5 ᠳ᠋ᠤᠭᠠᠷ ᠰᠠᠷ᠎ᠠ ᠶᠢᠨ 14 ᠤ ᠡᠳᠦᠷ᠂ ᠥᠪᠡᠷᠲᠡᠭᠡᠨ ᠵᠠᠰᠠᠬᠤ ᠣᠷᠣᠨ ᠤ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠠᠬᠠᠮᠠᠳ ᠺᠠᠳ᠋ᠷ ᠤᠨ | ᠲᠣᠪᠴᠢᠶ᠎ᠠ᠂ ᠥᠪᠡᠷᠲᠡᠭᠡᠨ ᠵᠠᠰᠠᠬᠤ ᠣᠷᠣᠨ ᠤ ᠬᠡᠷᠡᠭᠯᠡᠭᠴᠢᠳ ᠤᠨ ᠨᠡᠶᠢᠭᠡᠮᠯᠢᠭ ᠤᠨ ︽ᠨᠠᠰᠤᠲᠠᠶᠢᠴᠤᠳ ᠤᠨ | ᠬᠡᠷᠡᠭᠯᠡᠭᠡᠨ ᠤ ᠬᠥᠮᠦᠵᠢᠯ ᠤᠨ ᠰᠠᠭᠤᠷᠢᠨ ᠭᠠᠵᠠᠷ︾ ᠤᠨ ᠢᠯᠡᠷᠬᠡᠶᠢᠯᠡᠯ ᠡᠯᠬᠦᠬᠦ ᠶᠣᠰᠣᠯᠠᠯ ᠵᠢᠴᠢ ︽ᠬᠡᠷᠡᠭᠯᠡᠭᠡᠨ ᠤ | ᠬᠥᠮᠦᠵᠢᠯ ᠢ ᠨᠠᠰᠤᠳᠠᠶᠢᠴᠤᠳ ᠤᠨ ᠶᠡᠭᠡ ᠰᠤᠷᠭᠠᠭᠤᠯᠢ ᠳᠤ ᠲᠦᠭᠡᠮᠡᠯᠵᠢᠭᠦᠯᠬᠦ︾ ᠤᠬᠠᠭᠤᠯᠭ᠎ᠠ ᠶᠢᠨ ᠠᠵᠢᠯᠯᠠᠭ᠎ᠠ | ᠥᠪᠥᠷ ᠮᠣᠩᠭᠤᠯ ᠤᠨ ᠠᠬᠠᠮᠠᠳ ᠺᠠᠳ᠋ᠷ ᠤᠨ ᠬᠦᠳᠡᠯᠭᠡᠭᠡᠨ ᠤ ᠲᠥᠪ ᠲᠤ ᠶᠠᠪᠤᠭᠳᠠᠪᠠ᠃ | ᠣᠶᠢᠷ᠎ᠠ ᠶᠢᠨ ᠵᠢᠯ ᠳᠤ᠂ ᠥᠪᠡᠷᠲᠡᠭᠡᠨ ᠵᠠᠰᠠᠬᠤ ᠣᠷᠣᠨ ᠤ ᠬᠡᠷᠡᠭᠯᠡᠭᠴᠢᠳ ᠤᠨ ᠨᠡᠶᠢᠭᠡᠮᠯᠢᠭ ᠪᠥᠬᠦ ᠣᠷᠣᠨ ᠤ | ᠡᠯ᠎ᠡ ᠱᠠᠲᠤᠨ ᠤ ᠬᠡᠷᠡᠭᠯᠡᠭᠴᠢᠳ ᠤᠨ ᠨᠡᠶᠢᠭᠡᠮᠯᠢᠭ ᠤᠨ ᠵᠣᠬᠢᠶᠠᠨ ᠪᠠᠶᠢᠭᠤᠯᠤᠯᠲᠠ ᠲᠠᠢ ᠬᠠᠮᠳᠤᠷᠠᠨ᠂ ᠨᠠᠰᠤᠳᠠᠶᠢᠴᠤᠳ | ᠤᠨ ᠬᠡᠷᠡᠭᠯᠡᠭᠡᠨ ᠤ ᠬᠥᠮᠦᠵᠢᠯ ᠢ ︽ᠮᠠᠯᠵᠢᠬᠤ ᠲᠠᠷᠢᠶᠠᠯᠠᠬᠤ ᠣᠷᠣᠨ᠂ ᠨᠡᠶᠢᠭᠡᠮ ᠲᠣᠭᠤᠷᠢᠭ᠂ ᠭᠡᠷ ᠪᠦᠯᠢ᠂ ᠠᠵᠤ | ᠠᠬᠤᠶᠢᠯᠠᠯ᠂ ᠦᠵᠡᠮᠵᠢ ᠶᠢᠨ ᠣᠷᠣᠨ ᠳᠤ ᠲᠦᠭᠡᠮᠡᠯᠵᠢᠭᠦᠯᠬᠦ︾ ᠰᠢᠷᠢᠰ ᠠᠵᠢᠯᠯᠠᠭ᠎ᠠ ᠥᠷᠨᠢᠭᠦᠯᠪᠡ᠃ ᠡᠭᠦᠨ ᠤ | ᠬᠠᠮᠲᠤ ᠦᠪᠡᠷᠳᠡᠭᠡᠨ ᠵᠠᠰᠠᠬᠤ ᠤᠷᠤᠨ ᠤ ᠬᠡᠷᠡᠭᠯᠡᠭᠴᠢᠳ ᠤᠨ ᠨᠡᠶᠢᠭᠡᠮᠯᠢᠭ ᠠᠴᠠ ︽ᠨᠠᠰᠤᠲᠠᠶᠢᠴᠤᠳ ᠤᠨ ᠬᠡᠷᠡᠭᠯᠡᠭᠡᠨ | ᠤ ᠬᠥᠮᠦᠵᠢᠯ ᠤᠨ ᠵᠢᠯᠣᠭᠤᠳᠬᠤ ᠭᠠᠷ ᠠᠪᠤᠯᠭ᠎ᠠ︾ ᠲᠠᠷᠬᠠᠭᠠᠵᠤ᠂ ᠨᠠᠰᠤᠲᠠᠶᠢᠴᠤᠳ ᠤᠨ ᠬᠡᠷᠡᠭᠯᠡᠭᠡᠨ ᠤ | ᠵᠠᠭᠠᠯᠳᠤᠯᠭ᠎ᠠ ᠶᠢᠨ ᠬᠠᠯᠠᠮᠰᠢᠯ ᠠᠰᠠᠭᠤᠳᠠᠯ᠂ ᠬᠦᠴᠢᠷ ᠠᠰᠠᠭᠤᠳᠠᠯ ᠳᠤ ᠴᠢᠭᠯᠡᠭᠦᠯᠦᠨ᠂ ᠬᠡᠷᠡᠭᠯᠡᠭᠡᠨ ᠤ | ᠰᠡᠷᠡᠮᠵᠢᠯᠡᠭᠦᠯᠦᠯ ᠪᠠ ᠰᠠᠨᠠᠭᠤᠯᠤᠮᠵᠢ ᠦᠭᠴᠤ᠂ ᠥᠷᠭᠡᠨ ᠣᠯᠠᠨ ᠨᠠᠰᠤᠲᠠᠶᠢᠴᠤᠳ ᠤᠨ ᠣᠶᠤᠨᠴᠢ ᠪᠠᠷ ᠬᠡᠷᠡᠭᠯᠡᠭᠡ | ᠬᠢᠬᠦ᠂ ᠰᠢᠨᠵᠢᠯᠡᠬᠦ ᠤᠬᠠᠭᠠᠨᠴᠢ ᠪᠠᠷ ᠡᠷᠬᠡ ᠪᠠᠨ ᠬᠠᠮᠠᠭᠠᠯᠠᠬᠤ ᠶᠢ ᠵᠢᠯᠤᠭᠤᠳᠴᠡᠢ᠃ ᠲᠤᠰ ᠤᠳᠠᠭᠠᠨ ᠤ | ᠠᠵᠢᠯᠯᠠᠭ᠎ᠠ ᠨᠢ ᠪᠥᠬᠦ ᠣᠷᠣᠨ ᠤ ᠡᠯ᠎ᠡ ᠱᠠᠲᠤᠨ ᠤ ᠨᠠᠰᠤᠳᠠᠶᠢᠴᠤᠳ ᠤᠨ ᠶᠡᠭᠡ ᠰᠤᠷᠭᠠᠭᠤᠯᠢ ᠳᠤ ᠬᠡᠷᠡᠭᠯᠡᠭᠡᠨ ᠤ | ᠤᠬᠠᠭᠤᠯᠭ᠎ᠠ ᠬᠥᠮᠦᠵᠢᠯ ᠥᠷᠨᠢᠭᠦᠯᠬᠦ ᠶᠢ ᠲᠠᠶᠢᠴᠢᠯᠠᠵᠤ᠂ ᠬᠠᠤᠯᠢ ᠴᠠᠭᠠᠵᠠ ᠬᠠᠤᠯᠢ ᠲᠣᠭᠲᠠᠭᠠᠯ ᠪᠤᠯᠤᠨ ᠰᠢᠨᠵᠢᠯᠡᠬᠦ | ᠤᠬᠠᠭᠠᠨ ᠤ ᠮᠡᠳᠡᠯᠭᠡ ᠲᠦᠭᠡᠮᠡᠯᠵᠢᠬᠦᠯᠬᠦ ᠡᠷᠴᠢᠮ ᠢ ᠴᠢᠩᠭᠠᠷᠠᠭᠤᠯᠤᠨ᠂ ᠨᠠᠰᠤᠲᠠᠶᠢᠴᠤᠳ ᠤᠨ ᠰᠢᠨᠵᠢᠯᠡᠬᠦ | ᠤᠬᠠᠭᠠᠨᠴᠢ ᠣᠶᠤᠨᠴᠢ ᠬᠡᠷᠡᠭᠯᠡᠭᠡᠨ ᠤ ᠲᠠᠨᠢᠯᠲᠠ ᠶᠢ ᠳᠡᠭᠡᠭᠰᠢᠯᠡᠭᠦᠯᠵᠦ᠂ ᠨᠠᠰᠤᠲᠠᠶᠢᠴᠤᠳ ᠤᠨ ᠬᠡᠷᠡᠭᠯᠡᠭᠡᠨ ᠤ ᠠᠵᠤ | ᠦᠢᠯᠡᠰ ᠤᠨ ᠡᠷᠡᠭᠦᠯ ᠢᠶᠠᠷ ᠬᠥᠭᠵᠢᠬᠦ ᠶᠢ ᠢᠳᠡᠪᠬᠢᠲᠡᠶ ᠪᠠᠷ ᠬᠥᠲᠥᠯᠥᠨ ᠵᠢᠯᠣᠭᠤᠳᠬᠤ ᠪᠠ ᠠᠬᠢᠭᠤᠯᠬᠤ ᠶᠢ ᠵᠤᠷᠢᠵᠡᠢ᠃ | |