ᠪᠦ᠋ ᠰᠢᠶᠤᠤ ᠯᠢᠨ ︽6 · 1︾᠎ ᠠᠴᠠ ᠡᠮᠦᠨᠡᠬᠡᠨ ᠪᠠᠭᠠᠴᠤᠳ ᠬᠡᠥᠬᠡᠳ ᠢ ᠡᠷᠬᠢᠨ ᠦᠵᠡᠵᠥ ᠪᠦᠬᠦ ᠤᠷᠤᠨ ᠤ ᠦᠨᠳᠦᠰᠦᠳᠡᠨ ᠨᠦᠭᠦᠳ ᠤᠨ ᠪᠠᠭᠠᠴᠤᠳ ᠬᠡᠥᠬᠡᠳ ᠢ ᠪᠠᠶᠠᠷ ᠤᠨ ᠡᠳᠤᠷ ᠢᠶᠠᠨ ᠪᠠᠶᠠᠷ ᠬᠦᠷ ᠲᠠᠢ ᠦᠡᠭᠭᠡᠷᠡᠭᠦᠯᠬᠦ ᠪᠤᠯᠳᠤᠭᠠᠢ ᠭᠡᠵᠤ ᠬᠦᠰᠡᠨ ᠵᠦᠡᠭᠨᠡᠪᠡ
ᠨᠡᠶᠢᠲᠡᠯᠡᠭᠰᠡᠨ ᠴᠠᠭ᠄
2019/5/29
     5 ᠳ᠋ᠤᠭᠠᠷ ᠰᠠᠷ᠎ᠠ ᠶᠢᠨ 27᠎ ᠤ ᠡᠳᠦᠷ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ ᠤ ᠲᠡᠷᠢᠭᠦᠯᠡᠭᠴᠢ ᠪᠦ᠋ ᠰᠢᠶᠤᠤ ᠯᠢᠨ ᠬᠦᠬᠡᠬᠤᠲᠠ ᠶᠢᠨ ᠮᠣᠩᠭᠤᠯ ᠦᠨᠳᠦᠰᠦᠲᠡᠨ ᠤ ᠬᠡᠦᠭᠡᠳ ᠤᠨ ᠴᠡᠴᠡᠷᠯᠢᠭ ᠲᠤ ᠬᠦᠷᠴᠦ᠂ ᠪᠠᠭᠠᠴᠤᠳ ᠬᠡᠦᠬᠡᠳ ᠢ ᠡᠷᠬᠢᠨ ᠦᠵᠡᠵᠦ ᠪᠠᠶᠢᠭ᠎ᠠ ᠨᠢ᠃      ︽6 · 1︾᠎ ᠤ ᠳᠡᠯᠡᠬᠡᠢ ᠶᠢᠨ ᠬᠡᠥᠬᠡᠳ ᠤᠨ ᠪᠠᠶᠠᠷ ᠤᠨ ᠡᠳᠤᠷ ᠬᠦᠷᠴᠤ ᠢᠷᠡᠬᠦ ᠳᠠᠰᠢᠷᠠᠮ ᠳᠤ᠂ 5 ᠳ᠋ᠤᠭᠠᠷ ᠰᠠᠷ᠎ᠠ ᠶᠢᠨ 27᠎ ᠤ ᠡᠳᠤᠷ᠂ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠳᠡᠳ᠋ ᠱᠦᠵᠢ᠂ ᠦᠪᠡᠷᠳᠡᠬᠡᠨ ᠵᠠᠰᠠᠬᠤ ᠤᠷᠤᠨ ᠤ ᠳᠡᠷᠢᠬᠦᠯᠡᠭᠴᠢ ᠪᠦ᠋ ᠰᠢᠶᠤᠤ ᠯᠢᠨ ᠬᠦᠬᠡᠬᠤᠳᠠ ᠶᠢᠨ ᠮᠤᠩᠭᠤᠯ ᠦᠨᠳᠦᠰᠦᠳᠡᠨ ᠤ ᠬᠡᠥᠬᠡᠳ ᠤᠨ ᠴᠡᠴᠡᠷᠯᠢᠭ ᠲᠤ ᠬᠦᠷᠴᠦ᠂ ᠪᠠᠭᠠᠴᠤᠳ ᠬᠡᠥᠬᠡᠳ ᠢ ᠡᠷᠬᠢᠨ ᠦᠵᠡᠵᠥ᠂ ᠪᠠᠶᠠᠷ ᠤᠨ ᠡᠳᠤᠷ ᠤᠨ ᠰᠠᠶᠢᠨ ᠰᠠᠶᠢᠬᠠᠨ ᠬᠦᠰᠡᠯ ᠵᠦᠩᠨᠡᠯ ᠳᠡᠪᠰᠢᠬᠦᠯᠵᠥ᠂ ᠳᠡᠳᠡᠨᠠᠷ ᠪᠤᠯᠤᠨ ᠪᠦᠬᠦ ᠤᠷᠤᠨ ᠤ ᠦᠨᠳᠦᠰᠦᠳᠡᠨ ᠨᠦᠭᠦᠳ ᠤᠨ ᠪᠠᠭᠠᠴᠤᠳ ᠬᠡᠥᠬᠡᠳ ᠲᠤ ᠪᠠᠶᠠᠷ ᠤᠨ ᠡᠳᠤᠷ ᠤᠨ ᠮᠡᠨᠳᠤᠴᠢᠯᠡᠯ ᠬᠦᠷᠬᠡᠵᠥ᠂ ᠦᠭᠡᠯᠠᠢ ᠪᠤᠯᠪᠠᠯ ᠡᠬᠡ ᠤᠯᠤᠰ ᠎ ᠤᠨ ᠢᠶᠠᠨ ᠪᠦᠳᠦᠬᠡᠨ ᠪᠠᠶᠢᠭᠤᠯᠤᠯᠳᠠ ᠳᠤ ᠬᠡᠷᠡᠭᠴᠡᠭᠡ ᠲᠠᠢ ᠴᠢᠳᠠᠪᠤᠷᠢᠳᠠᠨ ᠪᠤᠯᠳᠤᠭᠠᠢ ᠬᠡᠵᠥ ᠬᠦᠰᠡᠨ ᠵᠦᠩᠨᠡᠪᠡ᠃      ᠬᠡᠤᠬᠡᠳ ᠤᠨ ᠴᠡᠴᠡᠷᠯᠢᠭ ᠤᠨ ᠲᠤᠭᠯᠠᠯᠳᠠ ᠶᠢᠨ ᠲᠢᠩᠬᠢᠮ ᠳᠤ᠂ ᠬᠡᠤᠬᠡᠳ ᠤᠳ ︽6 · 1︾᠎ ᠤ ᠲᠤᠭᠯᠠᠯᠳᠠ ᠪᠠᠨ ᠪᠤᠯᠪᠠᠰᠤᠷᠠᠵᠤ ᠪᠠᠶᠢᠪᠠ᠃ ᠪᠦ᠋ ᠰᠢᠶᠤᠤ ᠯᠢᠨ ᠬᠡᠤᠬᠡᠳ ᠤᠳ ᠤᠨ ᠬᠦᠭᠡᠷᠤᠬᠦᠨ ᠪᠤᠷᠤᠬᠵᠢᠭᠤᠨ ᠲᠤᠭᠯᠠᠯᠳᠠ ᠶᠢ ᠨᠠᠷᠢᠨ ᠬᠢᠨᠠᠮᠠᠭᠠᠢ ᠰᠤᠨᠢᠷᠬᠠᠵᠤ᠂ ᠲᠡᠳᠡᠨ ᠢ ᠰᠠᠶᠢᠬᠠᠨ ᠲᠤᠭᠯᠠᠵᠤ ᠪᠠᠶᠢᠨ᠎ᠠ ᠬᠡᠵᠤ ᠮᠠᠬᠳᠠᠪᠠ᠃ ᠲᠠᠷᠠᠭ᠎ᠠ ᠨᠢ᠂ ᠪᠦ᠋ ᠰᠢᠶᠤᠤ ᠯᠢᠨ ᠬᠡᠤᠬᠡᠳ ᠤᠨ ᠴᠡᠴᠡᠷᠯᠢᠭ ᠤᠨ ᠦᠨᠳᠤᠰᠤᠳᠠᠨ ᠤ ᠵᠠᠩ ᠤᠢᠢᠯᠠ ᠶᠢᠨ ᠲᠠᠰᠤᠬ᠂ ᠤᠯᠠᠨ ᠴᠢᠳᠠᠪᠬᠢᠳᠤ ᠲᠠᠰᠤᠬ᠂ ᠪᠦᠵᠢᠭ ᠤᠨ ᠲᠠᠰᠤᠬ᠂ ᠲᠠᠭᠤᠤ ᠬᠦᠭᠵᠢᠮ ᠤᠨ ᠲᠠᠰᠤᠬ ᠵᠡᠷᠬᠡ ᠭᠠᠵᠠᠷ ᠢᠶᠠᠷ ᠬᠦᠷᠴᠤ᠂ ᠬᠡᠤᠬᠡᠳ ᠤᠳ ᠤᠨ ᠰᠤᠷᠤᠯᠭ᠎ᠠ ᠠᠮᠢᠳᠤᠷᠠᠯ ᠤᠨ ᠤᠷᠴᠢᠨ ᠲᠤᠭᠤᠷᠢᠨ ᠢ ᠨᠠᠷᠢᠨ ᠬᠢᠨᠠᠮᠠᠭᠠᠢ ᠪᠠᠶᠢᠴᠠᠭᠠᠨ ᠦᠵᠡᠵᠤ᠂ ᠬᠡᠤᠬᠡᠳ ᠤᠨ ᠴᠡᠴᠡᠷᠯᠢᠭ ᠤᠨ ᠵᠢᠭᠠᠨ ᠰᠤᠷᠭᠠᠯᠳᠠ ᠬᠠᠮᠢᠶᠠᠷᠤᠯᠳᠠ ᠵᠡᠷᠬᠡ ᠪᠠᠶᠢᠳᠠᠯ ᠢ ᠨᠠᠷᠢᠨ ᠤᠢᠢᠯᠠᠭᠠᠪᠠ᠃ ᠶᠡᠭᠡ ᠲᠦᠷᠪᠡᠳᠤᠭᠡᠷ ᠠᠩᠬᠢ ᠳᠤ᠂ ᠬᠡᠤᠬᠡᠳ ᠤᠳ ᠠᠩᠬᠢ ᠶᠢᠨ ᠬᠡᠷ ᠤᠨ ᠬᠡᠳᠤᠨ ᠬᠦᠳᠡᠯᠬᠡᠬᠡᠨ ᠤ ᠭᠠᠵᠠᠷ ᠢᠶᠠᠷ ᠬᠦᠳᠡᠯᠬᠡᠬᠡᠨ ᠬᠢᠵᠤ ᠪᠠᠶᠢᠪᠠ᠂ ᠪᠦ᠋ ᠰᠢᠶᠤᠤ ᠯᠢᠨ ᠬᠡᠤᠬᠡᠳ ᠤᠨ ᠲᠤᠮᠳᠠ ᠢᠷᠡᠵᠤ᠂ ᠲᠡᠳᠡᠨ ᠤ ᠵᠢᠷᠤᠬᠰᠠᠨ ᠵᠢᠷᠤᠬ᠂ ᠤᠬᠰᠠᠷᠠᠭ᠎ᠠ ᠵᠢᠷᠤᠬ ᠢ ᠮᠠᠰᠢ ᠪᠠᠭ᠋ᠠᠳᠠᠢ ᠲᠤᠭᠤᠷᠢᠨ ᠦᠵᠡᠵᠤ᠂ ᠲᠡᠳᠡᠨ ᠲᠠᠢ ᠵᠤᠭᠤᠬᠳᠠᠪᠠ᠃ ᠲᠡᠷᠡ ᠪᠠᠰᠠ ᠬᠡᠤᠬᠡᠳ ᠤᠳ ᠳᠤ ᠪᠡᠶᠡᠷ ᠤᠨ ᠡᠳᠤᠷ ᠤᠨ ᠪᠡᠯᠡᠭ ᠬᠦᠷᠬᠡᠵᠠᠢ᠃      ᠬᠡᠤᠭᠡᠳ ᠤᠳ ᠤᠨ ᠪᠠᠶᠠᠷ ᠬᠦᠷ ᠲᠠᠢ ᠪᠠᠶᠢᠬᠤ ᠶᠢ ᠬᠠᠷᠠᠭᠠᠳ ᠪᠦ᠋ ᠰᠢᠶᠤᠤ ᠯᠢᠨ ᠮᠠᠰᠢ ᠪᠠᠶᠠᠷᠯᠠᠵᠤ ᠪᠠᠶᠢᠯ᠎ᠠ᠃ ᠲᠡᠷᠡ᠂ ᠪᠠᠭᠠᠴᠤᠳ ᠭᠡᠤᠭᠡᠳ ᠪᠤᠯ ᠡᠭᠡ ᠤᠯᠤᠰ ᠤᠨ ᠢᠷᠡᠭᠡᠳᠤᠢ᠂ ᠲᠤᠮᠳᠠᠳᠤ ᠶᠢᠨ ᠦᠨᠳᠤᠰᠤᠳᠠᠨ ᠤ ᠭᠦᠰᠡᠯ ᠡᠷᠡᠮᠡᠯᠵᠠᠯ ᠮᠦᠨ᠃ ᠪᠦᠭᠦ ᠨᠡᠶᠢᠭᠡᠮ ᠢᠶᠠᠷ ᠢᠶᠠᠨ ᠪᠠᠭᠠᠴᠤᠳ ᠭᠡᠤᠭᠡᠳ ᠤᠨ ᠦᠰᠤᠨ ᠪᠦᠢᠵᠢᠯᠳᠠ ᠶᠢ ᠬᠠᠯᠠᠮᠵᠢᠯᠠᠵᠤ᠂ ᠪᠠᠭᠠᠴᠤᠳ ᠭᠡᠤᠭᠡᠳ ᠤᠨ ᠠᠵᠢᠯ ᠢ ᠲᠡᠮᠵᠢᠵᠤ᠂ ᠦᠨᠳᠦᠰᠦᠲᠡᠨ ᠨᠦᠭᠦᠳ ᠤᠨ ᠪᠠᠭᠠᠴᠤᠳ ᠭᠡᠤᠭᠡᠳ ᠢ ᠨᠢᠮᠪᠠᠢ ᠰᠠᠶᠢᠬᠠᠨ ᠭᠦᠮᠤᠵᠢᠭᠦᠯᠭᠦ ᠶᠢ ᠠᠯᠤᠰ ᠬᠡᠳᠤ ᠶᠢᠨ ᠪᠠᠶᠢᠯᠳᠤᠬᠤ ᠪᠤᠳᠤᠯᠭ᠎ᠠ ᠲᠠᠢ ᠬᠤᠯᠪᠤᠭᠳᠠᠬᠤ ᠡᠭᠦᠷᠭᠡ ᠪᠤᠯᠭᠠᠨ ᠠᠳᠬᠤᠵᠤ᠂ ᠰᠤᠷᠭᠠᠭᠤᠯᠢ ᠶᠢᠨ ᠭᠦᠮᠤᠵᠢᠯ᠂ ᠭᠡᠷ ᠪᠦᠯᠢ ᠶᠢᠨ ᠭᠦᠮᠤᠵᠢᠯ ᠪᠤᠯᠤᠨ ᠨᠡᠶᠢᠭᠡᠮ ᠤᠨ ᠭᠦᠮᠤᠵᠢᠯ ᠢ ᠨᠢᠭᠡᠲᠦᠯᠲᠡᠢ ᠲᠦᠯᠦᠪᠵᠢᠭᠦᠯᠵᠤ᠂ ᠲᠡᠳᠡᠨᠠᠷ ᠤᠨ ᠰᠤᠷᠤᠯᠴᠠᠯᠭ᠎ᠠ ᠦᠰᠤᠨ ᠪᠤᠶᠢᠵᠢᠯᠳᠠ ᠳᠤ ᠨᠡᠩ ᠰᠠᠶᠢᠨ ᠨᠦᠭᠦᠴᠠᠯ ᠎ ᠢ ᠪᠦᠷᠢᠯᠳᠦᠭᠦᠯᠤᠨ ᠦᠭᠴᠤ᠂ ᠪᠠᠭᠠᠴᠤᠳ ᠭᠡᠤᠭᠡᠳ ᠢ ᠡᠷᠡᠭᠦᠯ ᠮᠡᠨᠳᠤ᠂ ᠪᠠᠶᠠᠷ ᠪᠠᠶᠠᠰᠬᠤᠯᠠᠩ ᠲᠠᠢ ᠪᠠᠷ ᠦᠰᠭᠡᠨ ᠪᠦᠢᠵᠢᠭᠤᠯᠬᠤ ᠭᠡᠷᠡᠭᠳᠠᠢ ᠭᠡᠵᠤ ᠭᠦᠨ ᠰᠡᠳᠭᠢᠯᠭᠡ ᠲᠠᠢ ᠪᠠᠷ ᠬᠡᠯᠡᠵᠤ ᠪᠠᠶᠢᠯ᠎ᠠ᠃      ᠦᠪᠡᠷᠳᠡᠭᠡᠨ ᠵᠠᠰᠠᠬᠤ ᠤᠷᠤᠨ ᠵᠢᠴᠢ ᠭᠦᠭᠡᠬᠤᠳᠠ ᠶᠢᠨ ᠬᠠᠮᠢᠶ᠎ᠠ ᠪᠦᠭᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠨᠦᠭᠦᠳ ᠠᠵᠢᠯᠯᠠᠭ᠎ᠠ ᠳᠤ ᠤᠷᠤᠯᠴᠠᠪᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号