠯ᠎ᠡ | ᠴᠠᠯᠢᠩ ᠤᠨ ᠣᠷᠣᠯᠭ᠎ᠠ ᠨᠢ ᠬᠠᠷᠢᠴᠠᠩᠭᠤᠢ ᠳᠣᠣᠷ᠎ᠠ ᠪᠠᠶᠢᠭ᠎ᠠ ᠠᠵᠤ ᠠᠬᠤᠶᠢᠯᠠᠯ ᠤᠨ ᠵᠠᠷᠢᠮ ᠠᠵᠢᠯᠲᠠᠨ ᠳᠤ᠂ ᠬᠤᠪᠢ | ᠬᠥᠮᠥᠨ ᠤ ᠰᠠᠭᠤᠷᠢ ᠲᠤᠭ᠎ᠠ ᠶᠢ ᠪᠦᠬᠦ ᠰᠢᠰᠲ᠋ᠧᠮ ᠤᠨ ᠬᠢᠨ ᠤ ᠬᠤᠲᠠ ᠪᠠᠯᠭᠠᠰᠤ ᠶᠢᠨ ᠨᠢᠭᠡᠴᠢ ᠳᠤ ᠠᠵᠢᠯ | ᠣᠯᠣᠭᠰᠠᠳ ᠤᠨ ᠳᠤᠮᠳᠠᠴᠢ ᠴᠠᠯᠢᠩ ᠢᠶᠠᠷ ᠲᠣᠬᠢᠷᠠᠭᠤᠯᠤᠯᠲᠠ ᠬᠢᠭᠰᠡᠨ ᠠᠴᠠ᠂ ᠲᠤᠰᠢᠶᠠᠬᠤ ᠰᠦᠢᠳᠬᠡᠯ ᠤᠨ | ᠰᠠᠭᠤᠷᠢ ᠲᠤᠭ᠎ᠠ ᠨᠢ ᠵᠣᠬᠢᠬᠤ ᠬᠡᠮᠵᠢᠶ᠎ᠡ ᠪᠠᠷ ᠪᠠᠭᠤᠷᠠᠵᠤ᠂ ᠬᠤᠪᠢ ᠬᠥᠮᠥᠨ ᠤ ᠲᠤᠰᠢᠶᠠᠬᠤ ᠰᠦᠢᠳᠬᠡᠯ ᠤᠨ ᠬᠡᠮᠵᠢᠶ᠎ᠡ | ᠨᠢ ᠴᠤ ᠵᠣᠬᠢᠬᠤ ᠬᠡᠮᠵᠢᠶ᠎ᠡ ᠪᠠᠷ ᠪᠠᠭᠠᠰᠬᠤ ᠪᠣᠯᠣᠨ᠎ᠠ᠃ | ᠳᠡᠳ᠋ᠯᠡᠪᠡᠯ᠂ ᠠᠮᠢᠳᠤᠯᠢᠭ ᠢᠶᠠᠷ ᠠᠵᠢᠯ ᠣᠯᠣᠭᠰᠠᠳ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ | ᠵᠡᠷᠭᠡ ᠬᠤᠪᠢ ᠪᠠᠷ ᠢᠶᠠᠨ ᠳᠠᠭᠠᠳᠬᠠᠯ ᠳᠤ ᠣᠷᠣᠯᠴᠠᠭᠰᠠᠨ ᠠᠵᠢᠯᠲᠠᠳ ᠲᠤ ᠠᠪᠴᠤ ᠬᠡᠯᠡᠪᠡᠯ᠂ ᠨᠡᠶᠢᠭᠡᠮ ᠤᠨ | ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠤᠷᠠᠭᠤᠯᠤᠭᠰᠠᠨ ᠤ ᠳᠠᠷᠠᠭ᠎ᠠ᠂ ᠪᠦᠬᠦ ᠰᠢᠰᠲ᠋ᠧᠮ ᠤᠨ ᠬᠢᠨ ᠤ | ᠬᠤᠲᠠ ᠪᠠᠯᠭᠠᠰᠤ ᠶᠢᠨ ᠨᠢᠭᠡᠴᠢ ᠳᠤ ᠠᠵᠢᠯ ᠣᠯᠣᠭᠰᠠᠳ ᠤᠨ ᠳᠤᠮᠳᠠᠴᠢ ᠴᠠᠯᠢᠩ ᠢᠶᠠᠷ ᠨᠠᠰᠤᠵᠢᠯ ᠤᠨ | ᠳᠠᠭᠠᠳᠬᠠᠯ ᠤᠨ ᠬᠤᠪᠢ ᠬᠥᠮᠥᠨ ᠤ ᠲᠤᠰᠢᠶᠠᠬᠤ ᠰᠦᠢᠳᠬᠡᠯ ᠤᠨ ᠰᠠᠭᠤᠷᠢ ᠲᠣᠭᠠᠨ ᠤ ᠳᠡᠭᠡᠳᠦ ᠳᠣᠣᠷᠠᠳᠤ | ᠬᠢᠵᠠᠭᠠᠷ ᠢ ᠬᠠᠷᠭᠤᠭᠤᠯᠤᠨ ᠲᠣᠭᠲᠠᠭᠠᠭᠰᠠᠨ ᠠᠴᠠ᠂ ᠬᠤᠪᠢ ᠬᠥᠮᠥᠨ ᠤ ᠰᠦᠢᠳᠬᠡᠯ ᠲᠤᠰᠢᠶᠠᠬᠤ ᠳᠠᠷᠤᠭᠠᠰᠤ ᠨᠢ | ᠢᠯᠡᠳᠲᠡ ᠪᠠᠭᠤᠷᠠᠬᠤ ᠪᠣᠯᠣᠨ᠎ᠠ᠃ | ᠠᠰᠢᠭ ᠲᠤᠰᠠ ᠭᠤᠷᠪᠠ᠄ ᠠᠵᠢᠯᠲᠠᠨ ᠤ ᠨᠠᠰᠤᠵᠢᠯ ᠤᠨ ᠮᠥᠩᠭᠦ ᠶᠢᠨ ᠬᠢᠷᠢ ᠲᠦᠪᠰᠢᠨ ᠢ ᠨᠥᠯᠥᠭᠡᠯᠡᠬᠦ | ᠦᠭᠡᠢ | ᠨᠠᠰᠤᠵᠢᠯ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠠᠷᠠᠭᠤᠯᠬᠤ ᠨᠢ ᠠᠵᠤ ᠠᠬᠤᠶᠢᠯᠠᠯ ᠤᠨ | ᠨᠡᠶᠢᠭᠡᠮ ᠤᠨ ᠳᠠᠭᠠᠳᠬᠠᠯ ᠤᠨ ᠰᠦᠢᠳᠬᠡᠯ ᠲᠤᠰᠢᠶᠠᠬᠤ ᠳᠠᠷᠤᠭᠠᠰᠤ ᠶᠢ ᠪᠦᠲᠦᠮᠵᠢᠲᠡᠢ ᠪᠠᠷ ᠬᠥᠩᠭᠡᠯᠡᠬᠦ ᠶᠢᠨ ᠬᠠᠮᠲᠤ | ᠨᠠᠰᠤᠵᠢᠯ ᠤᠨ ᠳᠠᠭᠠᠳᠬᠠᠯ ᠤᠨ ᠰᠠᠭᠤᠷᠢ ᠮᠥᠩᠭᠦ ᠶᠢᠨ ᠣᠷᠣᠯᠭ᠎ᠠ ᠶᠢ ᠴᠤ ᠪᠠᠭᠠᠰᠬᠠᠨ᠎ᠠ᠃ ᠲᠡᠭᠡᠪᠡᠯ᠂ ᠲᠥᠷᠥ ᠶᠢᠨ | ᠪᠣᠳᠣᠯᠭ᠎ᠠ ᠶᠢ ᠬᠡᠷᠡᠭᠵᠢᠭᠦᠯᠦᠭᠰᠡᠨ ᠤ ᠳᠠᠷᠠᠭ᠎ᠠ᠂ ᠮᠠᠨ ᠤ ᠣᠷᠣᠨ ᠠᠴᠠ ᠨᠠᠰᠤᠵᠢᠯ ᠤᠨ ᠳᠠᠭᠠᠳᠬᠠᠯ ᠤᠨ ᠮᠥᠩᠭᠦ ᠶᠢ | ᠴᠠᠭ ᠲᠤᠬᠠᠢ ᠳᠤ ᠨᠢ ᠭᠦᠢᠴᠡᠳ ᠲᠤᠭ᠎ᠠ ᠪᠠᠷ ᠣᠯᠭᠤᠬᠤ ᠶᠢ ᠬᠡᠷᠬᠢᠨ ᠪᠠᠲᠤᠯᠠᠬᠤ ᠪᠣᠢ︖ ᠡᠨᠡ ᠲᠤᠬᠠᠢ | ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠲᠢᠩᠬᠢᠮ ᠤᠨ ᠲᠣᠭᠤᠷᠢᠨ ᠪᠠᠶᠢᠴᠠᠭᠠᠭᠴᠢ ᠬᠠᠨ ᠱᠦ ᠴᠢᠩ᠄ | ︽ᠨᠠᠰᠤᠵᠢᠯ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠠᠷᠠᠭᠤᠯᠬᠤ ᠨᠢ ᠠᠵᠤ ᠠᠬᠤᠶᠢᠯᠠᠯ ᠤᠨ | ᠨᠡᠶᠢᠭᠡᠮ ᠤᠨ ᠳᠠᠭᠠᠳᠬᠠᠯ ᠤᠨ ᠰᠦᠢᠳᠬᠡᠯ ᠲᠤᠰᠢᠶᠠᠬᠤ ᠳᠠᠷᠤᠭᠠᠰᠤ ᠶᠢ ᠪᠦᠲᠦᠮᠵᠢᠲᠡᠢ ᠪᠠᠷ ᠬᠥᠩᠭᠡᠯᠡᠬᠦ ᠶᠢᠨ ᠬᠠᠮᠲᠤ᠂ | ᠨᠠᠰᠤᠵᠢᠯ ᠤᠨ ᠳᠠᠭᠠᠳᠬᠠᠯ ᠤᠨ ᠰᠠᠭᠤᠷᠢ ᠮᠥᠩᠭᠦᠨ ᠤ ᠣᠷᠣᠯᠭ᠎ᠠ ᠶᠢ ᠦᠨᠡᠨ ᠬᠦ ᠪᠠᠭᠠᠰᠬᠠᠬᠤ ᠪᠣᠯᠪᠠᠴᠤ᠂ ᠮᠠᠨ ᠤ | ᠣᠷᠣᠨ ᠤ ᠨᠠᠰᠤᠵᠢᠯ ᠤᠨ ᠳᠠᠭᠠᠳᠬᠠᠯ ᠤᠨ ᠰᠠᠭᠤᠷᠢ ᠮᠥᠩᠭᠦᠨ ᠤ ᠣᠷᠣᠯᠭ᠎ᠠ ᠵᠠᠷᠤᠯᠭ᠎ᠠ ᠶᠢᠨ ᠪᠠᠶᠢᠳᠠᠯ ᠨᠢ | ᠬᠠᠷᠢᠴᠠᠩᠭᠤᠢ ᠲᠣᠭᠲᠠᠭᠤᠨ ᠪᠠᠶᠢᠵᠤ᠂ ᠨᠡᠯᠢᠶᠡᠳ ᠰᠠᠶᠢᠨ ᠲᠤᠯᠭᠠᠭᠤᠷᠢᠯᠠᠬᠤ ᠴᠢᠳᠠᠪᠤᠷᠢ ᠲᠠᠢ ᠪᠠᠶᠢᠳᠠᠭ᠃ ᠰᠢᠯᠭᠠᠨ | ᠪᠣᠳᠣᠭᠰᠠᠨ ᠢ ᠦᠨᠳᠦᠰᠦᠯᠡᠪᠡᠯ᠂ ᠮᠠᠨ ᠤ ᠣᠷᠣᠨ ᠤ ᠨᠠᠰᠤᠵᠢᠯ ᠤᠨ ᠳᠠᠭᠠᠳᠬᠠᠯ ᠤᠨ ᠰᠠᠭᠤᠷᠢ ᠮᠥᠩᠭᠦ ᠨᠢ | ᠰᠦᠢᠳᠬᠡᠯ ᠤᠨ ᠨᠣᠷᠮ᠎ᠠ ᠶᠢ ᠪᠠᠭᠤᠷᠠᠭᠤᠯᠬᠤ ᠲᠥᠷᠥ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠤ ᠳᠠᠷᠠᠭᠠᠬᠢ | ᠢᠷᠡᠭᠡᠳᠦᠢ ᠶᠢᠨ ᠨᠢᠭᠡ ᠬᠡᠰᠡᠭ ᠬᠤᠭᠤᠴᠠᠭᠠᠨ ᠳᠤ᠂ ᠮᠥᠨ ᠬᠦ ᠨᠡᠯᠢᠶᠡᠳ ᠰᠠᠶᠢᠨ ᠦᠷᠭᠦᠯᠵᠢᠯᠡᠬᠦᠶᠢᠴᠡ ᠴᠢᠨᠠᠷ ᠢ | ᠪᠠᠲᠤᠯᠠᠵᠤ ᠴᠢᠳᠠᠨ᠎ᠠ︾ ᠭᠡᠵᠦ ᠲᠠᠨᠢᠯᠴᠠᠭᠤᠯᠤᠨ ᠬᠡᠯᠡᠵᠡᠢ᠃ | ᠬᠠᠨ ᠱᠦ ᠴᠢᠩ ᠢᠯᠡᠷᠬᠡᠶᠢᠯᠡᠬᠦ ᠳᠤ ᠪᠠᠨ᠂ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ | ᠲᠢᠩᠬᠢᠮ ᠠᠴᠠ ᠬᠠᠮᠢᠶ᠎ᠠ ᠪᠦᠬᠦᠢ ᠰᠠᠯᠠᠭ᠎ᠠ ᠮᠥᠴᠢᠷ ᠲᠠᠢ ᠬᠠᠮᠲᠤ ᠨᠡᠩ ᠢᠳᠡᠪᠬᠢᠲᠡᠢ ᠪᠥᠭᠡᠳ ᠪᠦᠲᠦᠮᠵᠢᠲᠡᠢ ᠠᠷᠭ᠎ᠠ | ᠬᠡᠮᠵᠢᠶ᠎ᠡ ᠠᠪᠴᠤ ᠪᠠᠶᠢᠭᠠᠳ ᠰᠠᠭᠤᠷᠢ ᠮᠥᠩᠭᠦᠨ ᠤ ᠣᠷᠣᠯᠭ᠎ᠠ ᠵᠠᠷᠤᠯᠭ᠎ᠠ ᠶᠢᠨ ᠳᠠᠷᠤᠯᠲᠠ ᠶᠢ ᠨᠠᠮᠳᠠᠭᠠᠵᠤ᠂ | ᠨᠠᠰᠤᠵᠢᠯ ᠤᠨ ᠮᠥᠩᠭᠦ ᠶᠢᠨ ᠣᠯᠭᠤᠨ ᠥᠭᠬᠦ ᠲᠦᠭᠰᠢᠭᠦᠷᠢ ᠡᠭᠦᠰᠦᠨ ᠪᠦᠷᠢᠯᠳᠦᠬᠦ ᠦᠭᠡᠢ ᠶᠢ ᠪᠠᠲᠤᠯᠠᠵᠤ᠂ | ᠨᠠᠰᠤᠵᠢᠯ ᠤᠨ ᠮᠥᠩᠭᠦ ᠶᠢ ᠴᠠᠭ ᠲᠤᠬᠠᠢ ᠳᠤ ᠨᠢ ᠭᠦᠢᠴᠡᠳ ᠲᠤᠭ᠎ᠠ ᠪᠠᠷ ᠣᠯᠭᠤᠬᠤ ᠶᠢ ᠦᠨᠡᠨ ᠬᠦ ᠪᠠᠲᠤᠯᠠᠨ᠎ᠠ | ᠭᠡᠵᠡᠢ᠃ | ᠠᠰᠢᠭ ᠲᠤᠰᠠ ᠳᠥᠷᠪᠡ᠄ ᠳᠠᠭᠠᠳᠬᠠᠯ ᠳᠤ ᠣᠷᠣᠬᠤ ᠬᠤᠷᠢᠭ᠎ᠠ ᠪᠣᠭᠤᠮᠲᠠ ᠶᠢ ᠪᠠᠭᠤᠷᠠᠭᠤᠯᠬᠤ ᠨᠢ ᠣᠯᠠᠨ | ᠬᠥᠮᠥᠨ ᠳᠤ ᠠᠰᠢᠭ ᠬᠦᠷᠲᠡᠭᠡᠬᠦ ᠪᠣᠯᠣᠨ᠎ᠠ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠮᠥᠨ ᠤ ᠬᠦᠴᠦᠨ ᠤ ᠡᠬᠢ ᠪᠠᠶᠠᠯᠢᠭ ᠪᠠ | ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠤᠨ ᠳᠠᠷᠤᠭ᠎ᠠ ᠨᠠ ᠸᠧᠢ ᠴᠢᠩ ᠬᠡᠯᠡᠬᠦ ᠳᠤ ᠪᠠᠨ᠂ ᠡᠨᠡ ᠤᠳᠠᠭᠠᠨ ᠤ | ᠠᠵᠢᠯᠲᠠᠨ ᠤ ᠦᠨᠳᠦᠰᠦᠨ ᠨᠠᠰᠤᠵᠢᠯ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠳᠤ ᠲᠣᠬᠢᠷᠠᠭᠤᠯᠤᠯᠲᠠ ᠬᠢᠭᠰᠡᠨ | ᠨᠢ ᠱᠠᠲᠤᠴᠢ ᠴᠢᠨᠠᠷ ᠪᠠ ᠲᠦᠷ ᠴᠠᠭ ᠤᠨ ᠴᠢᠨᠠᠷᠲᠠᠢ ᠲᠠᠢ ᠪᠢᠰᠢ᠂ ᠬᠠᠷᠢᠨ ᠤᠷᠲᠤ ᠬᠤᠭᠤᠴᠠᠭᠠᠨ ᠤ ᠴᠢᠨᠠᠷᠲᠠᠢ | ᠳᠦᠷᠢᠮ ᠤᠨ ᠲᠣᠬᠢᠷᠠᠭᠤᠯᠤᠯᠲᠠ ᠪᠣᠯᠣᠨ᠎ᠠ᠃ ᠬᠥᠮᠥᠨ ᠬᠡᠷᠡᠭᠯᠡᠬᠦ ᠡᠯ᠎ᠡ ᠲᠥᠷᠥᠯ ᠤᠨ ᠨᠢᠭᠡᠴᠢ᠂ ᠣᠨᠴᠠᠭᠠᠶᠢᠯᠠᠨ | ᠠᠷᠠᠳ ᠠᠴᠠ ᠡᠵᠡᠩᠨᠡᠭᠰᠡᠨ ᠠᠵᠤ ᠠᠬᠤᠶᠢᠯᠠᠯ᠂ ᠵᠢᠵᠢᠭ ᠪᠢᠴᠢᠯ ᠠᠵᠤ ᠠᠬᠤᠶᠢᠯᠠᠯ ᠨᠢ ᠪᠦᠷ ᠰᠦᠢᠳᠬᠡᠯ | ᠪᠠᠭᠤᠷᠠᠭᠤᠯᠬᠤ ᠲᠥᠷᠥ ᠶᠢᠨ ᠪᠣᠳᠣᠯᠭ᠎ᠠ ᠶᠢᠨ ᠳᠤᠮᠳᠠ ᠠᠰᠢᠭ ᠬᠦᠷᠲᠡᠬᠦ ᠪᠣᠯᠣᠨ᠎ᠠ ᠭᠡᠵᠡᠢ᠃ | ᠰᠦᠢᠳᠬᠡᠯ ᠤᠨ ᠨᠣᠷᠮ᠎ᠠ ᠶᠢ ᠪᠠᠭᠤᠷᠠᠭᠤᠯᠤᠭᠰᠠᠨ ᠤ ᠳᠠᠷᠠᠭ᠎ᠠ᠂ ᠠᠵᠤ ᠠᠬᠤᠶᠢᠯᠠᠯ ᠤᠨ ᠲᠤᠰᠢᠶᠠᠬᠤ | ᠰᠦᠢᠳᠬᠡᠯ ᠨᠢ ᠪᠠᠭᠠᠰᠤᠨ᠂ ᠳᠠᠭᠠᠳᠬᠠᠯ ᠳᠤ ᠣᠷᠣᠬᠤ ᠬᠤᠷᠢᠭ᠎ᠠ ᠪᠣᠭᠤᠮᠲᠠ ᠨᠢ ᠴᠤ ᠳᠣᠷᠣᠭᠰᠢᠯᠠᠵᠤ᠂ ᠠᠵᠤ | ᠠᠬᠤᠶᠢᠯᠠᠯ ᠤᠨ ᠠᠮᠢᠳᠤ ᠬᠦᠴᠦᠨ ᠪᠠ ᠬᠥᠭᠵᠢᠯᠲᠡ ᠶᠢᠨ ᠨᠥᠭᠡᠴᠡ ᠬᠦᠴᠦᠨ ᠢ ᠴᠢᠩᠭᠠᠷᠠᠭᠤᠯᠵᠤ ᠪᠣᠯᠬᠤ ᠪᠠᠷ | ᠪᠠᠷᠠᠬᠤ ᠦᠭᠡᠢ᠂ ᠠᠵᠤ ᠠᠬᠤᠶᠢᠯᠠᠯ ᠪᠠ ᠠᠵᠢᠯᠲᠠᠨ ᠤ ᠳᠠᠭᠠᠳᠬᠠᠯ ᠳᠤ ᠣᠷᠣᠬᠤ ᠢᠳᠡᠪᠬᠢᠵᠢᠯ ᠢ ᠳᠡᠭᠡᠭᠰᠢᠯᠡᠭᠦᠯᠬᠦ ᠳᠤ | ᠠᠰᠢᠭᠲᠠᠢ ᠪᠠᠶᠢᠵᠤ᠂ ᠡᠭᠦᠨ ᠤ ᠤᠯᠠᠮ ᠠᠴᠠ ᠨᠡᠩ ᠣᠯᠠᠨ ᠠᠵᠢᠯᠲᠠᠨ ᠢ ᠨᠠᠰᠤᠵᠢᠯ ᠤᠨ ᠳᠠᠭᠠᠳᠬᠠᠯ ᠤᠨ | ᠳᠦᠷᠢᠮ ᠤᠨ ᠰᠢᠰᠲ᠋ᠧᠮᠵᠢ ᠳᠤ ᠣᠷᠣᠭᠤᠯᠵᠤ᠂ ᠠᠵᠤ ᠠᠬᠤᠶᠢᠯᠠᠯ ᠤᠨ ᠬᠥᠭᠵᠢᠯᠲᠡ ᠬᠢᠭᠡᠳ ᠨᠠᠰᠤᠵᠢᠯ ᠤᠨ | ᠳᠠᠭᠠᠳᠬᠠᠯ ᠤᠨ ᠳᠦᠷᠢᠮ ᠤᠨ ᠬᠥᠭᠵᠢᠯᠲᠡ ᠶᠢᠨ ᠠᠰᠢᠭᠲᠠᠢ ᠡᠷᠭᠢᠯᠲᠡ ᠶᠢ ᠪᠦᠷᠢᠯᠳᠦᠭᠦᠯᠦᠨ᠎ᠡ᠃ | 【ᠲᠠᠶᠢᠯᠤᠮᠵᠢ】ᠠᠵᠢᠯ ᠠᠯᠳᠠᠭᠰᠠᠳ ᠤᠨ ᠳᠠᠭᠠᠳᠬᠠᠯ᠂ ᠠᠵᠢᠯ ᠠᠴᠠ ᠪᠣᠯᠣᠭᠰᠠᠨ ᠭᠡᠮᠲᠦᠯ ᠤᠨ | ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠦᠷᠭᠦᠯᠵᠢᠯᠡᠨ ᠱᠠᠲᠤᠴᠢ ᠴᠢᠨᠠᠷᠲᠠᠢ ᠪᠠᠷ ᠪᠠᠭᠤᠷᠠᠭᠤᠯᠤᠨ᠎ᠠ | 2019 ᠣᠨ ᠤ 5 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠵᠦ᠂ ︽ᠠᠵᠢᠯ ᠠᠯᠳᠠᠭᠰᠠᠳ ᠤᠨ | ᠳᠠᠭᠠᠳᠬᠠᠯ ᠤᠨ ᠨᠣᠷᠮ᠎ᠠ ᠶᠢ ᠱᠠᠲᠤᠴᠢ ᠴᠢᠨᠠᠷᠲᠠᠢ ᠪᠠᠷ ᠪᠠᠭᠠᠷᠠᠭᠤᠯᠬᠤ ᠲᠤᠬᠠᠢ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠡᠳ᠋ ᠤᠨ | ᠵᠠᠰᠠᠭ ᠤᠨ ᠲᠢᠩᠬᠢᠮ ᠣᠷᠣᠨ ᠨᠤᠲᠤᠭ ᠤᠨ ᠭᠠᠶᠢᠯᠢ ᠶᠢᠨ ᠶᠠᠪᠤᠳᠠᠯ ᠤᠨ ᠲᠣᠪᠴᠢᠶ᠎ᠠ ᠶᠢᠨ ᠮᠡᠳᠡᠭᠳᠡᠯ︾ ᠤᠨ | ᠬᠡᠷᠡᠭᠵᠢᠭᠦᠯᠬᠦ ᠬᠤᠭᠤᠴᠠᠭᠠᠨ ᠤ ᠬᠢᠵᠠᠭᠠᠷ ᠢ 2020 ᠣᠨ ᠤ 4 ᠳ᠋ᠦ᠋ᠭᠡᠷ ᠰᠠᠷ᠎ᠠ ᠶᠢᠨ 30 ᠡᠳᠦᠷ ᠪᠣᠯᠲᠠᠯ᠎ᠠ | ᠤᠷᠲᠤᠳᠬᠠᠨ᠎ᠠ᠃ ᠡᠨᠡ ᠬᠦ ᠬᠤᠭᠤᠴᠠᠭᠠᠨ ᠳᠤ᠂ ᠠᠵᠢᠯ ᠠᠯᠳᠠᠭᠰᠠᠳ ᠤᠨ ᠳᠠᠭᠠᠳᠬᠠᠯ ᠤᠨ ᠶᠡᠷᠦᠩᠬᠡᠢ | ᠰᠦᠢᠳᠬᠡᠯ ᠤᠨ ᠨᠣᠷᠮ᠎ᠠ ᠨᠢ 1% ᠪᠠᠶᠢᠵᠤ᠂ ᠲᠡᠭᠦᠨ ᠤ ᠳᠣᠲᠣᠷ᠎ᠠ ᠬᠥᠮᠥᠨ ᠬᠡᠷᠡᠭᠯᠡᠬᠦ ᠨᠢᠭᠡᠴᠢ ᠪᠠ ᠠᠵᠢᠯᠲᠠᠨ | ᠬᠤᠪᠢ ᠬᠥᠮᠥᠨ ᠮᠥᠨ ᠬᠦ ᠲᠤᠰ ᠲᠤᠰ 0.5% ᠢᠶᠠᠷ ᠬᠡᠷᠡᠭᠵᠢᠭᠦᠯᠦᠨ᠎ᠡ᠃ | 2019 ᠣᠨ ᠤ 5 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠵᠦ᠂ ︽ᠨᠡᠶᠢᠭᠡᠮ ᠤᠨ ᠳᠠᠭᠠᠳᠬᠠᠯ ᠤᠨ | ᠨᠣᠷᠮ᠎ᠠ ᠶᠢ ᠦᠷᠭᠦᠯᠵᠢᠯᠡᠨ ᠱᠠᠲᠤᠴᠢ ᠴᠢᠨᠠᠷᠲᠠᠢ ᠪᠠᠷ ᠪᠠᠭᠠᠷᠠᠭᠤᠯᠬᠤ ᠲᠤᠬᠠᠢ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠡᠳ᠋ ᠤᠨ | ᠵᠠᠰᠠᠭ ᠤᠨ ᠲᠢᠩᠬᠢᠮ ᠤᠨ ᠮᠡᠳᠡᠭᠳᠡᠯ︾ ᠳᠤ ᠠᠵᠢᠯ ᠠᠴᠠ ᠪᠣᠯᠣᠭᠰᠠᠨ ᠭᠡᠮᠲᠦᠯ ᠤᠨ ᠳᠠᠭᠠᠳᠬᠠᠯ ᠤᠨ ᠰᠦᠢᠳᠬᠡᠯ ᠤᠨ | ᠨᠣᠷᠮ᠎ᠠ ᠶᠢ ᠪᠠᠭᠤᠷᠠᠭᠤᠯᠬᠤ ᠶᠢ ᠬᠡᠷᠡᠭᠵᠢᠭᠦᠯᠬᠦ ᠬᠤᠭᠤᠴᠠᠭᠠᠨ ᠤ ᠬᠢᠵᠠᠭᠠᠷ ᠢ 2020 ᠣᠨ ᠤ 4 ᠳ᠋ᠦ᠋ᠭᠡᠷ ᠰᠠᠷ᠎ᠠ ᠶᠢᠨ | 30 ᠤ ᠡᠳᠦᠷ ᠪᠣᠯᠲᠠᠯ᠎ᠠ ᠤᠷᠲᠤᠳᠬᠠᠨ᠎ᠠ ᠭᠡᠵᠡᠢ᠃ 2018 ᠣᠨ ᠤ ᠰᠡᠭᠦᠯᠴᠢ ᠶᠢᠨ ᠠᠵᠢᠯ ᠠᠴᠠ ᠪᠣᠯᠣᠭᠰᠠᠨ | ᠭᠡᠮᠲᠦᠯ ᠤᠨ ᠳᠠᠭᠠᠳᠬᠠᠯ ᠤᠨ ᠰᠠᠭᠤᠷᠢ ᠮᠥᠩᠭᠦ ᠶᠢᠨ ᠨᠡᠶᠢᠲᠡ ᠦᠯᠡᠳᠡᠪᠦᠷᠢ ᠶᠢᠨ ᠣᠯᠭᠤᠨ ᠥᠭᠴᠦ ᠪᠣᠯᠬᠤ | ᠰᠠᠷ᠎ᠠ ᠶᠢᠨ ᠲᠤᠭ᠎ᠠ ᠨᠢ 18 ᠠᠴᠠ 23 ᠰᠠᠷ᠎ᠠ ᠪᠣᠯᠬᠤ ᠨᠢᠭᠡᠳᠦᠯᠲᠡᠢ ᠲᠥᠯᠥᠪᠯᠡᠬᠦ ᠭᠠᠵᠠᠷ ᠣᠷᠣᠨ ᠳᠤ᠂ ᠣᠳᠣ ᠶᠢᠨ | ᠬᠡᠷᠡᠭᠵᠢᠭᠦᠯᠵᠦ ᠪᠠᠶᠢᠭ᠎ᠠ ᠰᠦᠢᠳᠬᠡᠯ ᠤᠨ ᠨᠣᠷᠮ᠎ᠠ ︵2018 ᠣᠨ ᠤ ᠠᠵᠢᠯ ᠤᠨ ᠭᠡᠮᠲᠦᠯ ᠠᠴᠠ ᠪᠣᠯᠣᠭᠰᠠᠨ | ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠱᠠᠲᠤᠴᠢ ᠴᠢᠨᠠᠷᠲᠠᠢ ᠪᠠᠷ ᠪᠠᠭᠤᠷᠠᠭᠤᠯᠬᠤ ᠲᠥᠷᠥ ᠶᠢᠨ ᠪᠣᠳᠣᠯᠭ᠎ᠠ ᠶᠢ | ᠬᠡᠷᠡᠭᠵᠢᠭᠦᠯᠬᠦ ᠠᠴᠠ ᠡᠮᠦᠨ᠎ᠡ ᠲᠣᠬᠢᠷᠠᠭᠤᠯᠤᠨ ᠬᠡᠷᠡᠭᠯᠡᠭᠰᠡᠨ ᠰᠦᠢᠳᠬᠡᠯ ᠤᠨ ᠨᠣᠷᠮ᠎ᠠ ᠶᠢ ᠵᠢᠭᠠᠵᠤ ᠪᠠᠶᠢᠨ᠎ᠠ︶ ᠪᠠᠷ | ᠰᠠᠭᠤᠷᠢ ᠪᠣᠯᠭᠠᠨ 20% ᠪᠠᠷ ᠪᠠᠭᠤᠷᠠᠭᠤᠯᠵᠤ ᠪᠣᠯᠣᠨ᠎ᠠ᠃ ᠨᠡᠶᠢᠲᠡ ᠦᠯᠡᠳᠡᠪᠦᠷᠢ ᠶᠢᠨ ᠣᠯᠭᠤᠨ ᠥᠭᠴᠦ ᠪᠣᠯᠬᠤ | ᠰᠠᠷ᠎ᠠ ᠶᠢᠨ ᠲᠤᠭ᠎ᠠ ᠨᠢ 24 ᠰᠠᠷ᠎ᠠ ᠠᠴᠠ ᠳᠡᠭᠡᠭᠰᠢᠬᠢ ᠨᠢᠭᠡᠳᠦᠯᠲᠡᠢ ᠲᠥᠯᠥᠪᠯᠡᠬᠦ ᠭᠠᠵᠠᠷ ᠣᠷᠣᠨ ᠳᠤ᠂ ᠣᠳᠣ ᠶᠢᠨ | ᠬᠡᠷᠡᠭᠵᠢᠭᠦᠯᠵᠦ ᠪᠠᠶᠢᠭ᠎ᠠ ᠰᠦᠢᠳᠬᠡᠯ ᠤᠨ ᠨᠣᠷᠮ᠎ᠠ ᠪᠠᠷ ᠰᠠᠭᠤᠷᠢ ᠪᠣᠯᠭᠠᠨ 50% ᠪᠠᠷ ᠪᠠᠭᠤᠷᠠᠭᠤᠯᠵᠤ ᠪᠣᠯᠣᠨ᠎ᠠ᠃ | ᠱᠠᠲᠤᠴᠢ ᠴᠢᠨᠠᠷᠲᠠᠢ ᠪᠠᠷ ᠰᠦᠢᠳᠬᠡᠯ ᠪᠠᠭᠤᠷᠠᠭᠤᠯᠬᠤ ᠬᠤᠭᠤᠴᠠᠭᠠᠨ ᠳᠤ᠂ ᠰᠦᠢᠳᠬᠡᠯ ᠤᠨ ᠨᠣᠷᠮ᠎ᠠ ᠶᠢ | ᠲᠣᠭᠲᠠᠭᠠᠭᠰᠠᠨ ᠤ ᠳᠠᠷᠠᠭ᠎ᠠ ᠶᠡᠷᠦ ᠶᠢᠨ ᠪᠠᠶᠢᠳᠠᠯ ᠳᠤ ᠲᠣᠬᠢᠷᠠᠭᠤᠯᠤᠯᠲᠠ ᠬᠢᠬᠦ ᠦᠭᠡᠢ᠃ | 【ᠲᠠᠶᠢᠯᠤᠮᠵᠢ】ᠨᠠᠰᠤᠵᠢᠯ ᠤᠨ ᠳᠠᠭᠠᠳᠬᠠᠯ ᠤᠨ ᠲᠤᠰᠢᠶᠠᠬᠤ ᠰᠦᠢᠳᠬᠡᠯ ᠤᠨ ᠰᠠᠭᠤᠷᠢ ᠲᠤᠭ᠎ᠠ ᠶᠢᠨ | ᠲᠥᠷᠥ ᠶᠢᠨ ᠪᠣᠳᠣᠯᠭ᠎ᠠ ᠳᠤ ᠲᠣᠬᠢᠷᠠᠭᠤᠯᠤᠯᠲᠠ ᠬᠢᠨ᠎ᠡ | 2019 ᠣᠨ ᠤ 5 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠵᠦ᠂ ᠨᠡᠶᠢᠭᠡᠮ ᠤᠨ ᠳᠠᠭᠠᠳᠬᠠᠯ ᠤᠨ | ᠰᠦᠢᠳᠬᠡᠯ ᠲᠤᠰᠢᠶᠠᠬᠤ ᠰᠠᠭᠤᠷᠢ ᠲᠤᠭ᠎ᠠ ᠶᠢᠨ ᠲᠥᠷᠥ ᠶᠢᠨ ᠪᠣᠳᠣᠯᠭ᠎ᠠ ᠳᠤ ᠲᠣᠬᠢᠷᠠᠭᠤᠯᠤᠯᠲᠠ ᠬᠢᠬᠦ ᠪᠠ | ᠲᠡᠭᠦᠯᠳᠡᠷᠵᠢᠭᠦᠯᠦᠨ᠎ᠡ᠃ | ︵ᠨᠢᠭᠡ︶ ᠠᠵᠢᠯ ᠣᠯᠣᠭᠰᠠᠳ ᠤᠨ ᠳᠤᠮᠳᠠᠴᠢ ᠴᠠᠯᠢᠩ ᠤᠨ ᠲᠣᠭᠠᠴᠠᠨ ᠪᠣᠳᠣᠬᠤ ᠰᠢᠰᠲ᠋ᠧᠮ ᠳᠤ | ᠲᠣᠬᠢᠷᠠᠭᠤᠯᠤᠯᠲᠠ ᠬᠢᠨ᠎ᠡ᠃ ᠳᠡᠭᠡᠷ᠎ᠡ ᠣᠨ ᠤ ᠥᠪᠡᠷᠲᠡᠭᠡᠨ ᠵᠠᠰᠠᠬᠤ ᠣᠷᠣᠨ ᠤ ᠬᠤᠲᠠ ᠪᠠᠯᠭᠠᠰᠤ ᠶᠢᠨ | ᠬᠤᠪᠢ ᠪᠠᠷ ᠢᠶᠠᠨ ᠡᠵᠡᠩᠨᠡᠭᠰᠡᠨ ᠪᠤᠰᠤ ᠨᠢᠭᠡᠴᠢ ᠳᠤ ᠠᠵᠢᠯ ᠣᠯᠣᠭᠰᠠᠳ ᠤᠨ ᠳᠤᠮᠳᠠᠴᠢ ᠴᠠᠯᠢᠩ ᠪᠠ ᠬᠤᠲᠠ | ᠪᠠᠯᠭᠠᠰᠤ ᠶᠢᠨ ᠬᠤᠪᠢ ᠪᠠᠷ ᠢᠶᠠᠨ ᠡᠵᠡᠩᠨᠡᠭᠰᠡᠨ ᠨᠢᠭᠡᠴᠢ ᠳᠤ ᠠᠵᠢᠯ ᠣᠯᠣᠭᠰᠠᠳ ᠤᠨ ᠳᠤᠮᠳᠠᠴᠢ ᠴᠠᠯᠢᠩ ᠤᠨ | ᠰᠠᠭᠤᠷᠢ ᠲᠤᠭ᠎ᠠ ᠪᠠᠷ ᠦᠷᠡᠵᠢᠭᠦᠯᠦᠨ ᠪᠣᠳᠣᠭᠰᠠᠨ ᠪᠦᠬᠦ ᠰᠢᠰᠲ᠋ᠧᠮ ᠤᠨ ᠬᠢᠨ ᠤ ᠬᠤᠲᠠ ᠪᠠᠯᠭᠠᠰᠤ ᠶᠢᠨ ᠨᠢᠭᠡᠴᠢ ᠳᠤ | ᠠᠵᠢᠯ ᠣᠯᠣᠭᠰᠠᠳ ᠤᠨ ᠳᠤᠮᠳᠠᠴᠢ ᠴᠠᠯᠢᠩ ᠢᠶᠠᠷ ᠨᠠᠰᠤᠵᠢᠯ ᠤᠨ ᠳᠠᠭᠠᠳᠬᠠᠯ ᠤᠨ ᠬᠤᠪᠢ ᠬᠥᠮᠥᠨ ᠤ ᠲᠤᠰᠢᠶᠠᠬᠤ | ᠰᠦᠢᠳᠬᠡᠯ ᠤᠨ ᠰᠠᠭᠤᠷᠢ ᠲᠤᠭ᠎ᠠ ᠶᠢᠨ ᠳᠡᠭᠡᠳᠦ ᠳᠣᠣᠷᠠᠳᠤ ᠬᠢᠵᠠᠭᠠᠷ ᠢ ᠬᠠᠷᠭᠤᠭᠤᠯᠤᠨ ᠲᠣᠭᠲᠠᠭᠠᠨ᠎ᠠ᠃ | ︵ᠬᠤᠶᠠᠷ︶ ᠠᠵᠤ ᠠᠬᠤᠶᠢᠯᠠᠯ ᠤᠨ ᠠᠵᠢᠯᠲᠠᠨ ᠤ ᠨᠠᠰᠤᠵᠢᠯ ᠤᠨ ᠳᠠᠭᠠᠳᠬᠠᠯ ᠤᠨ ᠨᠢᠭᠡᠴᠢ ᠶᠢᠨ ᠲᠤᠰᠢᠶᠠᠬᠤ | ᠰᠦᠢᠳᠬᠡᠯ ᠤᠨ ᠰᠠᠭᠤᠷᠢ ᠲᠤᠭ᠎ᠠ ᠶᠢᠨ ᠲᠥᠷᠥ ᠶᠢᠨ ᠪᠣᠳᠣᠯᠭ᠎ᠠ ᠶᠢ ᠲᠡᠭᠦᠯᠳᠡᠷᠵᠢᠭᠦᠯᠦᠨ᠎ᠡ᠃ ᠠᠵᠤ ᠠᠬᠤᠶᠢᠯᠠᠯ ᠤᠨ | ᠠᠵᠢᠯᠲᠠᠨ ᠤ ᠦᠨᠳᠦᠰᠦᠨ ᠨᠠᠰᠤᠵᠢᠯ ᠤᠨ ᠳᠠᠭᠠᠳᠬᠠᠯ ᠳᠤ ᠣᠷᠣᠭᠰᠠᠨ ᠨᠢᠭᠡᠴᠢ ᠨᠢ᠂ ᠲᠤᠰ ᠨᠢᠭᠡᠴᠢ ᠶᠢᠨ ᠢᠶᠠᠨ | ᠳᠡᠭᠡᠷ᠎ᠡ ᠣᠨ ᠤ ᠴᠠᠯᠢᠩ ᠤᠨ ᠶᠡᠷᠦᠩᠬᠡᠢ ᠲᠤᠭ᠎ᠠ ᠪᠠᠷ ᠰᠠᠭᠤᠷᠢ ᠪᠣᠯᠭᠠᠵᠤ ᠦᠨᠳᠦᠰᠦᠨ ᠨᠠᠰᠤᠵᠢᠯ ᠤᠨ | ᠳᠠᠭᠠᠳᠬᠠᠯ ᠤᠨ ᠰᠦᠢᠳᠬᠡᠯ ᠢ ᠲᠤᠰᠢᠶᠠᠨ᠎ᠠ᠃ | ︵ᠭᠤᠷᠪᠠ︶ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠪᠠ ᠠᠮᠢᠳᠤᠯᠢᠭ ᠢᠶᠠᠷ ᠠᠵᠢᠯ | ᠣᠯᠣᠭᠰᠠᠳ ᠤᠨ ᠲᠤᠰᠢᠶᠠᠬᠤ ᠰᠦᠢᠳᠬᠡᠯ ᠤᠨ ᠰᠠᠭᠤᠷᠢ ᠲᠤᠭ᠎ᠠ ᠶᠢᠨ ᠲᠥᠷᠥ ᠶᠢᠨ ᠪᠣᠳᠣᠯᠭ᠎ᠠ ᠶᠢ | ᠲᠡᠭᠦᠯᠳᠡᠷᠵᠢᠭᠦᠯᠦᠨ᠎ᠡ᠃ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠪᠠ ᠠᠮᠢᠳᠤᠯᠢᠭ ᠢᠶᠠᠷ ᠠᠵᠢᠯ | ᠣᠯᠣᠭᠰᠠᠳ ᠠᠵᠤ ᠠᠬᠤᠶᠢᠯᠠᠯ ᠤᠨ ᠠᠵᠢᠯᠲᠠᠨ ᠤ ᠦᠨᠳᠦᠰᠦᠨ ᠨᠠᠰᠤᠵᠢᠯ ᠤᠨ ᠳᠠᠭᠠᠳᠬᠠᠯ ᠳᠤ ᠣᠷᠣᠪᠠᠯ᠂ ᠳᠡᠭᠡᠷ᠎ᠡ | ᠣᠨ ᠤ ᠥᠪᠡᠷᠲᠡᠭᠡᠨ ᠵᠠᠰᠠᠬᠤ ᠣᠷᠣᠨ ᠤ ᠪᠦᠬᠦ ᠰᠢᠰᠲ᠋ᠧᠮ ᠤᠨ ᠬᠢᠨ ᠤ ᠬᠤᠲᠠ ᠪᠠᠯᠭᠠᠰᠤ ᠶᠢᠨ ᠨᠢᠭᠡᠴᠢ ᠳᠤ ᠠᠵᠢᠯ | ᠣᠯᠣᠭᠰᠠᠳ ᠤᠨ ᠳᠤᠮᠳᠠᠴᠢ ᠴᠠᠯᠢᠩ ᠤᠨ 60% ᠠᠴᠠ 300% ᠶᠢᠨ ᠬᠤᠭᠤᠷᠣᠨᠳᠤ ᠲᠤᠰᠢᠶᠠᠬᠤ ᠰᠦᠢᠳᠬᠡᠯ ᠤᠨ | ᠲᠣᠬᠢᠷᠠᠭᠰᠠᠨ ᠰᠠᠭᠤᠷᠢ ᠲᠤᠭ᠎ᠠ ᠶᠢ ᠰᠣᠩᠭᠤᠵᠤ ᠪᠣᠯᠣᠨ᠎ᠠ᠃ | 【ᠲᠠᠶᠢᠯᠤᠮᠵᠢ】ᠣᠳᠣ ᠶᠢᠨ ᠬᠡᠷᠡᠭᠵᠢᠭᠦᠯᠵᠦ ᠪᠠᠶᠢᠭ᠎ᠠ ᠳᠦᠷᠢᠮ ᠶᠣᠰᠣᠭᠠᠷ ᠦᠷᠭᠦᠯᠵᠢᠯᠡᠨ ᠨᠡᠶᠢᠭᠡᠮ ᠤᠨ | ᠳᠠᠭᠠᠳᠬᠠᠯ ᠤᠨ ᠰᠦᠢᠳᠬᠡᠯ ᠢ ᠬᠤᠷᠢᠶᠠᠨ᠎ᠠ | ᠨᠡᠶᠢᠭᠡᠮ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠤᠷᠠᠭᠤᠯᠤᠭᠰᠠᠨ ᠤ ᠳᠠᠷᠠᠭ᠎ᠠ᠂ ᠨᠡᠶᠢᠭᠡᠮ ᠤᠨ | ᠳᠠᠭᠠᠳᠬᠠᠯ ᠤᠨ ᠰᠦᠢᠳᠬᠡᠯ ᠢ ᠬᠤᠷᠢᠶᠠᠬᠤ ᠠᠵᠢᠯ ᠢ ᠬᠡᠷᠬᠢᠨ ᠥᠷᠨᠢᠭᠦᠯᠬᠦ ᠶᠠᠪᠤᠳᠠᠯ ᠤᠨ ᠲᠤᠬᠠᠢ᠂ ᠤᠯᠤᠰ ᠤᠨ | ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠭᠠᠶᠢᠯᠢ ᠶᠢᠨ ᠶᠠᠪᠤᠳᠠᠯ ᠤᠨ ᠲᠣᠪᠴᠢᠶ᠎ᠠ ᠶᠢᠨ ᠳᠡᠳ᠋ ᠳᠠᠷᠤᠭ᠎ᠠ ᠡᠾᠦ᠋ᠸᠧ ᠸᠧᠨ ᠭᠠᠩ ᠲᠠᠨᠢᠯᠴᠠᠭᠤᠯᠬᠤ ᠳᠤ ᠪᠠᠨ᠂ | ᠠᠵᠤ ᠠᠬᠤᠶᠢᠯᠠᠯ ᠤᠨ ᠠᠵᠢᠯᠲᠠᠨ᠂ ᠪᠠᠶᠢᠭᠤᠯᠭ᠎ᠠ ᠶᠢᠨ ᠠᠵᠢᠯ ᠦᠢᠯᠡᠰ ᠤᠨ ᠨᠢᠭᠡᠴᠢ ᠶᠢᠨ ᠨᠡᠶᠢᠭᠡᠮ ᠤᠨ | ᠳᠠᠭᠠᠳᠬᠠᠯ ᠤᠨ ᠰᠦᠢᠳᠬᠡᠯ ᠢ ᠵᠠᠷᠴᠢᠮ ᠳᠡᠭᠡᠷ᠎ᠡ ᠪᠠᠨ ᠲᠦᠷ ᠴᠠᠭ ᠣᠳᠣ ᠶᠢᠨ ᠬᠡᠷᠡᠭᠵᠢᠭᠦᠯᠵᠦ ᠪᠠᠶᠢᠭ᠎ᠠ ᠬᠤᠷᠢᠶᠠᠬᠤ | ᠳᠦᠷᠢᠮ ᠶᠣᠰᠣᠭᠠᠷ ᠦᠷᠭᠦᠯᠵᠢᠯᠡᠨ ᠬᠤᠷᠢᠶᠠᠨ᠎ᠠ᠂ ᠲᠤᠬᠠᠶᠢᠯᠠᠪᠠᠯ ᠨᠡᠶᠢᠭᠡᠮ ᠤᠨ ᠳᠠᠭᠠᠳᠬᠠᠯ ᠢ ᠬᠠᠷᠭᠤᠭᠤᠯᠤᠨ | ᠲᠣᠭᠲᠠᠭᠠᠵᠤ᠂ ᠭᠠᠶᠢᠯᠢ ᠶᠢᠨ ᠶᠠᠪᠤᠳᠠᠯ ᠢ ᠲᠠᠲᠠᠪᠤᠷᠢᠯᠠᠨ ᠬᠤᠷᠢᠶᠠᠬᠤ ᠵᠠᠭᠪᠤᠷ ᠢ ᠦᠷᠭᠦᠯᠵᠢᠯᠡᠨ ᠬᠡᠷᠡᠭᠯᠡᠨ᠎ᠡ︔ ᠬᠤᠲᠠ | ᠬᠥᠳᠡᠭᠡ ᠶᠢᠨ ᠰᠠᠭᠤᠭᠠᠯᠢ ᠠᠷᠠᠳ ᠤᠨ ᠨᠡᠶᠢᠭᠡᠮ ᠤᠨ ᠳᠠᠭᠠᠳᠬᠠᠯ ᠤᠨ ᠰᠦᠢᠳᠬᠡᠯ ᠳᠤ᠂ ᠵᠠᠰᠠᠭ ᠤᠨ ᠣᠷᠳᠣᠨ ᠠᠴᠠ | ᠨᠢᠭᠡᠳᠦᠯᠲᠡᠢ ᠪᠠᠷ ᠵᠣᠬᠢᠶᠠᠨ ᠪᠠᠶᠢᠭᠤᠯᠵᠤ᠂ ᠣᠯᠠᠨ ᠲᠠᠯ᠎ᠠ ᠠᠴᠠ ᠬᠠᠮᠵᠢᠯᠴᠠᠨ ᠠᠵᠢᠯᠯᠠᠬᠤ ᠶᠢ ᠦᠷᠭᠦᠯᠵᠢᠯᠡᠨ | ᠬᠡᠷᠡᠭᠯᠡᠵᠦ᠂ ᠲᠥᠪᠯᠡᠷᠡᠭᠦᠯᠦᠨ ᠬᠤᠷᠢᠶᠠᠬᠤ ᠪᠤᠶᠤ ᠲᠣᠰᠬᠤᠨ ︵ᠨᠡᠶᠢᠭᠡᠮ ᠲᠣᠭᠤᠷᠢᠭ︶᠂ ᠰᠤᠷᠭᠠᠭᠤᠯᠢ ᠳᠤ | ᠨᠠᠶᠢᠳᠠᠵᠤ ᠲᠥᠪᠯᠡᠷᠡᠭᠦᠯᠵᠦ ᠣᠷᠣᠯᠠᠨ ᠬᠤᠷᠢᠶᠠᠬᠤ ᠵᠡᠷᠭᠡ ᠠᠷᠭ᠎ᠠ ᠬᠡᠯᠪᠡᠷᠢ ᠪᠠᠷ ᠬᠤᠷᠢᠶᠠᠵᠤ᠂ ᠰᠦᠢᠳᠬᠡᠯ ᠬᠤᠷᠢᠶᠠᠬᠤ | ᠠᠵᠢᠯ ᠤᠨ ᠲᠣᠭᠲᠠᠭᠤᠨ ᠪᠠᠶᠢᠬᠤ ᠶᠢ ᠪᠠᠲᠤᠯᠠᠨ᠎ᠠ᠃ | ᠡᠾᠦ᠋ᠸᠧ ᠸᠧᠨ ᠭᠠᠩ ᠤᠨ ᠲᠠᠨᠢᠯᠴᠠᠭᠤᠯᠤᠭᠰᠠᠨ ᠢ ᠦᠨᠳᠦᠰᠦᠯᠡᠪᠡᠯ᠂ ᠭᠠᠶᠢᠯᠢ ᠶᠢᠨ ᠶᠠᠪᠤᠳᠠᠯ ᠤᠨ ᠰᠠᠯᠠᠭ᠎ᠠ | ᠮᠥᠴᠢᠷ ᠠᠴᠠ ᠨᠡᠶᠢᠭᠡᠮ ᠤᠨ ᠳᠠᠭᠠᠳᠬᠠᠯ ᠤᠨ ᠰᠦᠢᠳᠬᠡᠯ ᠢ ᠬᠤᠷᠢᠶᠠᠬᠤ ᠮᠡᠳᠡᠭᠡ ᠵᠠᠩᠭᠢ ᠶᠢᠨ ᠰᠢᠰᠲ᠋ᠧᠮ ᠢ ᠴᠠᠭ | ᠲᠤᠬᠠᠢ ᠳᠤ ᠨᠢ ᠳᠡᠰ ᠳᠡᠪᠰᠢᠭᠦᠯᠦᠨ ᠰᠢᠯᠢᠳᠡᠭᠵᠢᠭᠦᠯᠵᠦ᠂ ᠪᠣᠯᠵᠣᠯᠲᠤ ᠲᠤᠭ᠎ᠠ ᠳᠤ ᠲᠣᠬᠢᠷᠠᠭᠤᠯᠤᠯᠲᠠ ᠬᠢᠵᠦ᠂ | ᠨᠡᠶᠢᠭᠡᠮ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠤᠷᠠᠭᠤᠯᠬᠤ ᠠᠵᠢᠯ ᠤᠨ ᠱᠠᠭᠠᠷᠳᠠᠯᠭ᠎ᠠ ᠶᠢ | ᠪᠠᠲᠤᠯᠠᠨ᠎ᠠ᠃ | 4 ᠳ᠋ᠦ᠋ᠭᠡᠷ ᠰᠠᠷ᠎ᠠ ᠶᠢᠨ 1 ᠤ ᠡᠳᠦᠷ᠂ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠠᠯᠪᠠᠨ ᠲᠢᠩᠬᠢᠮ ᠠᠴᠠ ︽ | ᠨᠡᠶᠢᠭᠡᠮ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠤᠷᠠᠭᠤᠯᠬᠤ ᠶᠡᠷᠦᠩᠬᠡᠢ ᠲᠥᠰᠥᠯ︾ ᠢ ᠳᠠᠷᠤᠮᠠᠯᠯᠠᠨ | ᠲᠠᠷᠬᠠᠭᠠᠵᠤ᠂ ᠡᠮᠴᠢᠯᠡᠭᠡ ᠶᠢᠨ ᠳᠠᠭᠠᠳᠬᠠᠯ᠂ ᠬᠥᠩᠭᠡᠵᠢᠯ ᠤᠨ ᠳᠠᠭᠠᠳᠬᠠᠯ ᠤᠨ ᠲᠤᠰᠢᠶᠠᠬᠤ ᠰᠦᠢᠳᠬᠡᠯ ᠤᠨ ᠰᠠᠭᠤᠷᠢ | ᠲᠤᠭ᠎ᠠ ᠳᠤ ᠲᠣᠬᠢᠷᠠᠭᠤᠯᠤᠯᠲᠠ ᠬᠢᠬᠦ ᠲᠤᠬᠠᠢ ᠲᠣᠳᠣᠷᠬᠠᠢ ᠲᠥᠷᠥ ᠶᠢᠨ ᠪᠣᠳᠣᠯᠭ᠎ᠠ ᠶᠢᠨ ᠲᠣᠭᠲᠠᠭᠠᠯ ᠪᠠ ᠠᠵᠢᠯ ᠤᠨ | ᠱᠠᠭᠠᠷᠳᠠᠯᠭ᠎ᠠ ᠲᠣᠭᠲᠠᠭᠠᠪᠠ᠃ ᠡᠨᠡ ᠬᠦ ᠵᠦᠢᠯ ᠤᠨ ᠠᠵᠢᠯ ᠢ ᠰᠠᠶᠢᠲᠤᠷ ᠬᠢᠬᠦ ᠶᠢᠨ ᠲᠤᠰᠠᠳᠠ᠂ ᠥᠪᠡᠷᠲᠡᠭᠡᠨ ᠵᠠᠰᠠᠬᠤ | ᠣᠷᠣᠨ ᠤ ᠡᠮᠴᠢᠯᠡᠭᠡ ᠶᠢᠨ ᠪᠠᠲᠤᠯᠠᠭ᠎ᠠ ᠶᠢᠨ ᠲᠣᠪᠴᠢᠶ᠎ᠠ ᠠᠴᠠ ᠪᠣᠳᠠᠲᠠᠢ ᠠᠷᠭ᠎ᠠ ᠬᠡᠮᠵᠢᠶ᠎ᠡ ᠲᠣᠭᠲᠠᠭᠠᠵᠤ᠂ | ᠤᠯᠤᠰ ᠤᠨ ᠨᠡᠶᠢᠭᠡᠮ ᠤᠨ ᠳᠠᠭᠠᠳᠬᠠᠯ ᠤᠨ ᠰᠦᠢᠳᠬᠡᠯ ᠤᠨ ᠨᠣᠷᠮ᠎ᠠ ᠶᠢ ᠪᠠᠭᠤᠷᠠᠭᠤᠯᠬᠤ ᠲᠥᠷᠥ ᠶᠢᠨ ᠪᠣᠳᠣᠯᠭ᠎ᠠ ᠶᠢ | 5 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠨ ᠤᠷᠤᠭᠰᠢᠲᠠᠢ ᠬᠡᠷᠡᠭᠵᠢᠭᠦᠯᠬᠦ ᠶᠢ ᠪᠠᠲᠤᠯᠠᠪᠠ᠃ ᠥᠪᠡᠷᠲᠡᠭᠡᠨ | ᠵᠠᠰᠠᠬᠤ ᠣᠷᠣᠨ ᠤ ᠡᠮᠴᠢᠯᠡᠭᠡ ᠶᠢᠨ ᠪᠠᠲᠤᠯᠠᠭ᠎ᠠ ᠶᠢᠨ ᠲᠣᠪᠴᠢᠶ᠎ᠠ ᠶᠢᠨ ᠳᠠᠷᠤᠭ᠎ᠠ ᠶᠢᠨ ᠮᠠᠨ ᠢ ᠶᠢᠨ | ᠲᠠᠨᠢᠯᠴᠠᠭᠤᠯᠤᠭᠰᠠᠨ ᠢ ᠦᠨᠳᠦᠰᠦᠯᠡᠪᠡᠯ᠂ ᠮᠠᠨ ᠤ ᠣᠷᠣᠨ ᠠᠴᠠ ᠤᠯᠤᠰ ᠤᠨ ᠲᠣᠭᠲᠠᠭᠠᠭᠰᠠᠨ ᠲᠥᠷᠥ ᠶᠢᠨ | ᠪᠣᠳᠣᠯᠭ᠎ᠠ ᠶᠢᠨ ᠪᠠᠷᠢᠮᠵᠢᠶ᠎ᠠ ᠶᠢ ᠴᠢᠩᠭ᠎ᠠ ᠨᠠᠶᠢᠳᠠᠪᠤᠷᠢᠵᠢᠭᠤᠯᠤᠨ᠂ ᠡᠮᠴᠢᠯᠡᠭᠡ ᠶᠢᠨ ᠳᠠᠭᠠᠳᠬᠠᠯ᠂ ᠬᠥᠩᠭᠡᠵᠢᠯ ᠤᠨ | ᠳᠠᠭᠠᠳᠬᠠᠯ ᠤᠨ ᠲᠤᠰᠢᠶᠠᠬᠤ ᠰᠦᠢᠳᠬᠡᠯ ᠤᠨ ᠰᠠᠭᠤᠷᠢ ᠲᠤᠭ᠎ᠠ ᠳᠤ ᠬᠤᠭᠤᠴᠠᠭ᠎ᠠ ᠶᠣᠰᠣᠭᠠᠷ ᠲᠣᠬᠢᠷᠠᠭᠤᠯᠤᠯᠲᠠ | ᠬᠢᠨ᠎ᠡ᠃ ᠨᠡᠶᠢᠭᠡᠮ ᠤᠨ ᠳᠠᠭᠠᠳᠬᠠᠯ ᠤᠨ ᠲᠤᠰᠢᠶᠠᠬᠤ ᠰᠦᠢᠳᠬᠡᠯ ᠤᠨ ᠰᠠᠭᠤᠷᠢ ᠲᠤᠭ᠎ᠠ ᠳᠤ ᠲᠣᠬᠢᠷᠠᠭᠤᠯᠤᠯᠲᠠ | ᠬᠢᠭᠰᠡᠨ ᠤ ᠳᠠᠷᠠᠭ᠎ᠠ᠂ ᠮᠠᠨ ᠤ ᠣᠷᠣᠨ ᠠᠴᠠ ᠡᠮᠴᠢᠯᠡᠭᠡ ᠬᠥᠩᠭᠡᠵᠢᠯ ᠤᠨ ᠳᠠᠭᠠᠳᠬᠠᠯ ᠤᠨ ᠰᠠᠭᠤᠷᠢ ᠮᠥᠩᠭᠦ ᠶᠢ | ᠠᠵᠢᠯᠯᠠᠭᠤᠯᠤᠨ ᠵᠠᠳᠠᠯᠤᠯᠲᠠ ᠬᠢᠬᠦ ᠶᠢ ᠤᠯᠠᠮ ᠨᠢᠭᠡ ᠠᠯᠬᠤᠮ ᠴᠢᠩᠭᠠᠳᠬᠠᠵᠤ᠂ ᠬᠢᠨᠠᠨ ᠰᠢᠨᠵᠢᠯᠡᠵᠦ | ᠰᠡᠷᠡᠮᠵᠢᠯᠡᠭᠦᠯᠬᠦ ᠶᠢ ᠴᠢᠩᠭᠠᠷᠠᠭᠤᠯᠤᠨ᠎ᠠ᠃ ᠡᠭᠦᠨ ᠤ ᠬᠠᠮᠲᠤ᠂ ︽ᠡᠮᠴᠢᠯᠡᠭᠡ ᠡᠷᠡᠭᠦᠯ ᠬᠠᠮᠠᠭᠠᠯᠠᠯ ᠡᠮ ᠤᠨ | ᠵᠦᠢᠯᠡᠰ ᠤᠨ ᠬᠤᠯᠪᠣᠭᠠᠯᠠᠨ ᠦᠢᠯᠡᠳᠦᠯᠴᠡᠬᠦ︾ ᠥᠭᠡᠷᠡᠴᠢᠯᠡᠯᠲᠡ ᠶᠢ ᠨᠢᠭᠡᠳᠦᠯᠲᠡᠢ ᠲᠥᠯᠥᠪᠯᠡᠨ ᠠᠬᠢᠭᠤᠯᠵᠤ᠂ | ᠡᠮᠴᠢᠯᠡᠭᠡ ᠶᠢᠨ ᠳᠠᠭᠠᠳᠬᠠᠯ ᠤᠨ ᠪᠡᠯᠡ ᠮᠥᠩᠭᠦ ᠶᠢ ᠵᠦᠢ ᠵᠣᠬᠢᠰᠲᠠᠢ ᠪᠠᠷ ᠬᠡᠷᠡᠭᠯᠡᠨ᠂ ᠠᠮᠤᠷ ᠲᠦᠪᠰᠢᠨ ᠢᠶᠠᠷ | ᠡᠵᠡᠮᠳᠡᠬᠦ ᠶᠢ ᠪᠠᠲᠤᠯᠠᠵᠤ᠂ ᠡᠮᠴᠢᠯᠡᠭᠡ ᠶᠢᠨ ᠪᠠᠲᠤᠯᠠᠭ᠎ᠠ ᠶᠢᠨ ᠬᠢᠷᠢ ᠲᠦᠪᠰᠢᠨ ᠢ ᠲᠠᠰᠤᠷᠠᠯᠲᠠ ᠦᠭᠡᠢ | ᠳᠡᠭᠡᠭᠰᠢᠯᠡᠭᠦᠯᠦᠨ᠎ᠡ᠃ | |